ᠭᠤᠷᠪᠠᠨ ᠰᠠᠬᠢᠭᠤᠰᠤ - ᠬᠡᠦᠬᠡᠳ ᠦᠨ ᠠᠮᠠᠨ ᠦᠯᠢᠭᠡᠷ Гурван сахиус -хүүхдийн аман үлгэр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠤᠷᠪᠠᠨ ᠰᠠᠬᠢᠭᠤᠰᠤ - ᠬᠡᠦᠬᠡᠳ ᠦᠨ ᠠᠮᠠᠨ ᠦᠯᠢᠭᠡᠷ Гурван сахиус -хүүхдийн аман үлгэр

ᠭᠤᠷᠪᠠᠨ ᠰᠠᠬᠢᠭᠤᠰᠤ - ᠬᠡᠦᠬᠡᠳ ᠦᠨ ᠠᠮᠠᠨ ᠦᠯᠢᠭᠡᠷ Гурван сахиус -хүүхдийн аман үлгэр

ᠠᠩᠭᠢᠯᠠᠯ:ᠳᠣᠮᠣᠭ ᠦᠯᠢᠭᠡᠷ
2023-06-11

493

ᠭᠤᠷᠪᠠᠨ ᠰᠠᠬᠢᠭᠤᠰᠤ

  ᠡᠷᠲᠡ ᠤᠷᠢᠳᠤ ᠶ᠋ᠢᠨ ᠴᠠᠭ ᠲᠤ᠌ ᠨᠢᠭᠡᠨ ᠵᠢᠭᠠᠯ ᠬᠦᠦ ᠬᠥᠭᠰᠢᠨ ᠯᠠᠮᠠ ᠪᠠᠭᠰᠢ ᠶ᠋ᠢᠨ ᠢ᠋ᠶ᠋ᠡᠨ ᠬᠠᠮᠲᠤ ᠠᠭᠤᠯᠠ ᠶ᠋ᠢᠨ ᠨᠢᠭᠡᠨ ᠰᠦᠮ᠎ᠡ ᠳ᠋ᠦ᠍ ᠰᠠᠭᠤᠳᠠᠭ ᠪᠠᠶ᠋ᠢᠵᠠᠢ ᠯᠠ ᠳᠠ! ᠰᠦᠮ᠎ᠡ ᠶ᠋ᠢᠨ ᠣᠶ᠋ᠢᠷᠠᠯᠴᠠᠭᠠᠬᠢ ᠣᠢ ᠬᠣᠰᠢ ᠮᠣᠳᠣ ᠶᠡᠬᠡᠲᠡᠢ ᠰᠠᠮᠤᠷ ᠨᠢ ᠪᠣᠯᠴᠢᠬᠠᠭᠠᠳ ᠮᠥᠴᠢᠷ ᠨᠢ ᠪᠣᠷᠭᠣᠴᠠᠢ ᠪᠠᠨ ᠳᠠᠭᠠᠭᠠᠵᠤ ᠶᠠᠳᠠᠨ ᠪᠠᠶ᠋ᠢᠯ᠎ᠠ ᠭᠡᠨ᠎ᠡ ᠰᠢᠦ! ᠲᠡᠷᠡ ᠡᠳᠦᠷ ᠵᠢᠭᠠᠯ ᠬᠥᠪᠡᠭᠦᠨ ᠪᠠᠭᠰᠢ ᠯᠠᠮᠠ ᠳ᠋ᠤ᠌ ᠪᠠᠨ ᠬᠠᠨᠳᠤᠵᠤ᠄ 《 ᠪᠠᠭᠰᠢ ᠠ᠋᠂ ᠪᠢ ᠣᠢ ᠤᠷᠤᠭᠤ ᠣᠷᠣᠵᠤ ᠰᠠᠮᠤᠷ ᠲᠡᠭᠦᠮᠡᠷ ᠪᠠᠶ᠋ᠢᠨ᠎ᠠ 》 ᠭᠡᠵᠦ ᠬᠡᠯᠡᠬᠦ ᠳ᠋ᠦ᠍ ᠪᠠᠭᠰᠢ ᠨᠢ᠄ 《 ᠪᠣᠯᠬᠤ ᠦᠭᠡᠢ᠂ ᠪᠣᠯᠬᠤ ᠦᠭᠡᠢ᠂ ᠣᠢ ᠳ᠋ᠤ᠌ ᠮᠠᠩᠭᠤᠰ ᠪᠠᠶ᠋ᠢᠪᠠᠯ ᠶᠠᠭᠠᠬᠢᠬᠤ ᠶᠤᠮ ᠪᠣᠢ! 》 ᠭᠡᠳ ᠬᠣᠷᠢᠭᠯᠠᠵᠤ ᠶᠠᠪᠤᠭᠤᠯᠤᠭᠰᠠᠨ ᠦᠭᠡᠢ ᠭᠡᠨ᠎ᠡ᠃ 《 ᠪᠠᠭᠰᠢ ᠠ᠋᠂ ᠰᠠᠮᠤᠷ ᠶᠣᠰᠣᠲᠠᠢ ᠰᠠᠢᠬᠠᠨ ᠪᠣᠯᠴᠢᠬᠠᠭᠰᠠᠨ ᠪᠠᠶ᠋ᠢᠨ᠎ᠠ ᠭᠡᠨ᠎ᠡ᠃ ᠲᠡᠭᠡᠭᠡᠳ ᠴᠦ᠍ ᠮᠠᠨ ᠤ᠋ ᠡᠨᠳᠡ ᠶᠠᠮᠠᠷ ᠮᠠᠩᠭᠤᠰ ᠪᠠᠶ᠋ᠢᠲᠠᠭ ᠦᠭᠡᠢ ᠯᠡ ᠭᠡᠳᠡᠭ ᠪᠢᠵᠡ ᠳᠡ! ᠨᠠᠮ᠎ᠠ ᠶ᠋ᠢ ᠶᠠᠪᠤᠭᠤᠯᠴᠢᠬ᠎ᠠ ᠯᠠ ᠳᠠ᠂ ᠪᠠᠭᠰᠢ ᠠ᠋ ! 》 ᠭᠡᠳ ᠱᠠᠪᠢ ᠨᠢ ᠪᠦᠷ ᠰᠠᠯᠬᠤ ᠶᠠᠩᠵᠤ ᠦᠭᠡᠢ ᠪᠣᠯᠬᠣᠷ ᠨᠢ ᠡᠪᠦᠭᠡᠨ ᠯᠠᠮᠠ ᠠᠷᠭ᠎ᠠ ᠦᠭᠡᠢ ᠶ᠋ᠢᠨ ᠡᠷᠬᠡᠨ ᠳ᠋ᠦ᠍ ᠵᠥᠪᠰᠢᠶᠡᠷᠡᠵᠦ᠄ 《 ᠵᠠ ᠵᠠ᠂ ᠶᠠᠭᠠᠬᠢᠶ᠎ᠠ ᠭᠡᠬᠦᠪ᠂ ᠴᠢ ᠴᠦ᠍ ᠰᠠᠨᠠᠭᠰᠠᠨ ᠢ᠋ᠶ᠋ᠠᠷ ᠢ᠋ᠶ᠋ᠠᠨ ᠵᠢᠳᠬᠦᠭᠡᠳ ᠰᠠᠯᠬᠤ ᠦᠭᠡᠢ ᠨᠢ ᠳᠡ᠂ ᠶᠠᠪᠤ ᠳᠠ᠂ ᠬᠠᠷᠢᠨ ᠴᠢ ᠣᠢ ᠶ᠋ᠢᠨ ᠭᠦᠨ ᠤᠷᠤᠭᠤ ᠪᠢᠲᠡᠭᠡᠢ ᠣᠷᠣᠭᠠᠷᠠᠢ! ᠶᠠᠭᠤᠮ᠎ᠠ ᠶ᠋ᠢ ᠶᠠᠭᠠᠬᠢᠵᠤ ᠮᠡᠳᠡᠬᠦᠪ ᠂ ᠱᠠᠪᠢ ᠮᠢᠨᠢ ᠡᠨᠡ ᠭᠤᠷᠪᠠᠨ ᠰᠠᠬᠢᠭᠤᠰᠤ ᠶ᠋ᠢ ᠠᠪᠤᠭᠠᠳ ᠶᠠᠪᠤ᠂ ᠴᠢᠮ᠎ᠠ ᠳ᠋ᠤ᠌ ᠲᠤᠰᠠ ᠪᠣᠯᠵᠤ ᠮᠠᠭᠠᠳ ᠦᠭᠡᠢ 》 ᠭᠡᠵᠦ ᠪᠠᠭᠰᠢ ᠨᠢ ᠬᠡᠯᠡᠭᠡᠳ ᠲᠠᠷᠨᠢ ᠰᠢᠪᠰᠢᠵᠦ ᠰᠢᠩᠭᠡᠭᠡᠭᠰᠡᠨ ᠭᠤᠷᠪᠠᠨ ᠰᠠᠬᠢᠭᠤᠰᠤ ᠥᠭᠴᠦ ᠵᠢᠭᠠᠯᠬᠠᠨ ᠱᠠᠪᠢ ᠶ᠋ᠢ ᠪᠡᠨ ᠰᠠᠮᠤᠷ ᠲᠤ᠌ ᠶᠠᠪᠤᠭᠤᠯᠵᠠᠢ᠃
ᠨᠠᠯᠠᠭᠠᠷ ᠨᠠᠮᠤᠷ ᠤ᠋ᠨ ᠰᠢᠷᠭᠠᠯ ᠣᠢ ᠳ᠋ᠤ᠌ ᠮᠥᠩᠬᠡ ᠨᠣᠭᠣᠭᠠᠨ ᠢ᠋ᠶ᠋ᠠᠷ ᠢ᠋ᠶ᠋ᠠᠨ ᠪᠠᠶ᠋ᠢᠲᠠᠭ ᠬᠣᠰᠢ ᠮᠣᠳᠣᠳ ᠡᠨᠳᠡ ᠲᠡᠨᠳᠡ ᠦᠭᠡᠢ ᠯᠦᠭᠯᠦᠶ᠋ᠢᠵᠦ ᠮᠥᠴᠢᠷ ᠭᠡᠰᠢᠭᠦᠳ ᠨᠢ ᠵᠥᠭᠡᠯᠡᠨ ᠰᠠᠯᠬᠢᠨ ᠳ᠋ᠤ᠌ ᠭᠠᠩᠬᠤᠬᠤ ᠲᠡᠳᠦᠢ ᠳ᠋ᠦ᠍ ᠨᠢ ᠲᠣᠮᠣ ᠲᠣᠮᠣ ᠪᠣᠷᠭᠣᠴᠠᠢ ᠨᠤᠭᠤᠳ ᠫᠣᠳ ᠫᠣᠳ ᠬᠢᠭᠰᠡᠨ ᠴᠢᠮᠡᠭᠡ ᠭᠠᠷᠭᠠᠨ ᠤᠨᠠᠭᠠᠳ ᠯᠠ ᠬᠥᠯ ᠢ᠋ᠶ᠋ᠡᠷ ᠨᠢᠭᠡ ᠬᠥᠭᠯᠡᠷᠡᠵᠦ ᠪᠠᠶ᠋ᠢᠬᠤ ᠶᠤᠮ ᠭᠡᠨ᠎ᠡ᠃ ᠪᠠᠶᠠᠷᠯᠠᠵᠤ ᠬᠥᠭᠡᠷᠦᠭᠰᠡᠨ ᠬᠥᠪᠡᠭᠦᠨ ᠰᠠᠮᠤᠷ ᠲᠡᠭᠦᠵᠦ ᠡᠬᠢᠯᠡᠯ᠎ᠡ᠃ ᠰᠠᠮᠤᠷ ᠢ᠋ᠶ᠋ᠠᠨ ᠲᠡᠭᠦᠭᠰᠡᠭᠡᠷ ᠰᠡᠭᠦᠯ ᠳ᠋ᠦ᠍ ᠪᠡᠨ ᠪᠦᠷ ᠬᠠᠮᠤᠭ ᠤ᠋ᠨ ᠲᠣᠮᠣ ᠪᠣᠷᠭᠣᠴᠠᠢ ᠶ᠋ᠢ ᠨᠢ ᠰᠢᠯᠢᠵᠦ ᠬᠣᠷᠮᠣᠶ᠋ᠢᠯᠠᠭᠰᠠᠭᠠᠷ ᠨᠢᠭᠡ ᠮᠠᠲᠠᠭᠰᠠᠨ ᠴᠢᠨᠢ ᠡᠪᠦᠭᠡᠨ ᠪᠠᠭᠰᠢ ᠶ᠋ᠢᠨ ᠢ᠋ᠶ᠋ᠡᠨ ᠵᠠᠬᠢᠭᠰᠠᠨ ᠊ᠢ ᠮᠠᠷᠲᠠᠴᠢᠬᠠᠭᠠᠳ ᠣᠢ ᠶ᠋ᠢᠨ ᠭᠦᠨ ᠳ᠋ᠦ᠍ ᠬᠦᠷᠴᠢᠬᠡᠭᠰᠡᠨ ᠪᠠᠶ᠋ᠢᠯ᠎ᠠ ᠃ ᠲᠡᠭᠡᠲᠡᠯ᠎ᠡ ᠶᠠᠭ ᠬᠠᠵᠠᠭᠤ ᠳ᠋ᠤ᠌ ᠨᠢ᠄ 《 ᠯᠠᠮᠠ ᠭᠤᠸᠠᠢ! 》 ᠭᠡᠬᠦ ᠳᠠᠭᠤ ᠭᠠᠷᠬᠤ ᠳ᠋ᠤ᠌ ᠨᠢ ᠬᠥᠪᠡᠭᠦᠨ ᠰᠣᠴᠢᠨ ᠠᠩᠬᠠᠷᠪᠠᠯ ᠰᠠᠢᠬᠠᠨ ᠬᠤᠪᠴᠠᠰᠤᠯᠠᠭᠰᠠᠨ ᠨᠢᠳᠦᠨ ᠳ᠋ᠦ᠍ ᠳᠤᠯᠠᠭᠠᠬᠠᠨ ᠨᠢᠭᠡᠨ ᠡᠮᠡᠭᠡᠨ ᠵᠣᠭᠰᠣᠵᠤ ᠪᠠᠶ᠋ᠢᠬᠤ ᠶᠤᠮ ᠭᠡᠨ᠎ᠡ᠃ 《 ᠵᠢᠭᠠᠯᠬᠠᠨ ᠯᠠᠮᠠ ᠭᠤᠸᠠᠢ᠂ ᠦᠭᠡᠢ ᠲᠠ ᠴᠢᠨᠢ ᠠᠭᠤᠯᠠ ᠶ᠋ᠢᠨ ᠰᠦᠮ᠎ᠡ ᠶ᠋ᠢᠨ ᠡᠪᠦᠭᠡᠨ ᠯᠠᠮᠠ ᠶ᠋ᠢᠨ ᠱᠠᠪᠢ ᠰᠢᠪ ᠳᠡ ! 》 《 ᠲᠡᠶ᠋ᠢᠮᠦ ᠠ᠋᠂ ᠲᠡᠶ᠋ᠢᠮᠦ ᠂ ᠪᠢ ᠰᠠᠮᠤᠷ ᠲᠡᠭᠦᠵᠦ ᠶᠠᠪᠤᠭᠠᠳ ᠨᠢᠭᠡ ᠮᠠᠲᠠᠭᠰᠠᠨ ᠡᠨᠳᠡ ᠢᠷᠡᠴᠢᠬᠡᠵᠡᠢ᠃ 》 《 ᠡᠪᠡᠢ! ᠡᠪᠡᠢ᠂ ᠵᠢᠭᠠᠯᠬᠠᠨ ᠯᠠᠮᠠ ᠮᠢᠨᠢ ᠲᠠ ᠴᠤ᠌ ᠶᠡᠬᠡ ᠬᠣᠯᠠ ᠶᠠᠪᠤᠴᠢᠬᠠᠭᠰᠠᠨ ᠶᠠᠳᠠᠷᠠᠭᠰᠠᠨ ᠪᠠᠶ᠋ᠢᠨ᠎ᠠ ᠳᠠ ! ᠮᠠᠨ ᠤ᠋ ᠳ᠋ᠤ᠌ ᠣᠷᠣᠵᠤ ᠴᠠᠢ ᠤᠤᠭᠤᠵᠤ ᠠᠩᠭᠠᠭ᠎ᠠ ᠪᠠᠨ ᠭᠠᠷᠭ᠎ᠠ ᠳᠠ ! ᠡᠨᠡ ᠬᠠᠪᠢ ᠶ᠋ᠢᠨ ᠲᠣᠮᠣ ᠪᠣᠷᠭᠣᠴᠠᠢ ᠨᠤᠭᠤᠳ ᠊ᠢ ᠪᠢ ᠴᠤᠭᠯᠠᠭᠤᠯᠤᠭᠠᠳ ᠭᠡᠷ ᠲᠦ᠍ ᠪᠡᠨ ᠬᠤᠷᠢᠶᠠᠴᠢᠬᠠᠭᠰᠠᠨ ᠶᠤᠮ ᠯᠠ ᠳᠠ ! ᠪᠢ ᠴᠢᠮ᠎ᠠ ᠳ᠋ᠤ᠌ ᠣᠴᠢᠬᠤ ᠶᠤᠮ ᠪᠣᠯ ᠰᠠᠮᠤᠷ ᠬᠠᠭᠤᠷᠴᠤ ᠥᠭᠭᠦᠨ᠎ᠡ᠃ ᠬᠠᠭᠤᠷᠤᠭᠰᠠᠨ ᠰᠠᠮᠤᠷ ᠮᠥᠨ ᠴᠦ᠍ ᠠᠮᠲᠠᠲᠠᠢ ᠳᠠ! 》 ᠭᠡᠵᠦ ᠬᠡᠯᠡᠯ᠎ᠡ ᠭᠡᠨ᠎ᠡ ᠰᠢᠦ! ᠬᠣᠷᠣᠬᠠᠢ ᠨᠢ ᠬᠦᠷᠦᠭᠰᠡᠨ ᠵᠢᠭᠠᠯ ᠬᠦᠦ ᠰᠠᠢᠬᠠᠨ ᠠᠭᠠᠰᠢᠲᠠᠢ ᠡᠮᠡᠭᠡᠨ ᠊ᠢ ᠳᠠᠭᠠᠭᠠᠳ ᠭᠡᠷ ᠲᠦ᠍ ᠨᠢ ᠣᠴᠢᠯ᠎ᠠ᠃ ᠡᠮᠡᠭᠡᠨ ᠴᠦ᠍ ᠬᠡᠯᠡᠭᠰᠡᠨ ᠳ᠋ᠦ᠍ ᠪᠡᠨ ᠬᠦᠷᠴᠦ᠂ ᠲᠣᠮᠣ ᠲᠣᠮᠣ ᠰᠠᠮᠤᠷ ᠬᠠᠭᠤᠷᠴᠤ ᠥᠭᠭᠦᠯ᠎ᠡ ᠭᠡᠨ᠎ᠡ᠃ ᠵᠢᠭᠠᠯ ᠬᠦᠦ ᠴᠦ᠍ ᠴᠣᠬᠣᠮ ᠯᠠ ᠳᠡᠭᠡᠳᠦ ᠤᠷᠤᠭᠤᠯ ᠳ᠋ᠤ᠌ ᠪᠠᠨ ᠬᠦᠷᠭᠡᠯ   ᠦᠭᠡᠢ᠂ ᠳᠡᠷᠭᠡᠳᠡᠬᠢ ᠬᠥᠮᠦᠨ ᠳ᠋ᠦ᠍ ᠪᠡᠨ ᠠᠮᠰᠠᠭᠤᠯᠤᠯ   ᠦᠭᠡᠢ᠂ ᠬᠠᠴᠢᠨ ᠰᠠᠢᠬᠠᠨ ᠠᠮᠲᠠᠲᠠᠢ ᠰᠠᠮᠤᠷ ᠊ᠢ ᠬᠠᠨᠲᠠᠯ᠎ᠠ ᠪᠠᠨ ᠴᠠᠳᠲᠠᠯ᠎ᠠ ᠪᠠᠨ ᠢᠳᠡᠵᠡᠢ ᠭᠡᠨ᠎ᠡ᠃ ᠲᠡᠭᠡᠲᠡᠯ᠎ᠡ ᠨᠢ ᠥᠪᠡᠷ ᠦ᠋ᠨ ᠡᠷᠬᠡ ᠦᠭᠡᠢ ᠠᠨᠢᠯᠳᠤᠭᠠᠳ ᠢᠷᠡᠯ᠎ᠡ᠃ 《 ᠵᠠ ᠬᠦᠦ ᠮᠢᠨᠢ᠂ ᠰᠠᠢᠬᠠᠨ ᠤᠨᠲᠠ ᠳᠠ ! 》 ᠭᠡᠬᠦ ᠡᠮᠡᠭᠡᠨ ᠦ᠌ ᠳᠠᠭᠤ ᠶ᠋ᠢ ᠳᠠᠮ ᠲᠣᠮ ᠰᠣᠨᠣᠰᠤᠭᠠᠳ ᠥᠪᠡᠷ ᠦ᠋ᠨ ᠡᠷᠬᠡ ᠦᠭᠡᠢ ᠤᠨᠲᠠᠴᠢᠬᠠᠵᠠᠢ᠃ ᠵᠢᠭᠠᠯ ᠬᠦᠦ ᠬᠡᠴᠢᠨᠡᠭᠡᠨ ᠤᠨᠲᠠᠭᠰᠠᠨ ᠢ᠋ᠶ᠋ᠠᠨ ᠴᠤ᠌ ᠮᠠᠲᠠᠭᠰᠠᠨ ᠦᠭᠡᠢ ᠨᠣᠶ᠋ᠢᠷ ᠤ᠋ᠨ ᠳᠤᠮᠳᠠ ᠨᠢ ᠪᠣᠷᠣᠭ᠎ᠠ ᠣᠷᠣᠭᠠᠳ ᠴᠤ᠌ ᠪᠠᠶ᠋ᠢᠬᠤ ᠰᠢᠬ᠃ ᠠᠷᠠᠢ ᠭᠡᠵᠦ ᠰᠡᠷᠡᠭᠡᠳ ᠴᠢᠩᠨᠠᠪᠠᠯ ᠪᠣᠷᠣᠭ᠎ᠠ ᠨᠠᠮᠳᠠᠴᠢᠬᠠᠭᠰᠠᠨ᠂ ᠪᠠᠷᠤᠭ ᠣᠶ᠋ᠢᠷᠠᠯᠴᠠᠭ᠎ᠠ ᠨᠢ ᠳᠤᠰᠤᠭᠠᠯ ᠳᠤᠰᠤᠬᠤ ᠴᠢᠮᠡᠭᠡ ᠰᠣᠨᠣᠰᠤᠭᠳᠠᠵᠤ ᠪᠠᠶ᠋ᠢᠯ᠎ᠠ᠃ 《 ᠲᠣᠷᠮᠣᠭᠣᠷ ᠨᠢᠳᠦ ᠪᠡᠨ ᠬᠤᠷᠳᠤᠬᠠᠨ ᠨᠡᠭᠡᠭᠡᠭᠡᠳ ᠨᠥᠭᠥᠭᠡ ᠡᠮᠡᠭᠡᠨ ᠢ᠋ᠶ᠋ᠡᠨ ᠰᠡᠮᠬᠡᠨ ᠬᠠᠷᠠ ᠳᠠ ! 》 ᠭᠡᠳ ᠪᠣᠷᠣᠭᠠᠨ ᠤ᠋ ᠳᠤᠰᠤᠯ ᠰᠢᠪᠡᠨᠡᠵᠦ ᠪᠠᠶ᠋ᠢᠨ᠎ᠠ ᠭᠡᠨ᠎ᠡ᠃ ᠡᠭᠦᠨ ᠊ᠢ ᠰᠣᠨᠣᠰᠤᠭᠠᠳ ᠬᠥᠪᠡᠭᠦᠨ ᠦ᠌ ᠨᠣᠶ᠋ᠢᠷ ᠨᠢ ᠪᠦᠷ ᠰᠡᠷᠭᠦᠵᠦ ᠡᠮᠡᠭᠡᠨ ᠦ᠌ ᠵᠦᠭ ᠰᠡᠮᠬᠡᠨ ᠬᠠᠷᠠᠪᠠᠯ ᠨᠥᠭᠥᠭᠡ ᠡᠮᠡᠭᠡᠨ ᠴᠢᠨᠢ ᠲᠣᠯᠣᠭᠠᠢ ᠳᠡᠭᠡᠷ᠎ᠡ ᠨᠢ ᠬᠣᠶᠠᠷ ᠲᠣᠮᠣ ᠡᠪᠡᠷ ᠰᠡᠷᠡᠶ᠋ᠢᠵᠦ ᠂ ᠴᠢᠬᠢ ᠪᠡᠨ ᠬᠦᠷᠦᠭᠰᠡᠨ ᠳᠠᠷᠪᠠᠭᠠᠷ ᠲᠣᠮᠣ ᠠᠮᠠᠨ ᠳ᠋ᠤ᠌ ᠨᠢ ᠠᠷᠠᠭ᠎ᠠ ᠰᠢᠳᠦ ᠨᠢ ᠢᠷᠵᠠᠶ᠋ᠢᠵᠤ ᠬᠠᠪᠢᠷᠤᠯᠳᠤᠭᠠᠳ ᠯᠠ 《 ᠰᠠᠮᠤᠷ ᠢ᠋ᠶ᠋ᠠᠷ ᠢ᠋ᠶ᠋ᠠᠨ ᠠᠮᠲᠠ ᠣᠷᠣᠭᠤᠯᠤᠭᠰᠠᠨ ᠵᠢᠭᠠᠬᠠᠨ ᠯᠠᠮᠠ ᠪᠠᠨ ᠣᠳᠣᠬᠠᠨ ᠢᠳᠡᠨ᠎ᠡ ᠳᠡ 》 ᠭᠡᠳ ᠯᠡ ᠲᠥᠭᠡ ᠬᠢᠷᠢ ᠲᠡᠢ ᠤᠷᠲᠤ ᠤᠯᠠᠭᠠᠨ ᠬᠡᠯᠡ ᠪᠡᠨ ᠤᠨᠵᠢᠭᠤᠯᠤᠨ ᠰᠢᠯᠦᠰᠦ ᠪᠡᠨ ᠰᠠᠪᠢᠷᠠᠭᠤᠯᠵᠤ ᠰᠠᠭᠤᠨ᠎ᠠ ᠭᠡᠨ᠎ᠡ ᠰᠢᠦ! ᠵᠢᠭᠠᠯ ᠬᠦᠦ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠭᠰᠠᠨ ᠪᠣᠯᠪᠠᠴᠤ ᠶᠠᠭᠠᠬᠢᠵᠤ ᠡᠶ᠋ᠢᠭᠡᠳ ᠯᠡ ᠡᠨᠳᠡ ᠡᠴᠡ ᠳᠠᠷᠤᠶ᠋ᠢᠬᠠᠨ ᠵᠢᠭᠤᠲᠠᠬᠤ ᠬᠡᠷᠡᠭᠲᠡᠢ ᠭᠡᠵᠦ ᠪᠣᠳᠣᠯ᠎ᠠ ᠃ ᠲᠡᠭᠡᠭᠰᠡᠨ ᠢ᠋ᠶ᠋ᠡᠨ ᠨᠢᠭᠡᠨ ᠠᠷᠭ᠎ᠠ ᠣᠯᠵᠤ ᠶᠡᠬᠡ ᠯᠡ ᠲᠠᠶ᠋ᠢᠪᠤᠭᠤᠨ ᠢ᠋ᠶ᠋ᠠᠷ ᠄ 《 ᠡᠮᠡᠭᠡ ᠠ᠋ ! ᠪᠢ ᠬᠠᠯᠠᠭᠤᠴᠠᠭᠠᠳ ᠠᠭᠤᠷᠰᠢᠴᠢᠬᠠᠬᠤ ᠭᠡᠳ ᠪᠠᠶ᠋ᠢᠨ᠎ᠠ 》 ᠭᠡᠵᠦ ᠬᠡᠯᠡᠬᠦ ᠳ᠋ᠦ᠍ ᠨᠢ ᠮᠠᠩᠭᠤᠰ ᠶᠡᠬᠡ ᠯᠡ ᠭᠠᠶ᠋ᠢᠬᠠᠭᠠᠳ 《 ᠶᠠᠭᠤ ᠭᠡᠨ᠎ᠡ? ᠠᠭᠤᠷᠰᠢᠬᠤ ᠭᠡᠳᠡᠭ ᠴᠢᠨᠢ ᠠᠯᠠᠭ᠎ᠠ ᠪᠣᠯᠤᠨ᠎ᠠ ᠭᠡᠰᠡᠨ ᠦᠭᠡ ‍ᠦᠦ ? ᠵᠠ ᠲᠡᠭᠡᠬᠦᠯᠡᠷ᠂ ᠬᠦᠦ ᠮᠢᠨᠢ ᠣᠳᠣ ᠶᠠᠭᠠᠬᠢᠳᠠᠭ ᠶᠤᠮ ᠪᠢᠯᠡ? 》 ᠭᠡᠵᠦ ᠠᠰᠠᠭᠤᠬᠤ ᠳ᠋ᠤ᠌ ᠨᠢ ᠬᠦᠦ᠄ 《 ᠪᠢ ᠲᠦᠷᠭᠡᠬᠡᠨ ᠰᠡᠷᠢᠭᠦᠴᠡᠭᠡᠳ ᠢᠷᠡᠪᠡᠯ ᠵᠦᠭᠡᠷ ᠪᠣᠯᠤᠨ᠎ᠠ ᠳᠠ 》 ᠭᠡᠵᠦ ᠬᠡᠯᠡᠬᠦ ᠳ᠋ᠦ᠍ ᠮᠠᠩᠭᠤᠰ᠄ 《 ᠵᠠ ᠲᠡᠭᠡᠪᠡᠯ ᠡᠨᠡ ᠡᠭᠦᠳᠡᠨ ᠳ᠋ᠦ᠍ ᠬᠤᠳᠳᠤᠭ ᠪᠠᠶ᠋ᠢᠭ᠎ᠠ᠂ ᠬᠤᠳᠳᠤᠭ ᠤ᠋ᠨ ᠫᠦᠨᠵᠡᠨ ᠳᠣᠲᠣᠷ᠎ᠠ ᠶᠡᠬᠡ ᠰᠡᠷᠢᠭᠦᠬᠡᠨ᠂ ᠴᠢ ᠲᠦᠷᠭᠡᠬᠡᠨ ᠲᠡᠨᠳᠡ ᠣᠷᠣᠭᠠᠳ ᠰᠡᠷᠢᠭᠦᠴᠡᠭᠡᠳ ᠭᠠᠷᠤᠭᠠᠳ ᠢᠷ᠎ᠡ! ᠠ ᠬᠠᠷᠢᠨ ᠴᠢ ᠵᠢᠭᠤᠲᠠᠴᠢᠬᠠᠶ᠎ᠠ ᠭᠡᠵᠦ ᠪᠣᠳᠣᠵᠤ ᠪᠠᠶ᠋ᠢᠭ᠎ᠠ ᠪᠣᠯ ᠰᠠᠨᠠᠭᠰᠠᠨ ᠤ᠋ ᠴᠢᠨᠢ ᠭᠠᠷᠤᠵᠠ ᠰᠢᠦ ᠳᠡ ! 》 ᠭᠡᠵᠦ ᠬᠡᠯᠡᠭᠡᠳ ᠬᠦᠦ ᠶ᠋ᠢᠨ ᠪᠡᠯᠬᠡᠭᠦᠰᠦ ᠪᠡᠷ ᠣᠯᠣᠰᠣ ᠪᠠᠷ ᠤᠶᠠᠭᠠᠳ ᠬᠦᠦ ᠶ᠋ᠢ ᠬᠤᠳᠳᠤᠭ ᠤ᠋ᠨ ᠢ᠋ᠶ᠋ᠠᠨ ᠫᠦᠨᠵᠡ ᠤᠷᠤᠭᠤ ᠣᠷᠣᠭᠤᠯᠤᠯ᠎ᠠ᠃ ᠬᠦᠦ ᠬᠤᠳᠳᠤᠭ ᠲᠤ᠌ ᠣᠷᠣᠩᠭᠤᠲᠠ ᠤᠶᠠᠭ᠎ᠠ ᠪᠠᠨ ᠲᠠᠶ᠋ᠢᠯᠵᠤ ᠣᠯᠣᠰᠣᠨ ᠤ᠋ ᠦᠵᠦᠭᠦᠷ ᠲᠦ᠍ ᠯᠠᠮᠠ ᠪᠠᠭᠰᠢ ᠶ᠋ᠢᠨ ᠢ᠋ᠶ᠋ᠡᠨ ᠦᠭᠭᠦᠭᠰᠡᠨ ᠰᠠᠬᠢᠭᠤᠰᠤ ᠶ᠋ᠢ ᠤᠶᠠᠵᠤ 《 ᠵᠠ ᠴᠢ ᠮᠢᠨᠦ ᠡᠮᠦᠨ᠎ᠡ ᠡᠴᠡ ᠮᠠᠩᠭᠤᠰ ᠲᠤ᠌ ᠬᠠᠷᠢᠭᠤᠯᠤᠭᠠᠳ ᠪᠠᠶ᠋ᠢᠭᠠᠷᠠᠢ ! 