4ᠢᠰᠢᠲᠠᠨᠽᠠᠨᠸᠠᠩᠵᠢᠯ ᠤ᠋ᠨ ᠮᠣᠩᠭᠣᠯ ᠡᠮᠨᠡᠯᠭᠡ ᠶ᠋ᠢᠨ ᠰᠢᠯᠦᠭᠯᠡᠯ ( ᠲᠠᠢᠯᠪᠤᠷᠢ )4 ишданзанваанжлийн монгол эмнэлгийн шүлэглэл ( тайлбар ) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. 4ᠢᠰᠢᠲᠠᠨᠽᠠᠨᠸᠠᠩᠵᠢᠯ ᠤ᠋ᠨ ᠮᠣᠩᠭᠣᠯ ᠡᠮᠨᠡᠯᠭᠡ ᠶ᠋ᠢᠨ ᠰᠢᠯᠦᠭᠯᠡᠯ ( ᠲᠠᠢᠯᠪᠤᠷᠢ )4 ишданзанваанжлийн монгол эмнэлгийн шүлэглэл ( тайлбар )

4ᠢᠰᠢᠲᠠᠨᠽᠠᠨᠸᠠᠩᠵᠢᠯ ᠤ᠋ᠨ ᠮᠣᠩᠭᠣᠯ ᠡᠮᠨᠡᠯᠭᠡ ᠶ᠋ᠢᠨ ᠰᠢᠯᠦᠭᠯᠡᠯ ( ᠲᠠᠢᠯᠪᠤᠷᠢ )4 ишданзанваанжлийн монгол эмнэлгийн шүлэглэл ( тайлбар )

2023-06-12

319

ᠢᠰᠢᠲᠠᠨᠽᠠᠨᠸᠠᠩᠵᠢᠯ ᠤ᠋ᠨ ᠮᠣᠩᠭᠣᠯ ᠡᠮᠨᠡᠯᠭᠡ ᠶ᠋ᠢᠨ ᠰᠢᠯᠦᠭᠯᠡᠯ ( ᠲᠠᠢᠯᠪᠤᠷᠢ )

  ᠳᠠᠨᠽᠠᠨᠸᠠᠩᠵᠢᠯ ( ᠢᠰᠢᠲᠠᠨᠽᠠᠨᠸᠠᠩᠵᠢᠯ ) 《 ᠡᠮᠨᠡᠯᠭᠡ ᠶ᠋ᠢᠨ ᠰᠢᠯᠦᠭ154 ᠪᠠᠳᠠᠭ 》 ᠪᠣᠯ ᠮᠣᠩᠭᠣᠯ ᠡᠮᠨᠡᠯᠭᠡ ᠶ᠋ᠢᠨ ᠲᠡᠦᠬᠡᠨ ᠳᠡᠭᠡᠷ᠎ᠡ ᠡᠮᠨᠡᠯᠭᠡ ᠶ᠋ᠢᠨ ᠤᠬᠠᠭᠠᠨ ᠊ᠢ ᠮᠣᠩᠭᠣᠯ ᠬᠡᠯᠡ ᠪᠡᠷ ᠰᠢᠯᠦᠭᠯᠡᠨ ᠪᠢᠴᠢᠭᠰᠡᠨ ᠬᠠᠮᠤᠭ ᠠᠩᠬᠠᠨ ᠤ᠋ ᠡᠭᠦᠳᠦᠨ ᠪᠦᠲᠦᠭᠡᠯ ᠪᠣᠯᠬᠤ ᠬᠣᠪᠣᠷ ᠨᠠᠨᠳᠢᠨ ᠮᠠᠲ᠋ᠧᠷᠢᠶᠠᠯ ᠪᠣᠯᠬᠤ ᠶᠤᠮ᠃ ᠲᠤᠰ ᠰᠢᠯᠦᠭ ᠊ᠢ19 ᠳ᠋ᠦ᠍ᠭᠡᠷ ᠵᠠᠭᠤᠨ ᠤ᠋ ᠰᠡᠭᠦᠯᠴᠢ ᠶ᠋ᠢᠨ ᠦᠶ᠎ᠡ ᠳ᠋ᠦ᠍ ᠵᠣᠬᠢᠶᠠᠭᠴᠢ ᠮᠣᠩᠭᠣᠯ ᠠᠷᠠᠳ ᠤᠯᠤᠰ ᠲᠤ᠌ ᠪᠠᠶ᠋ᠢᠬᠤ ᠦᠶ᠎ᠡ ᠳ᠋ᠡᠭᠡᠨ ᠲᠡᠨᠳᠡᠬᠢ ᠮᠣᠩᠭᠣᠯ ᠡᠮᠴᠢ ᠨᠠᠷ ᠤ᠋ᠨ ᠱᠠᠭᠠᠷᠳᠠᠯᠭ᠎ᠠ ᠪᠠᠷ 《 ᠴᠡᠭᠡᠵᠢᠯᠡᠬᠦ ᠳ᠋ᠦ᠍ ᠠᠮᠠᠷ ᠰᠢᠭ᠋ ᠨᠢᠭᠡᠨ ᠰᠢᠯᠦᠭᠯᠡᠯ ᠪᠢᠴᠢᠶ᠎ᠡ 》 ᠭᠡᠮᠡᠨ ᠵᠣᠬᠢᠶᠠᠯ᠎ᠠ ᠭᠡᠳᠡᠭ᠃ ᠡᠨᠡ ᠪᠣᠯ ᠭᠠᠷ ᠪᠢᠴᠢᠮᠡᠯ ᠢ᠋ᠶ᠋ᠡᠷ ᠤᠯᠠᠮᠵᠢᠯᠠᠭᠳᠠᠵᠤ ᠢᠷᠠᠭᠰᠠᠨ ᠨᠢ ᠰᠢᠰᠲ᠋ᠧᠮ ᠲᠡᠢ᠂ ᠪᠦᠷᠢᠨ ᠪᠦᠲᠦᠨ᠂ ᠠᠭᠤᠯᠭ᠎ᠠ ᠨᠢ ᠲᠣᠪᠴᠢ ᠲᠣᠳᠣ᠂ ᠨᠠᠶ᠋ᠢᠷᠠᠭᠤᠯᠭ᠎ᠠ ᠨᠢ ᠢᠷᠠᠭᠤ ᠰᠠᠢᠬᠠᠨ᠂ ᠴᠡᠭᠡᠵᠢᠯᠡᠬᠦ ᠳ᠋ᠦ᠍ ᠬᠢᠯᠪᠠᠷ ᠳᠥᠭᠥᠮ ᠲᠣᠪᠴᠢᠯᠠᠭᠰᠠᠨ ᠵᠣᠬᠢᠶᠠᠯ ᠪᠣᠯᠤᠨ᠎ᠠ᠃ ᠠᠭᠤᠯᠭ᠎ᠠ ᠨᠢ ᠶᠡᠬᠡ ᠲᠥᠯᠥᠪ ᠤᠳᠤᠷᠢᠳᠬᠠᠯ ᠤ᠋ᠨ ᠬᠡᠰᠡᠭ᠃ ᠣᠨᠣᠯ ᠤ᠋ᠨ ᠲᠣᠪᠴᠢ᠂ ᠰᠤᠳᠠᠯ ᠰᠢᠭᠡᠰᠦᠨ ᠦ᠌ ᠰᠢᠨᠵᠢᠯᠡᠯ᠂ ᠬᠠᠯᠠᠭᠤᠨ ᠡᠪᠡᠳᠴᠢᠨ᠂ ᠴᠤᠯᠤ ᠰᠠᠪᠠ ᠶ᠋ᠢᠨ ᠡᠪᠡᠳᠴᠢᠨ᠂ ᠲᠠᠪᠤᠨ ᠡᠷᠬᠡᠲᠡᠨ ᠦ᠌ ᠡᠪᠡᠳᠴᠢᠨ᠂ ᠳᠣᠲᠣᠷ ᠡᠪᠡᠳᠴᠢᠨ᠂ ᠡᠮᠡᠭᠲᠡᠢ ᠶ᠋ᠢᠨ ᠡᠪᠡᠳᠴᠢᠨ᠂ ᠡᠮ᠂ ᠵᠠᠰᠠᠯ᠂ ᠠᠨᠠᠭᠠᠬᠤ ᠶᠣᠰᠣᠨ ᠤ᠋ ᠬᠤᠷᠢᠶᠠᠩᠭᠤᠢ᠃ ᠲᠡᠭᠦᠰᠬᠡᠯ ᠦ᠋ᠨ ᠬᠡᠰᠡᠭ ᠵᠡᠷᠭᠡ13 ᠬᠡᠰᠡᠭ ᠪᠠᠶ᠋ᠢᠬᠤ ᠠ᠋ᠴᠠ ᠭᠠᠳᠠᠨ᠎ᠠ ᠶᠡᠷᠦᠩᠬᠡᠢ ᠳ᠋ᠡᠭᠡᠨ ᠣᠨᠣᠯ ᠤ᠋ᠨ ᠴᠢᠨᠠᠷ ᠲᠠᠢ ᠠᠭᠤᠯᠭ᠎ᠠ ᠪᠠᠷ ᠭᠣᠣᠯ ᠪᠣᠯᠭᠠᠵᠠᠢ᠃
ᠲᠤᠰ ᠰᠢᠯᠦᠭ ᠨᠢ ᠬᠡᠳᠦ ᠤᠳᠠᠭ᠎ᠠ ᠬᠡᠪᠯᠡᠭᠲᠡᠭᠰᠡᠨ ᠪᠣᠯᠪᠠᠴᠤ ᠨᠡᠯᠢᠶᠡᠳ ᠭᠠᠵᠠᠷ ᠲᠤᠨᠢ ᠡᠨᠳᠡᠭᠦᠦ ᠪᠤᠷᠤᠭᠤ ᠲᠠᠢ ᠬᠠᠷᠠᠭᠳᠠᠬᠤ ᠲᠤᠯᠠ ᠡᠨᠡ ᠤᠳᠠᠭ᠎ᠠ ᠪᠢᠳᠡ ᠪᠦᠬᠦ ᠣᠷᠣᠨ ᠤ᠋ ᠡᠯ᠎ᠡ ᠭᠠᠵᠠᠷ ᠠ᠋ᠴᠠ ᠴᠤᠭᠯᠠᠭᠤᠯᠤᠭᠰᠠᠨ ᠭᠠᠷ ᠪᠢᠴᠢᠮᠡᠯ ᠊ᠢ ᠬᠠᠷᠭᠤᠭᠤᠯᠤᠨ ᠬᠢᠨᠠᠯᠲᠠ ᠪᠣᠯᠭᠠᠵᠤ᠂ ᠠᠨᠠᠭᠠᠬᠤ ᠤᠬᠠᠭᠠᠨ ᠤ᠋ ᠲᠣᠮᠣᠭᠠᠲᠠᠨ ᠮᠡᠷᠭᠡᠳ ᠢ᠋ᠶ᠋ᠡᠷ ᠬᠢᠨᠠᠭᠤᠯᠤᠨ ᠪᠠᠶ᠋ᠢᠵᠤ ᠡᠮᠬᠢᠳᠬᠡᠨ ᠭᠠᠷᠭᠠᠪᠠ᠃ ᠦᠵᠡᠬᠦ ᠮᠡᠷᠭᠡᠳ ᠡᠨᠳᠡᠭᠦᠦ ᠲᠡᠢ ᠭᠠᠵᠠᠷ ᠊ᠢ ᠳᠤᠯᠢᠳᠠᠨ ᠦᠵᠡᠬᠦ ᠪᠣᠯᠪᠠ ‍ᠤᠤ᠃

ᠪᠡᠯᠭᠡ ᠪᠢᠯᠢᠭ ᠲᠡᠭᠦᠰᠦᠭᠰᠡᠨ ᠡᠮ ᠦ᠋ᠨ ᠪᠯᠠᠮ᠎ᠠ ※ ᠣᠲᠠᠴᠢ
ᠪᠡᠷᠬᠡ ᠬᠣᠣᠷ ᠤ᠋ᠨ ᠡᠪᠡᠳᠴᠢᠨ ᠊ᠢ ᠠᠨᠠᠭᠠᠵᠤ ᠳᠠᠷᠤᠭᠴᠢ
ᠪᠢᠳᠦᠷᠶ᠎ᠡ ※ ᠶ᠋ᠢᠨ ᠭᠡᠷᠡᠯ ᠲᠡᠭᠦᠰ ᠢᠯᠠᠭᠤᠭᠰᠠᠨ ᠨᠤᠭᠤᠳ ᠲᠤ᠌
ᠪᠢᠰᠢᠷᠡᠵᠦ ᠰᠦᠰᠦᠭᠯᠡᠭᠡᠳ ᠨᠠᠮᠠᠨᠴᠢᠯᠠᠨ ᠮᠥᠷᠭᠥᠮᠦᠢ᠃

ᠠᠮᠤᠭᠤᠯᠠᠩ ᠵᠣᠬᠢᠶᠠᠯᠴᠢ ᠡᠮ ᠦ᠋ᠨ ᠬᠠᠭᠠᠨ ᠪᠢᠳᠦᠷᠶ᠎ᠡ
ᠠᠮᠢᠲᠠᠨ ᠤ᠋ ᠭᠤᠷᠪᠠᠨ ᠬᠣᠣᠷ ᠤ᠋ᠨ ᠡᠪᠡᠳᠴᠢᠨ ᠊ᠢ ᠳᠠᠷᠤᠭᠴᠢ
ᠠᠶ᠎ᠠ ᠶᠡᠬᠡ ᠤᠬᠠᠭᠠᠨ ᠤ᠋ ᠪᠡᠯᠭᠡ ᠪᠢᠯᠢᠭ ᠦ᠋ᠨ ᠠᠷᠰᠢ ※ ᠨᠠᠷ
ᠠᠨᠠᠭᠠᠬᠤ ᠶ᠋ᠢᠨ ᠶᠡᠷᠦᠨᠳᠡᠭ ᠊ᠢ ᠦᠵᠡᠭᠦᠯᠦᠨ ᠠᠳᠢᠰᠯᠠ᠃

ᠡᠮᠦᠨᠡᠲᠦ ᠰᠡᠩᠭᠡ ᠲᠠᠪᠴᠠᠩ ᠪᠠᠳᠮ᠎ᠠ ᠰᠠᠷᠠᠨ ᠳᠡᠭᠡᠷ᠎ᠡ
ᠡᠮ ᠦ᠋ᠨ ᠬᠠᠭᠠᠳ ᠰᠡᠯᠲᠡ ᠠᠯᠢᠨ ᠲᠡᠭᠦᠰ ᠣᠷᠣᠰᠢ
ᠡᠷᠬᠢᠮ ᠶᠡᠬᠡ ᠳᠥᠷᠪᠡᠨ ᠠᠶ᠋ᠢᠮᠠᠭ ᠦᠨᠳᠦᠰᠦᠨ ᠦ᠌ ᠰᠤᠷᠤᠯᠭ᠎ᠠ ᠶ᠋ᠢ
ᠡᠭᠡᠨᠡᠭᠲᠡ ᠳᠦᠷᠦᠭᠦᠯᠦᠨ ᠠᠳᠢᠰᠯᠠ᠃

ᠳᠥᠷᠪᠡᠯ ᠦᠭᠡᠢ ᠠᠶ᠋ᠢᠯᠠᠲᠤᠭᠴᠢ ᠠᠴᠢ ᠲᠡᠭᠦᠰ ᠪᠯᠠᠮ᠎ᠠ ᠮᠢᠨᠢ
ᠲᠦᠳᠡᠯ ᠦᠭᠡᠢ ᠮᠤᠩᠬᠠᠭ ᠮᠢᠨᠦ ᠵᠢᠷᠦᠬᠡᠨ ᠳ᠋ᠦ᠍ ᠤᠷᠤᠰᠢ
ᠳᠥᠷᠪᠡᠨ ᠠᠶ᠋ᠢᠮᠠᠭ ᠦᠨᠳᠦᠰᠦᠨ ᠦ᠌ ᠠᠨᠠᠭᠠᠬᠤ ᠶ᠋ᠢᠨ ᠶᠣᠰᠣᠨ ᠊ᠢ
ᠲᠦᠷᠭᠡᠨ ᠢ᠋ᠶ᠋ᠡᠷ ᠤᠨᠤᠭᠤᠯᠵᠤ ᠲᠥᠷᠥᠭᠦᠯᠦᠨ ᠠᠳᠢᠰᠯᠠ᠃

ᠨᠢᠰᠸᠠᠨᠢᠰ ※ ᠲᠤ᠌ ᠭᠤᠷᠪᠠᠨ ᠬᠣᠣᠷ ᠤ᠋ᠨ ᠵᠣᠪᠠᠯᠠᠩᠲᠤ ᠪᠡᠶ᠎ᠡ ᠮᠢᠨᠢ
ᠨᠢᠭᠦᠯ ᠲᠤᠶ᠋ᠢᠤᠠᠬᠡᠷ ᠠᠷᠪᠢᠳᠤᠭᠰᠠᠨ ᠮᠠᠰᠢ ᠶᠡᠬᠡ ᠶ᠋ᠢᠨ ᠲᠤᠯᠠᠳᠠ
ᠨᠢᠭᠦᠯᠡᠰᠬᠦᠢ ᠶ᠋ᠢᠨ ᠠᠪᠤᠷᠠᠯ ᠤ᠋ᠨ ᠬᠤᠬᠠᠨ ᠲᠠᠲᠠᠵᠤ
ᠨᠢᠭᠤᠴᠠᠰ ᠤ᠋ᠨ ᠰᠤᠷᠭᠠᠯ ᠵᠠᠷᠯᠢᠭ ᠬᠤᠷᠴᠠ ᠪᠣᠯᠭᠠᠨ ᠠᠳᠢᠰᠯᠠ᠃

ᠨᠠᠢ᠍ᠮᠠᠨ ᠰᠠᠶ᠋ᠢᠪᠠᠷ ※ ᠣᠳᠤᠭᠰᠠᠳ ᠤ᠋ᠨ ᠡᠷᠬᠢᠮ ᠨᠣᠮ ᠤ᠋ᠨ ᠵᠠᠷᠯᠢᠭ ᠦ᠋ᠳ
ᠨᠠᠢ᠍ᠮᠠᠨ ᠵᠦᠢᠯ ᠦ᠋ᠨ ᠭᠡᠰᠢᠭᠦᠳ ᠲᠦ᠍ ᠨᠢᠭᠤᠴᠠᠰ ᠤ᠋ᠨ ᠤᠪᠠᠳᠢᠰ
ᠨᠠᠶ᠋ᠢᠷᠠᠭᠤᠯᠤᠨ ᠦᠢᠯᠡᠳᠦᠭᠴᠢ ᠣᠯᠠᠨ ᠵᠦᠢᠯ ᠦ᠋ᠨ ᠠᠷᠭ᠎ᠠ ᠶ᠋ᠢ
ᠨᠠᠷᠢᠨ ᠢ᠋ᠶ᠋ᠠᠷ ᠤᠬᠠᠭᠠᠨ ᠳ᠋ᠤᠷ ᠣᠷᠣᠭᠤᠯᠤᠨ ᠠᠳᠢᠰᠯᠠ᠃

ᠰᠤᠳᠤᠷᠴᠢᠯᠠᠨ ᠦᠢᠯᠡᠳᠬᠦᠢ ᠳ᠋ᠦ᠍ᠷ ᠬᠠᠷᠰᠢᠯᠠᠯ ᠲᠠᠢ ᠪᠣᠯᠬᠤ ᠪᠠ
ᠰᠤᠳᠠᠰᠤᠨ ᠊ᠢ ᠦᠵᠡᠬᠦᠢ ᠳ᠋ᠦ᠍ᠷ ᠡᠨᠳᠡᠭᠦᠷᠡᠯ ᠪᠣᠯᠬᠤ ᠪᠠ
ᠰᠤᠷᠤᠯᠴᠠᠵᠤ ᠮᠡᠳᠡᠬᠦᠢ ᠳ᠋ᠦ᠍ᠷ ᠰᠠᠭᠠᠳ ᠵᠡᠳᠬᠡᠷ ᠪᠣᠯᠬᠤ ᠶ᠋ᠢ
ᠰᠣᠶᠣᠷᠬᠠᠯ ᠳ᠋ᠤ᠌ ᠱᠠᠩᠯᠤᠩ ᠴᠣᠶ᠋ᠢᠵᠣᠩ ※ ᠨᠥᠬᠥᠷ ᠪᠣᠯᠤᠨ ᠠᠳᠢᠰᠯᠠ᠃

ᠮᠠᠭᠤ ᠦᠢᠯᠡ ᠶ᠋ᠢᠨ ᠨᠢᠰᠸᠠᠨᠢᠰ ᠤ᠋ᠨ ᠡᠪᠡᠳᠴᠢᠨ ᠪᠠ ᠵᠣᠪᠠᠯᠠᠩ ᠊ᠢ
ᠮᠠᠭᠠᠳ ᠢ᠋ᠶ᠋ᠠᠷ ᠦᠵᠡᠭᠦᠯᠦᠨ ᠠᠶ᠋ᠢᠯᠠᠲᠤᠭᠰᠠᠨ ᠠᠲᠠᠯ᠎ᠠ
ᠮᠠᠨ ᠤ᠋ ᠮᠤᠩᠬᠠᠭ ᠬᠠᠷᠠᠩᠭᠤᠢ ᠳ᠋ᠤᠷ ᠮᠠᠰᠢ ᠣᠨᠣᠯ ᠬᠠᠶ᠋ᠢᠷᠠᠯᠠ
ᠮᠠᠨᠪᠢ ᠵᠠᠯᠪᠤ ※ ᠰᠣᠵᠢᠳ ᠱᠣᠨᠣ ※ ᠮᠠᠭᠠᠳ ᠲᠡᠳᠬᠦᠨ ᠰᠣᠶᠣᠷᠬ᠎ᠠ᠃

ᠬᠢᠯᠢᠨᠴᠡᠲᠦ ᠤᠷᠠᠨ ᠮᠤᠩᠬᠠᠭ ᠭᠤᠷᠪᠠᠨ ᠬᠣᠣᠷ ᠤ᠋ᠨ ᠡᠷᠬᠡᠪᠡᠷ
ᠬᠡᠢ ᠰᠢᠷ᠎ᠠ ᠪᠠᠳᠬᠠᠨ ᠭᠤᠷᠪᠠ ᠶ᠋ᠢᠨ ᠵᠣᠪᠠᠯᠠᠩ ᠢ᠋ᠶ᠋ᠠᠷ ᠡᠭᠦᠰᠴᠦ
ᠬᠡᠮᠵᠢᠶᠡᠲᠦ ᠲᠣᠭ᠎ᠠ ᠠᠨᠤ ᠳᠥᠷᠪᠡᠨ ᠵᠠᠭᠤᠨ ᠳᠥᠷᠪᠡ ᠪᠠ
ᠭᠡᠲᠦᠷᠬᠡᠶ᠋ᠢᠶ᠎ᠡ ᠨᠣᠮᠯᠠᠪᠠᠰᠤ ᠮᠢᠩᠭᠠᠨ ᠬᠣᠶᠠᠷ ᠵᠠᠭᠤ ᠪᠣᠢ᠃

ᠭᠠᠰᠠᠯᠠᠩᠲᠤ ᠣᠷᠴᠢᠯᠠᠩ ᠤ᠋ᠨ ᠮᠥᠩᠬᠡ ᠪᠤᠰᠤ ᠪᠡᠶ᠎ᠡ ᠮᠢᠨᠢ
ᠭᠠᠯ ᠰᠢᠷᠣᠢ ᠳᠥᠷᠪᠡᠨ ᠵᠦᠢᠯ ᠦ᠋ᠨ ᠮᠠᠬᠠᠪᠣᠳ ᠢ᠋ᠶ᠋ᠠᠷ ᠪᠦᠲᠦᠵᠡᠢ 
ᠬᠠᠯᠠᠭᠤᠨ ᠬᠦᠢᠲᠡᠨ ᠬᠢᠮᠤᠷᠠᠵᠤ ᠡᠪᠡᠳᠴᠢᠲᠡᠢ ᠪᠣᠯᠤᠭᠠᠳ
ᠬᠠᠮᠲᠤᠳᠬᠠᠵᠤ ᠡᠭᠡᠷᠡᠬᠦ ᠡᠮ ᠵᠠᠰᠠᠯ ᠬᠡᠷᠡᠭᠲᠡᠢ᠃

ᠳᠥᠷᠪᠡᠨ ᠵᠠᠭᠤᠨ ᠳᠥᠷᠪᠡᠨ ᠵᠦᠢᠯ ᠳ᠋ᠦ᠍ ᠡᠪᠡᠳᠴᠢᠨ ᠢ᠋ᠶ᠋ᠡᠷ ᠲᠤᠶ᠋ᠢᠤᠠᠴᠤ
ᠳᠥᠷᠪᠡᠨ ᠴᠠᠭ ᠤ᠋ᠨ ᠤᠯᠠᠷᠢᠯ ᠢ᠋ᠶ᠋ᠠᠷ ᠰᠤᠳᠠᠯ ᠪᠠᠷᠢᠯᠲᠠᠢ
ᠳᠥᠷᠪᠡᠨ ᠵᠦᠢᠯ ᠦ᠋ᠨ ᠲᠣᠬᠢᠶᠠᠯ ᠢ᠋ᠶ᠋ᠠᠷ ᠮᠠᠬᠠᠪᠣᠳ ᠦ᠋ᠳ ᠰᠣᠯᠢᠯᠴᠠᠨ
ᠳᠥᠷᠪᠡᠨ ᠳᠠᠯᠠᠢ ᠶ᠋ᠢᠨ ᠵᠣᠪᠠᠯᠠᠩᠲᠤ ᠭᠠᠰᠠᠯᠠᠩ ᠊ᠢ ᠡᠲᠯᠡᠪᠡᠢ᠃

ᠡᠳᠡᠭᠡᠬᠦ ᠠᠨᠠᠭᠠᠬᠤ ᠶ᠋ᠢᠨ ᠡᠷᠬᠢᠮ ᠶᠡᠬᠡ ᠶᠡᠷᠦᠨᠳᠡᠭ
ᠡᠮ ᠵᠠᠰᠠᠯ ᠢᠳᠡᠭᠡᠨ ᠪᠠ ᠡᠷᠭᠢᠴᠡᠬᠦ ᠶᠠᠪᠤᠳᠠᠯ
ᠡᠪᠳᠡᠬᠦ ᠪᠠ ᠲᠥᠭᠡᠨᠡᠬᠦ ᠬᠠᠳᠬᠤᠬᠤ ᠪᠠ ᠬᠠᠨᠠᠬᠤ
ᠡᠯᠳᠡᠪ ᠢ᠋ᠶ᠋ᠡᠷ ᠬᠢᠴᠢᠶᠡᠬᠦ ᠡᠭᠦᠷᠢᠳᠡ ᠶ᠋ᠢᠨ ᠶᠣᠰᠣ ᠮᠥᠨ᠃

ᠵᠡᠭᠦᠨ ᠪᠠᠷᠠᠭᠤᠨ ᠬᠣᠶᠠᠷ ᠭᠠᠷ ᠤ᠋ᠨ ᠰᠤᠳᠠᠰᠤᠨ ᠊ᠢ ᠲᠠᠨᠢᠬᠤ
ᠵᠡᠷᠭᠡᠮᠵᠢ ᠪᠡᠷ ᠠᠮᠠᠨ ᠠ᠋ᠴᠠ ᠠᠰᠠᠭᠤᠵᠤ ᠮᠡᠳᠡᠬᠦ
ᠵᠢᠪᠬᠦ ᠪᠠ ᠪᠠᠭᠤᠷᠠᠬᠤ ᠳᠡᠯᠡᠳᠬᠦ ᠪᠠ ᠯᠤᠭᠰᠢᠬᠤ
ᠵᠢᠪᠬᠠᠷᠠᠬᠤ ᠪᠠ ᠠᠯᠢᠪᠠᠰᠤ ᠶ᠋ᠢ ᠳᠠᠷᠤᠨ ᠣᠯᠵᠤ ᠮᠡᠳᠡᠬᠦ᠃

