ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -1 Т ᠂ Дэлгэрсангийн задгай шүлгүүд -1 ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -1 Т ᠂ Дэлгэрсангийн задгай шүлгүүд -1

ᠲᠣ᠂ ᠳᠡᠯᠭᠡᠷᠰᠠᠩ ᠤᠨ ᠵᠠᠳᠠᠭᠠᠢ ᠰᠢᠯᠦᠭ ᠦᠳ -1 Т ᠂ Дэлгэрсангийн задгай шүлгүүд -1

2023-06-12

254

ᠲᠣ ᠂ ᠳᠡᠯᠭᠡᠷᠰᠠᠩ ᠤᠨ ᠵᠠᠳᠠᠭᠠᠢ ᠰᠢᠯᠦᠭ ᠦᠳ -1


                ᠠᠯᠤᠰ ᠤ᠋ᠨ ᠳᠠᠷᠪᠠᠭᠤᠯ ᠤ᠋ᠨ ᠪᠠᠷ᠎ᠠ 

      ᠨᠢᠳᠦᠨ ᠦ᠌ ᠦᠵᠦᠭᠦᠷ ᠲᠦ᠍ ᠴᠠᠢᠯᠠᠰ ᠴᠠᠢᠯᠠᠰ ᠬᠠᠷᠠᠭᠳᠠᠭᠠᠳ ᠪᠠᠢᠨ᠎ᠠ᠃ 
      ᠨᠢᠭᠲᠠᠯᠠᠵᠤ ᠰᠠᠷᠠᠪᠴᠢᠯᠠᠪᠠᠯ ᠠᠯᠤᠰ ᠢ᠋ ᠵᠣᠷᠢᠬᠤ ᠳᠠᠷᠪᠠᠭᠤᠯ ᠤ᠋ᠨ ᠪᠠᠷ᠎ᠠ ᠃
      ᠳᠠᠯᠠᠢ ᠂ ᠨᠠᠪᠴᠢ ᠠ᠋ᠴᠠ ᠨᠣᠭᠣᠭᠠᠨ ᠃ ᠳᠠᠷᠪᠠᠭᠤᠯ ᠂ ᠬᠤᠨ ᠠ᠋ᠴᠠ ᠴᠠᠭᠠᠨ ᠃ ᠨᠠᠷᠠ ᠂ ᠠᠯᠲᠠ ᠠ᠋ᠴᠠ ᠰᠢᠷ᠎ᠠ ᠃ 
      ᠨᠠᠷᠠᠨ ᠤ᠋ ᠰᠢᠵᠢᠷ ᠲᠤᠶᠠᠭ᠎ᠠ ᠂ ᠠᠯᠤᠰ ᠢ᠋ ᠵᠣᠷᠢᠬᠤ ᠳᠠᠷᠪᠠᠭᠤᠯ ᠤ᠋ᠨ ᠪᠠᠷ᠎ᠠ ᠶ᠋ᠢ ᠴᠠᠭᠠᠳᠤᠬᠢ ᠲᠡᠭᠷᠢ ᠶ᠋ᠢᠨ ᠬᠥᠬᠡ ᠬᠠᠶᠠᠭ᠎ᠠ ᠳᠡᠭᠡᠷ᠎ᠡ᠂ ᠴᠠᠯᠭᠢᠯᠠᠬᠤ ᠳᠠᠯᠠᠢ ᠶ᠋ᠢᠨ ᠨᠣᠭᠣᠭᠠᠨ ᠳᠠᠪᠠᠯᠭᠠᠨ ᠳᠡᠭᠡᠷ᠎ᠡ  ᠬᠦᠪᠦᠬᠦ  ᠴᠠᠭᠠᠨ ᠥᠳᠥ ᠰᠢᠭ ᠬᠠᠷᠠᠭᠳᠠᠭᠤᠯᠤᠨ᠎ᠠ᠃ 
      ᠲᠡᠭᠷᠢ ᠳᠠᠯᠠᠢ ᠬᠣᠶᠠᠷ ᠨᠡᠢᠯᠡᠭᠡᠳ ᠲᠡᠷᠲᠡᠭᠡ ᠵᠠᠬ᠎ᠠ ᠳᠠᠰᠢ ᠦᠵᠦᠭᠦᠷ ᠬᠢᠵᠠᠭᠠᠷ ᠦᠭᠡᠢ ᠴᠡᠩᠬᠡᠷᠯᠡᠨ ᠨᠣᠭᠣᠭᠠᠷᠠᠨ᠎ᠠ᠃ ᠲᠡᠭᠦᠨ ᠦ᠌ ᠵᠠᠪᠰᠠᠷ ᠢ᠋ᠶ᠋ᠠᠷ ᠬᠤᠨ ᠴᠠᠭᠠᠨ ᠳᠠᠷᠪᠠᠭᠤᠯ ᠬᠣᠯᠠ ᠶ᠋ᠢᠨ ᠠᠶᠠᠨ ᠤ᠋ ᠬᠠᠷᠠᠯᠲᠠ ᠥᠭᠡᠳᠡ ᠪᠡᠨ  ᠬᠣᠢᠰᠢ ᠤᠬᠤᠷᠢᠯ ᠦᠭᠡᠢ ᠤᠷᠤᠭᠰᠢ ᠲᠡᠮᠡᠦᠯᠡᠨ᠎ᠡ ᠃  ᠲᠠᠩᠳᠠ ᠯᠠ ᠤᠷᠤᠭᠰᠢ   ᠲᠡᠮᠡᠦᠯᠡᠨ᠎ᠡ᠃ 
      ᠳᠠᠯᠠᠢ ᠱᠤᠤᠭᠢᠵᠤ ᠪᠠᠢᠨ᠎ᠠ ᠃  ᠳᠠᠪᠠᠯᠭᠠᠨ ᠪᠣᠰᠴᠤ ᠪᠠᠢᠨ᠎ᠠ᠃ ᠠᠯᠤᠰ ᠠ᠋ᠴᠠ ᠬᠠᠷᠠᠪᠠᠯ ᠂ ᠠᠲᠠᠷ ᠢ᠋ ᠪᠦᠷᠬᠦᠨ ᠲᠡᠰᠢᠬᠦ ᠠᠲᠠᠨ ᠲᠡᠮᠡᠭᠡᠳ ᠦ᠋ᠨ ᠪᠣᠰᠤᠭ᠎ᠠ ᠪᠥᠬᠡ ᠰᠠᠵᠢᠯᠠᠬᠤ ᠶᠤᠮᠰᠢᠭ ᠪᠣᠳᠣᠭᠳᠠᠬᠤ ᠶᠤᠮ ᠂ ᠬᠠᠷᠠᠭᠳᠠᠳᠠᠭ ᠶᠤᠮ᠃ ᠣᠢᠷ᠎ᠠ ᠠ᠋ᠴᠠ ᠦᠵᠡᠪᠡᠯ ᠂ ᠬᠠᠨᠠᠨ ᠥᠨᠳᠥᠷ ᠬᠠᠳᠠ  ᠨᠤᠭᠤᠳ ᠬᠠᠭᠠᠷᠠᠭᠠᠳ ᠬᠠᠭᠠᠷᠠᠭᠠᠳ ᠤᠨᠠᠬᠤ ᠶᠤᠮᠰᠢᠭ ᠦᠵᠡᠭᠳᠡᠬᠦ ᠶᠦ᠍ᠮ ᠂ ᠪᠣᠳᠣᠭᠳᠠᠳᠠᠭ ᠶᠤᠮ  ᠃ 