》 ᠭᠡᠵᠦ ᠭᠤᠶᠤᠭᠠᠳ ᠰᠠᠬᠢᠭᠤᠰᠤ ᠪᠠᠨ ᠫᠦᠨᠵᠡᠨ ᠦ᠌ ᠮᠣᠳᠣᠨ ᠳ᠋ᠤ᠌ ᠬᠠᠪᠴᠢᠭᠤᠯᠤᠭᠠᠳ ᠥᠪᠡᠷ ᠢ᠋ᠶ᠋ᠡᠨ ᠰᠡᠮᠬᠡᠨ ᠭᠠᠷᠴᠤ ᠲᠡᠨᠳᠡ ᠡᠴᠡ ᠬᠠᠷ᠎ᠠ ᠬᠤᠷᠳᠤ ᠪᠠᠷ ᠢ᠋ᠶ᠋ᠠᠨ ᠵᠢᠭᠤᠲᠠᠯ᠎ᠠ᠃ ᠮᠠᠩᠭᠤᠰ ᠬᠦᠦ ᠶ᠋ᠢ ᠨᠡᠯᠢᠶᠡᠳ ᠬᠦᠯᠢᠶᠡᠯ᠎ᠡ᠃ ᠫᠦᠨᠵᠡᠨ ᠡᠴᠡ ᠶᠡᠷᠦ ᠴᠢᠮᠡᠭᠡ ᠭᠠᠷᠬᠤ ᠦᠭᠡᠢ ᠪᠠᠶ᠋ᠢᠬᠤ ᠪᠠᠷ ᠨᠢ ᠮᠠᠩᠭᠤᠰ ᠣᠯᠣᠰᠣᠨ ᠤ᠋ ᠪᠠᠨ ᠦᠵᠦᠭᠦᠷ ᠡᠴᠡ ᠲᠡᠳᠡᠨ ᠤᠭᠵᠠᠷᠠᠵᠤ 《 ᠬᠠᠢ! ᠮᠠᠭᠤ ᠵᠤᠯᠪᠤᠰᠬ᠎ᠠ ᠴᠢ ᠶᠠᠭᠠᠬᠢᠭᠠᠳ ᠤᠳᠠᠭᠠᠳ ᠪᠠᠶ᠋ᠢᠨ᠎ᠠ? 》 ᠭᠡᠵᠦ ᠬᠡᠯᠡᠬᠦ ᠳ᠋ᠦ᠍ ᠬᠦᠦ ᠶ᠋ᠢᠨ ᠡᠮᠦᠨ᠎ᠡ ᠡᠴᠡ ᠰᠠᠬᠢᠭᠤᠰᠤ ᠨᠢ 《 ᠬᠠᠲᠤᠭᠲᠠᠢ ᠲᠠ ᠲᠠᠶ᠋ᠢᠪᠤᠰᠢᠷᠠ! ᠪᠢ ᠣᠳᠣᠬᠠᠨ ᠰᠡᠷᠢᠭᠦᠴᠡᠴᠢᠬᠡᠭᠡᠳ ᠭᠠᠷᠤᠭᠠᠳ ᠣᠴᠢᠶ᠎ᠠ! 》 ᠭᠡᠵᠦ ᠬᠠᠷᠢᠭᠤᠯᠤᠯ᠎ᠠ᠃ ᠮᠠᠩᠭᠤᠰ ᠤᠴᠢᠷ ᠠᠯᠳᠠᠭᠠᠳ ᠤᠬᠤᠰᠬᠢᠨ ᠬᠠᠷᠠᠶ᠋ᠢᠵᠤ
ᠬᠤᠳᠳᠤᠭ ᠤᠷᠤᠭᠤ ᠣᠷᠣᠪᠠᠯ ᠬᠦᠦ ᠠᠯᠠᠭ᠎ᠠ! ᠬᠠᠷᠢᠨ ᠣᠯᠣᠰᠣᠨ ᠤ᠋ ᠬᠢᠨᠢ ᠦᠵᠦᠭᠦᠷ ᠲᠦ᠍ ᠤᠶᠠᠭᠠᠲᠠᠢ ᠰᠠᠬᠢᠭᠤᠰᠤ᠄ 《 ᠬᠠᠲᠤᠭᠲᠠᠢ ᠲᠠ ᠲᠠᠶ᠋ᠢᠪᠤᠰᠢᠷᠠ! ᠪᠢ ᠪᠠᠶ᠋ᠢᠵᠤ ᠯᠠ ᠪᠠᠶ᠋ᠢᠨ᠎ᠠ 》 ᠭᠡᠵᠦ ᠥᠭᠦᠯᠡᠭᠰᠡᠭᠡᠷ ᠪᠠᠶ᠋ᠢᠨ᠎ᠠ ᠭᠡᠨ᠎ᠡ᠃ 《 ᠠ᠂ ᠮᠠᠭᠤ ᠵᠤᠯᠪᠤᠰᠬ᠎ᠠ ᠴᠢ ᠨᠠᠮ᠎ᠠ ᠶ᠋ᠢ ᠢᠩᠭᠢᠵᠦ ᠮᠡᠬᠡᠯᠡᠳᠡᠭ ᠪᠠᠶ᠋ᠢᠨ᠎ᠠ ᠰᠢᠦ! 》 ᠭᠡᠵᠦ ᠮᠠᠩᠭᠤᠰ ᠬᠠᠰᠬᠢᠷᠤᠭᠠᠳ ᠬᠦᠦ ᠶ᠋ᠢᠨ ᠬᠣᠶ᠋ᠢᠨ᠎ᠠ ᠠ᠋ᠴᠠ ᠡᠯᠳᠡᠯ᠎ᠡ᠃ ᠬᠥᠭᠡᠭᠡᠭᠰᠡᠭᠡᠷ ᠬᠥᠭᠡᠭᠡᠭᠰᠡᠭᠡᠷ ᠭᠦᠢᠴᠡᠵᠦ ᠣᠴᠢᠭᠠᠳ ᠤᠷᠲᠤ ᠭᠠᠷ ᠢ᠋ᠶ᠋ᠠᠨ ᠰᠤᠩᠭᠠᠨ ᠵᠢᠭᠠᠯ ᠬᠦᠦ ᠶ᠋ᠢᠨ ᠬᠦᠵᠦᠭᠦᠨ ᠳᠡᠭᠡᠷ᠎ᠡ ᠡᠴᠡ ᠬᠠᠷᠢᠭᠤ ᠦᠭᠡᠢ ᠪᠠᠷᠢᠭᠠᠳ ᠠᠪᠳᠠᠭ ᠤ᠋ᠨ ᠳᠠᠪᠠᠭᠠᠨ ᠳᠡᠭᠡᠷ᠎ᠡ ᠬᠦᠦ᠄ 《 ᠰᠠᠬᠢᠭᠤᠰᠤ ᠮᠢᠨᠢ! ᠮᠠᠩᠭᠤᠰ ᠤ᠋ᠨ ᠵᠠᠮ ᠳ᠋ᠤ᠌ ᠡᠯᠡᠰᠦᠨ ᠮᠠᠩᠬᠠᠨ ᠪᠣᠯᠤᠭᠠᠷᠠᠢ! 