3-96-99ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠤᠤᠹᠢᠯᠢᠩ᠂ ᠳ᠋ᠣᠷᠬᠤᠢ ᠊ᠢ ᠲᠠᠨᠢᠵᠤ ᠬᠡᠷᠡᠭᠯᠡᠬᠦ᠂ ᠲᠤᠤᠹᠢᠯᠢᠩ ᠤ᠋ᠨ ᠳᠠᠩ᠂ ᠡᠮ ᠊ᠢ ᠨᠣᠮᠣᠬᠠᠳᠬᠠᠬᠤ᠂ ᠡᠮ ᠠᠳᠢᠰᠯᠠᠬᠤ
ᠶᠡᠷᠡᠨ ᠵᠢᠷᠭᠤᠭ᠎ᠠ᠂ ᠲᠤᠤᠹᠢᠯᠢᠩ᠂ ᠳ᠋ᠣᠷᠬᠤᠢ ᠊ᠢ ᠲᠠᠨᠢᠵᠤ ᠬᠡᠷᠡᠭᠯᠡᠬᠦ
ᠲᠤᠤᠹᠢᠯᠢᠩ ᠂ ᠬᠡᠮᠡᠭᠴᠢ ᠬᠢᠲᠠᠳ ᠠ᠋ᠴᠠ ᠢᠷᠡᠬᠦ᠂ ᠳ᠋ᠣᠷᠬᠤᠢ ᠬᠤᠶ᠋ᠢᠷᠢᠩ ᠣᠷᠣᠰ ᠠ᠋ᠴᠠ ᠢᠷᠡᠬᠦ᠃ ᠡᠨᠡ ᠬᠣᠶᠠᠷ ᠨᠢ ᠡᠪᠡᠳᠴᠢᠨ ᠪᠦᠬᠦᠨ ᠊ᠢ ᠡᠳᠡᠭᠡᠷᠡᠭᠦᠯᠬᠦ ᠭᠡᠮᠡᠨ ᠪᠦᠭᠦᠳᠡ ᠥᠭᠦᠯᠡᠬᠦ ᠪᠣᠯᠪᠠᠴᠤ ᠨᠠᠶ᠋ᠢᠷᠠᠭᠤᠯᠬᠤ ᠶᠣᠰᠣ᠂ ᠤᠤᠭᠤᠬᠤ ᠠᠷᠭ᠎ᠠ ᠂ ᠢᠳᠡᠭᠡᠨ ᠶᠠᠪᠤᠳᠠᠯ ᠊ᠢ ᠮᠡᠳᠡᠬᠦ ᠢᠨᠤ ᠴᠥᠭᠡᠨ᠃ ᠲᠡᠶ᠋ᠢᠮᠦ ᠲᠤᠯᠠ ᠰᠢᠲᠦᠬᠦ ᠶᠣᠰᠣ ᠶ᠋ᠢ ᠦᠵᠡᠭᠰᠡᠨ ᠂ ᠰᠣᠨᠣᠰᠤᠭᠰᠠᠨ ᠬᠢᠷᠢ ᠪᠡᠷ ᠦᠵᠡᠭᠦᠯᠦᠶ᠎ᠡ᠃ ᠰᠣᠨᠵᠢᠬᠤ ᠶ᠋ᠢᠨ ᠤᠷᠢᠳ ᠲᠤᠰᠠᠯᠠᠬᠤ ᠪᠤᠶᠤ ᠬᠣᠣᠷᠯᠠᠯ ᠪᠣᠯᠬᠤ ᠠ᠋ᠴᠠ ᠮᠠᠲᠠᠭᠲᠤᠨ ᠃