      ᠳᠠᠪᠠᠯᠭᠠᠨ ᠭᠡᠳᠡᠭ ᠰᠦᠷᠡᠬᠡᠢ ᠯᠡ ᠪᠠᠢᠨ᠎ᠠ ᠂ ᠳᠠᠩᠴᠢ ᠬᠡᠴᠡᠭᠦᠦ ᠦᠵᠡᠭᠳᠡᠵᠦ ᠪᠠᠢᠨ᠎ᠠ ᠃ ᠳᠠᠪᠰᠢᠨ ᠳᠠᠪᠰᠢᠨ ᠪᠣᠰᠤᠭᠠᠳ ᠂ ᠳᠠᠷᠤᠨ ᠳᠠᠷᠤᠨ ᠤᠨᠠᠭᠠᠵᠤ ᠡᠭᠴᠡ ᠲᠠᠭᠠᠷᠠᠭᠰᠠᠨ ᠶᠠᠭᠤᠮ᠎ᠠ ᠪᠦᠬᠦᠨ ᠦ᠌ ᠪᠡᠨ ᠡᠷ᠎ᠡ ᠶ᠋ᠢ ᠰᠢᠯᠭᠠᠬᠤ ᠶ᠋ᠢ ᠣᠷᠣᠯᠳᠣᠨ᠎ᠠ ᠃ ᠦᠵᠡᠬᠦ ᠦᠭᠡᠢ ᠦᠦ !  ᠥᠨᠳᠡᠢᠵᠦ ᠪᠣᠰᠤᠭᠰᠠᠨ ᠨᠢᠭᠡ ᠳᠠᠪᠠᠯᠭᠠᠨ ᠨᠢ ᠥᠭᠡᠬᠦᠨ ᠴᠠᠭᠠᠨ ᠳᠠᠷᠪᠠᠭᠤᠯ ᠢ᠋  ᠥᠨᠳᠥᠷ ᠡᠷᠭᠦᠭᠡᠳ  ᠦᠪᠡᠳᠡᠭᠰᠢ ᠲᠡᠭᠷᠢ ᠳ᠋ᠦ᠍ ᠪᠡᠯᠡᠭ ᠪᠠᠷᠢᠬᠤ  ᠳ᠋ᠤ᠌ ᠂ ᠨᠥᠭᠥᠭᠡ ᠳᠠᠪᠠᠯᠭᠠᠨ ᠨᠢ ᠨᠡᠬᠡᠵᠦ ᠢᠷᠡᠭᠡᠳ ᠨᠢᠭᠡ ᠯᠡ ᠠᠯᠠᠭᠠᠳᠠᠵᠤ ᠶᠠᠭᠤ  ᠴᠤ᠌ ᠦᠭᠡᠢ ᠤᠨᠠᠭᠠᠳᠠᠭ᠃  ᠭᠡᠪᠡᠴᠦ ᠳᠠᠷᠪᠠᠭᠤᠯ᠂ ᠳᠠᠪᠠᠯᠭᠠᠨ  ᠳ᠋ᠤ᠌ ᠳᠠᠷᠤᠭᠳᠠᠵᠤ ᠳᠠᠯᠠᠢ ᠳ᠋ᠤ᠌ ᠵᠢᠪᠴᠦ ᠣᠷᠣᠭ᠎ᠠ ᠦᠭᠡᠢ᠃ ᠳᠠᠬᠢᠭᠠᠳ ᠮᠥᠨ ᠯᠡ ᠥᠭᠡᠷ᠎ᠡ ᠨᠢᠭᠡ ᠳᠠᠪᠠᠯᠭᠠᠨ ᠣᠷᠣᠢ ᠳᠡᠭᠡᠷ᠎ᠡ ᠦᠰᠦᠷᠵᠦ ᠭᠠᠷᠤᠭᠠᠳ ᠲᠤᠩ ᠴᠠᠭᠠᠨ ᠪᠠᠷ᠎ᠠ ᠪᠠᠨ ᠳᠠᠯᠠᠢ ᠶ᠋ᠢᠨ  ᠮᠠᠨᠳᠠᠯ ᠳᠡᠭᠡᠷ᠎ᠡ ᠳᠤᠷᠠᠢᠲᠠᠯ᠎ᠠ ᠲᠣᠳᠣᠷᠠᠭᠤᠯᠤᠨ᠎ᠠ᠃ 
      ᠳᠠᠯᠠᠢ ᠱᠤᠤᠭᠢᠵᠤ ᠯᠠ ᠪᠠᠢᠨ᠎ᠠ ᠂ ᠳᠠᠪᠠᠯᠭᠠᠨ ᠪᠣᠰᠴᠤ ᠯᠠ ᠪᠠᠢᠨ᠎ᠠ᠃ ᠵᠣᠷᠢᠭ ᠵᠢᠷᠦᠬᠡ ᠲᠠᠷ ᠳᠠᠷᠪᠠᠭᠤᠯ ᠂ ᠵᠠᠯᠭ᠎ᠠ ᠲᠠᠰᠤᠷᠠᠭ᠎ᠠ ᠦᠭᠡᠢ ᠦᠷᠭᠦᠯᠵᠢᠯᠡᠨ ᠬᠦᠷᠴᠢᠭᠢᠨᠡᠬᠦ ᠳᠠᠪᠠᠯᠭᠠᠨ ᠤ᠋ ᠪᠤᠭᠤᠷᠤᠯ ᠣᠷᠣᠢ ᠶ᠋ᠢ ᠭᠢᠰᠬᠢᠯᠡᠭᠰᠡᠭᠡᠷ ᠢᠲᠡᠭᠡᠯ ᠳᠦᠭᠦᠷᠡᠩ ᠴᠠᠰᠢᠯᠠᠵᠤ ᠯᠠ ᠪᠠᠢᠨ᠎ᠠ᠃ ᠴᠠᠰᠢᠯᠠᠵᠤ  ᠯᠠ ᠪᠠᠢᠨ᠎ᠠ᠃ ᠬᠤᠨ ᠴᠠᠭᠠᠨ ᠳᠠᠷᠪᠠᠭᠤᠯ ᠠ᠋ ! ᠬᠦᠷᠬᠦ ᠭᠠᠵᠠᠷ ᠴᠢᠨᠢ ᠴᠣᠬᠣᠮ ᠬᠠᠮᠢᠭ᠎ᠠ ᠪᠣᠢ ? ᠬᠦᠰᠡᠯ ᠵᠣᠷᠢᠯᠭ᠎ᠠ ᠴᠢᠨᠢ ᠦᠨᠡᠬᠡᠷ ᠶᠠᠭᠤ ᠪᠣᠢ ? 
      ᠳᠠᠯᠠᠢ ᠨᠠᠪᠴᠢ ᠠ᠋ᠴᠠ ᠨᠣᠭᠣᠭᠠᠨ᠃ ᠳᠠᠷᠪᠠᠭᠤᠯ ᠂ ᠬᠤᠨ ᠠ᠋ᠴᠠ ᠴᠠᠭᠠᠨ ᠃ ᠨᠠᠷᠠ ᠂ ᠠᠯᠲᠠ ᠠ᠋ᠴᠠ ᠰᠢᠷ᠎ᠠ᠃ 
      ᠠᠮᠢᠳᠤᠷᠠᠯ ᠂ ᠳᠠᠯᠠᠢ ᠠᠳᠠᠯᠢ ᠨᠡᠯᠦᠯᠵᠡᠬᠦ  ᠳ᠋ᠦ᠍ ᠬᠦᠰᠡᠯᠡᠩ ᠂ ᠨᠠᠷᠠ ᠠᠳᠠᠯᠢ ᠬᠡᠷᠡᠯᠳᠦᠵᠦ ᠂  ᠪᠢᠳᠡ ᠳᠠᠷᠪᠠᠭᠤᠯ ᠠᠳᠠᠯᠢ ᠤᠷᠤᠭᠰᠢᠯᠠᠵᠤ  ᠪᠠᠢᠳᠠᠭ ᠨᠢ ᠶᠡᠷᠦᠨᠢ ᠡᠢᠮᠦ ᠪᠢᠯᠢᠤ ⁈ 