》 ᠭᠡᠵᠦ ᠬᠡᠯᠡᠭᠡᠳ ᠰᠠᠬᠢᠭᠤᠰᠤ ᠪᠠᠨ ᠰᠢᠳᠡᠬᠦ ᠳ᠋ᠦ᠍ ᠥᠨᠳᠥᠷ ᠡᠯᠡᠰᠦᠨ ᠮᠠᠩᠬᠠᠨ ᠪᠣᠯᠵᠤ ᠮᠠᠩᠭᠤᠰ ᠤ᠋ᠨ ᠵᠠᠮ ᠳ᠋ᠤ᠌ ᠨᠢ ᠰᠠᠳᠠᠭ᠎ᠠ ᠪᠣᠯᠤᠯ᠎ᠠ᠃ ᠮᠠᠩᠭᠤᠰ ᠡᠯᠡᠰᠦᠨ ᠮᠠᠩᠬᠠᠨ ᠤᠷᠤᠭᠤ ᠠᠪᠠᠷᠢᠵᠤ ᠪᠤᠴᠠᠵᠤ ᠡᠯᠡᠰᠦ ᠲᠡᠢ ᠪᠡᠨ ᠨᠤᠷᠠᠵᠤ ᠤᠨᠠᠭᠰᠠᠭᠠᠷ ᠪᠠᠶ᠋ᠢᠬᠤ ᠵᠠᠭᠤᠷ᠎ᠠ ᠬᠦᠦ ᠨᠡᠯᠢᠶᠡᠳ ᠬᠣᠯᠠᠳᠠᠵᠤ ᠠᠮᠵᠢᠯ᠎ᠠ᠃ ᠮᠠᠩᠭᠤᠰ ᠡᠯᠡᠰᠦᠨ ᠮᠠᠩᠬᠠᠨ ᠊ᠢ ᠭᠠᠷᠤᠭᠠᠳ ᠢᠷᠡᠬᠦ ᠶ᠋ᠢᠨ ᠲᠡᠪᠴᠢ ᠬᠦᠦ ᠶ᠋ᠢᠨ ᠬᠣᠶ᠋ᠢᠨ᠎ᠠ ᠠ᠋ᠴᠠ ᠤᠯᠠᠮ ᠬᠤᠷᠳᠤᠯᠠᠨ ᠬᠥᠭᠡᠭᠡᠯ᠎ᠡ᠃ ᠬᠥᠭᠡᠭᠡᠭᠰᠡᠭᠡᠷ ᠮᠥᠨ ᠳᠥᠭᠥᠭᠡᠳ ᠢᠷᠡᠬᠦ ᠳ᠋ᠦ᠍ ᠨᠢ ᠬᠦᠦ ᠦᠯᠡᠲᠡᠭᠰᠡᠨ ᠭᠠᠭᠴᠠ ᠰᠠᠬᠢᠭᠤᠰᠤ ᠪᠠᠨ ᠠᠪᠤᠭᠠᠳ᠄ 《 ᠰᠠᠬᠢᠭᠤᠰᠤ ᠮᠢᠨᠢ! ᠮᠠᠩᠭᠤᠰ ᠤ᠋ᠨ ᠵᠠᠮ ᠳ᠋ᠤ᠌ ᠶᠡᠬᠡ ᠤᠰᠤ ᠪᠣᠯᠵᠤ ᠰᠠᠭᠠᠳ ᠪᠣᠯᠤᠭᠠᠷᠠᠢ! 》 ᠭᠡᠵᠦ ᠬᠡᠯᠡᠭᠡᠳ ᠴᠢᠯᠠᠭᠤᠳᠠᠴᠢᠬᠠᠯ᠎ᠠ ᠃ ᠲᠡᠷᠡ ᠨᠢ ᠬᠥᠯ ᠠᠯᠳᠠᠬᠤ ᠪᠠᠷ ᠶᠡᠬᠡ ᠤᠰᠤ ᠪᠣᠯᠵᠤ ᠮᠠᠩᠭᠤᠰ ᠲᠡᠷᠡ ᠶᠡᠬᠡ ᠤᠰᠤ ᠶ᠋ᠢ ᠭᠠᠲᠤᠯᠬᠤ ᠭᠡᠵᠦ ᠨᠡᠯᠢᠶᠡᠳ ᠶᠠᠳᠠᠵᠤ ᠪᠠᠶ᠋ᠢᠬᠤ ᠵᠠᠭᠤᠷ᠎ᠠ ᠬᠦᠦ ᠰᠦᠮ᠎ᠡ ᠳ᠋ᠦ᠍ ᠪᠡᠨ ᠢᠷᠡᠭᠡᠳ ᠪᠠᠭᠰᠢ ᠳ᠋ᠤ᠌ ᠪᠠᠨ ᠢᠩᠭᠢᠵᠦ ᠬᠡᠯᠡᠯ᠎ᠡ᠃ 《 ᠪᠠᠭᠰᠢ ᠠ᠋! ᠪᠠᠭᠰᠢ ᠠ᠋! ᠠᠮᠢ ᠶ᠋ᠢ ᠮᠢᠨᠢ ᠠᠪᠤᠷᠠᠭᠠᠷᠠᠢ! ᠮᠠᠩᠭᠤᠰ ᠠᠷᠤ ᠠ᠋ᠴᠠ ᠬᠥᠭᠡᠭᠡᠵᠦ ᠶᠠᠪᠤᠨ᠎ᠠ! 》 ᠭᠡᠵᠦ ᠠᠮᠢᠰᠬᠤᠭᠠᠳᠠᠨ ᠬᠡᠯᠡᠯ᠎ᠡ᠃ ᠪᠠᠭᠰᠢ ᠱᠠᠪᠢ ᠶ᠋ᠢ ᠪᠡᠨ ᠨᠢᠭᠤᠭᠠᠳ ᠪᠢᠩ ᠬᠠᠭᠠᠷᠢᠵᠤ ᠪᠠᠶ᠋ᠢᠬᠰᠠᠨ ᠵᠤᠤᠬᠠᠨ ᠳ᠋ᠤ᠌ ᠪᠠᠨ ᠭᠠᠯ ᠨᠡᠮᠡᠨ ᠰᠠᠭᠤᠲᠠᠯ᠎ᠠ ᠠᠭᠠᠬᠢᠯᠠᠵᠤ ᠠᠮᠢᠰᠬᠤᠭᠠᠳᠠᠭᠰᠠᠨ ᠮᠠᠩᠭᠤᠰ ᠣᠷᠣᠵᠤ ᠢᠷᠡᠭᠡᠳ᠄ 《 ᠠ ᠬᠠ ᠱᠠᠪᠢ ᠴᠢᠨᠢ ᠬᠠᠮᠢᠭ᠎ᠠ ᠪᠠᠶ᠋ᠢᠨ᠎ᠠ? ᠨᠠᠮ᠎ᠠ ᠶ᠋ᠢ ᠴᠢᠳᠠᠴᠢᠬᠠᠭᠠᠳ ᠵᠢᠭᠤᠲᠠᠴᠢᠬᠠᠳᠠᠭ ᠪᠠᠶ᠋ᠢᠨ᠎ᠠ ᠰᠢᠦ! 》 ᠭᠡᠵᠦ ᠬᠠᠰᠬᠢᠷᠤᠯ᠎ᠠ᠃ ᠯᠠᠮᠠᠳᠠᠨ ᠬᠠᠷᠢᠭᠤ ᠳ᠋ᠤ᠌ ᠨᠢ ᠰᠠᠢᠳᠠᠨ ᠣᠢ ᠳ᠋ᠤ᠌ ᠶᠠᠪᠤᠵᠤ ᠰᠠᠮᠤᠷ ᠲᠡᠭᠦᠶ᠎ᠡ ᠭᠡᠳ ᠯᠡ ᠶᠠᠪᠤᠭᠰᠠᠨ ᠰᠢᠦ ᠳᠡ᠂ ᠡᠷᠭᠢᠵᠦ ᠢᠷᠡᠭᠡ ᠦᠭᠡᠢ ᠯᠡ ᠪᠠᠶ᠋ᠢᠨ᠎ᠠ ᠃ 》 ᠭᠡᠳ ᠵᠢᠱ᠌ᠢᠮ᠎ᠡ ᠴᠦ᠍ ᠦᠭᠡᠢ ᠪᠢᠩ ᠢ᠋ᠶ᠋ᠡᠨ ᠬᠠᠭᠠᠷᠢᠵᠤ ᠭᠠᠯ ᠢ᠋ᠶ᠋ᠠᠨ ᠨᠡᠮᠡᠭᠰᠡᠭᠡᠷ ᠰᠠᠭᠤᠯ᠎ᠠ᠃ 《 ᠴᠢ ᠮᠠᠭᠤ ᠪᠢᠲᠡᠭᠡᠢ ᠬᠤᠳᠠᠯ ᠬᠡᠯᠡ᠂ ᠱᠠᠪᠢ ᠴᠢᠨᠢ ᠮᠢᠨᠦ ᠬᠠᠮᠤᠭ ᠰᠠᠮᠤᠷ ᠊ᠢ ᠢᠳᠡᠴᠢᠬᠡᠭᠡᠳ ᠨᠠᠮ᠎ᠠ ᠶ᠋ᠢ ᠬᠠᠭᠤᠷᠤᠭᠠᠳ ᠵᠢᠭᠤᠲᠠᠴᠢᠬᠠᠭᠰᠠᠨ᠃ ᠭᠠᠶ᠋ᠢᠭᠤᠢ ᠴᠢᠮ᠎ᠠ ᠶ᠋ᠢ ᠳᠡ! 