ᠵᠡᠭᠦᠨ ᠪᠠᠷᠠᠭᠤᠨ ᠬᠣᠶᠠᠷ ᠭᠠᠷ ᠤ᠋ᠨ ᠰᠤᠳᠠᠰᠤᠨ ᠊ᠢ ᠪᠠᠷᠢᠵᠤ
ᠵᠡᠷᠭᠡᠮᠵᠢ ᠪᠡᠷ ᠳᠠᠷᠠᠭᠠᠯᠠᠨ ᠭᠤᠷᠪᠠᠨ ᠬᠤᠷᠤᠭᠤ ᠠᠳᠬᠤᠵᠤ
ᠵᠢᠭᠦᠷᠲᠡᠨ ᠦ᠌ ᠳᠠᠯᠠᠪᠴᠢ ᠪᠠ ᠬᠬᠢᠪ ᠦ᠋ᠨ ᠮᠡᠲᠦ ᠳᠡᠯᠡᠳᠪᠡᠯ
ᠵᠡᠭᠦᠳᠦᠨ ᠦ᠌ ᠬᠡᠯᠡᠪᠡᠯ ᠮᠡᠲᠦ ᠵᠢᠪᠬᠠᠷᠠᠬᠤ ᠶ᠋ᠢᠨ ᠣᠨᠢᠰᠣ᠃

ᠬᠦᠨᠳᠦ ᠪᠥᠭᠡᠳ ᠰᠤᠳᠠᠰᠤᠨ ᠨᠢ ᠳᠡᠯᠡᠳᠬᠦᠨᠢ ᠠᠮᠠᠷᠬᠠᠨ
ᠬᠦᠢᠲᠡᠨ ᠪᠥᠭᠡᠳ ᠰᠤᠳᠠᠰᠤᠨ ᠨᠢ ᠳᠡᠯᠡᠳᠬᠦᠨᠢ ᠬᠠᠯᠠᠭᠤᠬᠠᠨ
ᠬᠥᠩᠭᠡᠨ ᠪᠥᠭᠡᠳ ᠰᠤᠳᠠᠰᠤᠨ ᠨᠢ ᠳᠡᠯᠡᠳᠬᠦᠨᠢ ᠴᠢᠩᠭᠠᠬᠠᠨ
ᠬᠦᠴᠢᠷ ᠪᠥᠭᠡᠳ ᠰᠤᠳᠠᠰᠤᠨ ᠨᠢ ᠳᠡᠯᠡᠳᠬᠦᠨᠢ ᠳᠥᠯᠢᠶᠡᠨ᠃

ᠬᠠᠯᠠᠭᠤᠨ ᠪᠥᠭᠡᠳ ᠰᠤᠳᠠᠰᠤᠨ ᠨᠢ ᠳᠡᠯᠡᠳᠬᠦᠨᠢ ᠰᠡᠷᠢᠭᠦᠨ
ᠬᠠᠲᠠᠭᠤ ᠪᠥᠭᠡᠳ ᠰᠤᠳᠠᠰᠤᠨ ᠨᠢ ᠳᠡᠯᠡᠳᠬᠦᠨᠢ ᠨᠣᠮᠣᠬᠠᠨ
ᠬᠠᠷᠢᠯ ᠪᠥᠭᠡᠳ ᠰᠤᠳᠠᠰᠤᠨ ᠨᠢ ᠳᠡᠯᠡᠳᠬᠦᠨᠢ ᠵᠣᠭᠰᠣᠪᠠᠯ
ᠭᠠᠶ᠋ᠢᠬᠠᠮᠰᠢᠬᠲᠤ ᠳᠣᠯᠣᠭᠠᠨ ᠰᠤᠳᠠᠯ ᠮᠠᠭᠤ ᠢᠷᠸ᠋᠎ᠠ ᠶ᠋ᠢᠨ ᠲᠡᠮᠳᠡᠭ ᠪᠣᠢ᠃

ᠡᠷᠡᠭᠦᠯ ᠬᠥᠮᠦᠨ ᠪᠦᠭᠦᠲᠡᠰ ᠦ᠋ᠨ ᠡᠯᠳᠡᠪ ᠭᠦᠶᠦᠬᠦ ᠰᠤᠳᠠᠯ ᠳ᠋ᠤᠷ
ᠡᠴᠢᠭᠡ ᠡᠬᠡ ᠠᠬ᠎ᠠ ᠳᠡᠭᠦᠦ ᠡᠮᠡᠰ ᠥᠬᠢᠳ ᠬᠥᠪᠡᠭᠦᠳ
ᠡᠩᠬᠡ ᠮᠡᠨᠳᠦ ᠪᠦᠬᠦᠢ ᠶ᠋ᠢ ᠪᠠ ᠡᠮᠭᠡᠨᠢᠬᠦ ᠶ᠋ᠢᠨ ᠵᠣᠪᠠᠯᠠᠩ
ᠡᠪᠳᠡᠷᠡᠯᠳᠦ ᠲᠡᠮᠡᠴᠡᠯ ᠊ᠢ ᠡᠭᠦᠨ ᠢ᠋ᠶ᠋ᠡᠷ ᠰᠢᠨᠵᠢᠬᠦ᠃

ᠡᠷ᠎ᠡ ᠶ᠋ᠢᠨ ᠪᠠᠷᠠᠭᠤᠨ ᠰᠤᠳᠠᠰᠤᠨ ᠳ᠋ᠤᠷ ᠮᠤᠰᠬᠢᠯᠳᠤᠭᠠᠳ ᠵᠣᠭᠰᠣᠪᠠᠯ
ᠡᠴᠢᠭᠡ ᠬᠢᠭᠡᠳ ᠠᠬ᠎ᠠ ᠨᠠᠷ ᠦ᠋ᠳ ᠡᠷᠬᠡ ᠦᠭᠡᠢ ᠦᠬᠦᠬᠦ
ᠡᠷ᠎ᠡ ᠶ᠋ᠢᠨ ᠵᠡᠭᠦᠨ ᠰᠤᠳᠠᠰᠤᠨ ᠳ᠋ᠤᠷ ᠳᠣᠯᠭᠢᠰᠤᠭᠠᠳ ᠵᠣᠭᠰᠣᠪᠠᠯ
ᠡᠮ᠎ᠡ ᠬᠢᠭᠡᠳ ᠬᠥᠪᠡᠭᠦᠳ ᠨᠢ ᠡᠮᠭᠡᠭ ᠢ᠋ᠶ᠋ᠡᠷ ᠦᠬᠦᠬᠦ᠃

ᠡᠮ᠎ᠡ ᠶ᠋ᠢᠨ ᠪᠠᠷᠠᠭᠤᠨ ᠰᠤᠳᠠᠰᠤᠨ ᠳ᠋ᠤᠷ ᠡᠪᠬᠡᠷᠡᠭᠡᠳ ᠵᠣᠭᠰᠣᠪᠠᠯ
ᠡᠷ᠎ᠡ ᠶ᠋ᠢᠨ ᠲᠥᠷᠥᠯ ᠠᠬ᠎ᠠ ᠳᠡᠭᠦᠦ ᠲᠥᠷᠥᠯ ᠢᠨᠤ ᠦᠬᠦᠬᠦ
ᠡᠮ᠎ᠡ ᠶ᠋ᠢᠨ ᠵᠡᠭᠦᠨ ᠰᠤᠳᠠᠰᠤᠨ ᠳ᠋ᠤᠷ ᠳᠣᠯᠭᠢᠰᠤᠭᠠᠳ ᠵᠣᠭᠰᠣᠪᠠᠯ
ᠡᠴᠢᠭᠡ ᠬᠢᠭᠡᠳ ᠠᠬ᠎ᠠ ᠨᠠᠷ ᠡᠷᠬᠡ ᠦᠭᠡᠢ ᠦᠬᠦᠬᠦ᠃

ᠬᠣᠶᠠᠷ ᠭᠠᠷ ᠤ᠋ᠨ ᠰᠤᠳᠠᠰᠤᠨ ᠳ᠋ᠤᠷ ᠮᠤᠰᠬᠢᠯᠳᠤᠭᠠᠳ ᠵᠣᠭᠰᠣᠪᠠᠯ
ᠬᠣᠣᠷ ᠬᠢᠭᠡᠳ ᠮᠡᠰᠡ ᠪᠡᠷ ᠬᠣᠣᠷᠯᠠᠭᠳᠠᠵᠤ ᠦᠬᠦᠬᠦ
ᠬᠣᠶᠠᠷ ᠭᠤᠷᠪᠠ ᠳᠡᠯᠡᠳᠦᠭᠡᠳ ᠬᠠᠶᠠ ᠨᠢᠭᠡ ᠵᠣᠭᠰᠣᠪᠠᠯ
ᠬᠣᠪᠴᠢ ᠮᠠᠭᠤ ᠲᠡᠮᠡᠴᠡᠯ ᠪᠠ ᠬᠡᠯᠡ ᠠᠮᠠ ᠳᠡᠭᠳᠡᠬᠦ᠃

ᠢᠯᠭᠠᠯ ᠦᠭᠡᠢ ᠬᠣᠶᠠᠷ ᠭᠠᠷ ᠲᠤᠷ ᠠᠳᠠᠯᠢᠬᠠᠨ ᠵᠣᠭᠰᠣᠪᠠᠯ
ᠢᠨᠠᠭᠯᠠᠭᠰᠠᠨ ᠨᠥᠬᠥᠳ ᠡᠷ᠎ᠡ ᠢᠨᠤ ᠦᠬᠦᠬᠦ
ᠢᠯᠭᠠᠮᠵᠢᠲᠠᠢ ᠬᠣᠭᠣᠰᠣᠷᠠᠨ ᠦᠬᠦᠳᠬᠢᠵᠦ ᠵᠣᠭᠰᠣᠪᠠᠯ
ᠢᠨᠠᠭᠤᠬᠢ ᠶ᠋ᠢᠨ ᠭᠠᠷᠤᠯᠭ᠎ᠠ ᠪᠠ ᠬᠡᠯᠡ ᠠᠮᠠ ᠳᠡᠭᠳᠡᠬᠦ᠃

ᠠᠳᠬᠤᠪᠠᠰᠤ ᠣᠷᠣᠨ ᠳ᠋ᠠᠭᠠᠨ ᠰᠠᠭᠤᠨ ᠡᠰᠡ ᠴᠢᠳᠠᠪᠠᠯ
ᠠᠳᠢᠰ ᠢ᠋ᠶ᠋ᠠᠷ ᠡᠵᠡᠯᠡᠭᠲᠡᠨ ᠪᠠᠷᠢᠭᠳᠠᠭᠰᠠᠨ ᠮᠠᠭᠠᠳ ᠪᠣᠢ 
ᠠᠪᠤᠷᠠᠯ ᠭᠤᠷᠪᠠᠨ ᠡᠷᠳᠡᠨᠢᠰ ᠦ᠋ᠨ ᠠᠲᠢᠰᠲᠠᠳ ᠊ᠢ ᠰᠢᠲᠦᠵᠦ
ᠠᠮᠢᠨ ᠨᠠᠰᠤᠨ ᠤᠷᠲᠤᠳᠬᠠᠬᠤ ᠶ᠋ᠢᠨ ᠠᠷᠭ᠎ᠠ ᠲᠤᠰᠠ ᠶ᠋ᠢ ᠡᠷᠢᠯᠲᠡᠢ᠃

ᠰᠤᠳᠠᠰᠤᠨ ᠨᠢ ᠳᠡᠯᠡᠳᠬᠦᠢ ᠳ᠋ᠦ᠍ᠷ ᠣᠯᠠᠨ ᠵᠦᠢᠯ ᠢ᠋ᠶ᠋ᠡᠷ ᠵᠣᠭᠰᠣᠪᠠᠯ
ᠰᠤᠯᠠ ᠴᠢᠩᠭ᠎ᠠ ᠶ᠋ᠢᠨ ᠪᠠᠶ᠋ᠢᠲᠠᠯ ᠢ᠋ᠶ᠋ᠠᠷ ᠡᠪᠡᠳᠴᠢᠨ ᠊ᠢ ᠲᠠᠨᠢᠬᠤ
ᠰᠤᠷᠤᠯᠴᠠᠬᠤ ᠪᠠ ᠦᠢᠯᠡᠳᠬᠦ ᠨᠢ ᠰᠠᠪᠠᠯ ᠢ᠋ᠶ᠋ᠠᠷ ᠪᠣᠯᠤᠮᠤᠢ᠃
ᠰᠤᠩᠭᠤᠮᠴᠢᠯᠠᠨ ᠬᠡᠷᠡᠭᠯᠡᠬᠦ ᠣᠷᠣᠨ ᠢ᠋ᠶ᠋ᠠᠷ ᠲᠡᠭᠦᠰᠦᠮᠦᠢ᠃

ᠠᠷᠢᠭᠤᠬᠠᠨ ᠡᠷᠳᠡᠨᠢᠰ ᠦ᠋ᠨ ᠰᠠᠪᠠᠨ ᠠ᠋ᠴᠠ ᠥᠭᠡᠷ᠎ᠡ
ᠠᠯᠢᠨ ᠨᠢᠭᠡᠨ ᠪᠤᠷᠲᠠᠭ ᠪᠦᠬᠦᠢ ᠶ᠋ᠢ ᠭᠠᠷᠭᠠᠭᠰᠠᠨ ᠤ᠋ ᠠᠳᠠᠯᠢ ᠳ᠋ᠤᠷ
ᠠᠲᠢᠰᠲᠠᠳ ᠲᠤᠷ ᠠᠷᠰᠯᠠᠨ ᠤ᠋ ᠴᠠᠭᠠᠨ ᠰᠦᠨ ᠊ᠢ ᠬᠢᠪᠡᠰᠦ
ᠠᠰᠬᠠᠷᠠᠭᠠᠳ ᠬᠦᠴᠦᠨ ᠰᠢᠮ᠎ᠡ ᠪᠦᠷᠢᠨ ᠢ᠋ᠶ᠋ᠡᠷ ᠲᠡᠭᠦᠰᠦᠮᠦᠢ᠃

ᠬᠠᠪᠤᠷ ᠴᠠᠭ ᠤ᠋ᠨ ᠤᠯᠠᠷᠢᠯ ᠳ᠋ᠤᠷ ᠮᠣᠳᠣᠨ ᠣᠷᠣᠨ ᠡᠵᠡᠯᠡᠨ
ᠬᠠᠮᠤᠭ ᠪᠡᠶ᠎ᠡ ᠶ᠋ᠢᠨ ᠰᠢᠷ᠎ᠠ ᠤᠰᠤᠨ ᠳᠡᠭᠡᠭᠰᠢᠳᠡ ᠬᠥᠪᠬᠡᠵᠦ
ᠬᠠᠲᠤᠨ ᠮᠡᠲᠦ ᠡᠯᠢᠭᠡᠨ ᠦ᠌ ᠰᠤᠳᠠᠰᠤᠨ ᠢ᠋ᠶ᠋ᠠᠷ ᠳᠡᠯᠭᠡᠷᠡᠨ
ᠭᠠᠰᠠᠯᠠᠩᠲᠤ ᠣᠯᠠᠨ ᠵᠦᠢᠯ ᠦ᠋ᠨ ᠵᠣᠪᠠᠯᠠᠩ ᠦ᠋ᠳ ᠡᠭᠦᠰᠦᠮᠦᠢ᠃

ᠵᠤᠨ ᠤ᠋ ᠴᠠᠭ ᠤ᠋ᠨ ᠤᠯᠠᠷᠢᠯ ᠳ᠋ᠤᠷ ᠭᠠᠯ ᠤ᠋ᠨ ᠣᠷᠣᠨ ᠡᠵᠡᠯᠡᠨ
ᠵᠤᠰᠠᠯᠠᠩ ᠊ᠢ ᠲᠠᠭᠠᠯᠠᠵᠤ ᠰᠡᠷᠢᠭᠦᠨ ᠊ᠢ ᠬᠦᠰᠡᠮᠦᠢ
ᠵᠣᠴᠢᠳ ᠮᠡᠲᠦ ᠵᠢᠷᠦᠬᠡᠨ ᠦ᠌ ᠰᠤᠳᠠᠰᠤᠨ ᠳ᠋ᠤᠷ ᠳᠡᠯᠭᠡᠷᠡᠨ
ᠵᠤᠳ ᠤ᠋ᠨ ᠦᠬᠦᠯ ᠬᠠᠨᠢᠶᠠᠳᠤᠨ ᠡᠪᠡᠳᠴᠢᠨ ᠡᠭᠦᠰᠦᠮᠦᠢ᠃

ᠨᠠᠮᠤᠷ ᠴᠠᠭ ᠤ᠋ᠨ ᠤᠯᠠᠷᠢᠯ ᠳ᠋ᠤᠷ ᠲᠡᠮᠦᠷ ᠦ᠋ᠨ ᠣᠷᠣᠨ ᠡᠵᠡᠯᠡᠨ
ᠨᠠᠷᠠ ᠢᠯᠴᠢ ᠲᠡᠭᠦᠰᠦᠭᠡᠳ ᠰᠡᠭᠦᠳᠡᠷᠯᠡᠨ ᠪᠠᠭᠤᠬᠤ
ᠨᠠᠷᠮᠢ ᠶᠡᠬᠡ ᠠᠭᠤᠰᠬᠢᠨ ᠤ᠋ ᠰᠤᠳᠠᠰᠤᠨ ᠢ᠋ᠶ᠋ᠠᠷ ᠳᠡᠯᠭᠡᠷᠡᠨ
ᠨᠠᠪᠴᠢ ᠰᠡᠴᠢᠭ ※ ᠲᠥᠮᠦᠰᠦᠨ ᠢ᠋ᠶ᠋ᠡᠷ ᠪᠣᠯᠪᠠᠰᠤᠷᠠᠨ ᠲᠡᠭᠦᠰᠦᠮᠦᠢ᠃

ᠡᠪᠦᠯ ᠴᠠᠭ ᠤ᠋ᠨ ᠤᠯᠠᠷᠢᠯ ᠳ᠋ᠤᠷ ᠤᠰᠤᠨ ᠣᠷᠣᠨ ᠡᠵᠡᠯᠡᠨ
ᠡᠭᠦᠷᠢᠳᠡ ᠵᠢᠪᠠᠷ ᠬᠦᠢᠲᠡᠨ ᠡᠯᠳᠡᠪᠴᠢᠯᠡᠨ ᠬᠥᠯᠳᠡᠵᠦ
ᠢᠬᠡᠷᠡᠯᠡᠭᠰᠡᠨ ᠬᠣᠶᠠᠷ ᠪᠥᠭᠡᠷᠡᠨ ᠰᠤᠳᠠᠰᠤᠨ ᠢ᠋ᠶ᠋ᠠᠷ ᠳᠡᠯᠭᠡᠷᠡᠨ
ᠡᠪᠡᠰᠦ ᠮᠣᠳᠣ ᠬᠤᠪᠠᠬᠠᠶ᠋ᠢᠷᠠᠨ ᠤᠰᠤ ᠴᠠᠷᠴᠠᠪᠠᠢ᠃

ᠳᠥᠷᠪᠡᠨ ᠴᠠᠭ ᠤ᠋ᠨ ᠳᠥᠷᠪᠡᠨ ᠵᠠᠪᠰᠠᠷ ᠰᠢᠷᠣᠢ ᠶ᠋ᠢᠨ ᠣᠷᠣᠨ ᠡᠵᠡᠯᠡᠨ
ᠳᠦᠷᠰᠦ ᠮᠠᠭᠤ ᠳᠡᠯᠢᠭᠦᠨ ᠦ᠌ ᠰᠤᠳᠠᠰᠤᠨ ᠢ᠋ᠶ᠋ᠠᠷ ᠳᠡᠯᠭᠡᠷᠡᠨ
ᠲᠥᠷᠥᠯᠬᠢᠲᠡᠨ ᠪᠡᠶ᠎ᠡ ᠪᠢᠳᠡᠨ ᠊ᠢ ᠬᠦᠨᠲᠦᠰᠬᠢᠰᠭᠡᠨ ᠶᠠᠪᠤᠵᠤ
ᠲᠦᠭᠡᠭᠡᠵᠦ ᠡᠵᠡᠯᠡᠬᠦ ᠰᠢᠷᠣᠢ ᠶ᠋ᠢᠨ ᠡᠵᠡᠨ ᠰᠠᠭᠤᠪᠠᠢ᠃

ᠠᠯᠢ ᠴᠠᠭ ᠲᠤᠷ ᠠᠯᠢ ᠣᠷᠣᠨ ᠡᠵᠡᠯᠡᠬᠦ ᠶ᠋ᠢ ᠡᠷᠬᠢᠮᠯᠡᠨ
ᠠᠨᠠᠭᠠᠬᠤ ᠡᠮ ᠵᠠᠰᠠᠯ ᠬᠠᠮᠲᠤᠳᠬᠠᠬᠤ ᠬᠡᠷᠡᠭᠲᠡᠢ
ᠠᠩᠬᠠᠷᠪᠠᠰᠤ ᠡᠬᠡ ᠬᠥᠪᠡᠭᠦᠨ ᠳᠠᠶ᠋ᠢᠰᠤᠨ ᠨᠥᠬᠥᠷ ᠦ᠋ᠳ ᠪᠠ
ᠠᠮᠢᠨ ᠨᠠᠰᠤᠨ ᠠᠯᠢ ᠬᠢᠷᠢ ᠶ᠋ᠢᠨ ᠬᠠᠷᠰᠢᠯᠠᠯ ᠊ᠢ ᠮᠡᠳᠡᠯᠲᠡᠢ᠃

ᠤᠰᠤᠨ ᠥᠩᠭᠡ ᠤᠯᠠᠭᠠᠨ ᠪᠥᠭᠡᠳ ᠦᠮᠡᠬᠡᠢ ᠪᠠ ᠪᠤᠷᠲᠠᠭ ᠲᠠᠢ
ᠤᠳᠠᠯ ᠦᠭᠡᠢ ᠵᠠᠰᠠᠷᠠᠭᠠᠳ ᠲᠡᠮᠬᠡᠷᠡᠪᠡᠯ ※ ᠲᠤᠰᠠᠲᠠᠢ
ᠤᠯᠠᠮ ᠢ᠋ᠶ᠋ᠠᠷ ᠳᠣᠷᠣᠶ᠋ᠢᠲᠠᠭᠠᠳ ᠤᠷᠰᠢᠭᠯᠠᠪᠠᠯ ᠲᠦᠪᠡᠭᠲᠡᠢ
ᠤᠯᠠᠭᠠᠨ ᠪᠥᠭᠡᠳ ᠡᠭᠡᠳᠡᠪᠡᠯ ᠤᠰᠠᠳᠬᠠᠬᠤ ᠶ᠋ᠢᠨ ᠢᠷᠸ᠋᠎ᠠ ᠲᠠᠢ᠃

ᠤᠰᠤᠨ ᠥᠩᠭᠡ ᠤᠯᠠᠭᠠᠨ ᠪᠥᠭᠡᠳ ᠬᠠᠯᠠᠭᠤᠨ ᠤ᠋ ᠰᠢᠨᠵᠢ ᠪᠣᠢ
ᠤᠰᠤᠨ ᠮᠡᠲᠦ ᠬᠥᠬᠡ ᠪᠣᠯᠪᠠᠯ ᠬᠦᠢᠲᠡᠨ ᠪᠦᠬᠦᠢ ᠶ᠋ᠢᠨ ᠰᠢᠨᠵᠢ ᠪᠣᠢ
ᠤᠰᠤᠨ ᠠᠨᠤ ᠬᠥᠭᠡᠰᠦᠲᠦᠪᠡᠯ ᠬᠡᠢ ᠪᠠᠶ᠋ᠢᠬᠤ ᠶ᠋ᠢᠨ ᠰᠢᠨᠵᠢ ᠪᠣᠢ
ᠤᠰᠤᠨ ᠡᠰᠡ ᠬᠤᠪᠢᠯᠪᠠᠯ ᠥᠩᠭᠡᠷᠡᠬᠦ ᠶ᠋ᠢᠨ ᠰᠢᠨᠵᠢ ᠪᠣᠢ᠃

ᠨᠠᠷᠢᠨ ᠪᠥᠭᠡᠳ ᠬᠥᠭᠡᠰᠦ ᠨᠢ ᠠᠷᠢᠯᠪᠠᠰᠤ ᠲᠠᠷᠬᠠᠭᠰᠠᠨ
ᠨᠠᠷᠢᠨ ᠪᠥᠭᠡᠳ ᠵᠢᠭᠠᠰᠤᠨ ᠤ᠋ ᠨᠢᠳᠦ ᠮᠡᠲᠦ ᠲᠥᠭᠥᠷᠢᠭ
ᠨᠠᠷᠢᠨ ᠪᠥᠭᠡᠳ ᠲᠤᠶᠠᠭ᠎ᠠ ᠮᠡᠲᠦ ᠠᠷᠢᠯᠤᠭᠰᠠᠨ ᠪᠣᠯᠬᠤᠯ᠎ᠠ
ᠨᠠᠷᠢᠪᠴᠢᠯᠠᠨ ᠬᠢᠨᠠᠪᠠᠰᠤ ᠮᠡᠲᠡᠭᠲᠡᠬᠦ ᠬᠢᠯᠪᠠᠷ ᠪᠣᠢ᠃

ᠵᠢᠭᠤᠷᠠᠭᠰᠠᠨ ᠪᠡᠬᠡ ᠮᠡᠲᠦ ᠬᠣᠣᠷ ᠢ᠋ᠶ᠋ᠠᠷ ᠦᠬᠦᠬᠦ
ᠵᠤᠲᠠᠩ ᠮᠡᠲᠦ ᠡᠭᠡᠳᠡᠪᠡᠯ ᠬᠡᠢ ᠪᠡᠷ ᠦᠬᠦᠬᠦ
ᠵᠦᠮᠽᠠ ᠮᠡᠲᠦ ᠡᠭᠡᠳᠡᠪᠡᠯ ᠰᠢᠷ᠎ᠠ ᠪᠠᠷ ᠦᠬᠦᠬᠦ
ᠵᠢᠰᠦᠨ ᠢᠨᠤ ᠤᠯᠠᠭᠠᠨ ᠨᠢ ᠴᠢᠰᠤᠨ ᠢ᠋ᠶ᠋ᠠᠷ ᠦᠬᠦᠬᠦ᠃

ᠤᠨᠲᠠᠭᠰᠠᠨ ᠤ᠋ ᠳᠠᠷᠠᠭ᠎ᠠ ᠪᠠᠷ ᠡᠷᠲᠡ ᠪᠣᠰᠤᠨ ᠰᠢᠭᠡᠭᠡᠳ
ᠤᠳᠬ᠎ᠠ ᠴᠢᠨᠠᠷ ᠢᠯᠭᠠᠷᠠᠵᠤ ᠰᠢᠨᠵᠢᠯᠡᠬᠦ ᠬᠢᠯᠪᠠᠷ ᠪᠣᠢ
ᠤᠩᠭᠠᠷᠢᠯ ᠨᠢ ᠤᠰᠤᠨ ᠳᠣᠲᠣᠷ᠎ᠠ ᠪᠠᠶ᠋ᠢᠬᠤ ᠮᠡᠲᠦ ᠪᠥᠭᠯᠡᠷᠡᠨ
ᠤᠳᠠᠲᠠᠯ᠎ᠠ ᠭᠠᠷᠤᠨ ᠡᠰᠡ ᠴᠢᠳᠠᠪᠠᠰᠤ ᠬᠠᠪᠤᠩ ᠮᠥᠨ᠃