                ᠲᠠᠯ᠎ᠠ ᠶ᠋ᠢᠨ ᠵᠠᠮ 

      ᠲᠠᠯ᠎ᠠ ᠶ᠋ᠢᠨ ᠵᠠᠮ ᠨᠠᠷᠢᠬᠠᠨ ᠪᠣᠯᠪᠠᠴᠤ ᠲᠠᠰᠤᠷᠠᠳᠠᠭ ᠦᠭᠡᠢ 
      ᠲᠠᠬᠢᠷᠯᠠᠵᠤ ᠮᠤᠷᠤᠯᠵᠠᠭᠠᠳ ᠵᠣᠭᠰᠣᠰᠢ ᠦᠭᠡᠢ ᠤᠷᠤᠭᠰᠢ ᠰᠤᠨᠤᠯᠵᠠᠳᠠᠭ ᠠ᠋!  
      ᠥᠩᠭᠡ ᠶ᠋ᠢᠨ ᠴᠡᠴᠡᠭ ᠠᠯᠠᠭᠯᠠᠨ ᠮᠢᠷᠠᠯᠵᠠᠭᠠᠳ ᠂ ᠡᠪᠡᠰᠦ ᠨᠣᠭᠣᠭ᠎ᠠ ᠬᠥᠬᠡᠷᠡᠨ ᠨᠡᠯᠦᠢᠭᠰᠡᠨ ᠲᠠᠯ᠎ᠠ ᠭᠡᠳᠡᠭ ᠬᠡᠮᠵᠢᠶ᠎ᠡ ᠦᠭᠡᠢ ᠰᠠᠢᠬᠠᠨ ᠶᠤᠮ ᠠ᠋ ᠃ ᠲᠡᠭᠦᠨ ᠦ᠌ ᠥᠷᠥᠴᠡᠨ ᠳᠡᠭᠡᠭᠦᠷ ᠦᠬᠡᠷ ᠦ᠋ᠨ ᠪᠠᠷᠢᠶ᠎ᠠ ᠶᠤᠮᠰᠢᠭ ᠨᠠᠷᠢᠬᠠᠨ ᠵᠠᠮ ᠬᠠᠶᠠ ᠲᠣᠳᠣᠷᠠᠵᠤ ᠬᠠᠶᠠ ᠪᠠᠯᠠᠷᠠᠭᠰᠠᠭᠠᠷ ᠴᠣᠬᠣᠮ ᠬᠠᠮᠢᠭ᠎ᠠ ᠬᠦᠷᠳᠡᠭ ᠪᠠᠢᠭᠰᠠᠨ ᠢ᠋ ᠪᠤᠤ ᠮᠡᠳᠡ! 
      ᠲᠥᠬᠥᠭᠡ ᠣᠷᠣᠭᠠᠳᠤᠢ ᠱᠠᠯ ᠲᠡᠨᠡᠭ ᠪᠠᠯᠴᠢᠷ ᠨᠠᠰᠤᠨ ᠳ᠋ᠠᠭᠠᠨ ᠪᠢ ᠂ ᠡᠵᠢ ᠶ᠋ᠢᠨ ᠢ᠋ᠶ᠋ᠡᠨ ᠲᠡᠷᠯᠢᠭ ᠦ᠋ᠨ  ᠬᠣᠷᠮᠣᠢ ᠠ᠋ᠴᠠ ᠰᠠᠯᠤᠯ ᠦᠭᠡᠢ ᠵᠢᠭᠤᠷᠠᠵᠤ ᠲᠠᠯ᠎ᠠ ᠶ᠋ᠢᠨ ᠨᠠᠷᠢᠬᠠᠨ ᠵᠠᠮ ᠢ᠋ᠶ᠋ᠠᠷ ᠲᠡᠨᠲᠦᠷ ᠮᠥᠨᠳᠥᠷ ᠠᠯᠬᠤᠯᠠᠨ ᠂ ᠬᠥᠷᠥᠰᠥᠲᠦ ᠡᠨᠡ ᠳᠡᠯᠡᠬᠡᠢ ᠳᠡᠭᠡᠷ᠎ᠡ ᠬᠥᠮᠦᠨ ᠪᠣᠯᠵᠤ ᠠᠩᠬᠠᠨ ᠤ᠋ ᠮᠥᠷ ᠢ᠋ᠶ᠋ᠡᠨ ᠡᠬᠡ ᠨᠤᠲᠤᠭ ᠤ᠋ᠨ ᠢ᠋ᠶ᠋ᠠᠨ ᠰᠢᠷᠣᠢ ᠳᠡᠭᠡᠷ᠎ᠡ ᠲᠠᠮᠠᠭᠠᠯᠠᠵᠤ ᠦᠯᠡᠳᠡᠭᠡᠭᠰᠡᠨ  ᠶᠦ᠍ᠮ ᠃ 
      ᠲᠠᠯ᠎ᠠ ᠶ᠋ᠢᠨ ᠵᠠᠮ ᠠ᠋! ᠪᠢ ᠴᠢᠮᠠᠶ᠋ᠢ ᠮᠠᠷᠲᠠᠬᠤ ᠦᠭᠡᠢ ᠂ ᠲᠠ ᠪᠣᠯ ᠨᠠᠮᠠᠶ᠋ᠢ ᠬᠥᠯ ᠳ᠋ᠦ᠍ ᠣᠷᠣᠭᠤᠯᠵᠤ ᠬᠥᠮᠦᠨ ᠪᠣᠯᠬᠤ ᠳ᠋ᠤ᠌ ᠲᠡᠳᠬᠦᠭᠰᠡᠨ ᠪᠢᠯᠡ!
 
      ᠲᠠᠯ᠎ᠠ ᠶ᠋ᠢᠨ ᠵᠠᠮ ᠨᠠᠷᠢᠬᠠᠨ ᠪᠣᠯᠪᠠᠴᠤ ᠲᠠᠰᠤᠷᠠᠳᠠᠭ ᠦᠭᠡᠢ 
      ᠲᠠᠬᠢᠷᠯᠠᠵᠤ ᠮᠤᠷᠤᠯᠵᠠᠭᠠᠳ ᠵᠣᠭᠰᠣᠰᠢ ᠦᠭᠡᠢ ᠤᠷᠤᠭᠰᠢ ᠰᠤᠨᠤᠯᠵᠠᠳᠠᠭ ᠠ᠋! 
      ᠥᠩᠭᠡ ᠶ᠋ᠢᠨ ᠴᠡᠴᠡᠭ ᠠᠯᠠᠭᠯᠠᠨ ᠮᠢᠷᠠᠯᠵᠠᠭᠠᠳ ᠡᠪᠡᠰᠦ ᠨᠣᠭᠣᠭ᠎ᠠ ᠬᠥᠬᠡᠷᠡᠨ ᠨᠡᠯᠦᠢᠭᠰᠡᠨ ᠲᠠᠯ᠎ᠠ ᠭᠡᠳᠡᠭ ᠬᠢᠵᠠᠭᠠᠷ ᠦᠭᠡᠢ ᠰᠠᠢᠬᠠᠨ ᠶᠤᠮ ᠠ᠋ ᠃ ᠲᠡᠭᠦᠨ ᠦ᠌ ᠥᠷᠥᠴᠡᠨ ᠳᠡᠭᠡᠭᠦᠷ ᠦᠬᠡᠷ ᠦ᠋ᠨ ᠪᠠᠷᠢᠶ᠎ᠠ ᠶᠤᠮᠰᠢᠭ ᠨᠠᠷᠢᠬᠠᠨ ᠵᠠᠮ ᠬᠠᠶᠠ ᠲᠣᠳᠣᠷᠠᠵᠤ ᠬᠠᠶᠠ ᠪᠠᠯᠠᠷᠠᠭᠰᠠᠭᠠᠷ ᠴᠣᠬᠣᠮ ᠬᠠᠮᠢᠭ᠎ᠠ ᠬᠦᠷᠳᠡᠭ ᠪᠠᠢᠭᠰᠠᠨ ᠢ᠋ ᠪᠤᠤ ᠮᠡᠳᠡ! 
      ᠨᠠᠰᠤᠨ ᠤ᠋ ᠳᠣᠯᠣᠭ᠎ᠠ ᠶ᠋ᠢ  ᠡᠳ᠋ᠯᠡᠵᠦ  ᠨᠠᠰᠤᠨ ᠳ᠋ᠠᠭᠠᠨ ᠵᠥᠪ ᠪᠣᠯᠣᠮᠠᠭᠴᠠ ᠪᠢ ᠂ ᠪᠣᠭᠴᠣ ᠡᠭᠦᠷᠴᠦ ᠪᠣᠭᠣᠷ ᠪᠣᠭᠣᠷ ᠭᠦᠶᠦᠭᠡᠳ ᠲᠠᠯ᠎ᠠ ᠶ᠋ᠢᠨ ᠨᠠᠷᠢᠬᠠᠨ ᠵᠠᠮ ᠢ᠋ᠶ᠋ᠠᠷ ᠰᠣᠶᠣᠯ ᠤ᠋ᠨ ᠥᠷᠭᠡᠨ ᠵᠠᠮ ᠳ᠋ᠤ᠌ ᠠᠯᠬᠤᠵᠤ ᠣᠷᠣᠪᠠ ᠃ 
      ᠲᠠᠯ᠎ᠠ ᠶ᠋ᠢᠨ  ᠵᠠᠮ ᠠ᠋ !  ᠪᠢ ᠴᠢᠮᠠᠶ᠋ᠢ ᠶᠠᠭ ᠮᠠᠷᠲᠠᠬᠤ ᠦᠭᠡᠢ ᠂ ᠲᠠ ᠪᠣᠯ ᠨᠠᠮᠠᠶ᠋ᠢ ᠮᠡᠳᠡᠯᠭᠡᠲᠡᠨ ᠪᠣᠯᠬᠤ ᠰᠣᠶᠣᠯ ᠤ᠋ᠨ ᠵᠠᠮ ᠳ᠋ᠤ᠌ ᠬᠦᠷᠭᠡᠵᠦ ᠦᠭᠭᠦᠭᠰᠡᠨ ᠪᠢᠯᠡ᠃ 
  