》 ᠭᠡᠵᠦ ᠮᠠᠩᠭᠤᠰ ᠰᠠᠨᠠᠯ ᠲᠠᠢ ᠬᠠᠰᠬᠢᠷᠤᠭᠰᠠᠨ ᠢ᠋ᠶ᠋ᠠᠨ ᠡᠪᠦᠭᠡᠨ ᠯᠠᠮᠠ ᠶ᠋ᠢᠨ ᠬᠠᠭᠠᠷᠢᠵᠤ ᠪᠠᠶ᠋ᠢᠬᠰᠠᠨ ᠬᠠᠯᠠᠭᠤᠨ ᠪᠢᠩ ᠊ᠢ ᠬᠠᠷᠠᠭᠠᠳ ᠬᠣᠷᠣᠬᠠᠢ ᠨᠢ ᠬᠦᠷᠴᠦ ᠠᠷᠠᠭᠠᠨ ᠤ᠋ ᠬᠢᠨᠢ ᠰᠢᠯᠦᠰᠦ ᠠᠰᠬᠠᠷᠠᠯ᠎ᠠ᠃ ᠲᠡᠭᠡᠭᠡᠳ ᠯᠠᠮᠠ ᠳ᠋ᠤ᠌ ᠬᠠᠨᠳᠤᠵᠤ᠄ 《 ᠵᠠ ᠴᠢ ᠨᠠᠭᠠᠳᠤ ᠪᠢᠩ ᠡᠴᠡ ᠪᠡᠨ ᠨᠠᠳᠠ ᠳ᠋ᠤ᠌ ᠥᠭ! 》 ᠭᠡᠵᠦ ᠱᠠᠭᠠᠷᠳᠠᠯ᠎ᠠ᠃ ᠲᠡᠭᠡᠬᠦ ᠳ᠋ᠦ᠍ ᠨᠢ ᠯᠠᠮᠠ ᠬᠡᠰᠡᠭ ᠪᠢᠩ ᠠᠪᠤᠭᠠᠳ ᠦᠭᠲᠡᠯ᠎ᠡ ᠮᠠᠩᠭᠤᠰ ᠠᠮᠲᠠ ᠶ᠋ᠢ ᠨᠢ ᠴᠦ᠍ ᠠᠪᠤᠯ ᠦᠭᠡᠢ ᠰᠢᠭᠤᠳ ᠵᠠᠯᠭᠢᠯᠠᠴᠢᠬᠠᠭᠠᠳ ᠪᠠᠰᠠ ᠳᠠᠬᠢᠭᠠᠳ ᠨᠡᠬᠡᠯ᠎ᠡ᠃ ᠡᠨᠡ ᠦᠶ᠎ᠡ ᠳ᠋ᠦ᠍ ᠯᠠᠮᠠ ᠶᠡᠬᠡ ᠯᠡ ᠳᠠᠭᠠᠵᠢᠩ ᠲᠠᠢ ᠵᠤᠤᠮᠠᠯᠵᠠᠭᠰᠠᠨ ᠢ᠋ᠶ᠋ᠠᠨ᠄ 《 ᠲᠡᠭᠡ! ᠥᠭᠴᠦ ᠪᠣᠯᠤᠯ ᠦᠭᠡᠢ ᠶᠠᠭᠠᠬᠢᠬᠤ ᠪᠣᠢ! ᠬᠠᠷᠢᠨ ᠲᠡᠭᠡᠬᠦ ᠳ᠋ᠦ᠍ ᠪᠡᠨ ᠬᠠᠷᠢᠭᠤ ᠳ᠋ᠤ᠌ ᠨᠢ ᠨᠢᠭᠡ ᠵᠢᠭᠠᠬᠠᠨ ᠶᠠᠭᠤᠮ᠎ᠠ ᠭᠤᠶᠤᠪᠠᠯ ᠪᠣᠯᠭᠠᠭᠰᠠᠨ ᠪᠣᠯᠪᠠ ‍ᠤᠤ? 》 《 ᠵᠠ ᠶᠠᠭᠤ ᠭᠤᠶᠤᠬᠤ ᠭᠡᠵᠦ ᠪᠠᠶ᠋ᠢᠭ᠎ᠠ ᠪᠣᠢ? ᠲᠦᠷᠭᠡᠨ ᠬᠡᠯᠡ ᠯᠠᠮᠠᠳᠠᠨ ᠮᠢᠨᠢ! 》 《 ᠬᠡ᠂ ᠶᠠᠯᠢᠬᠤ ᠦᠭᠡᠢ ᠶᠠᠭᠤᠮ᠎ᠠ ᠯᠠ ᠳᠠ! ᠲᠠᠨ ᠊ᠢ ᠪᠡᠶ᠎ᠡ ᠪᠡᠨ ᠶᠡᠬᠡ ᠲᠣᠮᠣ ᠪᠣᠯᠭᠠᠵᠤ ᠴᠢᠳᠠᠳᠠᠭ ᠂ ᠠ ᠪᠠᠰᠠ ᠥᠴᠦᠬᠡᠨ ᠵᠢᠭᠠᠬᠠᠨ ᠴᠤ᠌ ᠪᠣᠯᠵᠤ ᠴᠢᠳᠠᠳᠠᠭ ᠭᠡᠯᠴᠡᠬᠦ ᠶᠦ᠍ᠮ ᠪᠢᠯᠡ᠃ ᠲᠠ ᠲᠡᠷᠡ ᠷᠢᠳᠢ ᠰᠢᠳᠢ ᠪᠡᠨ ᠨᠠᠳᠠ ᠳ᠋ᠤ᠌ ᠦᠵᠡᠭᠦᠯᠬᠦ ᠶᠦ᠍ᠮ ᠪᠣᠯ ᠪᠢ ᠪᠦᠬᠦ ᠪᠢᠩ ᠢ᠋ᠶ᠋ᠡᠨ ᠲᠠᠨ ᠳ᠋ᠤ᠌ ᠥᠭᠬᠦ ᠳ᠋ᠦ᠍ ᠪᠡᠯᠡᠨ ᠪᠠᠶ᠋ᠢᠨ᠎ᠠ ᠯᠠ ᠳᠠ! 》 ᠭᠡᠵᠦ ᠯᠠᠮᠠ ᠶ᠋ᠢ ᠳᠥᠩᠭᠡᠵᠢ ᠬᠡᠯᠡᠲᠡᠯ᠎ᠡ ᠪᠢᠩ ᠳ᠋ᠦ᠍ ᠬᠣᠷᠣᠬᠠᠶ᠋ᠢᠲᠤᠭᠰᠠᠨ ᠮᠠᠩᠭᠤᠰ ᠶᠡᠬᠡ ᠯᠡ ᠶᠠᠭᠠᠷᠠᠨ 《 ᠵᠠ᠂ ᠲᠡᠷᠡ ᠪᠣᠯᠣᠯᠭᠦᠢ ᠳᠡ! ᠴᠢᠨᠦ ᠬᠡᠯᠡᠭᠰᠡᠨ ᠢ᠋ᠶ᠋ᠡᠷ ᠪᠢ ᠬᠤᠪᠢᠷᠠᠵᠤ ᠴᠢᠳᠠᠨ᠎ᠠ ᠠ᠋᠂ ᠴᠢᠳᠠᠨ᠎ᠠ! 》 ᠭᠡᠵᠦ ᠠᠮᠠ ᠠᠯᠳᠠᠵᠠᠢ ᠃ ᠲᠡᠭᠡᠬᠦ ᠳ᠋ᠦ᠍ ᠨᠢ ᠡᠪᠦᠭᠡᠨ ᠯᠠᠮᠠ᠄ 《 ᠵᠠ ᠬᠦ᠌ ᠂ ᠲᠡᠭᠡᠪᠡᠯ ᠲᠠᠨ ᠊ᠢ ᠬᠢᠷᠢ ᠲᠣᠮᠣ ᠪᠣᠯᠳᠠᠭ ᠊ᠢ ᠣᠳᠣ ᠦᠵᠡᠶ᠎ᠡ ᠯᠡ ᠳᠡ! 》 ᠭᠡᠵᠦ ᠬᠡᠯᠡᠭᠡᠳ 《 ᠥᠨᠳᠥᠷ ᠪᠣᠯᠤᠭᠠᠷᠠᠢ! ᠥᠨᠳᠥᠷ ᠪᠣᠯᠤᠭᠠᠷᠠᠢ! ᠠ᠋ ᠬᠡ᠂ ᠥᠰᠢ! ᠤᠯᠠᠮ ᠥᠨᠳᠥᠷ ᠪᠣᠯᠤᠭᠠᠷᠠᠢ! 