ᠠᠯᠢ ᠪᠦᠬᠦᠢ ᠶ᠋ᠢ ᠤᠰᠤᠨ ᠢ᠋ᠶ᠋ᠠᠷ ᠰᠢᠨᠵᠢᠯᠡᠬᠦ ᠶ᠋ᠢᠨ ᠳᠡᠭᠡᠳᠦ
ᠠᠷᠢᠭᠤᠳᠬᠠᠭᠰᠠᠨ ᠴᠠᠭᠠᠨ ᠥᠩᠭᠡ ᠶ᠋ᠢᠨ ᠰᠠᠪᠠᠨ ᠳ᠋ᠤ᠌ ᠰᠢᠭᠡᠭᠡᠵᠦ
ᠠᠷᠪᠠᠨ ᠬᠣᠶᠠᠷ ᠣᠷᠣᠨ ᠪᠣᠯᠭᠠᠨ ᠳᠠᠷᠤᠰᠣᠨ ᠊ᠢ ᠲᠠᠯᠪᠢᠭᠠᠳ
ᠠᠳᠠ ᠴᠢᠳᠬᠥᠷ ᠠᠯᠢ ᠵᠦᠭ ᠡᠴᠡ ᠬᠣᠣᠷᠯᠠᠭᠰᠠᠨ ᠊ᠢ ᠮᠡᠳᠡᠬᠦ᠃

ᠰᠢᠩᠭᠡᠭᠡᠬᠦ ᠬᠣᠭᠣᠯᠠ ᠶ᠋ᠢ ᠬᠡᠮᠵᠢᠶᠡᠯᠡᠨ ᠢᠳᠡᠭᠡᠳ
ᠰᠢᠮ᠎ᠡ ᠲᠡᠭᠦᠰ ᠬᠦᠴᠦᠲᠡᠨ ᠊ᠢ ᠬᠢᠴᠢᠶᠡᠵᠦ ᠴᠡᠭᠡᠷᠯᠡ
ᠰᠢᠭᠡᠰᠦᠨ ᠦ᠌ ᠥᠩᠭᠡ ᠪᠡᠷ ᠲᠣᠲᠣᠷᠬᠠᠶ᠋ᠢᠯᠠᠨ ᠮᠡᠲᠡᠪᠡᠯ᠎ᠡ
ᠰᠢᠩᠭᠡᠭᠡᠬᠦ ᠵᠠᠰᠠᠯ ᠡᠮ ᠊ᠢ ᠲᠡᠵᠢᠭᠡᠬᠦ ᠬᠡᠷᠡᠭᠲᠡᠢ᠃

ᠬᠡᠢ ᠶ᠋ᠢᠨ ᠵᠣᠪᠠᠯ ᠪᠦᠬᠦᠨ ᠳ᠋ᠦ᠍ᠷ ᠬᠡᠯᠡᠯᠴᠡᠬᠦ ᠶ᠋ᠢ ᠬᠢᠴᠢᠶᠡ
ᠬᠢᠯᠢᠩᠨᠡᠬᠦ ᠠᠭᠤᠷᠯᠠᠬᠤ ᠶ᠋ᠢ ᠲᠣᠭᠲᠠᠭᠠᠬᠤ ᠬᠡᠷᠡᠭᠲᠡᠢ
ᠬᠡᠷᠡᠭ ᠦᠭᠡᠢ ᠮᠠᠭᠤ ᠨᠥᠬᠥᠷ ᠦᠵᠡᠭᠲᠡᠬᠦ ᠶ᠋ᠢ ᠬᠢᠴᠢᠶᠡ
ᠬᠡᠵᠢᠶ᠎ᠡ ᠴᠦ᠍ ᠰᠡᠳᠬᠢᠯ ᠠᠮᠤᠷ ᠪᠠᠶᠠᠰᠬᠤᠯᠠᠩ ᠬᠡᠷᠡᠭᠲᠡᠢ᠃

ᠰᠢᠷ᠎ᠠ ᠶ᠋ᠢᠨ ᠵᠣᠪᠠᠯ ᠪᠦᠬᠦᠨ ᠳ᠋ᠦ᠍ᠷ ᠰᠡᠷᠢᠭᠦᠨ ᠭᠠᠵᠠᠷ ᠰᠠᠭᠤᠵᠤ
ᠰᠢᠮ᠎ᠡ ᠲᠡᠭᠦᠰ ᠬᠣᠭᠣᠯᠠ ᠶ᠋ᠢ ᠬᠢᠴᠢᠶᠡᠬᠦ ᠬᠡᠷᠡᠭᠲᠡᠢ
ᠰᠢᠷᠭᠢᠭᠰᠡᠨ ᠤᠰᠤᠨ ᠢ᠋ᠶ᠋ᠠᠷ ᠤᠬᠢᠶᠠᠬᠤ ᠪᠠ ᠳᠣᠭᠣᠯᠭᠠᠬᠤ
ᠰᠢᠬᠢᠷ ᠪᠠᠯ ᠤ᠋ᠨ ᠠᠮᠲᠠ ᠰᠠᠶ᠋ᠢᠲᠤ ᠶ᠋ᠢ ᠰᠢᠲᠦᠪᠡᠰᠦ ᠲᠤᠰᠠᠲᠠᠢ᠃

ᠪᠠᠳᠬᠠᠨ ᠬᠣᠣᠷ ᠤ᠋ᠨ ᠡᠪᠡᠳᠴᠢᠨ ᠊ᠢ ᠪᠠᠶ᠋ᠢᠲᠠᠯ ᠢ᠋ᠶ᠋ᠠᠷ ᠰᠢᠨᠵᠢᠬᠦ
ᠪᠠᠭ᠎ᠠ ᠴᠠᠭ ᠲᠤᠷ ᠡᠷᠭᠦᠯ ᠮᠥᠷᠭᠥᠯ ᠦᠯᠡᠤᠠᠪᠡᠰᠦ ᠤᠰᠠᠳᠬᠤ
ᠪᠠᠯᠠᠷ ᠪᠤᠵᠠᠷ ᠬᠣᠭᠣᠯᠠ ᠪᠦᠬᠦᠨ ᠦ᠌ ᠬᠠᠷᠰᠢᠯᠠᠬᠤ ᠶ᠋ᠢ ᠬᠢᠨᠠᠵᠤ
ᠪᠠᠬᠠᠨ ᠰᠡᠷᠢᠭᠦᠨ ᠢᠳᠡᠭᠡᠨ ᠪᠠ ᠲᠠᠭᠠᠷᠠᠬᠤ ᠶ᠋ᠢ ᠲᠡᠪᠴᠢᠯᠲᠡᠢ᠃

ᠲᠠᠪᠤᠨ ᠴᠤᠯᠤ ᠶ᠋ᠢᠨ ᠬᠠᠯᠠᠭᠤᠨ ᠰᠤᠳᠠᠯ ᠳᠣᠲᠣᠭᠰᠢᠳᠠ ᠭᠦᠶᠦᠬᠦ
ᠲᠠᠪᠤᠨ ᠵᠦᠢᠯ ᠦ᠋ᠨ ᠮᠠᠬᠠᠪᠣᠳ ᠢ᠋ᠶ᠋ᠠᠷ ᠡᠵᠡᠯᠡᠵᠦ ᠢᠷᠡᠬᠦ
ᠲᠠᠪᠤ ᠪᠦᠷᠢ ᠶ᠋ᠢᠨ ᠬᠠᠷᠰᠢᠯᠠᠬᠤ ᠲᠤᠰ ᠲᠤᠰ ᠡᠵᠡᠨ ᠲᠡᠢ
ᠲᠠᠪᠤᠨ ᠵᠦᠢᠯ ᠦ᠋ᠨ ᠰᠢᠯᠲᠠᠭᠠᠨ ᠊ᠢ ᠬᠢᠨᠠᠮᠵᠢᠯᠠᠨ ᠵᠠᠰᠠᠯᠲᠠᠢ᠃

ᠵᠢᠷᠭᠤᠭᠠᠨ ᠰᠠᠪᠠ ᠶ᠋ᠢᠨ ᠬᠦᠢᠲᠡᠨ ᠰᠤᠳᠠᠯ ᠭᠠᠳᠠᠭᠰᠢᠳᠠ ᠳᠡᠯᠭᠡᠬᠦ
ᠵᠢᠷᠤᠭ ᠮᠡᠲᠦ ᠳᠡᠯᠭᠡᠷᠡᠭᠡᠳ ᠳᠣᠲᠣᠭᠰᠢᠳᠠ ᠨᠡᠶ᠋ᠢᠯᠡᠬᠦ
ᠵᠡᠷᠭᠡᠵᠢᠯᠡᠨ ᠴᠤᠭᠯᠠᠷᠠᠭᠠᠳ ᠳᠠᠪᠤᠰᠠᠩ ᠳ᠋ᠤᠷ ᠬᠤᠷᠢᠶᠠᠭᠠᠳ
ᠵᠢᠬᠡᠭᠦᠨ ᠦᠮᠡᠬᠡᠢ ᠥᠩᠭᠡ ᠦᠨᠦᠷ ᠤᠰᠤᠨ ᠢ᠋ᠶ᠋ᠠᠷ ᠭᠠᠷᠬᠤ᠃

ᠡᠭᠦᠷᠢᠳᠡ ᠶ᠋ᠢᠨ ᠡᠪᠡᠳᠴᠢᠨ ᠢ᠋ᠶ᠋ᠡᠷ ᠡᠮᠭᠡᠨᠢᠭᠴᠢᠳ
ᠡᠷᠲᠡ ᠶ᠋ᠢᠨ ᠦᠢᠯᠡ ᠶ᠋ᠢᠨ ᠪᠣᠯᠪᠠᠰᠤᠷᠠᠯ ᠊ᠢ ᠡᠷᠬᠡᠪᠰᠢ ᠠᠮᠰᠠᠮᠤᠢ
ᠡᠮ ᠵᠠᠰᠠᠯ ᠮᠤᠬᠤᠷᠳᠠᠭᠠᠳ ᠡᠯᠳᠡᠪᠴᠢᠯᠡᠨ ᠦᠵᠡᠬᠦ
ᠡᠷᠬᠢᠮ ᠪᠤᠶᠠᠨ ᠴᠢᠭᠤᠯᠭᠠᠨ ᠊ᠢ ᠬᠤᠷᠢᠶᠠᠪᠠᠯ ᠤᠰᠠᠳᠬᠤ᠃

ᠬᠡᠢ ᠶ᠋ᠢᠨ ᠵᠣᠪᠠᠯ ᠪᠦᠬᠦᠨ ᠳ᠋ᠦ᠍ᠷ ᠬᠠᠨᠠᠬᠤ ᠪᠠᠷ ᠳᠠᠶ᠋ᠢᠰᠤᠨ ᠪᠣᠢ
ᠭᠡᠲᠦᠷᠬᠡᠶ᠋ᠢᠶ᠎ᠡ ᠲᠤᠭᠤᠯᠭᠠᠪᠠᠯ᠎ᠠ ᠬᠥᠳᠡᠯᠭᠡᠬᠦ ᠳᠠᠶ᠋ᠢᠰᠤᠨ ᠪᠣᠢ
ᠬᠢᠯᠢᠩᠨᠡᠬᠦ ᠠᠭᠤᠷᠯᠠᠬᠤ ᠨᠥᠭᠴᠢᠭᠡᠬᠦ ᠳᠠᠶ᠋ᠢᠰᠤᠨ ᠪᠣᠢ
ᠬᠡᠯᠡᠯᠴᠡᠬᠦ ᠥᠭᠦᠯᠡᠬᠦ ᠶᠡᠬᠡᠳᠬᠡᠬᠦ ᠳᠠᠶ᠋ᠢᠰᠤᠨ ᠪᠣᠢ᠃

ᠰᠢᠷ᠎ᠠ ᠶ᠋ᠢᠨ ᠵᠣᠪᠠᠯ ᠪᠦᠬᠦᠨ ᠳ᠋ᠦ᠍ᠷ ᠰᠢᠨ᠎ᠡ ᠲᠡᠭᠦᠰ ᠳᠠᠶ᠋ᠢᠰᠤᠨ ᠪᠣᠢ
ᠰᠢᠷᠬᠠᠳᠤᠭᠰᠠᠨ ᠲᠦᠯᠡᠭᠲᠡᠭᠰᠡᠨ ᠬᠠᠷᠰᠢᠯᠠᠬᠤ ᠳᠠᠶ᠋ᠢᠰᠤᠨ ᠪᠣᠢ
ᠰᠢᠯᠲᠠᠭᠠᠨ ᠢ᠋ᠶ᠋ᠠᠷ ᠨᠥᠬᠥᠴᠡᠪᠡᠯ ᠬᠣᠣᠷᠯᠠᠭᠳᠠᠬᠤ ᠳᠠᠶ᠋ᠢᠰᠤᠨ ᠪᠣᠢ
ᠰᠢᠨᠵᠢᠯᠡᠬᠦ ᠶ᠋ᠢ ᠠᠯᠳᠠᠪᠠᠰᠤ ᠬᠣᠬᠢᠷᠠᠬᠤ ᠳᠠᠶ᠋ᠢᠰᠤᠨ ᠪᠣᠢ᠃

ᠪᠠᠳᠬᠠᠨ ᠵᠣᠪᠠᠯ ᠪᠦᠬᠦᠨ ᠳ᠋ᠦ᠍ᠷ ᠪᠠᠷᠢᠯᠳᠤᠬᠤ ᠳᠠᠶ᠋ᠢᠰᠤᠨ ᠪᠣᠢ
ᠪᠠᠷᠠ ᠶᠡᠬᠡ ᠦᠢᠯᠡᠳᠦᠭᠴᠢ ᠭᠡᠮᠡᠭᠲᠡᠬᠦ ᠳᠠᠶ᠋ᠢᠰᠤᠨ ᠪᠣᠢ
ᠪᠠᠭᠤᠷᠠᠬᠤ ᠳᠡᠯᠭᠡᠷᠡᠬᠦ ᠣᠯᠠᠨ ᠵᠦᠢᠯ ᠦ᠋ᠨ ᠨᠣᠮᠯᠠᠯ ᠪᠣᠢ
ᠪᠠᠷᠴᠢᠳ ᠢ᠋ᠶ᠋ᠠᠷ ᠪᠠᠷᠢᠭᠳᠠᠬᠤ ᠪᠠᠰᠠ ᠲᠠᠶ᠋ᠢᠮᠦ ᠢᠯᠭᠠᠯ ᠪᠣᠢ᠃

ᠬᠠᠭᠠᠨ ᠮᠡᠲᠦ ᠵᠢᠷᠦᠬᠡᠨ ᠦ᠌ ᠡᠪᠡᠳᠴᠢᠨ ᠦ᠌ ᠳᠣᠲᠣᠷ᠎ᠠ
ᠬᠠᠯᠠᠬᠤ ᠪᠠ ᠪᠤᠯᠭᠢᠯᠠᠬᠤ ᠮᠠᠨᠠᠷᠠᠬᠤ ᠲᠦᠭᠰᠢᠬᠦ
ᠬᠠᠨ ᠠᠳᠠ ᠬᠣᠣᠷᠯᠠᠬᠤ ᠪᠠ ᠬᠠᠷᠰᠢᠯᠠᠬᠤᠢ ᠳ᠋ᠤᠷ
ᠬᠠᠶᠠᠩᠬᠢᠷᠸ᠋᠎ᠠ ※ ᠶ᠋ᠢᠨ ᠡᠭᠦᠲᠡᠨᠡᠰ ᠬᠠᠷᠢᠭᠤᠯᠤᠨ ᠳᠠᠷᠤᠬᠤ᠃

ᠨᠢᠩ ᠯᠦᠩ ※ ᠦ᠋ᠨ ᠡᠪᠡᠳᠴᠢᠨ ᠊ᠢ ᠠᠨᠠᠭᠠᠬᠤ ᠶᠡᠷᠦᠨᠳᠡᠭ
ᠨᠢᠩᠱᠤᠱᠠ ᠽᠠᠳᠢ ᠽᠠᠨᠳᠠᠨ ᠡᠷᠬᠢᠯᠡᠭᠰᠡᠨ ᠨᠠᠶ᠋ᠢᠷᠠᠯᠭ᠎ᠠ
ᠨᠡᠶ᠋ᠢᠯᠡᠭᠦᠯᠦᠨ ᠲᠣᠪᠴᠢᠯᠠᠭᠰᠠᠨ ᠠᠭᠠᠷᠤ ᠠᠷᠪᠠᠨ ᠳᠥᠷᠪᠡ ᠪᠡᠷ
ᠨᠢᠭᠡᠮᠦᠰᠦᠨ ᠠᠷᠢᠯᠭᠠᠬᠤ ᠶ᠋ᠢᠨ ᠣᠨᠢᠰᠣ ᠨᠢ ᠲᠡᠷᠡ ᠮᠥᠨ᠃

ᠠᠭᠤᠰᠬᠢᠨ ᠤ᠋ ᠡᠪᠡᠳᠴᠢᠨ ᠢ᠋ᠶ᠋ᠡᠷ ᠠᠮᠢᠰᠬᠤᠯᠯᠠᠨ ᠶᠠᠳᠠᠵᠤ
ᠠᠯᠪᠢᠨ ᠠᠳᠠ ᠬᠣᠣᠷᠯᠠᠬᠤ ᠪᠠ ᠬᠠᠷᠰᠢᠯᠠᠵᠤ ᠬᠠᠳᠬᠤᠬᠤ
ᠠᠶᠤᠮᠰᠢᠭ ᠤ᠋ᠨ ᠰᠠᠬᠢᠭᠤᠯᠰᠤᠨ ᠪᠠᠩᠽᠢ ᠨᠥᠬᠥᠳ ᠰᠡᠯᠲᠡ ᠪᠡᠷ
ᠠᠶᠤᠯᠭᠠᠵᠤ ᠠᠷᠢᠯᠭᠠᠭᠠᠳ ᠠᠨᠠᠭᠠᠪᠠᠯ ᠤᠰᠠᠳᠬᠤ᠃

ᠬᠠᠨᠢᠶᠠᠵᠤ ᠬᠠᠳᠬᠤᠬᠤ ᠪᠠ ᠴᠢᠰᠤ ᠭᠠᠷᠤᠨ ᠠᠪᠠᠰᠤ
ᠬᠠᠳᠬᠤᠯᠭᠠᠨ ᠤ᠋ ᠭᠤᠷᠪᠠᠨ ᠡᠮ ᠳ᠋ᠦ᠍ᠷ ᠬᠠᠷ᠎ᠠ ᠬᠥᠬᠥᠯ ᠨᠡᠮᠡᠵᠦ
ᠬᠠᠯᠠᠭᠤᠨ ᠤ᠋ ᠰᠢᠨᠵᠢ ᠲᠤᠯᠠ ᠪᠠᠩᠽᠢ ᠠᠷᠪᠠᠨ ᠬᠣᠶᠠᠷ ᠲᠤᠷ
ᠬᠠᠮᠲᠤᠳᠬᠠᠵᠤ ᠨᠠᠶ᠋ᠢᠯᠡᠭᠦᠯᠦᠨ ᠵᠠᠰᠠᠪᠠᠰᠤ ᠲᠤᠰᠠᠲᠠᠢ᠃

ᠡᠯᠢᠭᠡᠨ ᠦ᠌ ᠡᠪᠡᠳᠴᠢᠨ ᠳ᠋ᠦ᠍ᠷ ᠰᠢᠷᠠᠯᠠᠬᠤ ᠬᠠᠲᠠᠬᠤ
ᠡᠮ᠎ᠡ ᠠᠳᠠ ᠬᠠᠷᠰᠢᠯᠠᠭᠠᠳ ᠡᠯᠳᠡᠪ ᠢ᠋ᠶ᠋ᠡᠷ ᠬᠤᠪᠢᠯᠠᠬᠤ
ᠡᠷᠬᠢᠮ ᠨᠣᠮ ᠤ᠋ᠨ ᠵᠠᠷᠯᠢᠭᠴᠢᠯᠠᠨ ᠡᠴᠦᠯᠭᠢᠵᠦ ᠳᠠᠷᠤᠬᠤ
ᠡᠯᠰᠡᠭ ᠢ᠋ᠶ᠋ᠡᠷ ᠨᠣᠮᠣᠬᠠᠳᠬᠠᠨ ᠵᠠᠰᠠᠪᠠᠰᠤ ᠠᠨᠠᠬᠤ᠃

ᠬᠠᠲᠤᠨ ᠮᠡᠲᠦ ᠵᠥᠭᠡᠯᠡᠬᠡᠨ ᠡᠯᠢᠭᠡᠨ ᠦ᠌ ᠡᠪᠡᠳᠴᠢᠨ 
ᠬᠠᠷᠠᠭᠰᠠᠭᠠᠷ ᠬᠤᠪᠢᠰᠬᠤ ᠨᠢ ᠡᠮᠡᠰ ᠥᠬᠢᠳ ᠠᠳᠠᠯᠢ
ᠬᠠᠯᠠᠭᠤᠷᠠᠨ ᠣᠷᠣᠰᠢᠬᠤ ᠪᠠ ᠬᠠᠷᠠᠯᠠᠵᠤ ᠠᠬᠤᠢ ᠳ᠋ᠤᠷ
ᠬᠠᠴᠸ ᠭᠦᠷᠭᠦᠮ ᠨᠠᠶ᠋ᠢᠷᠠᠯᠭ᠎ᠠ ᠳ᠋ᠤ᠌ ᠡᠷᠬᠢᠯᠡᠬᠦ ᠬᠡᠷᠡᠭᠲᠡᠢ᠃

ᠳᠡᠯᠢᠭᠦᠨ ᠡᠪᠡᠳᠴᠢᠨ ᠳ᠋ᠦ᠍ᠷ ᠬᠥᠭᠡᠭᠡᠬᠦ ᠪᠠ ᠲᠡᠯᠡᠬᠦ
ᠳᠡᠯᠡᠳᠬᠦ ᠪᠠ ᠳᠠᠷᠪᠠᠭᠠᠨᠠᠨ ᠳᠡᠭᠡᠭᠰᠢᠳᠡ ᠮᠠᠨᠠᠷᠠᠬᠤ
ᠳᠡᠯᠡᠬᠡᠢ ᠶ᠋ᠢᠨ ᠰᠢᠷᠣᠢ ᠶ᠋ᠢᠨ ᠡᠵᠡᠨ ᠬᠠᠷᠰᠢᠯᠠᠵᠤ ᠬᠣᠣᠷᠯᠠᠬᠤ
ᠳᠡᠮᠡᠢ ᠬᠣᠣᠷᠯᠠᠯ ᠬᠥᠨᠥᠭᠡᠭᠴᠢ ᠶ᠋ᠢ ᠠᠷᠭᠠᠲᠠᠪᠠᠯ᠎ᠠ ᠤᠰᠠᠳᠬᠤ ᠃

ᠬᠠᠷᠪᠠᠭᠠᠨᠠᠨ ᠬᠥᠳᠡᠯᠬᠦ ᠪᠠ ᠬᠠᠮᠠᠷ ᠱ‍ᠢᠷᠲᠡᠨ ᠨᠠᠶ᠋ᠢᠲᠠᠭᠠᠬᠤ
ᠬᠠᠯᠠᠭᠤᠨ ᠬᠦᠢᠲᠡᠨ ᠬᠠᠷᠰᠢᠯᠠᠵᠤ ᠪᠥᠷᠬᠦᠭᠲᠡᠭᠡᠳ ᠪᠡᠷᠲᠡᠬᠦ
ᠭᠠᠭᠤᠯᠠ ᠪᠠᠷ ᠡᠷᠬᠢᠯᠡᠭᠰᠡᠨ ᠳᠣᠯᠣᠭ᠎ᠠ ᠶ᠋ᠢ ᠰᠢᠲᠦᠵᠦ
ᠬᠠᠷᠰᠢᠯᠠᠬᠤ ᠪᠠ ᠡᠮᠭᠡᠨᠢᠬᠦ ᠶ᠋ᠢ ᠵᠣᠭᠰᠣᠭᠠᠪᠠᠯ ᠤᠰᠠᠳᠬᠤ᠃

ᠪᠥᠭᠡᠷᠡᠨ ᠦ᠌ ᠡᠪᠡᠳᠴᠢᠨ ᠳ᠋ᠦ᠍ᠷ ᠬᠠᠯᠠᠭᠤᠨ ᠬᠦᠢᠲᠡᠨ ᠬᠡᠮᠡᠬᠦ
ᠪᠦᠬᠦᠶ᠋ᠢᠬᠦ ᠪᠠ ᠭᠡᠲᠡᠶ᠋ᠢᠬᠦ ᠳ᠋ᠦ᠍ᠷ ᠲᠠᠰᠤ ᠶᠠᠳᠠᠨ ᠡᠪᠡᠳᠬᠦ
ᠪᠦᠬᠦᠨ ᠢ᠋ᠶ᠋ᠡᠷ ᠭᠠᠵᠠᠷ ᠤᠰᠤᠨ ᠬᠣᠣᠷᠯᠠᠯ ᠠ᠋ᠴᠠ ᠢᠷᠡᠬᠦ
ᠪᠦᠷᠢᠨ ᠢ᠋ᠶ᠋ᠡᠷ ᠯᠤᠤᠰ ᠊ᠢ ᠳᠠᠬᠢᠨ ᠵᠠᠯᠪᠠᠷᠢᠪᠠᠯ ᠤᠰᠠᠳᠬᠤ᠃

ᠬᠣᠶᠠᠷ ᠪᠥᠭᠡᠷᠡᠨ ᠡᠪᠡᠳᠴᠢᠨ ᠳ᠋ᠦ᠍ᠷ ᠭᠠᠵᠠᠷ ᠤ᠋ᠨ ᠡᠵᠡᠨ ᠬᠣᠣᠷᠯᠠᠬᠤ
ᠬᠣᠣᠷᠲᠤ ᠯᠤᠤᠰ ᠤ᠋ᠨ ᠠᠳᠠ ᠪᠦᠬᠦᠨ ᠬᠤᠷᠳᠤᠨ ᠰᠠᠯᠬᠤ ᠪᠡᠷᠬᠡᠲᠡᠢ
ᠬᠣᠶᠠᠷ ᠭᠠᠷᠤᠳᠢ ᠶ᠋ᠢᠨ ᠠᠪᠢᠰᠢᠭ᠌ ※ ᠪᠠ ᠤᠬᠢᠶᠠᠯ ᠊ᠢ ᠦᠯᠡᠤᠠᠴᠦ
ᠬᠣᠣᠷ ᠊ᠢ ᠢᠨᠤ ᠳᠠᠬᠢᠨ ᠳᠠᠬᠢᠨ ᠠᠷᠴᠢᠪᠠᠰᠤ ᠤᠰᠠᠳᠬᠤ᠃

ᠰᠦᠯᠰᠦᠨ ※ ᠠᠮᠠ ᠨᠡᠭᠡᠭᠡᠭᠳᠡᠬᠦ ᠰᠢᠷᠠᠯᠠᠬᠤ ᠶ᠋ᠢᠨ ᠡᠪᠡᠳᠴᠢᠨ
ᠰᠦᠯᠰᠦᠨ ᠡᠴᠡ ᠳᠡᠯᠭᠡᠷᠡᠭᠡᠳ ᠪᠦᠬᠦ ᠪᠡᠶ᠎ᠡ ᠲᠦᠭᠡᠬᠦ
ᠰᠦᠯᠰᠦᠨ ᠢ᠋ᠶ᠋ᠡᠷ ᠨᠠᠶ᠋ᠢᠷᠠᠭᠤᠯᠬᠤ ᠳᠣᠯᠣᠭ᠎ᠠ ᠳ᠋ᠤ᠌
ᠰᠦᠯᠰᠦᠨ ᠳᠠᠩ ᠢ᠋ᠶ᠋ᠠᠷ ᠬᠤᠷᠢᠶᠠᠵᠤ ᠳᠣᠭᠣᠯᠭᠠᠪᠠᠯ ᠲᠤᠰᠠᠲᠠᠢ᠃

ᠬᠠᠷ᠎ᠠ ᠴᠢᠶᠠᠨ ᠭᠡᠮᠡᠭᠲᠡᠬᠦ ᠡᠪᠡᠳᠴᠢᠨ ᠦ᠌ ᠰᠢᠨᠵᠢᠯᠡᠯ
ᠬᠠᠷ᠎ᠠ ᠲᠣᠰᠣᠨ ᠥᠩᠭᠡ ᠮᠡᠲᠦ ᠤᠰᠤᠨ ᠢ᠋ᠶ᠋ᠠᠷ ᠰᠢᠭᠡᠬᠦ
ᠬᠠᠷ᠎ᠠ ᠲᠣᠯᠪᠣ ᠳᠡᠯᠭᠡᠷᠡᠪᠡᠯ ᠵᠠᠰᠠᠬᠤᠢ ᠳ᠋ᠤᠷ ᠪᠡᠷᠬᠡᠲᠡᠢ
ᠬᠠᠷ᠎ᠠ ᠭᠠᠪᠤᠷ ᠨᠠᠶ᠋ᠢᠷᠠᠯᠭ᠎ᠠ ᠳ᠋ᠤ᠌ ᠰᠢᠲᠦᠪᠡᠰᠦ ᠲᠤᠰᠠᠲᠠᠢ᠃

ᠬᠤᠷᠠᠨ ᠶᠡᠬᠡ ᠴᠤᠭᠯᠠᠷᠠᠭᠰᠠᠨ ᠬᠣᠳᠣᠭᠣᠳᠣᠨ ᠤ᠋ ᠡᠪᠡᠳᠴᠢᠨ
ᠬᠣᠣᠷ ᠮᠡᠲᠦ ᠳᠡᠯᠭᠡᠷᠡᠭᠰᠡᠨ ᠪᠣᠷᠣ ᠪᠠᠳᠬᠠᠨ ᠨᠤᠭᠤᠳ ᠲᠤᠷ
ᠬᠤᠷᠳᠤᠨ ᠢ᠋ᠶ᠋ᠠᠷ ᠡᠪᠳᠡᠯᠡᠭᠡᠳ ᠲᠤᠰᠠᠲᠠᠢ ᠶ᠋ᠢ ᠡᠷᠢᠵᠦ
ᠬᠤᠪᠢ ᠴᠠᠭ ᠤ᠋ᠨ ᠲᠣᠬᠢᠶᠠᠯ ᠊ᠢ ᠲᠡᠩᠴᠡᠭᠦᠯᠬᠦ ᠬᠡᠷᠡᠭᠲᠡᠢ᠃

ᠬᠣᠳᠣᠭᠣᠳᠣᠨ ᠤ᠋ ᠡᠪᠡᠳᠴᠢᠨ ᠊ᠢ ᠠᠷᠢᠯᠭᠠᠬᠤ ᠤᠪᠠᠳᠢᠰ
ᠬᠤᠪᠢᠯᠭᠠᠭᠰᠠᠨ ᠦᠨᠡᠰᠦ ᠪᠠ ᠵᠣᠩᠰᠢ ᠬᠢᠭᠡᠳ ᠰᠸᠪᠦᠢ᠍ᠷᠦ
ᠬᠣᠣᠷᠠᠲᠤ ᠰᠢᠨ᠎ᠡ ᠠᠷᠢᠬᠢ ᠪᠠ ᠬᠣᠭᠣᠯᠠ ᠪᠠᠨ ᠬᠢᠴᠢᠶᠡ
ᠬᠣᠬᠢᠷᠠᠭᠤᠯᠬᠤ ᠰᠥᠨᠥᠭᠡᠬᠦ ᠶ᠋ᠢᠨ ᠬᠠᠷᠰᠢᠯᠠᠯ ᠊ᠢ ᠬᠢᠨᠠᠯᠲᠠᠢ᠃

ᠭᠡᠳᠡᠰᠦᠨ ᠦ᠌ ᠰᠠᠭᠤᠯᠭᠠᠬᠤ ᠡᠪᠡᠳᠴᠢᠨ ᠦ᠌ ᠳᠣᠲᠣᠷ᠎ᠠ
ᠭᠡᠳᠡᠰᠦᠨ ᠦ᠌ ᠬᠠᠳᠬᠤᠯᠠᠭ᠎ᠠ ᠪᠠ ᠢᠷᠡᠮ ※ ᠭᠡᠮᠡᠨ ᠨᠡᠷᠡᠶ᠋ᠢᠤᠠᠬᠦ
ᠬᠢᠲᠠᠳ ᠬᠢᠵᠢᠭ ᠭᠡᠮᠡᠭᠲᠡᠬᠦ ᠲᠡᠷᠡ ᠮᠡᠲᠦ ᠨᠤᠭᠦᠳ ᠲᠣᠷ
ᠬᠢᠨᠠᠮᠵᠢᠯᠠᠨ ᠬᠢᠴᠢᠶᠡᠵᠦ ᠵᠠᠰᠠᠯ ᠠᠪᠬᠤ ᠬᠡᠷᠡᠭᠲᠡᠢ᠃

ᠵᠠᠰᠠᠪᠤᠷᠢ ᠶ᠋ᠢᠨ ᠳᠠᠩ ᠲᠠᠯᠬ᠎ᠠ ᠮᠠᠰᠢ ᠠᠷᠪᠢᠨ ᠪᠣᠢ ᠊ᠢ᠎ᠠ
ᠵᠠᠷᠭᠠᠩ ᠭᠡᠮᠡᠨ ᠨᠡᠷᠡᠶ᠋ᠢᠤᠠᠬᠦ ᠲᠡᠷᠡ ᠡᠷᠬᠢᠮ ᠳᠡᠭᠡᠳᠦ
ᠵᠠᠪᠰᠠᠷ ᠲᠠᠬᠢ ᠳᠥᠷᠪᠡᠨ ᠳᠠᠩ ᠪᠠ ᠢᠨᠳᠠᠷ᠎ᠠ ᠠᠷᠪᠠᠨ ᠲᠠᠪᠤᠲᠤ
ᠵᠠᠯᠭᠠᠮᠵᠢᠯᠠᠨ ᠵᠠᠰᠠᠬᠤᠢ ᠳ᠋ᠤᠷ ᠪᠢᠯᠸ᠋᠎ᠠ ᠨᠤᠭᠤᠳ ᠬᠡᠷᠡᠭᠲᠡᠢ᠃

ᠬᠡᠲᠦᠷᠡᠭᠡᠳ ᠦᠬᠦᠳᠬᠢᠵᠦ ᠨᠥᠭᠴᠢᠬᠦᠢ ᠳ᠋ᠦ᠍ᠷ ᠬᠦᠷᠬᠦᠯ᠎ᠡ
ᠭᠡᠳᠡᠰᠦᠨ ᠢ᠋ᠶ᠋ᠡᠷ ᠢᠯᠵᠢᠷᠡᠵᠦ ᠡᠪᠳᠡᠷᠡᠬᠦᠢ ᠶ᠋ᠢᠨ ᠲᠤᠯᠠᠳᠠ
ᠬᠢᠨᠠᠮᠵᠢᠯᠠᠨ ᠬᠠᠳᠬᠤᠬᠤ ᠪᠠ ᠲᠥᠭᠡᠨᠡᠬᠦ ᠲᠤᠰᠠᠲᠠᠢ
ᠬᠢᠴᠢᠶᠡᠵᠦ ᠬᠢᠨᠠᠮᠵᠢᠯᠠᠨ ᠲᠣᠭᠠᠴᠢᠬᠤ ᠬᠡᠷᠡᠭᠲᠡᠢ᠃

ᠣᠯᠣᠭᠠᠢ ᠶ᠋ᠢᠨ ᠡᠪᠡᠳᠴᠢᠨ ᠢ᠋ᠶ᠋ᠡᠷ ᠬᠣᠷᠴᠢᠭᠢᠨᠠᠵᠤ ᠮᠣᠰᠬᠢᠬᠤ
ᠣᠯᠣᠭᠠᠢ ᠶ᠋ᠢᠨ ᠬᠠᠯᠠᠭᠤᠨ ᠢ᠋ᠶ᠋ᠠᠷ ᠥᠳᠬᠡᠨ ᠢᠨᠤ ᠬᠠᠲᠠᠬᠤ
ᠣᠯᠣᠭᠠᠢ ᠶ᠋ᠢᠨ ᠡᠮᠭᠡᠭ ᠢ᠋ᠶ᠋ᠡᠷ ᠰᠠᠯᠠᠢ ᠮᠡᠲᠦ ᠰᠠᠭᠤᠯᠭᠠᠨ
ᠣᠯᠣᠭᠠᠢ ᠶ᠋ᠢᠨ ᠣᠯᠠᠨ ᠬᠡᠢ ᠪᠡᠷ ᠭᠡᠳᠡᠰᠦᠨ ᠳ᠋ᠦ᠍ᠷ ᠠᠳᠠᠯᠢ᠃

ᠬᠣᠰᠬᠢᠨᠠᠭ ᠤ᠋ᠨ ᠭᠦᠪᠳᠦᠷᠦᠦ ᠭᠡᠮᠡᠭᠲᠡᠬᠦ ᠡᠪᠡᠳᠴᠢᠨ
ᠬᠣᠷᠣᠬᠠᠢ ᠪᠠ ᠴᠢᠰᠤᠨ ᠢ᠋ᠶ᠋ᠠᠷ ᠪᠦᠷᠢᠯᠳᠦᠬᠦ ᠤᠴᠢᠷ ᠲᠠᠢ
ᠬᠣᠰᠬᠢᠨᠠᠭ ᠤ᠋ᠨ ᠡᠪᠡᠳᠴᠢᠨ ᠊ᠢ ᠡᠷᠬᠢᠯᠡᠭᠰᠡᠨ ᠳᠣᠯᠣᠭ᠎ᠠ
ᠬᠣᠶ᠋ᠢᠲᠤ ᠮᠥᠷ ᠊ᠢ ᠠᠷᠢᠯᠭᠠᠭᠴᠢ ᠵᠠᠰᠠᠯ ᠠᠨᠤ ᠲᠤᠰᠠᠲᠠᠢ᠃

ᠤᠰᠤᠨ ᠠᠶᠠᠨ ᠬᠠᠭᠠᠭᠳᠠᠬᠤ ᠳᠠᠪᠤᠰᠠᠩ ᠤ᠋ᠨ ᠡᠪᠡᠳᠴᠢᠨ
ᠤᠰᠤᠨ ᠨᠠᠢ᠍ᠮᠠ ᠶ᠋ᠢᠨ ᠲᠠᠯᠬ᠎ᠠ ᠬᠢᠭᠡᠳ ᠰᠦᠭᠮᠸᠯ ᠠᠷᠪᠠ ᠲᠤᠰᠠᠲᠠᠢ
ᠤᠰᠤ ᠭᠠᠷᠤᠨ ᠴᠢᠳᠠᠬᠤ ᠦᠭᠡᠢ ᠪᠡᠷᠬᠡᠳᠡᠬᠦ ᠪᠥᠭᠡᠰᠦ
ᠤᠰᠤᠨ ᠳᠡᠭᠡᠷ᠎ᠡ ᠡᠷᠬᠢᠯᠡᠭᠰᠡᠨ ᠨᠠᠶ᠋ᠢᠷᠠᠯᠭ᠎ᠠ ᠶ᠋ᠢ ᠰᠢᠲᠦᠯᠲᠡᠢ᠃

ᠶᠠᠳᠠᠷᠠᠭᠠᠳ ᠬᠡᠲᠦᠷᠡᠵᠦ ᠨᠦᠭᠴᠢᠬᠦᠢ ᠳ᠋ᠦ᠍ᠷ ᠬᠦᠷᠪᠡᠰᠦ
ᠢᠮᠠᠭᠠᠨ ᠤ᠋ ᠰᠡᠪᠡᠰᠦᠨ ᠳ᠋ᠦ᠍ᠷ ᠰᠠᠭᠤᠯᠭᠠᠪᠠᠯ ᠲᠤᠰᠠᠲᠠᠢ
ᠶᠠᠪᠤᠳᠠᠯ ᠪᠠ ᠡᠷᠭᠡᠭᠡᠴᠡᠬᠦ ᠲᠠᠭᠠᠷᠠᠬᠤ ᠶ᠋ᠢ ᠬᠢᠴᠢᠶᠡ
ᠶᠠᠭᠠᠷᠠᠯᠲᠠᠢ ᠬᠥᠯᠥᠷᠡᠭᠡᠬᠦᠢ ᠶ᠋ᠢᠨ ᠰᠢᠲᠦᠭᠡᠨ ᠊ᠢ ᠡᠷᠢᠯᠲᠡᠢ ᠃

ᠭᠡᠭᠡᠨ ᠨᠢᠳᠦᠨ ᠡᠪᠡᠳᠴᠢᠨ ᠊ᠢ ᠠᠷᠢᠯᠭᠠᠬᠤᠢ ᠶ᠋ᠢᠨ ᠶᠡᠷᠦᠨᠳᠡᠭ
ᠭᠡᠶ᠋ᠢᠭᠦᠯᠦᠭᠴᠢ ᠶᠢᠰᠦᠭᠦᠯᠡ ᠶ᠋ᠢᠨ ᠨᠢᠭᠤᠮᠠᠯ ᠲᠤᠰᠠᠲᠠᠢ
ᠭᠡᠭᠡᠭᠲᠡᠢ ᠨᠢᠯᠪᠤᠰᠤ ᠲᠠᠢ ᠬᠠᠯᠬᠠᠯᠠᠭᠰᠠᠨ ᠪᠥᠭᠡᠰᠦ
ᠬᠢᠲᠠᠳ ᠨᠠᠷᠢᠨ ᠤᠰᠤᠨ ᠡᠮ ᠊ᠢ ᠲᠦᠷᠬᠢᠪᠡᠰᠦ ᠲᠤᠰᠠᠲᠠᠢ ᠃

ᠬᠠᠯᠠᠭᠤᠨ ᠨᠢᠶᠠᠨ ᠊ᠢ ᠬᠥᠳᠡᠯᠭᠡᠬᠦ ᠬᠣᠨᠢᠨ ᠮᠢᠬ᠎ᠠ ᠬᠠᠷᠰᠢᠲᠠᠢ
ᠬᠠᠯᠠᠭᠤᠨ ᠬᠡᠢ ᠶ᠋ᠢ ᠬᠥᠭᠵᠢᠭᠡᠬᠦ ᠴᠠᠭᠠᠨ ᠭᠤᠯᠢᠷ ᠬᠠᠷᠰᠢᠲᠠᠢ
ᠬᠠᠯᠠᠭᠤᠨ ᠬᠢᠵᠢᠭ ᠊ᠢ ᠬᠠᠯᠬᠠᠯᠠᠬᠤ ᠭᠠᠬᠠᠢ ᠪᠤᠤ ᠲᠤᠰᠠᠲᠠᠢ
ᠬᠠᠯᠠᠭᠤᠨ ᠊ᠢ ᠳᠠᠷᠤᠬᠤᠢ ᠳ᠋ᠤᠷ ᠬᠠᠭᠠᠨ ᠭᠠᠪᠤᠷ ᠲᠤᠰᠠᠲᠠᠢ ᠃

ᠴᠢᠰᠤᠨ ᠡᠪᠡᠳᠴᠢᠨ ᠊ᠢ ᠠᠨᠠᠭᠠᠬᠤ ᠡᠷᠬᠢᠮ ᠶᠡᠬᠡ ᠨᠠᠶ᠋ᠢᠷᠠᠯᠭ᠎ᠠ
ᠴᠢᠯᠠᠭᠤᠨ ᠤ᠋ ᠰᠣᠷᠢᠨᠵᠢᠨ ᠪᠠ ᠥᠭᠴᠦᠢ ᠲᠠᠪᠤ ᠲᠤᠰᠠᠲᠠᠢ
ᠴᠢᠰᠤ ᠬᠢᠭᠡᠳ ᠰᠢᠷ᠎ᠠ ᠤᠰᠤᠨ ᠨᠤᠭᠤᠳ ᠪᠦᠬᠦᠢ ᠶ᠋ᠢᠨ ᠲᠤᠯᠠᠳᠠ
ᠴᠢᠨᠠᠷ ᠢ᠋ᠶ᠋ᠠᠷ ᠳᠣᠭᠣᠯᠭᠠᠬᠤ ᠳᠠᠩ ᠲᠠᠯᠬ᠎ᠠ ᠬᠡᠷᠡᠭᠲᠡᠢ ᠃

ᠰᠢᠲᠦᠨ ᠵᠣᠪᠠᠯ ᠪᠦᠬᠦᠨ ᠳ᠋ᠦ᠍ᠷ ᠳᠤᠬᠠᠶ᠋ᠢᠯᠠᠬᠤ ᠵᠠᠰᠠᠯᠭ᠎ᠠ
ᠰᠢᠩᠭᠦᠨ ᠢ᠋ᠶ᠋ᠡᠷ ᠡᠷᠬᠢᠯᠡᠭᠰᠡᠨ ᠠᠷᠪᠠᠨ ᠭᠤᠷᠪᠠᠨ ᠨᠠᠶ᠋ᠢᠷᠠᠯᠭ᠎ᠠ
ᠰᠢᠨᠵᠢᠯᠡᠭᠡᠳ ᠰᠡᠭᠦᠳᠡᠷ ᠊ᠢ ᠬᠠᠳᠠᠭᠠᠰᠤᠨ ᠢ᠋ᠶ᠋ᠠᠷ ᠬᠠᠲᠠᠵᠤ
ᠰᠢᠪᠡᠨ ᠬᠠᠳᠬᠤᠨ ᠴᠢᠰᠤ ᠭᠠᠷᠭᠠᠨ ᠬᠠᠨᠠᠪᠠᠰᠤ ᠲᠤᠰᠠᠲᠠᠢ ᠃

ᠠᠮᠠᠨ ᠡᠪᠡᠳᠴᠢᠨ ᠢᠯᠵᠢᠷᠡᠬᠦ ᠨᠢᠯᠴᠠᠷᠠᠭᠤ ᠨᠤᠭᠤᠳ ᠪᠠ
ᠠᠮᠢᠵᠢᠭᠤᠨ ᠶᠠᠳᠠᠭᠠᠳ ᠡᠮᠨᠢᠭᠡᠵᠦ ᠭᠠᠰᠠᠯᠠᠬᠤᠢ ᠳ᠋ᠤ᠌
ᠠᠯᠢ ᠲᠡᠷᠡ ᠴᠠᠭᠠᠨ ᠬᠠᠷ᠎ᠠ ᠭᠤᠷᠪᠠᠨ ᠵᠦᠢᠯ ᠦ᠋ᠨ ᠪᠠᠶ᠋ᠢᠪᠠᠩ ᠊ᠢ
ᠠᠮᠠᠨ ᠳᠣᠲᠣᠷ᠎ᠠ ᠪᠠᠶ᠋ᠢᠯᠭᠠᠪᠠᠰᠤ ᠳᠠᠷᠤᠢ ᠲᠦᠷᠭᠡᠨ ᠠᠨᠠᠬᠤ ᠃

ᠬᠡᠯᠡᠨ ᠡᠪᠡᠳᠴᠢᠨ ᠭᠠᠷᠤᠭᠠᠳ ᠬᠡᠯᠡ ᠶᠠᠳᠠᠨ ᠡᠪᠡᠳᠬᠦ
ᠬᠡᠰᠡᠭ ᠬᠡᠰᠡᠭ ᠴᠣᠬᠣᠷᠯᠠᠨ ᠭᠡᠲᠦᠷᠬᠡᠶ᠋ᠢᠶ᠎ᠡ ᠡᠪᠡᠳᠬᠦ
ᠬᠡᠮᠵᠢᠶᠡᠲᠦ ᠭᠠᠷᠤᠳᠢ ᠶ᠋ᠢᠨ ᠳᠡᠭᠡᠷ᠎ᠡ ᠬᠠᠷ᠎ᠠ ᠬᠥᠬᠥᠯ ᠨᠡᠮᠡᠵᠦ
ᠬᠡᠯᠡ ᠶ᠋ᠢᠨ ᠰᠤᠳᠠᠯ ᠊ᠢ ᠬᠠᠨᠠᠪᠠᠰᠤ ᠳᠠᠷᠤᠢ ᠮᠠᠭᠠᠳ ᠤᠰᠠᠳᠬᠤ ᠃

ᠬᠠᠪᠠᠷ ※ ᠤ᠋ᠨ ᠡᠪᠡᠳᠴᠢᠨ ᠪᠦᠬᠦᠨ ᠳ᠋ᠦ᠍ᠷ ᠬᠠᠲᠠᠬᠤ ᠪᠠ ᠪᠥᠭᠯᠡᠷᠡᠬᠦ
ᠬᠠᠷᠢᠨ ᠪᠠᠰᠠ ᠶᠠᠷ᠎ᠠ ᠭᠠᠷᠤᠨ ᠶᠠᠮ᠎ᠠ ᠬᠣᠷᠣᠬᠠᠢ ᠢᠳᠡᠬᠦ
ᠬᠠᠪᠤᠳᠬᠤ ᠪᠠ ᠵᠠᠭᠠᠲᠤᠨᠠᠨ ᠬᠥᠬᠡᠷᠡᠬᠦ ᠶ᠋ᠢᠨ ᠦᠶᠡᠰ ᠲᠦ᠍
ᠬᠠᠷ᠎ᠠ ᠬᠣᠣᠷ ᠤ᠋ᠨ ᠨᠠᠶ᠋ᠢᠷᠠᠯᠭ᠎ᠠ ᠪᠠᠷ ᠤᠲᠤᠪᠠᠰᠤ ᠠᠨᠠᠬᠤ ᠃

ᠲᠣᠯᠣᠭᠠᠢ ᠶ᠋ᠢᠨ ᠡᠪᠡᠳᠴᠢᠨ ᠢ᠋ᠶ᠋ᠡᠷ ᠳᠣᠯᠭᠢᠰᠢᠯᠠᠬᠤ ᠨᠤᠭᠤᠳ ᠲᠤᠷ
ᠲᠣᠳᠪᠠ ᠰᠦᠮᠲ᠋ᠠᠩ ᠭᠡᠮᠡᠭᠲᠡᠬᠦᠢ ᠶ᠋ᠢ ᠰᠢᠲᠦᠪᠡᠰᠦ ᠲᠤᠰᠠᠲᠠᠢ
ᠳᠣᠭᠰᠢᠨ ᠯᡁᠠᠮᠤ ※ ᠬᠢᠯᠢᠩᠨᠡᠵᠦ ᠬᠠᠷᠰᠢᠯᠠᠭᠰᠠᠨ ᠨᠤᠭᠤᠳ ᠲᠤᠷ
ᠲᠣᠯᠲᠣᠶ᠋ᠢᠲᠤᠭᠠᠳ ᠨᠠᠮᠠᠨᠴᠢᠯᠠᠨ ᠮᠥᠷᠭᠥᠪᠡᠰᠦ ᠵᠣᠬᠢᠰᠲᠠᠢ ᠃

ᠮᠠᠭᠤ ᠴᠢᠰᠤ ᠳᠡᠭᠡᠭᠰᠢᠳᠡ ᠲᠣᠯᠣᠭᠠᠢ ᠳ᠋ᠤᠷ ᠭᠠᠷᠪᠠᠰᠤ
ᠮᠠᠩᠨᠠᠢ ᠶ᠋ᠢᠨ ᠰᠤᠳᠠᠯ ᠊ᠢ ᠬᠠᠨᠠᠪᠠᠰᠤ ᠮᠠᠰᠢ ᠡᠷᠬᠢᠮ ᠳᠡᠭᠡᠳᠦ
ᠮᠠᠨᠤ ᠳᠥᠷᠪᠡ ᠶ᠋ᠢᠨ ᠳᠠᠩ ᠊ᠢ ᠴᠢᠨᠠᠨ ᠤᠬᠢᠶᠠᠵᠤ ᠦᠢᠯᠡᠳᠪᠡᠯ
ᠮᠠᠰᠢ ᠡᠷᠬᠢᠮ ᠲᠤᠰᠠᠲᠠᠢ ᠶ᠋ᠢ ᠮᠠᠭᠠᠳ ᠢ᠋ᠶ᠋ᠠᠷ ᠮᠡᠳᠡᠪᠡᠢ ᠃

ᠪᠣᠯᠪᠠᠰᠤᠷᠠᠨ ᠳᠡᠯᠭᠡᠷᠡᠭᠰᠡᠨ ᠪᠠᠭᠲᠠᠴᠠᠭᠰᠠᠨ ᠬᠠᠯᠠᠭᠤᠨ
ᠪᠤᠯᠠᠩᠬᠢᠷᠯᠠᠨ ᠥᠭᠲᠡᠷᠡᠭᠰᠡᠨ ᠣᠯᠠᠨ ᠵᠦᠢᠯ ᠦ᠋ᠨ ᠡᠪᠡᠤᠠᠴᠢᠨ᠎ᠡ
ᠪᠣᠳᠠᠲᠠᠶ᠎ᠠ ᠨᠠᠶ᠋ᠢᠷᠠᠯ ᠲᠡᠭᠦᠰ ᠬᠣᠶᠠᠷ ᠰᠢᠷ᠎ᠠ ᠬᠡᠮᠡᠬᠦ
ᠪᠣᠯᠭᠣᠮᠵᠢᠲᠠᠢ ᠠᠨᠠᠭᠠᠬᠤ ᠶᠡᠷᠦᠨᠳᠡᠭ ᠨᠢ ᠲᠡᠷᠡ ᠮᠥᠨ ᠃

ᠪᠠᠭᠠᠯᠵᠤᠭᠠᠷ ᠤ᠋ᠨ ᠠᠷᠪᠠᠨ ᠨᠠᠢ᠍ᠮᠠᠨ ᠬᠣᠣᠷᠠᠲᠤ ᠬᠠᠯᠠᠭᠤᠨ ᠨᠤᠭᠤᠳ ᠲᠤᠷ
ᠪᠠᠭᠠᠰᠤᠨ ᠤ᠋ ᠲᠤᠭᠤᠯᠭ᠎ᠠ ᠪᠠᠷ ᠡᠪᠳᠡᠯᠡᠭᠡᠳ ᠦᠢᠯᠡᠳᠦᠶᠦ
ᠪᠠᠩᠽᠢ ᠠᠷᠪᠠᠨ ᠬᠣᠶᠠᠷ ᠯᠤᠭ᠎ᠠ ᠪᠠᠩᠵᠠᠭᠠᠷᠪᠤ ᠨᠡᠮᠡᠵᠦ
ᠪᠠᠶ᠋ᠢᠯᠲᠤᠭᠠᠨ ᠤ᠋ ᠢᠯᠠᠭᠤᠭᠴᠢ ᠶ᠋ᠢ ᠰᠢᠲᠦᠪᠡᠰᠦ ᠲᠤᠰᠠᠲᠠᠢ ᠃