      ᠲᠠᠯ᠎ᠠ ᠶ᠋ᠢᠨ ᠵᠠᠮ ᠨᠠᠷᠢᠬᠠᠨ ᠪᠣᠯᠪᠠᠴᠤ ᠲᠠᠰᠤᠷᠠᠳᠠᠭ ᠦᠭᠡᠢ 
      ᠲᠠᠬᠢᠷᠯᠠᠵᠤ ᠮᠤᠷᠤᠯᠵᠠᠭᠠᠳ ᠵᠣᠭᠰᠣᠰᠢ ᠦᠭᠡᠢ ᠣᠷᠣᠭᠰᠢ ᠰᠤᠨᠤᠯᠵᠠᠳᠠᠭ ᠠ᠋! 
      ᠥᠩᠭᠡ ᠶ᠋ᠢᠨ ᠴᠡᠴᠡᠭ ᠠᠯᠠᠭᠯᠠᠨ ᠮᠢᠷᠠᠯᠵᠠᠭᠠᠳ ᠂ ᠡᠪᠡᠰᠦ ᠨᠣᠭᠣᠭ᠎ᠠ ᠬᠥᠬᠡᠷᠡᠨ ᠨᠡᠯᠦᠢᠭᠰᠡᠨ ᠲᠠᠯ᠎ᠠ ᠭᠡᠳᠡᠭ ᠦᠵᠦᠭᠦᠷ ᠦᠭᠡᠢ ᠰᠠᠢᠬᠠᠨ ᠶᠤᠮ ᠠ᠋ ᠃ ᠲᠡᠭᠦᠨ ᠦ᠌ ᠥᠷᠥᠴᠡᠨ ᠳᠡᠭᠡᠭᠦᠷ ᠦᠬᠡᠷ ᠦ᠋ᠨ ᠪᠠᠷᠢᠶ᠎ᠠ ᠶᠤᠮᠰᠢᠭ ᠨᠠᠷᠢᠬᠠᠨ ᠵᠠᠮ ᠬᠠᠶᠠ ᠲᠣᠳᠣᠷᠠᠵᠤ ᠬᠠᠶᠠ ᠪᠠᠯᠠᠷᠠᠭᠰᠠᠭᠠᠷ ᠴᠣᠬᠣᠮ ᠬᠠᠮᠢᠭ᠎ᠠ ᠬᠦᠷᠳᠡᠭ ᠪᠠᠢᠭᠰᠠᠨ ᠢ᠋ ᠪᠤᠤ ᠮᠡᠳᠡ ! 
      ᠬᠠᠯᠠᠭᠤᠨ ᠴᠢᠯᠠᠭᠤ ᠳᠣᠯᠢᠶᠠᠵᠤ ᠬᠠᠰᠢᠷ ᠰᠠᠭᠤᠭᠠᠳ ᠪᠢ ᠡᠦᠲᠦ ᠰᠠᠶᠢ ᠮᠡᠳᠡᠯ᠎ᠡ ᠃ ᠲᠠᠯ᠎ᠠ ᠶ᠋ᠢᠨ ᠵᠠᠮ ᠂ ᠠᠭᠤᠯᠠ ᠨᠢᠷᠤᠭᠤᠳ ᠢ᠋ ᠳᠠᠪᠠᠵᠤ ᠂ ᠤᠰᠤ ᠮᠥᠷᠡᠨ ᠢ᠋ ᠭᠡᠲᠦᠯᠦᠭᠡᠳ ᠶᠢᠷᠲᠢᠨᠴᠦ ᠶ᠋ᠢᠨ ᠠᠮᠢᠳᠤᠷᠠᠯ ᠤ᠋ᠨ ᠵᠠᠮ ᠲᠠᠢ ᠦᠵᠦᠭᠦᠷ ᠵᠠᠯᠭᠠᠵᠤ ᠦᠷᠭᠦᠯᠵᠢᠯᠡᠨ ᠰᠤᠨᠤᠯᠵᠠᠵᠤ ᠪᠠᠢᠳᠠᠭ ᠃ ᠲᠠᠯ᠎ᠠ ᠶ᠋ᠢᠨ ᠵᠠᠮ ᠂ ᠬᠡᠴᠢᠨᠡᠨ ᠣᠯᠠᠨ ᠮᠠᠯᠴᠢᠨ ᠠᠷᠠᠳ ᠤ᠋ᠨ ᠦᠷ᠎ᠡ ᠬᠡᠦᠬᠡᠳ ᠢ᠋ ᠪᠣᠯᠪᠠᠰᠤᠨ ᠨᠡᠢᠭᠡᠮ ᠦ᠋ᠨ ᠠᠮᠢᠳᠤᠷᠠᠯ ᠤ᠋ᠨ ᠵᠠᠮ  ᠳ᠋ᠤ᠌ ᠦᠳᠡᠨ ᠮᠣᠷᠳᠠᠭᠤᠯᠤᠭᠰᠠᠨ ᠦᠭᠡᠢ ᠠᠵᠢ ! 
      ᠲᠠᠯ᠎ᠠ ᠶ᠋ᠢᠨ ᠵᠠᠮ ᠠ᠋ ! ᠪᠢ ᠴᠢᠮᠠᠶ᠋ᠢ ᠬᠡᠵᠢᠶᠡᠳᠡ ᠮᠠᠷᠲᠠᠬᠤ ᠦᠭᠡᠢ᠃ ᠠᠮᠢᠳᠤᠷᠠᠯ ᠤ᠋ᠨ ᠵᠠᠮ ᠤ᠋ᠨ ᠬᠠᠭᠠᠰ ᠢ᠋ ᠬᠣᠷᠣᠭᠠᠭᠰᠠᠨ ᠮᠢᠨᠦ ᠲᠠᠪᠠᠭ ᠭᠡᠵᠢᠭᠡ ᠲᠡᠢ ᠬᠥᠭᠡᠷᠦᠬᠦᠢ ᠪᠠᠭ᠎ᠠ ᠨᠠᠰᠤ ᠶ᠋ᠢ ᠮᠢᠨᠢ ᠲᠠ ᠡᠪᠦᠷ ᠳᠣᠲᠣᠷ᠎ᠠ ᠪᠠᠨ ᠥᠯᠥᠭᠡᠢᠳᠡᠨ ᠬᠠᠳᠠᠭᠠᠯᠠᠭᠰᠠᠭᠠᠷ ᠪᠠᠢᠭ᠎ᠠ ᠪᠢᠰᠢᠦ ? 