》 ᠭᠡᠳ ᠯᠡ ᠳᠠᠭᠤᠯᠠᠵᠤ ᠠᠯᠠᠭ᠎ᠠ ᠪᠠᠨ ᠲᠠᠰᠢᠭᠠᠳ ᠪᠠᠶ᠋ᠢᠵᠠᠢ ᠭᠡᠨ᠎ᠡ᠃ ᠮᠠᠩᠭᠤᠰ ᠲᠡᠷᠡ ᠳᠣᠣᠷ᠎ᠠ ᠪᠠᠨ ᠲᠣᠮᠣᠷᠠᠨ ᠲᠣᠮᠣᠷᠠᠭᠰᠠᠭᠠᠷ ᠲᠣᠯᠣᠭᠠᠢ ᠨᠢ ᠲᠠᠭᠠᠵᠠᠨ ᠳ᠋ᠤ᠌ ᠲᠤᠯᠵᠤ ᠲᠡᠭᠡᠭᠰᠡᠨ ᠢ᠋ᠶ᠋ᠡᠨ ᠬᠦᠵᠦᠭᠦᠦ ᠴᠡᠭᠡᠵᠢ ᠨᠢ ᠡᠪᠬᠡᠷᠡᠨ ᠨᠤᠭᠤᠷᠠᠵᠤ ᠳᠣᠭᠣᠭᠰᠢᠯᠠᠭᠰᠠᠭᠠᠷ ᠡᠷᠡᠦ ᠪᠡᠷ ᠢ᠋ᠶ᠋ᠡᠨ ᠱᠠᠯᠠᠨ ᠳ᠋ᠤ᠌ ᠬᠦᠷᠴᠦ ᠰᠤᠨᠤᠭᠠᠳ ᠯᠠ ᠤᠯᠠᠮ ᠲᠣᠮᠣᠷᠠᠭᠠᠳ ᠪᠠᠶ᠋ᠢᠵᠠᠢ ᠭᠡᠨ᠎ᠡ᠃ ᠲᠡᠭᠡᠬᠦᠯᠡᠷ ᠡᠪᠦᠭᠡᠨ ᠯᠠᠮᠠ᠄ 《 ᠵᠠ ᠣᠳᠣ ᠪᠠᠭᠠᠰᠤᠭᠠᠷᠠᠢ! ᠮᠠᠩᠭᠤᠰ ᠮᠢᠨᠢ ᠪᠠᠭᠠᠰᠤᠭᠠᠷᠠᠢ! ᠤᠬᠠᠶ᠋ᠢᠰ ᠳᠠ ! ᠣᠳᠣ ᠵᠢᠵᠢᠭᠬᠡᠨ ᠪᠡᠶ᠎ᠡ ᠲᠡᠢ ᠪᠣᠯᠤᠭᠠᠷᠠᠢ! ᠠ᠋ ᠬᠡᠩ — 》 ᠭᠡᠳ ᠯᠡ ᠠᠯᠠᠭ᠎ᠠ ᠪᠠᠨ ᠲᠡᠰᠢᠵᠦ ᠭᠠᠷᠴᠠᠢ᠃ ᠮᠠᠩᠭᠤᠰ ᠤ᠋ᠨ ᠠᠪᠤᠷᠭᠤ ᠲᠣᠮᠣ ᠪᠡᠶ᠎ᠡ ᠲᠡᠷᠡ ᠳᠣᠣᠷ᠎ᠠ ᠪᠠᠨ ᠵᠢᠵᠢᠭᠷᠡᠵᠦ ᠤᠯᠠᠮ ᠪᠦᠷ ᠪᠠᠭᠠᠰᠤᠭᠰᠠᠭᠠᠷ ᠱᠣᠰᠢ ᠶ᠋ᠢᠨ ᠬᠠᠲᠠᠭᠰᠠᠨ ᠦᠷ᠎ᠡ ᠰᠢᠭ ᠥᠴᠦᠬᠡᠨ ᠵᠢᠭᠠᠬᠠᠨ ᠪᠣᠯᠵᠠᠢ ᠭᠡᠨ᠎ᠡ᠃ ᠲᠡᠭᠡᠬᠦᠯᠡᠷ ᠨᠢ ᠡᠪᠦᠭᠡᠨ ᠯᠠᠮᠠ ᠨᠢᠳᠦ ᠢᠷᠮᠡᠬᠦ ᠶ᠋ᠢᠨ ᠵᠠᠭᠤᠷ᠎ᠠ ᠰᠢᠭᠦᠷᠡᠵᠦ ᠠᠪᠤᠭᠠᠳ ᠵᠤᠤᠬᠠᠨ ᠳ᠋ᠠᠬᠢ ᠭᠠᠯ ᠳᠣᠲᠣᠷ᠎ᠠ ᠪᠠᠨ ᠬᠠᠶᠠᠲᠠᠯ᠎ᠠ ᠮᠠᠩᠭᠤᠰ ᠲᠡᠷᠡ ᠳᠣᠣᠷᠠᠬᠠᠨ ᠢ᠋ᠶ᠋ᠠᠨ ᠵᠣᠷᠭᠣᠳᠠᠰᠤ ᠰᠢᠬ ᠰᠢᠲᠠᠵᠤ ᠦᠭᠡᠢ ᠪᠣᠯᠵᠠᠢ ᠭᠡᠨ᠎ᠡ᠃ ᠠᠶᠤᠯᠲᠤ ᠮᠠᠩᠭᠤᠰ ᠊ᠢ ᠠᠷᠭ᠎ᠠ ᠤᠬᠠᠭᠠᠨ ᠢ᠋ᠶ᠋ᠠᠷ ᠢ᠋ᠶ᠋ᠠᠨ ᠳᠠᠷᠤᠵᠤ ᠤᠰᠠᠳᠬᠠᠭᠰᠠᠨ ᠡᠪᠦᠭᠡᠨ ᠯᠠᠮᠠ ᠱᠠᠪᠢ ᠪᠠᠨ ᠨᠢᠭᠤᠭᠰᠠᠨ ᠭᠠᠵᠠᠷ ᠠ᠋ᠴᠠ ᠪᠠᠨ ᠭᠠᠷᠭᠠᠵᠤ ᠢᠷᠡᠯ᠎ᠡ᠃ ᠵᠢᠭᠠᠯᠬᠠᠨ ᠱᠠᠪᠢ ᠨᠢ ᠪᠠᠭᠰᠢ ᠳ᠋ᠤ᠌ ᠪᠠᠨ ᠲᠠᠯᠠᠷᠬᠠᠵᠤ ᠦᠭᠡᠨ ᠳ᠋ᠦ᠍ ᠨᠢ ᠣᠷᠤᠯ ᠦᠭᠡᠢ ᠲᠥᠬᠥᠭᠡ ᠦᠭᠡᠶ᠋ᠢᠲᠡᠭᠰᠡᠨ ᠳ᠋ᠦ᠍ ᠪᠡᠨ ᠭᠡᠮᠰᠢᠵᠦ 《 ᠳᠠᠬᠢᠵᠤ ᠡᠶ᠋ᠢᠮᠦ ᠶᠠᠪᠤᠳᠠᠯ ᠬᠡᠵᠢᠶ᠎ᠡ ᠴᠦ᠍ ᠭᠠᠷᠭᠠᠬᠤ ᠦᠭᠡᠢ 》 ᠭᠡᠵᠦ ᠠᠮᠠᠯᠠᠵᠠᠢ ᠭᠡᠨ᠎ᠡ᠃
ᠲᠡᠷᠡ ᠴᠠᠭ ᠠ᠋ᠴᠠ ᠬᠣᠶ᠋ᠢᠰᠢ ᠵᠢᠭᠠᠯ ᠬᠦᠦ ᠡᠪᠦᠭᠡᠨ ᠯᠠᠮᠠ ᠪᠠᠭᠰᠢ ᠶ᠋ᠢᠨ ᠢ᠋ᠶ᠋ᠡᠨ ᠬᠠᠮᠲᠤ ᠡᠷᠳᠡᠮ ᠨᠣᠮ ᠳ᠋ᠤ᠌ ᠪᠠᠨ ᠰᠢᠮᠳᠠᠵᠤ ᠠᠮᠤᠷ ᠰᠠᠢᠬᠠᠨ ᠳ᠋ᠤ᠌ ᠪᠠᠨ ᠵᠢᠷᠭᠠᠵᠠᠢ ᠭᠡᠨ᠎ᠡ᠃

   ᠦᠰᠦᠭ ᠠᠮᠢᠯᠠᠭᠤᠯᠤᠭᠰᠠᠨ ᠨᠢ᠄ᠮᠥᠩᠭᠦᠨᠴᠡᠴᠡᠭ
   ᠦᠰᠦᠭ ᠬᠠᠲᠠᠭᠰᠠᠨ ᠨᠢ᠄ᠮᠥᠩᠭᠦᠨᠴᠡᠴᠡᠭ
   ᠬᠢᠨᠠᠭᠴᠢ ᠪᠠᠭᠰᠢ᠄ᠮᠥᠴᠢᠷ᠂ ᠰᠡᠷᠭᠦᠯᠡᠩ᠂ ᠭᠠᠷᠮ᠎ᠠ