ᠬᠠᠯᠳᠠᠪᠤᠷᠢ ᠶ᠋ᠢᠨ ᠡᠪᠡᠳᠴᠢᠨ ᠳ᠋ᠦ᠍ᠷ ᠶᠢᠰᠦᠨ ᠬᠠᠷ᠎ᠠ ᠲᠤᠰᠠᠲᠠᠢ
ᠬᠠᠯᠠᠭᠤᠨ ᠨᠢᠶᠠᠨ ᠊ᠢ ᠳᠠᠷᠤᠬᠤᠢ ᠳ᠋ᠤᠷ ᠬᠠᠷ᠎ᠠ ᠬᠥᠬᠥᠯ ᠲᠤᠰᠠᠲᠠᠢ
ᠬᠠᠲᠠᠭᠤᠳᠠ ᠬᠥᠷᠥᠮ ᠢ᠋ᠶ᠋ᠡᠷ ᠬᠠᠷᠢᠭᠤᠯᠬᠤ ᠲᠤᠰᠠᠲᠠᠢ
ᠬᠠᠷ᠎ᠠ ᠰᠢᠪᠡᠭ ᠨᠠᠶ᠋ᠢᠷᠠᠭᠤᠯᠤᠭ᠎ᠠ ᠶ᠋ᠢ ᠰᠢᠲᠦᠪᠡᠰᠦ ᠲᠤᠰᠠᠲᠠᠢ ᠃

ᠲᠠᠷᠬᠠᠭᠰᠠᠨ ᠊ᠢ ᠳᠠᠩ ᠢ᠋ᠶ᠋ᠠᠷ ᠲᠠᠯᠪᠢᠯ ᠦᠭᠡᠢ ᠬᠤᠷᠢᠶᠠ
ᠲᠠᠬᠢᠮᠳᠠᠬᠤ ᠶ᠋ᠢᠨ ᠨᠥᠬᠥᠴᠡᠯ ᠊ᠢ ᠬᠢᠴᠢᠶᠡᠬᠦ ᠬᠡᠷᠡᠭᠲᠡᠢ
ᠲᠠᠰᠤᠭ ᠪᠦᠯᠦᠭ ᠡᠪᠡᠳᠴᠢᠨ ᠊ᠢ ᠢᠳᠡᠭᠡᠨ ᠢ᠋ᠶ᠋ᠡᠷ ᠶᠡᠷᠦᠳᠡ
ᠲᠠᠮᠢᠷ ᠪᠠᠷᠠᠨ ᠢᠷᠡᠬᠦᠢ ᠳ᠋ᠦ᠍ᠷ ᠲᠡᠵᠢᠭᠡᠯ ᠢ᠋ᠶ᠋ᠡᠷ ᠬᠡᠷᠡᠭᠲᠡᠢ ᠃

ᠳᠣᠭᠰᠢᠨ ᠬᠢᠵᠢᠭ ᠡᠪᠡᠳᠴᠢᠨ ᠊ᠢ ᠳᠠᠷᠤᠢ ᠬᠤᠷᠳᠤᠨ ᠡᠪᠳᠡᠯ᠎ᠡ
ᠲᠣᠳᠬᠠᠷᠯᠠᠭᠴᠢ ᠬᠠᠷᠰᠢ ᠬᠡᠢ ᠶ᠋ᠢ ᠵᠠᠰᠠᠯ ᠢ᠋ᠶ᠋ᠠᠷ ᠠᠷᠢᠯᠭ᠎ᠠ
ᠲᠣᠮᠣ ᠶᠡᠬᠡ ᠲᠠᠮᠢᠷᠳᠠᠪᠠᠯ ᠨᠥᠬᠥᠳ ᠮᠡᠲᠦ ᠲᠡᠵᠢᠭᠡ
ᠳᠣᠲᠣᠭᠰᠢ ᠪᠠᠨ ᠣᠷᠣᠬᠤ ᠠ᠋ᠴᠠ ᠬᠢᠨᠠᠮᠵᠢᠯᠠᠨ ᠴᠡᠭᠡᠷᠯᠡ ᠃

ᠡᠮ ᠵᠠᠰᠠᠯ ᠶᠠᠪᠤᠳᠠᠯ ᠊ᠢ ᠡᠨᠳᠡᠭᠦᠷᠡᠨ ᠠᠪᠠᠰᠤ
ᠡᠷᠳᠡᠨᠢ ᠪᠡᠨ ᠡᠯᠵᠢᠭᠡ ᠪᠡᠷ ᠠᠷᠠᠯᠵᠢᠭᠰᠠᠨ ᠮᠡᠲᠦ ᠪᠠ
ᠡᠷᠳᠡᠮ ᠦᠭᠡᠢ ᠮᠤᠩᠬᠠᠭ ᠢ᠋ᠶ᠋ᠠᠷ ᠲᠥᠭᠡᠷᠢᠵᠦ ᠲᠡᠮᠲᠡᠴᠢᠨ
ᠡᠮᠴᠢ ᠶ᠋ᠢᠨ ᠭᠠᠷ ᠤ᠋ᠨ ᠡᠨᠲᠡᠭᠲᠡᠯ ᠢ᠋ᠶ᠋ᠡᠷ ᠳᠠᠶ᠋ᠢᠰᠤᠨ ᠭᠠᠷᠴᠤ ᠢᠷᠡᠮᠦᠢ ᠃

ᠠᠭᠤᠯᠠ ᠲᠠᠯ᠎ᠠ ᠶ᠋ᠢᠨ ᠡᠪᠡᠳᠴᠢᠨ ᠦ᠌ ᠵᠠᠪᠰᠠᠷ ᠭᠦᠷᠦᠨ ᠣᠳᠪᠠᠰᠤ
ᠠᠯᠢ ᠮᠡᠷᠭᠡᠨ ᠣᠶᠤᠨ ᠢ᠋ᠶ᠋ᠠᠷ ᠬᠢᠴᠢᠶᠡᠬᠦ ᠬᠡᠷᠡᠭᠲᠡᠢ
ᠠᠨᠠᠭᠠᠬᠤ ᠦᠯᠡᠤᠠᠬᠦ ᠣᠯᠠᠨ ᠵᠦᠢᠯ ᠦ᠋ᠨ ᠤᠳᠬ᠎ᠠ ᠶ᠋ᠢ
ᠠᠮᠠᠨ ᠠ᠋ᠴᠠ ᠰᠣᠨᠣᠰᠤᠭᠠᠳ ᠲᠣᠭᠲᠠᠭᠠᠬᠤ ᠬᠡᠷᠡᠬᠲᠡᠢ ᠃

ᠬᠠᠯᠠᠭᠤᠨ ᠬᠦᠢᠲᠡᠨ ᠠᠯᠢᠪᠠᠰᠤ ᠶ᠋ᠢ ᠲᠠᠨᠢᠨ ᠠᠪᠴᠤ ᠮᠡᠳᠡᠭᠡᠳ
ᠬᠠᠶ᠋ᠢᠯᠬᠤ ᠬᠦᠷᠦᠬᠦ ᠶ᠋ᠢᠨ ᠬᠠᠪᠴᠢᠬᠠᠢ ᠶ᠋ᠢ ᠬᠢᠨᠠᠮᠵᠢᠯᠠᠬᠤ ᠬᠡᠷᠡᠭᠲᠡᠢ
ᠬᠠᠲᠠᠭᠤ ᠵᠥᠭᠡᠯᠡᠨ ᠵᠠᠰᠠᠯ ᠢ᠋ᠶ᠋ᠠᠷ ᠡᠷᠭᠢᠭᠦᠯᠦᠨ ᠵᠠᠰᠠᠭᠠᠳ
ᠬᠠᠮᠲᠤᠳᠬᠠᠬᠤ ᠶ᠋ᠢᠨ ᠨᠥᠬᠥᠴᠡᠯ ᠊ᠢ ᠲᠡᠩᠴᠡᠭᠦᠯᠬᠦ ᠬᠡᠷᠡᠭᠲᠡᠢ ᠃

ᠠᠭᠤᠯᠠ ᠲᠠᠯ᠎ᠠ ᠶ᠋ᠢᠨ ᠡᠪᠡᠳᠴᠢᠨ ᠊ᠢ ᠠᠨᠠᠭᠠᠬᠤ ᠶᠡᠷᠦᠨᠳᠡᠭ
ᠠᠭᠠᠷᠤ ᠭᠤᠴᠢᠨ ᠲᠠᠪᠤ ᠬᠢᠭᠡᠳ ᠠᠷᠭ᠎ᠠ ᠮᠡᠬᠡ ᠬᠡᠷᠡᠭᠲᠡᠢ
ᠠᠯᠢ ᠪᠣᠯᠬᠤ ᠶ᠋ᠢᠨ ᠣᠨᠢᠰᠣᠨ ᠊ᠢ ᠢᠯᠭᠠᠮᠵᠢᠯᠠᠨ ᠮᠡᠳᠡᠭᠡᠳ
ᠠᠮᠠᠨ ᠠ᠋ᠴᠠ ᠰᠣᠨᠣᠰᠤᠭᠠᠳ ᠠᠷᠢᠯᠭᠠᠬᠤ ᠶᠣᠰᠣᠲᠠᠢ ᠃

ᠠᠯᠢᠪᠠᠰᠤ ᠬᠠᠯᠠᠭᠤᠨ ᠊ᠢ ᠢᠯᠭᠠᠮᠵᠢᠯᠠᠨ ᠲᠠᠨᠢᠬᠤᠢ ᠳ᠋ᠤᠷ
ᠠᠩᠬᠠᠨ ᠳ᠋ᠠᠭᠠᠨ ᠮᠠᠨᠤ ᠶ᠋ᠢᠨ ᠳᠥᠷᠪᠡᠨ ᠨᠠᠶ᠋ᠢᠷᠠᠯᠭ᠎ᠠ ᠶ᠋ᠢ ᠰᠢᠲᠦᠯᠲᠡᠢ
ᠠᠳᠠᠭ ᠴᠠᠭ ᠤ᠋ᠨ ᠠᠮᠢᠲᠠᠨ ᠤ᠋ ᠮᠠᠬᠠᠪᠣᠳ ᠢ᠋ᠶ᠋ᠠᠷ ᠪᠠᠭᠤᠷᠠᠨ
ᠠᠷᠪᠠ ᠠ᠋ᠴᠠ ᠶᠢᠰᠦ ᠢᠨᠤ ᠬᠡᠢ ᠶ᠋ᠢᠨ ᠪᠡᠯᠭᠡ ᠲᠡᠭᠦᠰ ᠪᠣᠢ ᠃

ᠠᠮᠢᠨ ᠭᠣᠣᠯ ᠤ᠋ᠨ ᠠᠯᠢ ᠪᠦᠬᠦᠢ ᠣᠯᠠᠨ ᠬᠡᠢ ᠶ᠋ᠢ ᠳᠠᠷᠤᠬᠤ
ᠠᠭᠠᠷᠤ ᠠᠷᠪᠠᠨ ᠳᠣᠯᠣᠭ᠎ᠠ ᠬᠢᠭᠡᠳ ᠠᠷᠪᠠᠨ ᠨᠢᠭᠡ ᠲᠤᠰᠠᠲᠠᠢ
ᠠᠷᠴᠢᠨ ᠠᠪᠴᠤ ᠢᠯᠢᠬᠦ ᠪᠠ ᠲᠣᠰᠣᠨ ᠢ᠋ᠶ᠋ᠠᠷ ᠰᠦᠷᠴᠢᠬᠦ
ᠠᠭᠤᠷ ᠬᠦᠷᠬᠦ ᠶ᠋ᠢ ᠴᠡᠭᠡᠷᠯᠡᠭᠡᠳ ᠠᠮᠤᠭᠤᠯᠠᠩ ᠰᠠᠭᠤᠬᠤ ᠃

ᠴᠥᠪ ᠦ᠋ᠨ ᠴᠠᠭ ᠤ᠋ᠨ ᠠᠮᠢᠲᠠᠨ ᠤ᠋ ᠲᠥᠷᠥᠯᠬᠢᠲᠡᠨ ᠪᠦᠭᠦᠳᠡ
ᠴᠥᠭᠡᠨ ᠪᠤᠰᠤ ᠣᠯᠠᠩᠬᠢ ᠨᠢ ᠲᠠᠴᠢᠶᠠᠩᠭᠤᠢ ᠶ᠋ᠢᠨ ᠡᠷᠬᠡ ᠪᠡᠷ
ᠴᠥᠬᠥᠷᠡᠲᠡᠯ᠎ᠡ ᠡᠮᠨᠡᠪᠡᠴᠦ ᠬᠡᠢ ᠶ᠋ᠢᠨ ᠵᠠᠰᠠᠯ ᠳᠤᠰᠠᠯᠲᠠ
ᠴᠥᠮ ᠪᠦᠷᠢᠨ ᠮᠠᠬᠠᠪᠣᠳ ᠨᠢ ᠬᠡᠢ ᠶ᠋ᠢᠨ ᠪᠡᠯᠭᠡ ᠲᠡᠭᠦᠰ ᠪᠣᠢ ᠃

ᠪᠤᠴᠠᠯᠤᠭᠰᠠᠨ ᠬᠠᠯᠠᠭᠤᠨ ᠊ᠢ ᠰᠡᠷᠢᠭᠦᠨ ᠡᠰᠡ ᠴᠢᠳᠠᠪᠠᠯ
ᠪᠤᠷᠤᠭᠤ ᠶ᠋ᠢ ᠳᠤᠯᠠᠭᠠᠨ ᠢ᠋ᠶ᠋ᠠᠷ ᠡᠷᠬᠡ ᠦᠭᠡᠢ ᠳᠠᠷᠤᠬᠤ
ᠪᠣᠯᠤᠯ ᠦᠭᠡᠢ ᠰᠡᠷᠢᠭᠦᠨ ᠊ᠢ ᠬᠠᠯᠠᠭᠤᠨ ᠡᠰᠡ ᠴᠢᠳᠠᠪᠠᠯ
ᠪᠤᠷᠤᠭᠤ ᠶ᠋ᠢ ᠰᠡᠷᠢᠭᠦᠨ ᠢ᠋ᠶ᠋ᠡᠷ ᠡᠷᠬᠡ ᠦᠭᠡᠢ ᠳᠠᠷᠤᠮᠤᠢ ᠃

ᠦᠬᠦᠳᠬᠢᠵᠦ ᠮᠠᠨᠠᠷᠠᠬᠤ ᠮᠠᠭᠤᠵᠢᠷᠠᠨ ᠠᠬᠤᠢ ᠳ᠋ᠤᠷ
ᠦᠨᠦᠷᠲᠡᠨ ᠢ᠋ᠶ᠋ᠡᠷ ᠤᠲᠤᠪᠠᠰᠤ ᠦᠯᠡᠮᠵᠢᠳᠡ ᠲᠤᠰᠠᠲᠠᠢ
ᠦᠬᠦᠭᠡᠷ ᠪᠠ ᠮᠠᠭᠤ ᠱ‍ᠢᠩᠷᠢ ※ ᠶ᠋ᠢᠨ ᠨᠥᠬᠥᠴᠡᠯ ᠦ᠋ᠨ ᠲᠤᠬᠠᠢ ᠳ᠋ᠤ᠌
ᠦᠬᠡᠷ ᠲᠡᠷᠢᠭᠦᠨ ᠰᠢᠲᠦᠭᠡᠨ ᠢ᠋ᠶ᠋ᠡᠷ ᠬᠠᠷᠢᠭᠤᠯᠬᠤ ᠲᠤᠰᠠᠲᠠᠢ ᠃

ᠥᠯᠥᠭ ᠭᠡᠮᠡᠨ ᠨᠡᠷᠡᠶ᠋ᠢᠲᠦᠭᠰᠡᠨ ᠵᠢᠷᠭᠤᠭᠠᠨ ᠶᠡᠬᠡ ᠡᠪᠡᠳᠴᠢᠨ
ᠦᠷᠭᠦᠯᠵᠢᠳᠡ ᠶᠡᠷᠦᠩᠬᠡᠶ᠋ᠢᠯᠡᠨ ᠬᠢᠴᠢᠶᠡᠬᠦ ᠬᠡᠷᠡᠭᠲᠡᠢ
ᠦᠯᠡᠮᠵᠢᠳᠡ ᠴᠢᠭᠤᠯᠭᠠᠨ ᠊ᠢ ᠠᠬᠤᠢ ᠶᠡᠬᠡ ᠬᠣᠷᠢᠶᠠᠨ
ᠥᠨᠢ ᠬᠣᠯᠠ ᠤᠷᠲᠤᠳᠬᠠᠬᠤ ᠶ᠋ᠢᠨ ᠠᠷᠭ᠎ᠠ ᠮᠠᠰᠢ ᠡᠷᠢᠯᠲᠡᠢ ᠃

ᠬᠠᠪᠤᠩ ᠢ᠋ᠶ᠋ᠠᠷ ᠴᠤᠭᠯᠠᠷᠠᠬᠤ ᠰᠡᠯᠬᠦᠷᠡᠬᠦ ᠪᠦᠬᠦᠨ ᠊ᠢ
ᠬᠠᠯᠠᠭᠤᠨ ᠤᠰᠤ ᠶ᠋ᠢ ᠰᠡᠷᠢᠭᠦᠨ ᠪᠣᠯᠭᠠᠨ ᠪᠤᠴᠠᠭᠠᠬᠤ ᠬᠡᠷᠡᠭᠲᠡᠢ
ᠬᠠᠷᠰᠢᠯᠠᠬᠤ ᠬᠣᠨᠢᠨ ᠮᠢᠬ᠎ᠠ ᠶ᠋ᠢ ᠬᠢᠴᠢᠶᠡᠵᠦ ᠴᠡᠭᠡᠷᠯᠡᠨ
ᠭᠠᠶ᠋ᠢᠬᠠᠮᠰᠢᠬᠲᠤ ᠴᠠᠭᠠᠨ ᠪᠤᠶᠠᠨ ᠊ᠢ ᠬᠤᠷᠢᠶᠠᠬᠤ ᠬᠡᠷᠡᠭᠲᠡᠢ ᠃

ᠬᠤᠷᠠᠭᠰᠠᠨ ᠪᠠ ᠳᠣᠲᠣᠭᠠᠳᠤ ᠶ᠋ᠢᠨ ᠵᠠᠩᠭᠢᠷᠠᠬᠤ ᠵᠣᠪᠠᠯ ᠳ᠋ᠤᠷ
ᠬᠤᠶᠠᠩ ᠢ᠋ᠶ᠋ᠠᠷ ᠪᠠᠷᠢᠯᠳᠤᠭᠰᠠᠨ ᠨᠥᠬᠥᠴᠡᠯ ᠊ᠢ ᠢᠯᠭᠠᠯᠲᠠᠢ
ᠬᠣᠳᠣᠭᠣᠳᠣᠨ ᠤ᠋ ᠭᠠᠯ ᠤ᠋ᠨ ᠢᠯᠴᠢ ᠨᠢ ᠬᠥᠭᠵᠢᠭᠡᠬᠦ ᠡᠮ ᠦ᠋ᠳ ᠊ᠢ
ᠬᠤᠷᠳᠤᠨ ᠳᠠᠷᠤᠢ ᠨᠠᠶ᠋ᠢᠷᠠᠭᠤᠯᠵᠤ ᠵᠠᠰᠠᠬᠤ ᠮᠠᠰᠢ ᠬᠡᠷᠡᠭᠲᠡᠢ ᠃

ᠪᠥᠭᠡᠯᠵᠢᠬᠦ ᠵᠠᠩᠭᠢᠷᠠᠬᠤ ᠳᠣᠲᠣᠷᠠᠬᠢ ᠶ᠋ᠢᠨ ᠵᠣᠪᠠᠯ ᠳ᠋ᠤᠷ
ᠪᠥᠭᠡᠯᠵᠢᠬᠦ ᠳᠣᠭᠣᠯᠭᠠᠬᠤ ᠶ᠋ᠢ ᠰᠡᠷᠭᠡᠶ᠋ᠢᠯᠡᠬᠦ ᠬᠡᠷᠡᠭᠲᠡᠢ
ᠪᠦᠯᠢᠶᠡᠨ ᠪᠠ ᠰᠡᠷᠢᠭᠦᠬᠡᠨ ᠢᠳᠡᠭᠡᠨ ᠊ᠢ ᠲᠡᠪᠴᠢᠭᠡᠳ
ᠪᠦᠬᠦ ᠬᠠᠮᠤᠭ ᠴᠢᠭᠤᠯᠭᠠᠨ ᠊ᠢ ᠬᠤᠷᠢᠶᠠᠪᠠᠯ ᠲᠤᠰᠠᠲᠠᠢ ᠃

ᠴᠠᠭᠠᠨ ᠬᠤᠶᠠᠩ ᠡᠪᠡᠳᠴᠢᠨ ᠊ᠢ ᠠᠨᠠᠭᠠᠬᠤ ᠶᠡᠷᠦᠨᠳᠡᠭ
ᠴᠠᠭᠠᠨ ᠰᠤᠪᠤᠳ ᠡᠷᠬᠢᠯᠡᠭᠰᠡᠨ ᠬᠣᠷᠢᠨ ᠲᠠᠪᠤᠨ ᠨᠠᠶ᠋ᠢᠷᠠᠯᠭ᠎ᠠ
ᠴᠠᠭᠠᠨ ᠬᠠᠷ᠎ᠠ ᠰᠢᠷ᠎ᠠ ᠤᠰᠤ ᠶ᠋ᠢ ᠬᠠᠲᠠᠭᠠᠬᠤ ᠶ᠋ᠢᠨ ᠲᠤᠬᠠᠢ ᠳ᠋ᠤ᠌
ᠴᠠᠭᠠᠨ ᠬᠥᠬᠥᠯ ᠡᠷᠬᠢᠯᠡᠭᠰᠡᠨ ᠨᠠᠶ᠋ᠢᠷᠠᠯᠭ᠎ᠠ ᠪᠠᠷ ᠲᠤᠰᠠᠲᠠᠢ ᠃

ᠲᠠᠲᠠᠬᠤ ᠪᠠ ᠠᠲᠤᠷᠢᠬᠤ ᠬᠥᠰᠢᠬᠦ ᠪᠠ ᠭᠡᠲᠡᠶ᠋ᠢᠬᠦ
ᠲᠠᠬᠢᠷ ᠬᠢᠭᠡᠳ ᠬᠠᠵᠠᠭᠠᠷ ᠪᠠ ᠰᠡᠭᠦᠳᠡᠷ ᠦ᠋ᠨ ᠠᠶ᠋ᠢᠮᠠᠭ ᠲᠤᠷ
ᠲᠠᠪᠤᠨ ᠵᠦᠢᠯ ᠦ᠋ᠨ ᠷᠠᠰᠢᠶᠠᠨ ᠤ᠋ ᠳᠡᠪᠲᠦᠭᠡᠯᠭᠡ ᠶ᠋ᠢ ᠦᠢᠯᠡᠳᠴᠦ
ᠲᠠᠭᠠᠯᠠᠮᠵᠢᠲᠠᠢ ᠨᠥᠬᠥᠴᠡᠯ ᠊ᠢ ᠲᠡᠩᠴᠡᠭᠦᠯᠬᠦ ᠬᠡᠷᠡᠭᠲᠡᠢ ᠃

ᠶᠠᠮ᠎ᠠ ᠬᠣᠷᠣᠬᠠᠢ ᠶ᠋ᠢ ᠡᠪᠡᠳᠴᠢᠨ ᠦ᠌ ᠡᠷᠬᠢᠮ ᠶᠡᠬᠡ ᠲᠤᠰᠠᠯᠠᠯ
ᠶᠠᠨᠳᠠ ᠲᠠᠪᠤ ᠶ᠋ᠢᠨ ᠨᠠᠶ᠋ᠢᠷᠠᠯᠭ᠎ᠠ ᠪᠠᠷ ᠤᠲᠤᠪᠠᠰᠤ ᠠᠨᠠᠬᠤ
ᠶᠠᠮᠠᠭᠠᠨ ( ᠢᠮᠠᠭ᠎ᠠ ) ᠶ᠋ᠢᠨ ᠮᠢᠬ᠎ᠠ ᠬᠢᠭᠡᠳ ᠢᠰᠬᠦᠯᠡᠩ ᠊ᠢ ᠴᠡᠭᠡᠷᠯᠡ
ᠶᠠᠪᠤᠳᠠᠯ ᠢ᠋ᠶ᠋ᠠᠨ ᠬᠢᠨᠠᠪᠠᠰᠤ ᠡᠷᠬᠡᠪᠰᠢ ᠤᠰᠠᠳᠬᠤ ᠃

ᠰᠢᠷᠬ᠎ᠠ ᠬᠢᠭᠡᠳ ᠬᠡᠷᠦᠯᠭᠡ ᠪᠠ ᠬᠠᠷ᠎ᠠ ᠨᠤᠭᠤᠳ ᠲᠤᠷ
ᠰᠢᠷ᠎ᠠ ᠤᠰᠤᠨ ᠠᠷᠪᠠᠨ ᠨᠠᠢ᠍ᠮᠠᠨ ᠨᠠᠶ᠋ᠢᠷᠠᠯᠭ᠎ᠠ ᠶ᠋ᠢ ᠰᠢᠲᠦᠭᠡᠳ
ᠰᠢᠭᠢᠷ᠎ᠡ ᠪᠠ ᠬᠥᠯ ᠪᠤᠯᠴᠢᠩ ᠭᠦᠷᠦᠬᠦᠢ ᠶ᠋ᠢᠨ ᠦᠶᠡᠰ ᠲᠦ᠍
ᠰᠢᠷᠭ᠎ᠠ ᠴᠠᠭᠠᠨ ᠮᠣᠷᠢᠨ ᠰᠦ ᠪᠡᠷ ᠳᠠᠷᠤᠭᠤᠯᠪᠠᠰᠤ ᠲᠤᠰᠠᠲᠠᠢ ᠃

ᠬᠠᠯᠮ᠎ᠠ ᠶ᠋ᠢᠨ ᠡᠪᠡᠳᠴᠢᠨ ᠠᠷᠢᠯᠭᠠᠬᠤ ᠭᠣᠶᠣᠣ ᠳ᠋ᠦ᠋ᠮᠪᠠ ᠶ᠋ᠢᠨ ᠨᠠᠶ᠋ᠢᠷᠠᠯᠭ᠎ᠠ
ᠬᠠᠯᠮ᠎ᠠ ᠷᠦᠭᠲ᠋ᠠ‍ᠩ ᠬᠡᠮᠡᠬᠦ ᠪᠠ ᠠᠷᠤ ᠠᠷᠪᠠ ᠨᠤᠭᠤᠳ ᠪᠠ
ᠬᠠᠯᠮ᠎ᠠ ᠱᠤᠱᠠ ᠲᠡᠷᠢᠭᠦᠯᠡᠨ ᠰᠦᠭᠮᠸᠯ ᠠᠷᠪᠠ ᠶ᠋ᠢᠨ ᠳᠡᠭᠡᠷ᠎ᠡ
ᠬᠠᠯᠢᠭᠤᠨ ᠮᠢᠬ᠎ᠠ ᠨᠡᠮᠡᠪᠡᠰᠦ ᠮᠠᠰᠢ ᠶᠡᠬᠡ ᠲᠤᠰᠠᠲᠠᠢ ᠃