                ᠨᠢᠭᠡ 

            1  

      ᠨᠢᠭᠡ ᠪᠠᠢᠬᠤ ᠦᠭᠡᠢ ᠰᠠᠨ ᠪᠣᠯ ᠂ ᠬᠣᠶᠠᠷ ᠠᠯᠠᠭ᠎ᠠ ᠂ ᠬᠣᠷᠢ ᠠᠯᠠᠭ᠎ᠠ ᠂ ᠨᠡᠩ ᠢᠯᠡᠭᠦᠦ ᠪᠤᠮ ᠂ ᠰᠠᠶ᠎ᠠ ᠠᠯᠠᠭ᠎ᠠ ᠃ ᠬᠤᠳᠠᠯ ᠪᠢᠰᠢ ᠠ᠋ ᠂ ᠦᠨᠡᠨ ᠃ ᠬᠡᠨ ᠴᠦ᠍ ᠡᠭᠦᠨ ᠢ᠋ ᠭᠡᠷᠡᠴᠢᠯᠡᠳᠡᠭ ᠃ 
      ᠨᠢᠭᠡ ᠶᠠᠯᠢᠭᠦᠢ ᠰᠠᠨᠠᠭᠳᠠᠪᠠᠴᠤ ᠪᠥᠭᠡᠮ ᠶᠡᠬᠡ ᠲᠣᠭᠠᠨ ᠤ᠋ ᠭᠠᠯ ᠤ᠋ᠨ ᠠᠬ᠎ᠠ ᠶ᠋ᠢᠨ ᠣᠷᠣ ᠶ᠋ᠢ ᠡᠵᠡᠯᠡᠵᠦ ᠪᠠᠢᠳᠠᠭ ᠶᠤᠮ ᠠ᠋ ᠃ 

            2 

      ᠨᠢᠭᠡ ᠯᠡ ᠥᠯᠮᠡᠢ ᠂ ᠨᠢᠭᠡ ᠯᠡ ᠬᠤᠷᠤᠭᠤ ᠨᠢᠭᠡ ᠯᠡ ᠪᠥᠮᠪᠥᠭᠡ ᠂ ᠨᠢᠭᠡ ᠯᠡ ᠬᠤᠪᠢ ᠪᠠᠷ  ᠲᠡᠷᠢᠭᠦᠯᠡᠪᠡᠯ ᠂ ᠲᠡᠷᠡ ᠬᠥᠮᠦᠨ ᠲᠡᠷᠢᠭᠦᠨ ᠪᠣᠯᠳᠠᠭ ᠂ ᠲᠡᠭᠡᠭᠡᠳ ᠨᠡᠷ᠎ᠡ ᠨᠢ  ᠴᠦ᠍ ᠮᠠᠨᠳᠤᠳᠠᠭ ᠃ 
      ᠨᠢᠭᠡ ᠶ᠋ᠢ ᠪᠠᠰᠤᠵᠤ ᠪᠣᠯᠬᠤ ᠦᠭᠡᠢ ᠂ ᠨᠢᠭᠡ ᠳ᠋ᠦ᠍ ᠶᠡᠬᠡ ᠤᠴᠢᠷ ᠲᠠᠢ   ᠃ 