ᠬᠠᠪᠤᠩ ᠡᠪᠡᠳᠴᠢᠨ ᠪᠦᠬᠦᠨ ᠳ᠋ᠦ᠍ᠷ ᠬᠣᠨᠢᠨ ᠮᠢᠬ᠎ᠠ ᠬᠠᠷᠰᠢᠲᠠᠢ
ᠬᠠᠶ᠋ᠢᠰᠢ ᠬᠡᠷᠡᠭ ᠵᠠᠰᠠᠪᠠᠰᠤ ᠠᠮᠢᠨ ᠭᠠᠵᠠᠷ ᠬᠠᠷᠰᠢᠲᠠᠢ
ᠬᠠᠲᠠᠭᠤ ᠵᠠᠰᠠᠯ ᠶᠡᠬᠡᠳᠪᠡᠯ ᠠᠮᠢ ᠠᠪᠬᠤ ᠬᠠᠷᠰᠢᠲᠠᠢ
ᠬᠠᠮᠲᠤ ᠡᠰᠡ ᠮᠡᠳᠡᠪᠡᠰᠦ ᠵᠠᠰᠠᠬᠤᠢ ᠳ᠋ᠤᠷ ᠬᠠᠷᠰᠢᠲᠠᠢ ᠃

ᠲᠠᠮᠢᠷ ᠮᠠᠭᠤ ᠬᠦᠭᠰᠢᠴᠦᠳ ᠲᠣᠷ ᠲᠠᠪᠤᠨ ᠰᠸᠪᠦᠢ᠍ᠷᠦ ᠬᠡᠷᠡᠭᠲᠡᠢ
ᠲᠠᠷᠬᠠᠭᠰᠠᠨ ᠊ᠢ ᠳᠠᠷᠤᠬᠤᠢ ᠳ᠋ᠤᠷ ᠪᠣᠷᠪᠢ ᠶ᠋ᠢᠨ ᠱᠥᠯᠥ ᠬᠡᠷᠡᠭᠲᠡᠢ
ᠲᠠᠯᠪᠢᠯ ᠦᠭᠡᠢ ᠬᠤᠷᠢᠶᠠᠬᠤᠢ ᠳ᠋ᠤᠷ ᠳᠠᠩ ᠲᠠᠯᠬ᠎ᠠ ᠬᠡᠷᠡᠭᠲᠡᠢ
ᠲᠠᠪᠤᠨ ᠦᠨᠳᠦᠰᠦᠨ ᠨᠤᠬᠤᠮᠠᠯ ᠢ᠋ᠶ᠋ᠠᠷ ᠲᠠᠮᠢᠷ ᠵᠠᠰᠠᠬᠤ ᠬᠡᠷᠡᠭᠲᠡᠢ ᠃

ᠭᠦᠷᠦᠩᠭᠡᠨ ᠦ᠌ ᠡᠪᠡᠳᠴᠢᠨ ᠢ᠋ᠶ᠋ᠡᠷ ᠴᠤᠪᠤᠷᠠᠬᠤᠢ ᠶ᠋ᠢᠨ ᠦᠨᠳᠦᠰᠦ
ᠬᠦᠰᠡᠯ ᠳ᠋ᠡᠭᠡᠨ ᠬᠡᠲᠦᠷᠡᠭᠡᠳ ᠬᠦᠨᠲᠦᠲᠡᠭᠰᠡᠨ ᠤᠴᠢᠷ ᠲᠠᠢ
ᠬᠦᠴᠦᠨ ᠰᠢᠮ᠎ᠡ ᠠᠯᠳᠠᠷᠠᠭᠠᠳ ᠳᠠᠭᠤᠰᠬᠠᠬᠤ ᠶ᠋ᠢᠨ ᠦᠶᠡᠰ ᠲᠦ᠍
ᠬᠦᠴᠦᠨ ᠲᠡᠭᠦᠰ ᠭᠠᠷᠤᠲᠢᠰ ᠦ᠋ᠳ ᠦ᠋ᠨ ᠠᠷᠪᠠᠨ ᠳᠣᠯᠣᠭ᠎ᠠ ᠲᠤᠰᠠᠲᠠᠢ ᠃

ᠪᠥᠭᠡᠷᠡᠨ ᠦ᠌ ᠰᠤᠳᠠᠯ ᠲᠡᠳᠡᠨ ᠪᠣᠯᠵᠣᠭᠰᠠᠨ ᠪᠠ ᠮᠤᠷᠤᠶ᠋ᠢᠬᠰᠠᠨ
ᠪᠣᠷᠪᠢ ᠳᠣᠶᠢᠭ ᠤ᠋ᠨ ᠳᠡᠭᠡᠷ᠎ᠡ ᠪᠡᠷ ᠰᠢᠯᠵᠢᠭᠰᠡᠨ ᠪᠠ ᠬᠡᠯᠪᠡᠶ᠋ᠢᠭᠰᠡᠨ
ᠪᠣᠬᠢᠷ ᠲᠠᠬᠢᠷ ᠮᠤᠷᠤᠢ ᠪᠣᠯᠤᠨ ᠪᠣᠰᠤᠨ ᠡᠰᠡ ᠴᠢᠳᠠᠪᠠᠯ
ᠪᠣᠶ᠋ᠢᠴᠦᠢ᠍ᠩ ᠵᠦᠩᠸ᠋᠎ᠠ ᠪᠣᠶ᠋ᠢᠭᠠᠷ ᠵᠦᠸ᠋᠎ᠠ ᠲᠠᠪᠤᠨ ᠵᠠᠰᠠᠯ ᠬᠡᠷᠡᠭᠲᠡᠢ ᠃

ᠪᠣᠭᠣᠮ᠎ᠠ ᠪᠠ ᠬᠢᠵᠢᠭ ᠬᠠᠯᠠᠭᠤᠨ ᠭᠦᠪᠳᠦᠷᠦᠦ ᠶᠠᠷ᠎ᠠ ᠪᠦᠬᠦᠨ ᠳ᠋ᠦ᠍ᠷ
ᠪᠤᠳ᠋ ※ ᠨᠠᠷ ᠦ᠋ᠳ ᠬᠠᠷᠰᠢᠯᠠᠵᠤ ᠨᠥᠬᠥᠴᠡᠵᠦ ᠬᠣᠣᠷᠯᠠᠬᠤ
ᠪᠤᠵᠠᠷ ᠬᠡᠩᠰᠢᠭᠦᠦ ᠬᠢᠷᠪᠤᠰᠤᠨ ᠊ᠢ ᠬᠢᠴᠢᠶᠡᠵᠦ ᠴᠡᠭᠡᠷᠯᠡ
ᠪᠣᠯᠭᠣᠮᠵᠢᠲᠠᠢ ᠵᠠᠰᠠᠪᠠᠰᠤ ᠪᠤᠴᠠᠯ ᠦᠭᠡᠢ ᠠᠨᠠᠬᠤ ᠃

ᠭᠠᠳᠠᠭᠠᠳᠤ ᠶ᠋ᠢᠨ ᠨᠥᠬᠥᠴᠡᠯ ᠳ᠋ᠦ᠍ ᠶᠠᠷ᠎ᠠ ᠬᠢᠭᠡᠳ ᠨᠠᠮᠤᠰᠤ
ᠬᠠᠮᠠᠭᠤ ᠪᠠ ᠠᠷᠠᠰᠤᠨ ᠤ᠋ ᠰᠢᠷ᠎ᠠ ᠤᠰᠤᠨ ᠨᠤᠭᠤᠳ ᠲᠤᠷ
ᠭᠠᠷᠤᠲᠢᠰ ᠤ᠋ᠨ ᠨᠠᠶ᠋ᠢᠷᠠᠯᠭ᠎ᠠ ᠳ᠋ᠤᠷ ᠭᠤᠷᠪᠠᠨ ᠡᠮ ᠊ᠢ ᠨᠡᠮᠡᠵᠦ
ᠭᠠᠵᠠᠷ ᠤᠰᠤᠨ ᠬᠠᠷᠰᠢᠯᠠᠯ ᠊ᠢ ᠵᠠᠰᠠᠪᠠᠰᠤ ᠠᠨᠠᠬᠤ ᠃

ᠳᠣᠲᠣᠷᠠᠬᠢ ᠪᠣᠭᠣᠮ᠎ᠠ ᠪᠠ ᠲᠤᠭᠤᠯᠪᠤᠷᠢ ᠨᠤᠭᠤᠳ ᠲᠤᠷ
ᠲᠣᠭᠰᠢᠨ ᠬᠠᠲᠠᠭᠤ ᠭᠠᠷᠤᠳᠢ ᠪᠠᠷ ᠨᠢᠲᠤᠯᠭᠠᠬᠤ ᠬᠡᠷᠡᠭᠲᠡᠢ
ᠲᠣᠭᠲᠠᠭᠠᠯᠲᠤ ᠡᠳᠦᠷ ᠡᠴᠡ ᠥᠩᠭᠡᠷᠡᠬᠦ ᠶ᠋ᠢ ᠬᠢᠴᠢᠶᠡ
ᠲᠣᠳᠬᠠᠷᠯᠠᠬᠤ ᠶ᠋ᠢᠨ ᠨᠥᠬᠥᠴᠡᠯ ᠊ᠢ ᠢᠯᠭᠠᠨ ᠠᠪᠬᠤ ᠬᠡᠷᠡᠭᠲᠡᠢ ᠃

ᠨᠠᠢ᠍ᠮᠠᠨ ᠶᠡᠬᠡ ᠰᠡᠭᠦᠳᠡᠷ ᠦ᠋ᠨ ᠡᠪᠡᠳᠴᠢᠨ ᠊ᠢ ᠵᠠᠰᠠᠬᠤ
ᠨᠠᠶ᠋ᠢᠷᠠᠭᠤᠯᠤᠨ ᠦᠢᠯᠡᠳᠦᠭᠴᠢ ᠤᠳᠤᠯᠭ᠎ᠠ ᠪᠠᠷ ᠳᠠᠷᠤᠬᠤ
ᠨᠠᠷᠠᠨ ᠰᠠᠷᠠᠨ ᠭᠡᠷᠡᠯ ᠪᠦᠬᠦᠢ ᠶ᠋ᠢ ᠪᠦᠷᠢᠮᠦᠰᠦᠨ ᠴᠡᠭᠡᠷᠯᠡ
ᠨᠠᠷᠢᠨ ᠨᠢᠭᠲᠠ ᠰᠠᠬᠢᠭᠤᠯᠰᠤᠨ ᠦᠢᠯᠡᠳᠪᠡᠰᠦ ᠤᠰᠠᠳᠬᠤ ᠃

ᠭᠦᠯᠭᠠᠬ ※ ᠭᠡᠮᠡᠨ ᠨᠡᠷᠡᠶ᠋ᠢᠲᠦᠭᠰᠡᠨ ᠵᠠᠩᠭᠢᠷᠠᠬᠤ ᠶ᠋ᠢᠨ ᠵᠣᠪᠠᠯ ᠳ᠋ᠤᠷ
ᠭᠤᠤᠠᠮᠠᠬ᠎ᠠ ᠶ᠋ᠢᠨ ᠨᠠᠶ᠋ᠢᠷᠠᠯᠭ᠎ᠠ ᠪᠠᠷ ᠡᠷᠬᠢᠮ ᠭᠡᠮᠡᠨ ᠨᠣᠮᠯᠠᠵᠠᠢ
ᠭᠦᠨᠫᠠᠨᠲᠧᠵᠢᠳ ᠬᠡᠮᠡᠭᠳᠡᠬᠦ ᠰᠸᠪᠦᠢ᠍ᠷᠦ ᠶ᠋ᠢᠨ ᠨᠠᠶ᠋ᠢᠷᠠᠯᠭ᠎ᠠ
ᠭᠦᠷᠭᠦᠮ ᠨᠠᠮᠪᠠᠢ ※ ᠶ᠋ᠢᠨ ᠰᠸᠪᠦᠢ᠍ᠷᠦ ᠠᠸ᠋᠎ᠠ ᠲᠡᠷᠡ ᠪᠠᠰᠠ ᠲᠤᠰᠠᠲᠠᠢ ᠃

ᠳᠠᠩ ᠲᠠᠯᠬ᠎ᠠ ᠲᠤᠭᠤᠯᠭ᠎ᠠ ᠪᠠ ᠷᠢᠯᠦ ᠬᠢᠭᠡᠳ ᠨᠤᠬᠤᠮᠠᠯ
ᠲᠠᠪᠤᠨ ᠵᠦᠢᠯ ᠦ᠋ᠨ ᠷᠠᠰᠢᠶᠠᠨ ᠪᠠ ᠳᠡᠪᠲᠦᠭᠡᠯᠭᠡ ᠰᠦᠷᠴᠢᠯᠭᠡ
ᠲᠠᠪᠤᠨ ᠮᠥᠷ ᠦ᠋ᠨ ᠦᠨᠳᠦᠰᠦᠨ ᠦ᠌ ᠨᠠᠶ᠋ᠢᠷᠠᠯᠭ᠎ᠠ ᠪᠠ ᠰᠢᠨᠵᠢᠯᠡᠭᠡ
ᠳᠠᠰᠢᠨ ᠠᠪᠴᠤ ᠰᠤᠷᠤᠯᠴᠠᠭᠠᠳ ᠣᠶᠤᠨ ᠢ᠋ᠶ᠋ᠠᠷ ᠪᠣᠯᠤᠮᠤᠢ ᠃

ᠬᠠᠨᠠᠬᠤ ᠪᠠ ᠲᠥᠭᠡᠨᠡᠬᠦ ᠬᠠᠳᠬᠤᠬᠤ ᠴᠤ᠌ ᠨᠤᠭᠤᠳ ᠲᠤᠷ
ᠬᠠᠯᠠᠭᠤᠯᠬᠤ ᠪᠠ ᠲᠥᠭᠡᠯᠡᠬᠦ ᠬᠡᠮᠵᠢᠶᠡᠨ ᠊ᠢ ᠮᠡᠳᠡᠵᠦ
ᠬᠠᠲᠠᠭᠤ ᠪᠠ ᠵᠥᠭᠡᠯᠡᠬᠡᠨ ᠦ᠌ ᠣᠶ᠋ᠢᠷ᠎ᠠ ᠬᠣᠯᠠ ᠶ᠋ᠢ ᠬᠢᠨᠠᠵᠤ
ᠭᠠᠷ ᠤ᠋ᠨ ᠳᠠᠶ᠋ᠢᠰᠤᠨ ᠳᠡᠭᠳᠡᠭᠡᠬᠦ ᠶ᠋ᠢᠨ ᠭᠤᠲᠤᠮᠰᠢᠭ ᠊ᠢ ᠪᠤᠳᠤᠯᠲᠠᠢ ᠃

ᠰᠤᠳᠠᠯ ᠮᠥᠷ ᠊ᠢ ᠳᠣᠭᠣᠯᠭᠠᠬᠤ ᠵᠠᠩᠷᡁᠠ ᠡᠮ ᠦ᠋ᠨ ᠨᠠᠶ᠋ᠢᠷᠠᠯᠭ᠎ᠠ
ᠰᠤᠯᠠ ᠴᠢᠩᠭ᠎ᠠ ᠶ᠋ᠢᠨ ᠶᠣᠰᠣ ᠵᠠᠩ ᠊ᠢ ᠳᠠᠭᠠᠭᠤᠯᠬᠤ ᠬᠡᠷᠡᠭᠲᠡᠢ
ᠰᠤᠳᠤᠷ ᠨᠣᠮ ᠤ᠋ᠨ ᠶᠣᠰᠣᠯᠠᠯ ᠊ᠢ ᠨᠡᠶ᠋ᠢᠯᠡᠭᠦᠯᠦᠨ ᠵᠠᠰᠠᠭᠠᠳ
ᠰᠣᠯᠢᠭᠳᠠᠯ ᠤ᠋ᠨ ᠴᠡᠭᠡᠷᠯᠡᠯ ᠊ᠢ ᠨᠠᠷᠢᠪᠴᠢᠯᠠᠬᠤ ᠬᠡᠷᠡᠭᠲᠡᠢ ᠃

ᠵᠠᠮᠽᠢ ᠬᠢᠭᠡᠳ ᠨᠢᠷᠤᠬ᠎ᠠ ᠪᠠ ᠵᠦᠢᠯ ᠦ᠋ᠨ ᠣᠯᠠᠨ ᠵᠠᠰᠠᠯ ᠊ᠢ
ᠵᠦᠢ ᠵᠣᠬᠢᠰ ᠵᠡᠷᠭᠡᠮᠵᠢ ᠪᠡᠷ ᠲᠡᠩᠴᠡᠭᠦᠯᠬᠦ ᠬᠡᠷᠡᠭᠲᠠᠢ
ᠵᠦᠭᠡᠷ ᠰᠠᠭᠤᠬᠤ ᠡᠷᠭᠢᠴᠡᠬᠦ ᠶᠠᠪᠤᠳᠠᠯ ᠤ᠋ᠨ ᠮᠥᠷ ᠊ᠢ
ᠵᠦᠳᠡᠷᠡᠯ ᠦ᠋ᠨ ᠲᠠᠮᠢᠷ ᠯᠤᠭ᠎ᠠ ᠲᠠᠭᠠᠷᠠᠭᠤᠯᠬᠤ ᠬᠡᠷᠡᠭᠲᠡᠢ ᠃

ᠨᠢᠶᠠᠨ ᠬᠠᠯᠠᠭᠤᠨ ᠬᠡᠢ ᠭᠤᠷᠪᠠ ᠬᠠᠷᠰᠢᠯᠠᠭᠰᠠᠨ ᠡᠪᠡᠳᠴᠢᠨ
ᠨᠢᠭᠡᠮᠦᠰᠦᠨ ᠪᠦᠷᠢᠯᠭᠡᠬᠦ ᠬᠦᠴᠦᠨ ᠶᠡᠬᠡ ᠶ᠋ᠢᠨ ᠲᠤᠯᠠᠳᠠ
ᠨᠢᠷᠬᠦᠦ ᠭᠡᠮᠡᠨ ᠨᠡᠷᠡᠶ᠋ᠢᠲᠦᠭᠰᠡᠨ ᠬᠣᠷᠢ ᠶᠢᠰᠦᠨ ᠨᠠᠶ᠋ᠢᠷᠠᠯ ᠢ᠋ᠶ᠋ᠠᠷ
ᠨᠢᠲᠤᠯᠭᠠᠵᠤ ᠤᠰᠠᠳᠬᠠᠬᠤ ᠶ᠋ᠢᠨ ᠣᠨᠢᠰᠣ ᠨᠢ ᠲᠡᠷᠡ ᠮᠥᠨ ᠃

ᠦᠨᠡᠰᠦ ᠪᠣᠯᠭᠠᠨ ᠲᠦᠯᠡᠭᠲᠡᠭᠰᠡᠨ ᠣᠯᠠᠨ ᠵᠦᠢᠯ ᠦ᠋ᠨ ᠡᠮ ᠦ᠋ᠳ ᠊ᠢ
ᠦᠷᠭᠦᠯᠵᠢᠳᠡ ᠨᠠᠶ᠋ᠢᠷᠠᠭᠤᠯᠬᠤ ᠶ᠋ᠢᠨ ᠠᠮᠲᠠᠰᠢᠯ ᠊ᠢ ᠮᠡᠳᠡᠪᠡᠯ
ᠦᠯᠦ ᠪᠣᠯᠬᠤ ᠶᠠᠷ᠎ᠠ ᠰᠢᠷᠬ᠎ᠠ ᠬᠣᠣᠷ ᠦ᠋ᠳ ᠪᠦᠬᠦᠨ ᠪᠠ
ᠦᠯᠡᠮᠵᠢᠳᠡ ᠥᠭᠡᠷᠢ ᠶ᠋ᠢ ᠬᠠᠲᠠᠭᠠᠬᠤ ᠶ᠋ᠢᠨ ᠳᠡᠭᠡᠳᠦ ᠃

ᠲᠠᠪᠤᠨ ᠴᠥᠪ ᠦ᠋ᠨ ᠠᠮᠢᠲᠠᠨ ᠤ᠋ ᠪᠤᠶᠠᠨ ᠪᠠᠭ᠎ᠠ ᠶ᠋ᠢᠨ ᠳᠤᠷᠤᠶ᠋ᠢᠲᠠᠯ
ᠲᠠᠩᠭᠠᠷᠢᠭ ᠢ᠋ᠶ᠋ᠠᠨ ᠡᠪᠳᠡᠷᠡᠵᠦ ᠪᠠᠭᠤᠷᠠᠭᠰᠠᠨ ᠬᠠᠷᠠᠭ᠎ᠠ ᠪᠠᠷ
ᠲᠠᠮᠢᠷ ᠮᠠᠭᠤ ᠭᠠᠳᠠᠭᠠᠳᠤ ᠶ᠋ᠢᠨ ᠨᠥᠬᠥᠴᠡᠯ ᠳ᠋ᠦ᠍ ᠳᠠᠶ᠋ᠢᠰᠤᠨ ᠪᠠ
ᠲᠠᠨᠢᠭᠳᠠᠵᠤ ᠦᠯᠦ ᠪᠣᠯᠬᠤ ᠶ᠋ᠢᠨ ᠦᠬᠦᠯ ᠢ᠋ᠶ᠋ᠡᠷ ᠨᠥᠭᠴᠢᠪᠡᠢ ᠃

ᠬᠠᠮᠤᠭ ᠣᠯᠠᠨ ᠠᠮᠢᠲᠠᠨ ᠤ᠋ ᠵᠣᠪᠠᠯᠠᠩ ᠤ᠋ᠨ ᠳᠣᠲᠣᠷ᠎ᠠ ᠠ᠋ᠴᠠ
ᠬᠠᠲᠤᠭᠲᠠᠢ ※ ᠶ᠋ᠢᠨ ᠡᠪᠡᠳᠴᠢᠨ ᠢ᠋ᠶ᠋ᠡᠷ ᠬᠡᠳᠦᠨ ᠬᠤᠪᠢ ᠢᠯᠡᠭᠦᠦ
ᠬᠠᠲᠠᠬᠤ ᠪᠠ ᠲᠠᠯᠪᠢᠷᠠᠬᠤ ᠪᠦᠷᠢᠯᠳᠦᠬᠦ ᠴᠤᠭᠯᠠᠷᠠᠬᠤ
ᠬᠠᠷᠢᠨ ᠪᠠᠰᠠ ᠲᠥᠷᠥᠬᠦ ᠪᠠ ᠡᠷᠲᠡ ᠶ᠋ᠢᠨ ᠦᠢᠯᠡ ᠶ᠋ᠢᠨ ᠶᠠᠪᠤᠳᠠᠯ ᠃

ᠤᠮᠠᠢ ᠶ᠋ᠢᠨ ᠬᠣᠷᠣᠬᠠᠢ ᠠᠭᠤᠷᠯᠠᠭᠠᠳ ᠡᠷᠡᠭᠲᠡᠢ ᠶ᠋ᠢ ᠬᠦᠰᠡᠬᠦ
ᠤᠴᠠᠷᠠᠵᠤ ᠨᠡᠶ᠋ᠢᠯᠡᠯᠲᠦᠭᠡᠳ ᠤᠯᠠᠮ ᠢ᠋ᠶ᠋ᠠᠷ ᠡᠨᠡᠭᠲᠦᠬᠦ
ᠤᠮᠠᠢ ᠶ᠋ᠢᠨ ᠰᠤᠳᠠᠯ ᠲᠠᠰᠤᠷᠠᠵᠤ ᠪᠦᠷᠢᠯᠳᠦᠭᠡᠳ ᠴᠤᠭᠯᠠᠬᠤ
ᠤᠯᠠᠭᠠᠨ ᠴᠠᠭᠠᠨ ᠰᠠᠷ᠎ᠠ ᠶ᠋ᠢᠨ ᠪᠡᠯᠭᠡ ᠲᠠᠯᠪᠢᠷᠠᠭᠠᠳ ᠭᠡᠮᠲᠦᠬᠦ ᠃

ᠪᠡᠯᠭᠡ ᠶ᠋ᠢᠨ ᠰᠤᠳᠠᠯ ᠲᠠᠰᠤᠷᠠᠭᠰᠠᠨ ᠠᠩᠬᠠᠨ ᠴᠠᠭ ᠤ᠋ᠨ ᠳᠣᠬᠢᠶᠠᠨ
ᠪᠡᠯᠭᠡ ᠲᠡᠭᠦᠰ ᠨᠥᠬᠥᠳ ᠯᠤᠭᠡ ᠨᠡᠶ᠋ᠢᠯᠡᠯᠲᠦᠭᠰᠡᠨ ᠣᠴᠢᠷ᠎ᠠ
ᠪᠡᠯᠭᠡ ᠶ᠋ᠢᠨ ᠨᠠᠷᠢᠨ ᠰᠤᠳᠠᠰᠤᠨ ᠢ᠋ᠶ᠋ᠠᠷ ᠲᠠᠰᠤᠷᠠᠵᠤ ᠤᠳᠤᠭᠠᠳ
ᠪᠡᠯᠭᠡ ᠶ᠋ᠢᠨ ᠳᠣᠲᠣᠷ᠎ᠠ ᠨᠢᠯᠬᠠᠰ ᠮᠡᠲᠦ ᠪᠠᠨᠲᠠᠭᠠᠶ᠋ᠢᠷᠠᠨ ᠳᠦᠭᠦᠷᠬᠦ ᠃

ᠪᠡᠯᠭᠡ ᠶ᠋ᠢᠨ ᠴᠢᠰᠤ ᠠᠯᠳᠠᠷᠠᠬᠤ ᠡᠬᠡᠨᠡᠷ ᠦ᠋ᠨ ᠡᠪᠡᠳᠴᠢᠨ
ᠪᠡᠷᠬᠡᠰᠢᠶᠡᠯ ᠊ᠢ ᠵᠠᠰᠠᠬᠤᠢ ᠳ᠋ᠤᠷ ᠬᠠᠷᠰᠢ ᠪᠦᠬᠦᠢ ᠶ᠋ᠢᠨ ᠲᠤᠯᠠᠳᠠ
ᠪᠡᠷᠬᠡ ᠬᠢᠭᠡᠳ ᠰᠢᠨᠵᠢᠯᠡᠬᠦ ᠤᠪᠠᠳᠢᠰ ᠤ᠋ᠨ ᠨᠠᠶ᠋ᠢᠷᠠᠯᠭ᠎ᠠ
ᠪᠢᠳᠦᠷᠢᠶ᠎ᠡ ᠶ᠋ᠢᠨ ᠨᠣᠮᠯᠠᠯ ᠳᠣᠲᠣᠷ ᠲᠣᠲᠣᠷᠬᠠᠶ᠋ᠢᠶ᠎ᠠ ᠢᠯᠡᠷᠬᠡᠢ ᠃

ᠪᠦᠷᠢᠯᠲᠦᠭᠰᠡᠨ ᠡᠪᠡᠳᠴᠢᠨ ᠊ᠢ ᠠᠨᠠᠭᠠᠬᠤ ᠶᠡᠷᠦᠨᠳᠡᠭ
ᠪᠦᠭᠦᠳᠡᠭᠡᠷ ᠰᠢᠮᠰᠢᠩ ᠷᠦᠭᠪᠠ ᠨᠠᠶ᠋ᠢᠷᠠᠯᠭ᠎ᠠ ᠶ᠋ᠢ ᠨᠣᠮᠯᠠᠵᠠᠢ
ᠪᠦᠷᠦ ᠭᠡᠮᠡᠨ ᠨᠡᠷᠡᠶ᠋ᠢᠲᠦᠭᠰᠡᠨ ᠣᠯᠮᠣᠰᠧ ᠶ᠋ᠢ ᠨᠡᠮᠡᠵᠦ
ᠪᠦᠷᠢᠨ ᠢ᠋ᠶ᠋ᠡᠷ ᠠᠷᠢᠭᠤᠳᠬᠠᠨ ᠠᠷᠢᠯᠭᠠᠬᠤ ᠶ᠋ᠢᠨ ᠳᠡᠭᠡᠳᠦ ᠃

ᠬᠥᠩᠭᠡᠵᠢᠵᠦ ᠨᠢᠷᠠᠶ᠋ᠢᠯᠠᠭᠠᠳ ᠢᠯᠭᠠᠷᠠᠭᠰᠠᠨ ᠳᠠᠷᠠᠭ᠎ᠠ
ᠬᠥᠳᠡᠯᠭᠡᠬᠦ ᠳᠡᠪᠰᠢᠭᠦᠯᠬᠦ ᠶ᠋ᠢ ᠠᠯᠢ ᠰᠠᠶ᠋ᠢᠲᠤᠷ ᠭᠢᠴᠢᠶ᠎ᠡ
ᠬᠦᠯᠢᠬᠦ ᠪᠠ ᠪᠣᠭᠣᠬᠤ ᠪᠠᠨ ᠰᠤᠯᠠᠳᠠᠵᠤ ᠠᠭᠰᠠᠭᠠᠷ
ᠬᠥᠩᠭᠡᠷᠡᠬᠦ ᠶ᠋ᠢᠨ ᠣᠨᠢᠰᠣᠨ ᠳ᠋ᠤᠷ ᠬᠥᠮᠦᠨ ᠠᠮᠢ ᠠᠯᠳᠠᠮᠤᠢ ᠃

ᠵᠠᠯᠭᠠᠮᠵᠢ ᠪᠠᠷ ᠡᠴᠦᠰ ᠡᠰᠡ ᠢᠯᠭᠠᠷᠠᠭᠰᠠᠨ ᠨᠤᠭᠤᠳ ᠲᠤᠷ
ᠵᠠᠷᠤ ᠭᠡᠮᠡᠨ ᠨᠡᠷᠡᠶ᠋ᠢᠲᠦᠭᠰᠡᠨ ᠪᠥᠬᠥᠩ ᠦ᠋ᠨ ᠡᠪᠡᠷ ᠪᠠ
ᠵᠠᠪᠰᠠᠷ ᠲᠠᠬᠢ ᠪᠣᠷᠣ ᠲᠠᠤᠯᠠᠢ ᠶ᠋ᠢᠨ ᠲᠡᠷᠢᠭᠦᠨ ᠦ᠌ ᠦᠨᠡᠰᠦ
ᠵᠠᠨᠠᠭ ᠨᠠᠬᠪᠤ ※ ᠶ᠋ᠢᠨ ᠳᠡᠷᠡᠰᠦᠨ ᠢ᠋ᠶ᠋ᠡᠷ ᠳᠠᠷᠤᠭᠤᠯᠪᠠᠯ ᠪᠠᠭᠤᠮᠤᠢ ᠃

ᠨᠢᠭᠤᠨ ᠥᠬᠢᠨ ᠲᠥᠷᠥᠬᠦᠢ ᠳ᠋ᠦ᠍ ᠬᠣᠶ᠋ᠢᠲᠤ ᠡᠬᠡ ※ ᠲᠦᠳᠡᠬᠦ
ᠨᠢᠭᠤᠴᠠᠰ ᠤ᠋ᠨ ᠵᠠᠰᠠᠯ ᠢ᠋ᠶ᠋ᠠᠷ ᠪᠡᠷᠬᠡᠲᠡᠭᠰᠡᠨ ᠪᠥᠭᠡᠰᠦ
ᠨᠢᠭᠤᠴᠠᠰ ᠤ᠋ᠨ ᠨᠣᠬᠠᠢ ᠶ᠋ᠢᠨ ᠢᠮ ᠳ᠋ᠦ᠍ᠷ ᠨᠡᠮᠡᠷᠢ ᠶ᠋ᠢ ᠲᠠᠯᠪᠢᠵᠤ
ᠨᠢᠴᠤᠯ ᠦᠭᠡᠢ ᠪᠠᠭᠤᠬᠤ ᠶ᠋ᠢ ᠣᠯᠠᠨ ᠢ᠋ᠶ᠋ᠠᠷ ᠦᠵᠡᠪᠡᠢ ᠃

ᠣᠯᠠᠩᠬᠢ ᠪᠠᠷ ᠡᠬᠡᠨᠡᠷ ᠦ᠋ᠨ ᠬᠡᠪᠡᠯᠢᠨ ᠦ᠌ ᠳᠣᠲᠣᠷ᠎ᠠ
ᠣᠷᠣᠭᠤᠯᠬᠤ ᠨᠢᠷᠤᠬ᠎ᠠ ᠪᠠᠷ ᠡᠷᠬᠢᠮ ᠶᠡᠬᠡ ᠲᠤᠰᠠᠲᠠᠢ
ᠣᠯᠠᠨ ᠠᠨᠤ ᠲᠡᠭᠦᠨ ᠢ᠋ᠶ᠋ᠡᠷ ᠠᠮᠤᠷᠯᠢᠬᠤ ᠪᠣᠯᠤᠮᠤᠢ
ᠣᠶᠤᠨ ᠦᠭᠡᠢ ᠮᠤᠩᠬᠠᠭ ᠦ᠋ᠳ ᠢ᠋ᠶ᠋ᠡᠷ ᠮᠠᠭᠤᠰᠢᠶᠠᠨ ᠦᠵᠡᠮᠦᠢ ᠃

ᠴᠢᠰᠤᠨ ᠠᠶᠠᠨ ᠠᠯᠳᠠᠷᠠᠭᠠᠳ ᠮᠤᠬᠤᠷᠳᠠᠭᠰᠠᠨ ᠨᠤᠭᠤᠳ ᠲᠤᠷ
ᠴᠢᠯᠠᠭᠤᠨ ᠤ᠋ ᠡᠷᠬᠢᠯᠡᠭᠰᠡᠨ ᠨᠠᠶ᠋ᠢᠷᠠᠯᠭ᠎ᠠ ᠶ᠋ᠢ ᠰᠢᠲᠦᠭᠡᠳ
ᠴᠢᠮ᠎ᠠ ᠵᠦᠳ ※ ᠦ᠋ᠨ ᠦᠨᠳᠦᠰᠦᠨ ᠦ᠌ ᠨᠤᠬᠤᠮᠠᠯ ᠨᠠᠶ᠋ᠢᠷᠠᠯᠭ᠎ᠠ
ᠴᠢᠪᠳᠠᠭ ᠮᠠᠮᠤ ※ ᠶ᠋ᠢᠨ ᠴᠢᠰᠤᠨ ᠵᠠᠰᠠᠯ ᠦᠢᠯᠡᠳᠪᠡᠰᠦ ᠲᠤᠰᠠᠲᠠᠢ ᠃

ᠣᠯᠠᠨ ᠤᠳᠠᠭ᠎ᠠ ᠲᠦᠷᠦᠬᠦᠢ ᠳ᠋ᠦ᠍ᠷ ᠪᠡᠷᠬᠡᠰᠢᠶᠡᠯ ᠊ᠢ ᠦᠵᠡᠭᠡᠳ
ᠤᠷᠤᠭ ᠢ᠋ᠶ᠋ᠠᠨ ᠲᠠᠰᠤᠯᠬᠤ ᠲᠠᠭᠠᠯᠠᠭᠴᠢᠳ ᠨᠤᠭᠤᠳ ᠲᠤᠷ
ᠤᠷᠲᠤ ᠶᠡᠬᠡ ᠡᠭᠡᠰᠢᠭᠲᠦ ᠶ᠋ᠢᠨ ᠨᠤᠭᠤᠰᠤᠨ ᠤ᠋ ᠮᠢᠬ᠎ᠠ ᠪᠠ
ᠤᠷᠠᠨ ᠰᠤᠳᠠᠯ ᠲᠠᠴᠢᠶᠠᠩᠭᠤᠢ ᠶ᠋ᠢ ᠲᠥᠭᠡᠨᠡᠪᠡᠯ ᠵᠣᠭᠰᠣᠬᠤ ᠃

ᠨᠢᠭᠤᠷ ᠦᠵᠡᠨ ᠲᠠᠨᠢᠬᠤ ᠨᠢ ᠮᠢᠩᠭᠠᠨ ᠬᠣᠶᠠᠷ ᠵᠠᠭᠤ ᠪᠠ
ᠨᠡᠶ᠋ᠢᠯᠡᠭᠦᠯᠦᠨ ᠲᠣᠪᠴᠢᠯᠠᠪᠠᠯ ᠬᠣᠶᠠᠷ ᠢ᠋ᠶ᠋ᠠᠷ ᠪᠣᠯᠤᠮᠤᠢ
ᠨᠢᠰᠸᠠᠨᠢᠰ ᠤ᠋ᠨ ᠭᠤᠷᠪᠠᠨ ᠬᠣᠣᠷ ᠤ᠋ᠨ ᠵᠣᠪᠠᠯᠠᠩ ᠦ᠋ᠳ ᠣᠯᠠᠨᠴᠤᠳ
ᠨᠢᠭᠡᠨ ᠵᠦᠢᠯ ᠦ᠋ᠨ ᠤᠪᠠᠳᠢᠰ ᠢ᠋ᠶ᠋ᠠᠷ ᠠᠨᠠᠭᠠᠭᠤᠯᠵᠤ ᠪᠣᠯᠤᠮᠤᠢ᠃

ᠵᠦᠢᠯ ᠦ᠋ᠨ ᠣᠯᠠᠨ ᠡᠪᠡᠳᠴᠢᠨ ᠢ᠋ᠶ᠋ᠡᠷ ᠨᠡᠷᠪᠡᠭᠲᠡᠬᠦ ᠪᠣᠯᠪᠠᠴᠤ
ᠵᠥᠭᠡᠯᠡᠨ ᠬᠠᠲᠠᠭᠤ ᠬᠣᠶᠠᠷ ᠢ᠋ᠶ᠋ᠠᠷ ᠠᠮᠤᠷᠯᠢᠬᠤ ᠪᠣᠯᠤᠮᠤᠢ
ᠵᠥᠷᠢᠯᠴᠡᠬᠦ ᠬᠠᠷᠰᠢᠯᠠᠬᠤ ᠵᠦᠢᠯ ᠦ᠋ᠳ ᠣᠯᠠᠨ ᠭᠡᠪᠡᠴᠦ
ᠵᠥᠭᠡᠯᠡᠨ ᠰᠢᠷᠦᠭᠦᠨ ᠬᠣᠶᠠᠷ ᠢ᠋ᠶ᠋ᠠᠷ ᠪᠠᠭᠲᠠᠭᠠᠵᠤ ᠪᠣᠯᠤᠮᠤᠢ᠃

ᠠᠯᠢ ᠪᠦᠬᠦᠢ ᠪᠦᠷᠢᠯᠲᠦᠭᠰᠡᠨ ᠡᠬᠡᠨᠡᠷ ᠦ᠋ᠨ ᠵᠣᠪᠠᠯ ᠳ᠋ᠤᠷ
ᠠᠯᠢ ᠣᠷᠣᠨ ᠨᠤᠲᠤᠭᠯᠠᠬᠤ ᠶ᠋ᠢ ᠰᠢᠨᠵᠢᠯᠡᠵᠦ ᠮᠡᠳᠡᠭᠡᠳ
ᠠᠯᠢ ᠭᠠᠵᠠᠷ ᠨᠤᠲᠤᠭᠯᠠᠭᠰᠠᠨ ᠲᠡᠷᠡᠴᠢᠯᠡᠨ ᠵᠠᠰᠠᠭᠠᠳ
ᠠᠯᠢ ᠵᠠᠮ ᠤ᠋ᠨ ᠰᠢᠳᠤᠷᠭᠤ ᠪᠠᠷ ᠲᠦᠷᠭᠡᠨ ᠬᠦᠷᠬᠦ ᠠᠳᠠᠯᠢ᠃

ᠠᠯᠢ ᠣᠷᠣᠨ ᠳᠤᠬᠠᠶ᠋ᠢᠯᠠᠬᠤ ᠲᠡᠷᠡ ᠡᠮ ᠊ᠢ ᠨᠡᠮᠡᠵᠦ
ᠠᠯᠢ ᠬᠥᠮᠦᠨ ᠶᠠᠮᠠᠷ ᠦᠢᠯᠡ ᠳᠤᠬᠠᠶ᠋ᠢᠯᠠᠬᠤ ᠶ᠋ᠢᠨ ᠶᠣᠰᠤᠭᠠᠢ
ᠠᠯᠢ ᠵᠠᠮ ᠢ᠋ᠶ᠋ᠠᠷ ᠭᠠᠵᠠᠷᠴᠢᠯᠠᠨ ᠰᠠᠭᠠᠳ ᠦᠭᠡᠢ ᠬᠦᠷᠬᠦᠯ᠎ᠡ
ᠠᠯᠢ ᠪᠦᠬᠦᠢ ᠬᠡᠷᠡᠭ ᠦᠢᠯᠡᠰ ᠠᠮᠠᠷ ᠬᠢᠯᠪᠠᠷ ᠪᠦᠲᠦᠮᠦᠢ᠃

ᠠᠨᠠᠭᠠᠬᠤ ᠶ᠋ᠢᠨ ᠭᠠᠷ ᠲᠤᠷ ᠠᠪᠬᠤ ᠭᠤᠷᠪᠠᠨ ᠵᠠᠭᠤᠨ ᠵᠢᠷᠠ ᠪᠠ
ᠠᠷᠭ᠎ᠠ ᠶ᠋ᠢ ᠮᠡᠳᠡᠨ ᠤᠨᠤᠪᠠᠰᠤ ᠭᠤᠷᠪᠠᠨ ᠢ᠋ᠶ᠋ᠠᠷ ᠪᠣᠯᠤᠮᠤᠢ
ᠠᠶ᠎ᠠ ᠶᠡᠬᠡ ᠮᠡᠷᠭᠡᠳ ᠦ᠋ᠳ ᠲᠡᠷᠡ ᠮᠡᠲᠦ ᠦᠢᠯᠡᠳ ᠠ᠋
ᠠᠰᠠᠭᠤᠬᠤ ᠶ᠋ᠢᠨ ᠰᠢᠨᠵᠢᠯᠡᠯ ᠊ᠢ ᠠᠮᠠᠨ ᠠ᠋ᠴᠠ ᠰᠣᠨᠣᠰ ᠠ᠋᠃

ᠬᠡᠢ ᠰᠢᠷ᠎ᠠ ᠪᠠᠳᠬᠠᠨ ᠭᠤᠷᠪᠠ ᠡᠪᠡᠳᠴᠢᠨ ᠦ᠌ ᠦᠨᠳᠦᠰᠦ
ᠬᠢᠯᠢᠨᠴᠡᠰ ᠦ᠋ᠨ ᠲᠦᠢᠳᠬᠡᠷ ᠢ᠋ᠶ᠋ᠡᠷ ᠠᠷᠪᠢᠳᠤᠭᠰᠠᠨ ᠣᠨᠢᠰᠣ
ᠬᠡᠰᠡᠭ ᠪᠤᠰᠠᠭ ᠳᠡᠯᠡᠳᠦᠭᠰᠡᠨ ᠣᠯᠠᠨ ᠵᠦᠢᠯ ᠦ᠋ᠨ ᠰᠤᠳᠠᠰᠤ ᠶ᠋ᠢ
ᠬᠢᠨᠠᠮᠵᠢᠯᠠᠨ ᠲᠠᠨᠢᠪᠠᠰᠤ ᠠᠷᠢᠯᠭᠠᠬᠤ ᠶ᠋ᠢᠨ ᠳᠡᠭᠡᠳᠦ᠃

ᠡᠯᠳᠡᠪᠴᠢᠯᠡᠨ ᠲᠠᠨᠢᠬᠤ ᠨᠢ ᠮᠢᠩᠭᠠᠨ ᠬᠣᠶᠠᠷ ᠵᠠᠭᠤ ᠪᠣᠯᠪᠠᠴᠤ
ᠡᠮ ᠵᠠᠰᠠᠯ ᠳᠥᠷᠪᠡ ᠪᠡᠷ ᠪᠠᠭᠲᠠᠭᠠᠵᠤ ᠪᠣᠯᠤᠮᠤᠢ
ᠡᠮᠭᠡᠨᠢᠬᠦ ᠡᠪᠡᠳᠴᠢᠨ ᠦ᠌ ᠨᠢᠭᠤᠷ ᠣᠯᠠᠨ ᠪᠣᠯᠪᠠᠴᠤ
ᠡᠷᠳᠡᠮ ᠢ᠋ᠶ᠋ᠡᠷ ᠬᠠᠯᠠᠭᠤᠨ ᠰᠡᠷᠢᠭᠦᠨ ᠬᠣᠶᠠᠷ ᠢ᠋ᠶ᠋ᠠᠷ ᠪᠣᠯᠤᠮᠤᠢ᠃

ᠬᠣᠣᠷ ᠬᠢᠭᠡᠳ ᠪᠣᠷᠣ ᠪᠠᠳᠬᠠᠨ ᠬᠠᠭᠤᠴᠢᠨ ᠬᠠᠯᠠᠭᠤᠨ ᠭᠤᠷᠪᠠᠭᠤᠯᠠ
ᠬᠣᠭᠣᠷᠣᠨᠳᠣ ᠪᠠᠨ ᠪᠡᠯᠭᠡ ᠴᠢᠨᠠᠷ ᠠᠳᠠᠯᠢᠬᠠᠨ ᠲᠤᠯᠠᠳᠠ
ᠬᠤᠪᠢ ᠲᠤᠰ ᠤ᠋ᠨ ᠢᠯᠭᠠᠪᠤᠷᠢ ᠶ᠋ᠢ ᠬᠢᠨᠠᠮᠵᠢᠯᠠᠨ ᠵᠠᠰᠠᠭᠠᠳ
ᠬᠣᠣᠷᠯᠠᠯ ᠪᠣᠯᠬᠤ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠰᠢᠩᠭᠡᠭᠡᠬᠦ ᠭᠠᠯ ᠤ᠋ᠨ ᠢᠯᠴᠢ ᠪᠠᠳᠬᠠᠨ ᠤ᠋ ᠭᠤᠷᠪᠠᠨ ᠵᠦᠢᠯ
ᠰᠢᠨᠵᠢᠬᠦᠶ᠎ᠡ ᠪᠡᠯᠭᠡ ᠴᠢᠨᠠᠷ ᠠᠳᠠᠯᠢᠬᠠᠨ ᠲᠤᠯᠠᠳᠠ
ᠰᠢᠩᠭᠡᠬᠦ ᠵᠠᠰᠠᠯ ᠡᠮ ᠦ᠋ᠨ ᠢᠯᠭᠠᠪᠤᠷᠢ   ᠶ᠋ᠢ ᠲᠠᠨᠢᠵᠤ
ᠰᠢᠪᠰᠢᠭ ᠪᠣᠯᠬᠤ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠤᠰᠤᠨ ᠬᠠᠪᠤᠩ ᠣᠣᠷ ※ ᠬᠢᠭᠡᠳ ᠰᠡᠯᠬᠦᠷᠡᠬᠦ ᠭᠤᠷᠪᠠᠨ ᠵᠦᠢᠯ
ᠤᠰᠤᠨ ᠠᠶᠠᠨ ᠴᠢᠪᠳᠠᠭᠰᠢᠬᠤ ᠠᠳᠠᠯᠢᠬᠠᠨ ᠲᠤᠯᠠᠳᠠ
ᠤᠴᠢᠷ ᠵᠦᠢᠯ ᠊ᠢ ᠢᠯᠭᠠᠮᠵᠢᠯᠠᠨ ᠲᠣᠲᠣᠷᠬᠠᠶ᠋ᠢᠯᠠᠨ ᠮᠡᠳᠡᠭᠡᠳ
ᠤᠰᠠᠳᠬᠠᠬᠤ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠳᠣᠲᠣᠭᠠᠳᠤ ᠴᠠᠩᠬ᠎ᠠ ᠬᠢᠭᠡᠳ ᠪᠠᠲᠠᠭᠢᠨ ᠤ᠋ ᠠᠶ᠋ᠢᠮᠠᠭ ᠦ᠋ᠳ
ᠳᠤᠬᠠᠶ᠋ᠢᠯᠠᠬᠤ ᠪᠡᠯᠭᠡ ᠴᠢᠨᠠᠷ ᠠᠳᠠᠯᠢᠬᠠᠨ ᠲᠤᠯᠠᠳᠠ
ᠲᠤᠰ ᠲᠤᠰ ᠤ᠋ᠨ ᠵᠠᠰᠠᠯ ᠦ᠋ᠳ ᠊ᠢ ᠢᠯᠭᠠᠮᠵᠢᠯᠠᠨ ᠦᠢᠯᠡᠳᠴᠦ
ᠲᠠᠰᠢᠶᠠᠷᠠᠬᠤ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠴᠢᠬᠢᠭ᠎ᠠ ᠬᠢᠭᠡᠳ ᠰᠦᠷᠢᠶ᠎ᠡ ᠪᠠ ᠬᠠᠭᠤᠴᠢᠨ ᠶᠠᠷ᠎ᠠ ᠭᠤᠷᠪᠠᠨ ᠵᠦᠢᠯ
ᠴᠢᠨᠠᠷ ᠬᠢᠭᠡᠳ ᠪᠠᠶ᠋ᠢᠲᠠᠯ ᠠᠨᠤ ᠠᠳᠠᠯᠢᠬᠠᠨ ᠲᠤᠯᠠᠳᠠ
ᠴᠢᠩᠭ᠎ᠠ ᠰᠤᠯᠠ ᠲᠤᠰ ᠲᠤᠰ ᠤ᠋ᠨ ᠵᠠᠰᠠᠯ ᠢ᠋ᠶ᠋ᠠᠷ ᠦᠢᠯᠡᠳᠴᠦ
ᠴᠢᠨᠠᠳᠤᠬᠢ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠳᠣᠲᠣᠷᠠᠬᠢ ᠶ᠋ᠢᠨ ᠡᠪᠡᠳᠴᠢᠨ ᠳ᠋ᠦ᠍ᠷ ᠰᠠᠭᠤᠯᠭᠠᠬᠤ ᠭᠤᠷᠪᠠᠨ ᠵᠦᠢᠯ
ᠲᠣᠬᠢᠶᠠᠯᠳᠤ ᠴᠢᠨᠠᠷ ᠢᠨᠤ ᠠᠳᠠᠯᠢᠬᠠᠨ ᠲᠤᠯᠠᠳᠠ
ᠲᠣᠭᠲᠠᠭᠠᠬᠤ ᠵᠠᠰᠠᠯ ᠠᠨᠤ ᠲᠤᠰ ᠲᠤᠰ ᠤ᠋ᠨ ᠥᠪᠡᠷ᠎ᠡ
ᠳᠤᠬᠠᠶ᠋ᠢᠯᠠᠬᠤ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠬᠥᠯ ᠦ᠋ᠨ ᠪᠠᠮ ᠪᠠ ᠲᠤᠯᠠᠢ ᠬᠢᠭᠡᠳ ᠬᠡᠷᠦᠯᠭᠡ ᠶ᠋ᠢᠨ ᠭᠤᠷᠪᠠᠨ ᠵᠦᠢᠯ
ᠬᠥᠳᠡᠯᠬᠦ ᠪᠠ ᠪᠡᠯᠭᠡ ᠴᠢᠨᠠᠷ ᠠᠳᠠᠯᠢᠬᠠᠨ ᠲᠤᠯᠠᠳᠠ
ᠬᠦᠴᠦᠨ ᠢ᠋ᠶ᠋ᠡᠷ ᠠᠷᠢᠯᠭᠠᠬᠤ ᠶ᠋ᠢᠨ ᠡᠷᠬᠢᠮ ᠵᠠᠰᠠᠯ ᠦᠢᠯᠡᠳᠴᠦ
ᠬᠥᠨᠥᠭᠡᠬᠦ ᠶ᠋ᠢᠨ ᠡᠨᠳᠡᠭᠦᠷᠡᠯ ᠊ᠢ ᠬᠢᠴᠢᠶᠡᠬᠦ ᠬᠡᠷᠡᠭᠲᠡᠢ᠃

ᠰᠣᠯᠢᠶᠠᠷᠠᠭᠰᠠᠨ ᠨᠣᠬᠠᠢ ᠶ᠋ᠢᠨ ᠬᠣᠣᠷ ᠊ᠢ ᠠᠷᠢᠯᠭᠠᠬᠤ ᠤᠪᠠᠳᠢᠰ
ᠰᠤᠳᠠᠯ ᠢ᠋ᠶ᠋ᠠᠷ ᠬᠥᠯᠭᠡᠯᠡᠨ ᠳᠣᠭᠣᠯᠭᠠᠪᠠᠯ ᠲᠤᠰᠠᠲᠠᠢ
ᠰᠣᠨᠣᠰᠳᠠᠬᠤ ᠴᠢᠮᠡᠭᠡ ᠶ᠋ᠢ ᠠᠯᠢ ᠰᠠᠶ᠋ᠢᠲᠤᠷ ᠲᠡᠪᠴᠢᠵᠦ
ᠰᠣᠴᠢᠨ ᠰᠠᠷᠢᠨ ᠠᠶᠤᠬᠤ ᠪᠠᠨ ᠬᠢᠴᠢᠶᠡᠪᠡᠯ ᠤᠰᠠᠳᠬᠤ᠃

ᠲᠦᠭᠡᠭᠡᠵᠦ ᠳᠡᠯᠭᠡᠷᠡᠭᠰᠡᠨ ᠬᠦᠷᠦᠯᠴᠡᠬᠦᠢ ᠶ᠋ᠢᠨ ᠬᠣᠣᠷ ᠲᠤᠷ
ᠲᠦᠭᠦᠬᠡᠢ ᠼᠠᠯᠭᠠᠷ ᠡᠷᠬᠢᠯᠡᠭᠰᠡᠨ ᠨᠠᠶ᠋ᠢᠷᠠᠯᠭ᠎ᠠ ᠶ᠋ᠢ ᠰᠢᠲᠦᠵᠦ
ᠲᠦᠷᠦᠭᠦᠯᠡᠨ ᠬᠡᠪᠲᠡᠬᠦ ᠪᠠ ᠤᠨᠲᠠᠬᠤ ᠪᠠᠨ ᠬᠢᠨᠠᠵᠤ
ᠲᠥᠪᠯᠡᠨ ᠠᠮᠤᠷ ᠰᠠᠭᠤᠪᠠᠰᠤ ᠲᠦᠷᠭᠡᠨ ᠢ᠋ᠶ᠋ᠡᠷ ᠠᠨᠠᠬᠤ᠃

ᠨᠠᠶ᠋ᠢᠷᠠᠭᠤᠯᠤᠨ ᠦᠢᠯᠡᠲᠦᠭᠰᠡᠨ ᠢᠳᠡᠭᠡᠨ ᠦ᠌ ᠬᠣᠣᠷ ᠪᠠ
ᠨᠠᠷᠢᠨ ᠪᠦᠳᠦᠭᠦᠨ ᠭᠡᠮᠡᠭᠲᠡᠬᠦ ᠲᠡᠷᠡ ᠵᠦᠢᠯ ᠦ᠋ᠨ ᠬᠣᠣᠷ ᠲᠤᠷ
ᠨᠠᠶ᠋ᠢᠷᠠᠯ ᠢ᠋ᠶ᠋ᠠᠷ ᠲᠡᠭᠦᠰᠦᠭᠰᠡᠨ ᠶᠡᠬᠡ ᠡᠮ ᠊ᠢ ᠰᠢᠲᠦᠭᠦᠯᠦᠭᠡᠳ
ᠨᠠᠷᠢᠪᠴᠢᠯᠠᠨ ᠬᠢᠨᠠᠪᠠᠰᠤ ᠵᠠᠰᠠᠬᠤᠢ ᠳ᠋ᠤᠷ ᠬᠢᠯᠪᠠᠷ ᠪᠣᠢ᠃