           3 

      ᠥᠨᠳᠥᠷ ᠣᠷᠭᠢᠯ ᠪᠣᠯ ᠨᠢᠭᠡ ᠨᠢᠭᠡ ᠬᠡᠰᠡᠭ ᠴᠢᠯᠠᠭᠤ ᠪᠠᠷ ᠥᠨᠳᠡᠢᠳᠡᠭ ᠂ ᠥᠷᠭᠡᠨ ᠳᠠᠯᠠᠢ ᠪᠣᠯ ᠨᠢᠭᠡ ᠨᠢᠭᠡ ᠳᠤᠰᠤᠯ ᠤᠰᠤ ᠪᠠᠷ ᠬᠤᠷᠠᠮᠳᠤᠳᠠᠭ  ᠂  ᠦᠪᠡᠳᠡᠭᠰᠢ ᠠᠰᠠᠷ ᠪᠣᠯ ᠨᠢᠭᠡ ᠨᠢᠭᠡ ᠲᠣᠭᠣᠰᠬ᠎ᠠ ᠪᠠᠷ ᠪᠦᠲᠦᠳᠡᠭ᠂ ᠥᠷᠯᠥᠭ ᠬᠦᠴᠦ ᠪᠣᠯ ᠨᠢᠭᠡ ᠨᠢᠭᠡ ᠬᠥᠮᠦᠨ ᠢ᠋ᠶ᠋ᠡᠷ ᠪᠦᠳᠦᠭᠦᠷᠡᠳᠡᠭ ᠃ 

           4 

      ᠪᠢ ᠂ ᠨᠢᠭᠡ ᠶ᠋ᠢ ᠶᠡᠬᠡ ᠪᠠᠬᠠᠷᠬᠠᠳᠠᠭ ᠃ ᠲᠦᠮᠡᠨ ᠡᠦᠲᠦᠨ ᠦ᠌ ᠳᠣᠲᠣᠷᠠᠬᠢ ᠨᠢᠭᠡ ᠂ ᠲᠦᠭᠡᠮᠡᠯ ᠴᠡᠴᠡᠭ ᠦ᠋ᠨ ᠳᠣᠲᠣᠷᠠᠬᠢ ᠨᠢᠭᠡ ᠂ ᠲᠦᠯᠬᠢᠯᠡᠭᠡᠳ ᠵᠣᠭᠰᠣᠰᠢ ᠦᠭᠡᠢ ᠳᠠᠯᠠᠢ ᠶ᠋ᠢᠨ ᠳᠤᠰᠤᠯ ᠤ᠋ᠨ  ᠨᠢᠭᠡ ᠪᠣᠯᠬᠤ ᠶ᠋ᠢ ᠶᠡᠬᠡ ᠰᠠᠨᠠᠳᠠᠭ ᠂ ᠨᠣᠴᠣᠭᠰᠠᠨ ᠬᠠᠯᠠᠭᠤᠨ ᠰᠡᠳᠬᠢᠯ ᠮᠢᠨᠢ ᠲᠡᠷᠡ ᠵᠦᠭ ᠯᠡ ᠲᠡᠮᠡᠦᠯᠳᠡᠭ ᠃ 

           5 

      ᠨᠢᠭᠡ ᠳ᠋ᠦ᠍ ᠪᠢ ᠬᠠᠢᠷᠠᠲᠠᠢ ᠃ ᠨᠢᠭᠡ ᠪᠣᠳᠣᠪᠠᠯ ᠂ ᠨᠢᠭᠡ ᠳ᠋ᠦ᠍ ᠶᠡᠬᠡ ᠤᠴᠢᠷ ᠲᠠᠢ ᠁ 

                ᠵᠠᠮ ᠤ᠋ᠨ ᠳ᠋ᠧᠩ  

      ᠭᠤᠳᠤᠮᠵᠢ ᠶ᠋ᠢᠨ ᠬᠣᠶᠠᠷ ᠲᠠᠯ᠎ᠠ ᠪᠠᠷ ᠵᠠᠮ ᠤ᠋ᠨ ᠳ᠋ᠧᠩ᠂ ᠪᠠᠢᠷᠢ ᠪᠠᠢᠷᠢ ᠳ᠋ᠠᠭᠠᠨ ᠵᠣᠭᠰᠣᠭᠠᠳ ᠪᠠᠢᠳᠠᠭ ᠭᠡᠷᠡᠯ ᠢ᠋ᠶ᠋ᠡᠨ ᠰᠠᠴᠤᠷᠠᠭᠤᠯᠵᠤ ᠂ ᠪᠠᠢᠯᠳᠤᠭᠴᠢ ᠶᠤᠮᠰᠢᠭ ᠵᠢᠭᠰᠠᠭᠠᠳ ᠪᠠᠢᠮ᠎ᠠ ᠬᠣᠯᠠ ᠭᠠᠷᠲᠠᠯ᠎ᠠ ᠦᠷᠭᠦᠯᠵᠢᠯᠡᠨ᠎ᠡ ᠃ 
      ᠵᠠᠮ ᠤ᠋ᠨ ᠳ᠋ᠧᠩ ᠶᠡᠷᠦᠨᠢ ᠨᠢᠭᠡ ᠨᠢᠭᠡᠨ ᠲᠡᠢ ᠪᠡᠨ ᠠᠲᠠᠭᠠᠷᠬᠠᠨ 《 ᠪᠢ ᠭᠡᠷᠡᠯᠲᠡᠢ 》 ᠭᠡᠵᠦ ᠪᠠᠷᠳᠠᠮᠨᠠᠨ ᠣᠭᠰᠣᠯᠵᠠᠵᠤ ᠪᠤᠯᠢᠶᠠᠯᠳᠤᠳᠠᠭ ᠦᠭᠡᠢ ᠬᠠᠷᠢᠨ ᠭᠡᠷᠡᠯ ᠭᠡᠷᠡᠯ ᠢ᠋ᠶ᠋ᠡᠨ ᠬᠣᠯᠪᠣᠭᠠᠳ  ᠭᠡᠮ ᠦᠭᠡᠢ ᠰᠠᠢᠬᠠᠨ ᠵᠡᠷᠭᠡ ᠳᠤᠯᠠᠯᠵᠠᠵᠤ ᠪᠠᠢᠳᠠᠭ ᠠ᠋ ! 
      ᠵᠠᠮ ᠤ᠋ᠨ ᠳ᠋ᠧᠩ ᠂ ᠨᠢᠭᠡᠨ ᠨᠢᠭᠡᠨ ᠢ᠋ᠶ᠋ᠡᠨ ᠭᠠᠳᠠᠭᠤᠷᠴᠢᠯᠠᠳᠠᠭ ᠦᠭᠡᠢ ᠃ ᠬᠠᠷᠢᠨ ᠬᠤᠪᠢ ᠬᠤᠪᠢᠳᠠᠭᠰᠠᠨ ᠣᠷᠣᠨ ᠳ᠋ᠠᠭᠠᠨ ᠬᠥᠳᠡᠯᠦᠯ ᠦᠭᠡᠢ ᠵᠣᠭᠰᠣᠭᠠᠳ ᠰᠠᠨᠰᠠᠷ ᠪᠦᠷᠬᠦᠢᠭᠰᠡᠨ ᠦᠳᠡᠰᠢ ᠴᠦ᠍ ᠂ ᠰᠠᠯᠬᠢ ᠪᠣᠷᠣᠭᠠᠨ ᠲᠠᠢ ᠰᠥᠨᠢ  ᠴᠦ᠍ ᠵᠠᠪᠰᠠᠷ ᠦᠭᠡᠢ ᠭᠡᠷᠡᠯ ᠢ᠋ᠶ᠋ᠡᠨ ᠰᠠᠴᠤᠵᠤ ᠵᠠᠮ ᠤ᠋ᠨ ᠬᠦᠵᠦᠭᠦᠦ ᠶ᠋ᠢ ᠭᠡᠷᠡᠯᠲᠦᠭᠦᠯᠵᠦ ᠯᠡ ᠪᠠᠢᠳᠠᠭ ᠠ᠋ !  
      ᠵᠠᠮ ᠤ᠋ᠨ ᠳ᠋ᠧᠩ ᠂ ᠨᠣᠢᠷ ᠦᠭᠡᠢ ᠠᠵᠢᠯᠰᠠᠭ ᠶᠤᠮ ᠂ ᠨᠠᠷᠠᠨ ᠤ᠋ ᠭᠡᠷᠡᠯ ᠥᠭᠡᠳᠡ ᠲᠡᠮᠡᠦᠯᠦᠭᠴᠢ ᠶᠦ᠍ᠮ ᠃ 
      ᠬᠠᠷᠠᠩᠭᠤᠢ ᠬᠥᠰᠢᠭᠡ ᠣᠷᠴᠢᠯᠠᠩ ᠢ᠋ ᠪᠦᠷᠬᠦᠵᠦ ᠬᠠᠮᠤᠭ ᠠᠮᠢᠲᠠᠨ ᠢ᠋ ᠨᠣᠢᠷ ᠤ᠋ᠨ ᠥᠯᠥᠭᠡᠢ ᠪᠦᠪᠡᠢᠯᠡᠬᠦ ᠦᠶ᠎ᠡ ᠳ᠋ᠦ᠍ ᠂ ᠵᠠᠮ ᠤ᠋ᠨ ᠳ᠋ᠧᠩ ᠯᠡ ᠨᠢᠳᠦ ᠪᠡᠨ ᠭᠢᠯᠠᠯᠵᠠᠭᠤᠯᠵᠤ ᠂ ᠰᠥᠨᠢ ᠲᠤᠵᠢ ᠴᠥᠬᠥᠷᠡᠯ ᠦᠭᠡᠢ ᠪᠠᠷᠠᠯᠠᠵᠤ ᠯᠠ ᠪᠠᠢᠳᠠᠭ ᠂ ᠰᠢᠷᠲᠡᠵᠦ ᠯᠡ ᠪᠠᠢᠳᠠᠭ ᠂ ᠠᠯᠢ ᠦᠶ᠎ᠡ ᠳ᠋ᠦ᠍᠂ ᠳᠣᠷᠣᠨ᠎ᠠ ᠠ᠋ᠴᠠ ᠦᠷ ᠴᠠᠢᠵᠤ ᠥᠷᠯᠥᠭᠡ ᠶ᠋ᠢᠨ ᠲᠤᠶᠠᠭ᠎ᠠ ᠠᠭᠤᠯᠠᠨ ᠣᠷᠣᠢ ᠶ᠋ᠢ ᠤᠯᠠᠭᠠᠨ ᠠᠯᠴᠢᠭᠤᠷ ᠢ᠋ᠶ᠋ᠠᠷ ᠣᠷᠢᠶᠠᠬᠤ ᠦᠶ᠎ᠡ ᠵᠠᠮ ᠤ᠋ᠨ ᠳ᠋ᠧᠩ  ᠰᠠᠶᠢ ᠰᠠᠨᠠᠭ᠎ᠠ ᠬᠠᠨᠤᠭᠰᠠᠨ ᠪᠣᠯᠤᠯᠲᠠᠢ ᠂ ᠨᠢᠳᠦ ᠪᠡᠨ ᠬᠠᠮᠬᠢᠪᠠ ᠃ ᠤᠤᠯ ᠨᠢ ᠲᠡᠷᠡ ᠮᠠᠨᠳᠤᠬᠤ ᠨᠠᠷᠠ ᠶ᠋ᠢ ᠪᠠᠷᠠᠯᠠᠨ ᠰᠢᠷᠲᠡᠨ ᠬᠦᠯᠢᠶᠡᠵᠦ ᠪᠠᠢᠭᠰᠠᠨ ᠠᠵᠢ ! 
      ᠤᠤᠬᠠᠢ ! ᠪᠢ ᠮᠡᠳᠡᠯ᠎ᠡ ᠃ ᠵᠠᠮ ᠤ᠋ᠨ ᠳ᠋ᠧᠩ ᠶᠡᠷᠦᠨᠢ ᠨᠠᠳᠠ ᠲᠠᠢ ᠠᠳᠠᠯᠢ ᠰᠡᠳᠬᠢᠯ ᠵᠢᠷᠦᠬᠡ ᠨᠢ ᠰᠡᠪ ᠦᠭᠡᠢ ᠬᠡᠵᠢᠶᠡᠳᠡ ᠨᠠᠷᠠ ᠥᠭᠡᠳᠡ ᠲᠡᠮᠡᠦᠯᠳᠡᠭ  ᠶᠦ᠍ᠮ ᠯᠡ ᠪᠠᠢᠨ᠎ᠠ᠃