ᠲᠠᠪᠤᠨ ᠵᠦᠢᠯ ᠦ᠋ᠨ ᠬᠣᠣᠷ ᠭᠡᠮᠡᠨ ᠠᠯᠳᠠᠷᠰᠢᠭᠰᠠᠨ ᠨᠤᠭᠤᠳ ᠲᠤᠷ
ᠲᠠᠪᠤ ᠪᠦᠷᠢ ᠶ᠋ᠢᠨ ᠲᠤᠰ ᠲᠤᠰ ᠤ᠋ᠨ ᠵᠠᠰᠠᠯ ᠢ᠋ᠶ᠋ᠠᠷ ᠨᠣᠮᠯᠠᠵᠠᠢ
ᠲᠠᠪᠤᠨ ᠴᠥᠪ ᠦ᠋ᠨ ᠠᠮᠢᠲᠠᠨ ᠳ᠋ᠤᠷ ᠲᠡᠷᠡ ᠮᠡᠲᠦ ᠣᠯᠠᠨ ᠪᠣᠢ
ᠲᠡᠭᠦᠨ ᠮᠥᠷ ᠦ᠋ᠨ ᠦᠨᠳᠦᠰᠦᠨ ᠢ᠋ᠶ᠋ᠡᠷ ᠲᠣᠲᠣᠷᠬᠠᠶ᠋ᠢᠶ᠎ᠠ ᠨᠣᠮᠯᠠᠵᠠᠢ ᠃

ᠬᠥᠭᠵᠢᠭᠡᠬᠦ ᠮᠠᠬᠠᠪᠣᠳ ᠲᠤᠷ ᠳᠥᠷᠪᠡᠨ ᠰᠠᠢᠬᠠᠨ ᠲᠤᠩᠭᠠᠯᠠᠭ
ᠬᠦᠴᠦᠨ ᠰᠢᠮ᠎ᠡ ᠣᠷᠣᠭᠤᠯᠬᠤ ᠬᠦᠷᠡᠩ ᠰᠢᠷ᠎ᠠ ᠮᠡᠨᠡᠬᠡᠢ
ᠬᠦᠰᠡᠯ ᠊ᠢ ᠠᠷᠪᠢᠳᠬᠠᠭᠴᠢ ᠬᠥᠬᠡ ᠬᠠᠳᠠ ᠶ᠋ᠢᠨ ᠬᠦᠷᠪᠡᠯ
ᠬᠥᠭᠰᠢᠷᠡᠭᠰᠡᠨ ᠊ᠢ ᠲᠡᠵᠢᠭᠡᠬᠦ ᠲᠠᠪᠤᠨ ᠮᠥᠩᠬᠡ ᠷᠠᠰᠢᠶᠠᠨ᠃

ᠳᠥᠷᠪᠡᠨ ᠵᠠᠭᠤ ᠳᠥᠷᠪᠡᠨ ᠵᠦᠢᠯ ᠳ᠋ᠦ᠍ ᠡᠪᠡᠳᠴᠢᠨ ᠦ᠌ ᠶᠡᠷᠦᠨᠳᠡᠭ
ᠳᠥᠷᠪᠡᠨ ᠠᠶ᠋ᠢᠮᠠᠭ ᠦᠨᠳᠦᠰᠦᠨ ᠳ᠋ᠦ᠍ᠷ ᠲᠣᠲᠣᠷᠬᠠᠶ᠋ᠢᠶ᠎ᠠ ᠨᠣᠮᠯᠠᠵᠠᠢ
ᠳᠥᠷᠪᠡᠨ ᠴᠠᠭ ᠤ᠋ᠨ ᠮᠠᠬᠠᠪᠣᠳ ᠢ᠋ᠶ᠋ᠠᠷ ᠨᠡᠶ᠋ᠢᠯᠡᠯᠴᠡᠭᠰᠡᠨ ᠬᠣᠣᠷᠯᠠᠯ ᠊ᠢ
ᠳᠥᠷᠪᠡᠨ ᠵᠦᠢᠯ ᠦ᠋ᠨ ᠵᠠᠰᠠᠯ ᠢ᠋ᠶ᠋ᠠᠷ ᠡᠷᠬᠡᠪᠰᠢ ᠤᠰᠠᠳᠬᠠᠬᠤ᠃

ᠠᠩᠬᠠᠨ ᠡᠷᠲᠡ ᠶ᠋ᠢᠨ ᠨᠥᠬᠥᠴᠡᠯ ᠳ᠋ᠦ᠍ ᠨᠢᠭᠡ ᠵᠠᠭᠤᠨ ᠨᠢᠭᠡᠨ ᠵᠦᠢᠯ
ᠠᠳᠢᠰ ᠢ᠋ᠶ᠋ᠠᠷ ᠪᠠᠷᠢᠭᠳᠠᠭᠰᠠᠨ ᠨᠢᠭᠡ ᠵᠠᠭᠤᠨ ᠨᠢᠭᠡᠨ ᠵᠦᠢᠯ
ᠠᠮᠠᠷ ᠢ᠋ᠶ᠋ᠠᠷ ᠠᠨᠠᠭᠠᠬᠤ ᠨᠢᠭᠡ ᠵᠠᠭᠤᠨ ᠨᠢᠭᠡᠨ ᠵᠦᠢᠯ
ᠠᠯᠢᠨ ᠢ᠋ᠶ᠋ᠠᠷ ᠪᠡᠷᠬᠡᠳᠡᠬᠦ ᠨᠢᠭᠡ ᠵᠠᠭᠤᠨ ᠨᠢᠭᠡᠨ ᠵᠦᠢᠯ᠃

ᠨᠠᠰᠤᠨ ᠲᠤᠷᠰᠢ ᠣᠷᠣᠯᠳᠣᠭᠠᠳ ᠰᠤᠷᠴᠤ ᠡᠰᠡ ᠴᠢᠳᠠᠪᠠᠢ
ᠨᠠᠰᠤᠨ ᠮᠢᠨᠦ ᠥᠲᠡᠯᠦᠭᠡᠳ ᠮᠤᠨᠤᠬᠰᠢᠷᠠᠨ ᠳᠠᠭᠤᠰᠪᠠᠢ
ᠨᠠᠰᠤᠨ ᠲᠤᠷᠰᠢ ᠲᠥᠭᠡᠷᠢᠭᠰᠡᠨ ᠲᠤᠰᠠᠯᠠᠯᠳᠤ ᠡᠮᠴᠢ ᠪᠡᠷ
ᠨᠠᠶ᠋ᠢᠷᠠᠭᠤᠯᠤᠨ ᠭᠠᠷ ᠲᠤᠷ ᠠᠪᠴᠤ ᠮᠠᠲᠠᠭᠰᠠᠨ ᠊ᠢ ᠪᠢᠴᠢᠪᠡᠢ᠃

ᠨᠢᠰᠸᠠᠨᠢᠰ ᠤ᠋ᠨ ᠤᠷᠢᠨ ᠮᠤᠩᠬᠠᠭ ᠭᠤᠷᠪᠠᠨ ᠬᠣᠣᠷ ᠤ᠋ᠨ ᠡᠷᠬᠡ ᠪᠡᠷ
ᠨᠢᠭᠦᠯ ᠲᠦᠢᠳᠬᠡᠷ ᠠᠷᠪᠢᠳᠤᠭᠰᠠᠨ ᠪᠡᠶ᠎ᠡ ᠳ᠋ᠡᠭᠡᠨ ᠭᠤᠨᠢᠰᠴᠤ
ᠨᠡᠶ᠋ᠢᠯᠡᠭᠦᠯᠦᠨ ᠲᠥᠰᠦᠪᠯᠡᠵᠦ ᠰᠣᠯᠢᠶᠠᠷᠠᠨ ᠴᠠᠯᠴᠢᠵᠤ
ᠨᠢᠭᠡ ᠵᠠᠭᠤᠨ ᠲᠠᠪᠢᠨ ᠳᠥᠷᠪᠡᠨ ᠰᠢᠯᠦᠭ ᠪᠣᠯᠭᠠᠨ ᠪᠢᠴᠢᠪᠡᠢ᠃

ᠶᠡᠷᠦᠨᠳᠡᠭ ᠢ᠋ᠶ᠋ᠡᠷ ᠠᠨᠠᠭᠠᠬᠤ ᠶ᠋ᠢᠨ ᠡᠷᠬᠢᠮ ᠶᠡᠬᠡ ᠶᠣᠰᠣᠨ ᠊ᠢ
ᠶᠡᠷᠦ ᠴᠠᠭ ᠤ᠋ᠨ ᠮᠡᠳᠡᠬᠦᠢ ᠳ᠋ᠦ᠍ᠷ ᠬᠢᠯᠪᠠᠷ ᠭᠡᠮᠡᠨ ᠰᠠᠨᠠᠵᠤ
ᠶᠡᠷᠦᠩᠬᠡᠶ᠋ᠢᠯᠡᠨ ᠨᠢᠭᠡᠳᠬᠡᠵᠦ ᠰᠢᠯᠦᠭᠯᠡᠭᠰᠡᠨ ᠡᠭᠦᠨ ᠢ᠋ᠶ᠋ᠡᠷ
ᠶᠢᠷᠲᠢᠨᠴᠦ ᠳ᠋ᠦ᠍ᠷ ᠠᠮᠤᠷ ᠵᠢᠷᠭᠠᠯ ᠳᠡᠯᠭᠡᠷᠡᠬᠦ ᠪᠣᠯᠲᠤᠭᠠᠢ᠃

ᠡᠨᠡ ᠮᠡᠲᠦ ᠢᠷᠦᠭᠡᠭᠰᠡᠨ ᠲᠡᠷᠡ ᠪᠤᠶᠠᠨ ᠤ᠋ ᠬᠦᠴᠦᠨ ᠢ᠋ᠶ᠋ᠡᠷ
ᠡᠳᠦᠢ ᠡᠴᠡ ᠡᠬᠢᠯᠡᠭᠡᠳ ᠲᠥᠷᠥᠯ ᠲᠤᠲᠤᠮ ᠪᠦᠬᠦᠨ ᠳ᠋ᠦ᠍ᠷ
ᠡᠮᠭᠡᠨᠢᠬᠦ ᠵᠣᠪᠠᠯᠠᠩ ᠤ᠋ᠨ ᠡᠪᠡᠳᠴᠢᠨ ᠢ᠋ᠶ᠋ᠡᠷ ᠠᠷᠢᠯᠤᠨ
ᠡᠷᠬᠢᠮ ᠨᠣᠮ ᠤ᠋ᠨ ᠷᠠᠰᠢᠶᠠᠨ ᠊ᠢ ᠭᠦᠷᠲᠡᠭᠲᠡᠬᠦ ᠪᠣᠯᠲᠤᠭᠠᠢ᠃

ᠭᠤᠷᠪᠠᠨ ᠬᠣᠣᠷ ᠤ᠋ᠨ ᠡᠪᠡᠳᠴᠢᠨ ᠊ᠢ ᠠᠮᠤᠭᠤᠯᠤᠨ ᠳᠠᠷᠤᠭᠴᠢ
ᠭᠤᠷᠪᠠᠨ ᠴᠠᠭ ᠤ᠋ᠨ ᠢᠯᠠᠭᠤᠭᠰᠠᠨ ᠨᠠᠢ᠍ᠮᠠᠨ ᠰᠠᠶ᠋ᠢᠪᠠᠷ ᠣᠲᠣᠭᠰᠠᠳ
ᠭᠤᠷᠪᠠᠨ ᠴᠤᠬᠠᠭ ᠠᠪᠤᠷᠠᠯ ᠢ᠋ᠶ᠋ᠠᠷ ᠨᠢᠭᠦᠯᠡᠰᠦᠨ ᠲᠠᠲᠠᠵᠤ
ᠭᠤᠷᠪᠠᠨ ᠮᠠᠭᠤ ᠵᠠᠶᠠᠭᠠᠨ ※ ᠠ᠋ᠴᠠ ᠭᠡᠲᠦᠯᠭᠡᠬᠦ ᠪᠣᠯᠲᠤᠭᠠᠢ᠃

ᠡᠪᠡᠳᠴᠢᠨ ᠢᠲᠡᠭᠡᠵᠦ ᠡᠮᠭᠡᠭ ᠵᠣᠪᠠᠯ ᠤᠰᠠᠳᠤᠨ
ᠡᠲᠯᠡᠯ ᠲᠠᠸᠠᠷ ᠨᠡᠮᠡᠭᠲᠡᠵᠦ ᠡᠷᠬᠢᠮ ᠪᠤᠶᠠᠨ ᠳᠡᠯᠭᠡᠷᠡᠨ
ᠡᠶᠡᠪᠡᠷᠭᠦᠦ ᠬᠡᠷᠡᠭ ᠬᠦᠰᠡᠯ ᠨᠠᠰᠤᠨ ᠥᠯᠵᠡᠢ ᠨᠡᠮᠡᠭᠲᠡᠨ
ᠡᠴᠦᠰ ᠲᠡᠭᠡᠨ ᠸᠴᠢᠷᠲᠠᠷ᠎ᠠ ※ ᠶ᠋ᠢᠨ ᠬᠤᠲᠤᠭ ᠣᠯᠬᠤ ᠪᠣᠯᠲᠤᠭᠠᠢ᠃

ᠪᠣᠳᠣᠯ ᠮᠤᠩᠬᠠᠭ ᠳᠠᠨᠽᠠᠨᠸᠠᠩᠵᠢᠯ ᠪᠣᠯᠬᠢᠳᠠᠵᠤ ᠪᠢᠴᠢᠪᠡᠢ
ᠪᠣᠯᠬᠤ ᠪᠣᠯᠭᠦᠢ ᠬᠣᠶᠠᠷ ᠊ᠢ ᠬᠢᠨᠠᠮᠵᠢᠯᠠᠨ ᠲᠤᠩᠭᠠᠭᠲᠤᠨ
ᠪᠤᠰᠤ ᠬᠡᠯᠡᠨ ᠮᠠᠭᠤᠰᠢᠶᠠᠨ ᠤᠰᠠᠳᠬᠠᠬᠤ ᠶ᠋ᠢ ᠥᠷᠦᠰᠢᠶ᠎ᠡ
ᠪᠣᠳᠣᠵᠤ ᠪᠠᠶ᠋ᠢᠭᠠᠳ ᠪᠣᠯᠬᠤ ᠨᠢᠭᠡ ᠶ᠋ᠢ ᠬᠡᠷᠡᠭᠯᠡᠬᠦ ᠶ᠋ᠢ ᠬᠦᠰᠡᠪᠡᠢ ᠃
ᠣᠮ ᠰᠠᠷᠸ᠋᠎ᠠ ᠮᠠᠩᠭᠠᠯᠠᠩ ※ ( ᠥᠯᠵᠡᠢ ᠬᠤᠲᠤᠭ ᠤᠷᠤᠰᠢ )᠃

( ᠲᠠᠶ᠋ᠢᠯᠪᠤᠷᠢ )

ᠪᠯᠠᠮ᠎ᠠ — ᠯᠠᠮᠠ᠃
ᠪᠢᠳᠦᠷᠶ᠎ᠡ — ᠡᠷᠳᠡᠨᠢ ᠶ᠋ᠢᠨ ᠭᠡᠷᠡᠯ ᠲᠡᠭᠦᠰ᠃
ᠠᠷᠰᠢ — ᠲᠠᠪᠤᠨ ᠵᠠᠭᠤᠨ ᠲᠥᠷᠥᠯ ᠰᠣᠯᠢᠭᠳᠠᠲᠠᠯ᠎ᠠ ᠦᠨᠡᠨᠴᠢ ᠰᠢᠳᠤᠷᠭᠤ ᠶᠠᠪᠤᠵᠤ ᠪᠦᠲᠦᠭᠡᠯ ᠭᠠᠷᠭᠠᠭᠰᠠᠳ ᠊ᠢ ᠠᠷᠰᠢ ᠭᠡᠵᠦ ᠴᠣᠯᠠᠯᠠᠨ᠎ᠠ᠃
ᠨᠢᠰᠸᠠᠨᠢᠰ — ᠰᠢᠨᠤᠯ ᠳᠤᠷᠠᠯᠠᠯ ᠭᠡᠰᠡᠨ ᠤᠳᠬ᠎ᠠ ᠲᠠᠢ ᠃
ᠨᠠᠢ᠍ᠮᠠᠨ ᠰᠠᠶ᠋ᠢᠪᠠᠷ — ᠨᠠᠢ᠍ᠮᠠᠨ ᠣᠲᠠᠴᠢ ᠶ᠋ᠢ ᠵᠢᠭᠠᠵᠠᠢ᠃
ᠱᠠᠩᠯᠤᠩ ᠴᠣᠶ᠋ᠢᠵᠣᠩ — ᠡᠮ ᠦ᠋ᠨ ᠰᠠᠬᠢᠭᠤᠯᠰᠤᠨ ᠊ᠢ ᠬᠡᠯᠡᠨ᠎ᠡ᠃
ᠮᠠᠨᠪᠢ ᠵᠠᠯᠪᠤ — ᠡᠮᠴᠢ ᠶ᠋ᠢᠨ ᠬᠠᠭᠠᠨ ᠭᠡᠰᠡᠨ ᠦᠭᠡ᠃
ᠰᠣᠵᠢᠳ ᠱᠣᠨᠣ — ᠬᠥᠮᠦᠨ ᠦ᠌ ᠨᠡᠷ᠎ᠡ᠃
ᠰᠡᠴᠢᠭ — ᠴᠡᠴᠡᠭ ᠃
ᠲᠡᠮᠬᠡᠷᠡᠪᠡᠯ — ᠲᠡᠩᠬᠡᠷᠡᠪᠡᠯ᠃
ᠬᠠᠶᠠᠩᠬᠢᠷᠸ᠋᠎ᠠ — ᠪᠤᠷᠬᠠᠨ ᠤ᠋ ᠨᠡᠷ᠎ᠡ᠃
ᠨᠢᠩ ᠯᠦᠩ — ᠵᠢᠷᠦᠬᠡᠨ ᠬᠡᠢ ᠭᠡᠰᠡᠨ ᠦᠭᠡ᠃
ᠬᠣᠶᠠᠷ ᠭᠠᠷᠤᠳᠢ ᠶ᠋ᠢᠨ ᠠᠪᠢᠰᠢᠭ᠌ — ᠠᠯᠠᠭ ᠭᠠᠷᠤᠳᠢ ᠂ ᠬᠠᠷ᠎ᠠ ᠭᠠᠷᠤᠳᠢ ᠬᠡᠮᠡᠬᠦ ᠬᠣᠶᠠᠷ ᠪᠤᠷᠬᠠᠨ ᠤ᠋ ᠳᠠᠷᠤᠯᠭ᠎ᠠ ᠬᠢᠬᠦ ᠠᠷᠭ᠎ᠠ ᠤᠬᠢᠶᠠᠯ ᠊ᠢ ᠬᠡᠯᠡᠨ᠎ᠡ᠃
ᠰᠦᠯᠰᠦᠨ — ᠰᠥᠰᠥᠨ ᠃
ᠢᠷᠠᠮ — ᠭᠡᠳᠡᠰᠦᠨ ᠬᠠᠯᠳᠠᠪᠤᠷᠢᠲᠤ ᠡᠪᠡᠳᠴᠢᠨ ᠊ᠢ ᠣᠷᠳᠣᠰ ᠲᠤ᠌ ᠭᠡᠳᠡᠰᠦᠨ ᠢᠷᠠᠮ ᠭᠡᠵᠦ ᠬᠡᠯᠡᠳᠡᠭ ᠃
ᠬᠠᠪᠠᠷ — ᠬᠠᠮᠠᠷ᠃
ᠯᡁᠠᠮᠤ — ᠥᠬᠢᠨ ᠲᠩᠷᠢ ᠬᠡᠮᠡᠬᠦ ᠰᠠᠬᠢᠭᠤᠯᠰᠤᠨ ᠤ᠋ ᠨᠡᠷ᠎ᠡ᠃
ᠱ‍ᠢᠩᠷᠢ — ᠦᠬᠦᠭᠡᠷ ᠦ᠋ᠨ ᠡᠯᠢᠶ᠎ᠡ ᠴᠢᠳᠬᠥᠷ ᠃
ᠪᠤᠳ᠋ — ᠴᠢᠳᠬᠥᠷ ᠭᠡᠰᠡᠨ ᠦᠭᠡ ( ᠡᠨᠡᠳᠬᠡᠭ ᠭᠠᠷᠤᠯᠲᠠᠢ )᠃
ᠭᠦᠯᠭᠠᠬ — ᠬᠣᠭᠣᠯᠠᠢ ᠬᠠᠭᠠᠭᠳᠠᠬᠤ ᠃
ᠨᠠᠮᠪᠠᠢ — ᠨᠡᠮᠡᠭᠰᠡᠨ ᠃
ᠬᠠᠲᠤᠭᠲᠠᠢ — ᠡᠬᠡᠨᠡᠷ᠃
ᠵᠠᠨᠠᠭ ᠨᠠᠬᠪᠤ — ᠬᠢᠲᠠᠳ ᠤ᠋ᠨ ᠰᠠᠢᠨ ᠪᠡᠬᠡ᠃
ᠬᠣᠶ᠋ᠢᠲᠤ ᠡᠬᠡ — ᠬᠣᠶ᠋ᠢᠲᠤᠬᠢ ᠃
ᠴᠢᠮ᠎ᠠ ᠵᠦᠳ — ᠬᠣᠶ᠋ᠢᠲᠤ ᠦᠨᠳᠦᠰᠦ ᠃
ᠴᠢᠪᠳᠠᠭ ᠮᠠᠮᠤ — ᠦᠬᠦᠯ ᠦ᠋ᠨ ᠡᠵᠡᠨ᠂ ᠡᠭᠦᠨ ᠦ᠌ ᠴᠢᠪᠳᠠᠭ ᠭᠡᠰᠡᠨ ᠨᠢ ᠡᠪᠡᠳᠴᠢᠨ ᠦ᠌ ᠡᠵᠡᠨ᠂ ᠥᠬᠢᠨ ᠴᠢᠳᠬᠥᠷ ᠦ᠋ᠨ ᠨᠡᠷ᠎ᠡ᠃ ᠮᠠᠮᠤ ᠭᠡᠰᠡᠨ ᠨᠢ ᠠᠪᠢᠳᠠᠷᠮ᠎ᠠ ᠭᠡᠰᠡᠨ ᠦᠭᠡ᠃ ᠲᠡᠭᠦᠨ ᠊ᠢ ᠲᠣᠨᠢᠯᠭᠠᠬᠤ ᠳᠠᠷᠤᠯᠭ᠎ᠠ ᠶ᠋ᠢ ᠴᠢᠪᠳᠠᠭ ᠮᠠᠮᠤ ᠶ᠋ᠢᠨ ᠴᠢᠰᠤᠨ ᠵᠠᠰᠠᠯ ᠭᠡᠨ᠎ᠡ᠃
ᠣᠣᠷ — ᠰᠤᠪᠠᠭ ᠬᠠᠪᠤᠩ ( ᠠᠭᠠᠷᠴᠠᠭ ᠬᠠᠪᠤᠩ ᠭᠡᠵᠦ ᠪᠠᠰᠠ ᠬᠡᠯᠡᠳᠡᠭ )᠃
ᠭᠤᠷᠪᠠᠨ ᠮᠠᠭᠤ ᠵᠠᠶᠠᠭᠠᠨ — ᠠᠳᠤᠭᠤᠰᠤ ᠂ ᠪᠢᠷᠢᠳ᠂ ᠲᠠᠮᠤ ᠭᠤᠷᠪᠠ ᠳ᠋ᠤ᠌ ᠵᠠᠶᠠᠭᠠᠬᠤ ᠶ᠋ᠢ ᠬᠡᠯᠡᠨ᠎ᠡ᠃
ᠸᠴᠢᠷᠲᠠᠷ᠎ᠠ — ᠲᠠᠷᠨᠢ ᠶ᠋ᠢᠨ ᠶᠣᠰᠣᠨ ᠊ᠢ ᠨᠣᠮᠯᠠᠬᠤ ᠳ᠋ᠤ᠌ ᠱᠠᠬᠵᠠᠮᠤᠨᠢ ᠪᠤᠷᠬᠠᠨ ᠤ᠋ ᠬᠤᠪᠢᠯᠤᠭᠰᠠᠨ ᠳᠦᠷᠢ ᠶ᠋ᠢᠨ ᠨᠡᠷ᠎ᠡ᠃ ᠳᠠᠷᠤᠢ ᠡᠷᠬᠢᠮ ᠪᠣᠯᠤᠭᠴᠢ ᠪᠤᠷᠬᠠᠨ ᠤ᠋ ᠨᠡᠷ᠎ᠡ᠃
ᠣᠮ ᠰᠠᠷᠸ᠋᠎ᠠ ᠮᠠᠩᠭᠠᠯᠠᠩ — ᠪᠦᠭᠦᠳᠡ ᠡᠨᠡᠳᠬᠡᠭ ᠭᠠᠷᠤᠯᠲᠠᠢ ᠦᠭᠡ᠃ ᠣᠮ ᠭᠡᠰᠡᠨ ᠪᠣᠯ ᠲᠠᠷᠨᠢ ᠶ᠋ᠢᠨ ᠦᠭᠡᠨ ᠦ᠌ ᠡᠬᠢᠯᠡᠯᠲᠡ ᠳ᠋ᠦ᠍ ᠬᠡᠷᠡᠭᠯᠡᠳᠡᠭ ᠦᠭᠡ ᠪᠣᠯᠬᠤ ᠪᠥᠭᠡᠳ ᠰᠠᠷᠸ᠋᠎ᠠ ᠭᠡᠰᠡᠨ ᠪᠣᠯ ᠪᠦᠭᠦᠳᠡ ᠭᠡᠬᠦ ᠪᠤᠶᠤ ᠠᠯᠢᠪᠠ ᠭᠡᠰᠡᠨ ᠦᠭᠡ᠃ ᠮᠠᠩᠭᠠᠯᠠᠩ ᠭᠡᠰᠡᠨ ᠪᠣᠯ ᠥᠯᠵᠡᠢ ᠭᠡᠰᠡᠨ ᠦᠭᠡ᠃ ᠣᠳᠣ ᠣᠮ ᠰᠠᠷᠸ᠋᠎ᠠ ᠮᠠᠩᠭᠠᠯᠠᠩ ᠭᠡᠰᠡᠨ ᠦᠭᠡ ᠶ᠋ᠢ ᠥᠯᠵᠡᠢ ᠬᠤᠲᠤᠭ ᠤᠷᠤᠰᠢ ᠭᠡᠵᠦ ᠬᠡᠷᠡᠭᠯᠡᠵᠦ ᠪᠠᠶ᠋ᠢᠨ᠎ᠠ ᠃

   ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ
   ᠬᠢᠨᠠᠭᠰᠠᠨ ᠨᠢ᠄ ᠣᠤᠠᠬᠠᠨᠰᠤ᠎ᠠ᠂ ᠪᠠᠷᠰ