ᠲᠤᠤᠹᠢᠯᠢᠩ ᠬᠡᠮᠡᠬᠦ ᠢᠨᠤ ᠭᠠᠭᠴᠠᠭᠠᠷ ᠴᠢᠳᠠᠭᠴᠢ ᠴᠠᠭᠠᠨ ᠭᠡᠮᠡᠨ ᠬᠢᠲᠠᠳ ᠱᠠᠰᠲᠢᠷ ᠲᠤ᠌ ᠲᠣᠲᠣᠷᠬᠠᠶ᠋ᠢᠯᠠᠭᠰᠠᠨ ᠊ᠢ ᠽᠢᠶᠠᠪᠠᠨᠷᡁᠨᠲᠠ ᠪᠠᠷ ᠮᠥᠨ ᠪᠤᠰᠤ ᠶ᠋ᠢ ᠰᠢᠨᠵᠢᠯᠡ ᠭᠡᠮᠡᠨ ᠠᠶ᠋ᠢᠯᠠᠲᠤᠭᠰᠠᠨ ᠴᠤ᠌ ᠪᠠᠶ᠋ᠢᠮᠤᠢ ᠃
ᠴᠢᠳᠠᠯ ᠶᠡᠬᠡ᠂ ᠮᠥᠨ ᠴᠢᠨᠠᠷ ᠢᠨᠤ ᠰᠡᠷᠢᠭᠦᠨ ᠪᠣᠢ᠃ ᠬᠡᠢ ᠡᠪᠡᠳᠴᠢᠨ ᠳ᠋ᠦ᠍ ᠬᠠᠯᠠᠭᠤᠨ ᠰᠢᠲᠦᠭᠦᠯ᠂ ᠰᠢᠷ᠎ᠠ ᠶ᠋ᠢᠨ ᠡᠪᠡᠳᠴᠢᠲᠡᠨ ᠳ᠋ᠦ᠍ ᠰᠡᠷᠢᠭᠦᠨ ᠴᠦ᠍ ᠵᠣᠬᠢᠮᠤᠢ᠃ ᠪᠠᠳᠬᠠᠨ ᠡᠪᠡᠳᠴᠢᠲᠡᠨ ᠳ᠋ᠦ᠍ ᠰᠢᠩᠭᠡᠭᠡᠯᠲᠡ ᠶ᠋ᠢ ᠵᠣᠬᠢᠯᠳᠤᠭᠤᠯᠬᠤ ᠬᠡᠷᠡᠭᠲᠡᠢ ᠃ ᠨᠢᠶᠠᠨ ᠡᠪᠡᠳᠴᠢᠲᠡᠨ ᠳ᠋ᠦ᠍ ᠴᠢᠰᠤ᠂ ᠬᠣᠷᠣᠬᠠᠢ ᠶ᠋ᠢᠨ ᠶᠡᠷᠦᠨᠳᠡᠭ ᠲᠡᠷᠢᠭᠦᠲᠡᠨ ᠊ᠢ ᠨᠠᠷᠢᠨ ᠨᠢᠭᠲᠠ ᠰᠢᠨᠵᠢᠯᠡᠬᠦ ᠨᠢ ᠣᠨᠢᠰᠣ ᠮᠥᠨ ᠃ ᠠᠩᠬᠠᠨ ᠳ᠋ᠤ᠌ ᠬᠡᠢ ᠪᠡᠷ ᠪᠡᠶ᠎ᠡ ᠪᠦᠬᠦᠨ᠎ᠡ ᠲᠦᠭᠡᠬᠦ ᠬᠢᠭᠡᠳ ᠴᠤᠯᠤ ᠰᠠᠪᠠ ᠠᠯᠢᠨ ᠳ᠋ᠤ᠌ ᠪᠠᠭᠤᠭᠰᠠᠨ ᠊ᠢ ᠲᠣᠲᠣᠷᠬᠠᠶ᠋ᠢᠯᠠᠨ ᠰᠢᠨᠵᠢᠯᠡᠵᠦ᠂ ᠬᠡᠢ ᠪᠡᠷ ᠲᠦᠭᠡᠬᠦᠢ ᠳ᠋ᠦ᠍ ᠰᠠᠢᠨ ᠲᠤᠤᠹᠢᠯᠢᠩ3 ᠵᠢᠩ ᠊ᠢ ᠭᠤᠷᠪᠠ ᠬᠣᠨᠣᠭ ᠤᠰᠤᠨ ᠳ᠋ᠤ᠌ ᠳᠡᠪᠲᠦᠭᠡᠵᠦ᠂ ᠬᠡᠷᠴᠢᠭᠡᠳ ᠭᠠᠵᠠ᠂ ᠫᠣᠸᠠᠷᠢ ᠂ ᠪᠢᠪᠢᠯᠢᠩ ᠲᠤᠰ ᠪᠦᠷᠢ ᠨᠢᠵᠡᠭᠡᠳ ᠯᠠᠩ ᠊ᠢ ᠨᠢᠭᠲᠠ ᠲᠠᠯᠬᠠᠳᠠᠵᠤ ᠂ ᠦᠷ᠎ᠡ ᠶ᠋ᠢᠨ ᠲᠣᠰᠣᠨ ᠳ᠋ᠤ᠌ ᠨᠠᠶ᠋ᠢᠷᠠᠭᠤᠯᠤᠨ ᠪᠤᠴᠠᠯᠤᠭᠰᠠᠨ ᠤᠰᠤᠨ ᠳ᠋ᠤ᠌ ᠲᠤᠤᠹᠢᠯᠢᠩ ᠲᠠᠢ ᠪᠠᠨ ᠬᠠᠮᠲᠤ ᠳᠡᠯᠪᠢ ᠃ ᠱᠢᠯᠵᠠᠷᠠᠲᠠᠯᠠ ᠳᠡᠪᠲᠦᠭᠡᠭᠡᠳ ᠬᠢᠲᠠᠳ ᠬᠡᠯᠡ ᠪᠡᠷ ᠵᠧᠩ ᠫᠢᠶᠸ ᠽᠢ ( ᠵᠢᠩᠨᠡᠭᠦᠷ ) ᠲᠦ᠍ ᠶᠣᠷᠣᠭ ᠳᠡᠪᠢᠰᠬᠡᠷ ᠳᠡᠭᠡᠷ᠎ᠡ ᠵᠢᠩᠨᠡᠵᠦ᠂ ᠡᠮ᠂ ᠲᠣᠰᠣ ᠂ ᠤᠰᠤ ᠶ᠋ᠢ ᠰᠢᠩᠭᠡᠭᠡᠬᠦ ᠪᠥᠭᠡᠳ ᠥᠩᠭᠡ ᠨᠢ ᠤᠯᠠᠭᠠᠨ ᠬᠦᠷᠡᠩ ᠪᠣᠯᠬᠤ ᠶ᠋ᠢᠨ ᠬᠢᠷᠢ ᠳ᠋ᠦ᠍ ᠰᠡᠭᠦᠳᠡᠷ ᠲᠦ᠍ ᠬᠠᠲᠠᠭ᠎ᠠ ᠃ ᠬᠠᠲᠠᠭᠰᠠᠨ ᠊ᠢ ᠭᠤᠷᠪᠠᠨ ᠳᠣᠯᠣᠭ᠎ᠠ ᠴᠠᠭᠠᠰᠤᠨ ᠳ᠋ᠤ᠌21 ᠴᠤᠭᠯᠠ᠃ ᠨᠥᠬᠥᠷ ᠡᠮ ᠨᠢ ᠵᠢᠩ ᠶᠠᠩ ᠬᠤᠸᠠ3 ᠯᠠᠩ᠂ ᠰᠸᠪᠦᠢ᠍ᠷᠦ ᠂ ᠰᠢᠩᠼᠠ᠂ ᠰᠦᠭᠮᠸᠯ ᠂ ᠠᠭᠠᠷᠤ᠂ ᠽᠠᠳᠢ ᠂ ᠤᠯᠠᠭᠠᠨ ᠭᠠ᠂ ᠭᠣᠶᠣᠣ᠂ ᠯᠢᠰᠢ᠂ ᠷᠦᠳᠠ ᠂ ᠨᠢᠩᠱᠤᠱᠠ ᠨᠢᠵᠡᠭᠡᠳ6 ᠴᠢᠨ ᠢ᠋ᠶ᠋ᠡᠷ ᠬᠡᠮᠬᠡᠯᠦᠨ ᠨᠦᠳᠦᠵᠦ ᠳ᠋ᠢᠯ ᠦ᠋ᠨ ᠲᠣᠰᠣ ᠲᠦᠷᠬᠢᠵᠦ ᠭᠤᠷᠪᠠᠨ ᠳᠣᠯᠣᠭ᠎ᠠ ᠬᠣᠷᠢᠨ ᠨᠢᠭᠡ ᠴᠤᠭᠯᠠᠭ᠎ᠠ ᠶ᠋ᠢ ᠲᠤᠤᠹᠢᠯᠢᠩ ᠤ᠋ᠨ ᠳᠡᠭᠡᠷ᠎ᠡ ᠨᠡᠮᠡ᠃ ᠰᠢᠲᠦᠬᠦ ᠶ᠋ᠢᠨ ᠰᠠᠢᠨ ᠡᠳᠦᠷ ᠂ ᠥᠷᠯᠥᠭᠡ ᠡᠷᠲᠡ ᠴᠢᠨᠠᠵᠤ᠂ ᠭᠤᠷᠪᠠᠨ ᠬᠤᠪᠢ ᠶ᠋ᠢᠨ ᠬᠣᠶᠠᠷ ᠬᠤᠪᠢ ᠶ᠋ᠢ ᠦᠯᠡᠳᠡᠭᠡᠬᠦᠢ ᠳ᠋ᠦ᠍ ᠨᠢᠭᠡ ᠡᠳᠦᠷ ᠥᠷᠯᠥᠭᠡ᠂ ᠦᠳᠡ ᠂ ᠦᠳᠡᠰᠢ ᠰᠡᠶ᠋ᠢᠲᠤᠷ ᠬᠠᠯᠠᠭᠤᠨ ᠤᠤᠭᠤᠭᠲᠤᠨ᠃ ᠤᠤᠭᠤᠵᠤ ᠬᠥᠯᠥᠷᠡᠪᠡᠰᠦ ᠰᠠᠢᠨ ᠃ ᠢᠳᠡᠭᠡᠨ ᠨᠢ᠄ ᠮᠢᠬᠠᠨ ᠱᠥᠯᠦᠨ ᠳ᠋ᠦ᠍ ᠰᠡᠷᠢᠭᠦᠨ ᠪᠤᠰᠤ ᠵᠥᠭᠡᠯᠡᠨ ᠢᠯᠴᠢᠲᠦ ᠶ᠋ᠢ ᠢᠳᠡ ᠃ ᠤᠮᠳᠠᠭᠠᠨ ᠳ᠋ᠤ᠌ ᠴᠠᠢ᠂ ᠤᠰᠤ᠂ ᠰᠦ ᠶ᠋ᠢ ᠰᠢᠮᠳᠠᠨ ᠴᠡᠭᠡᠷᠯᠡ᠂ ᠶᠠᠪᠤᠳᠠᠯ ᠮᠥᠷ ᠢᠨᠤ ᠡᠳᠦᠷ ᠤᠨᠲᠠᠬᠤ᠂ ᠲᠠᠴᠢᠶᠠᠯ ᠶᠠᠪᠤᠳᠠᠯ ᠂ ᠮᠣᠷᠢ ᠤᠨᠤᠬᠤ ᠲᠡᠷᠢᠭᠦᠲᠡᠨ᠂ ᠬᠠᠲᠠᠭᠤ ᠬᠦᠴᠦᠯᠡᠬᠦ ᠂ ᠣᠳᠬᠤ ᠭᠦᠶᠦᠬᠦ᠂ ᠣᠯᠠᠨ ᠥᠭᠦᠯᠡᠬᠦ ᠲᠡᠷᠢᠭᠦᠲᠡᠨ ᠊ᠢ ᠳᠠᠪᠴᠢ ᠃ ᠡᠮ ᠦ᠋ᠨ ᠰᠢᠭᠠᠷᠤ ᠶ᠋ᠢ ᠰᠡᠭᠦᠳᠡᠷ ᠲᠦ᠍ ᠬᠠᠲᠠᠭᠠᠵᠤ᠂ ᠰᠡᠭᠦᠯ ᠦ᠋ᠨ ᠳᠣᠯᠣᠭ᠎ᠠ ᠬᠣᠨᠣᠭ ᠤᠤᠭᠤᠯᠭ᠎ᠠ ᠃ ᠤᠤᠭᠤᠵᠤ ᠲᠡᠭᠦᠰᠦᠭᠡᠳ ᠢᠳᠡᠭᠡᠨ ᠶᠠᠪᠤᠳᠠᠯ ᠊ᠢ ᠤᠷᠢᠳ ᠮᠡᠲᠦ ᠨᠢᠭᠡ ᠰᠠᠷ᠎ᠠ ᠴᠡᠭᠡᠷᠯᠡ᠃ ᠪᠡᠶ᠎ᠡ ᠮᠠᠬᠠᠪᠣᠳ ᠴᠢᠭᠢᠷᠠᠭᠵᠢᠬᠤ ᠴᠢᠷᠠᠢ ᠶ᠋ᠢᠨ ᠥᠩᠭᠡ ᠰᠠᠢᠨ ᠪᠣᠯᠬᠤ᠂ ᠡᠮ ᠦ᠋ᠨ ᠬᠣᠣᠷ᠂ ᠢᠳᠡᠭᠡᠨ ᠦ᠌ ᠬᠣᠣᠷ ᠊ᠢ ᠠᠷᠢᠯᠭᠠᠬᠤ ᠪᠥᠭᠡᠳ ᠭᠠᠯ ᠤ᠋ᠨ ᠢᠯᠴᠢ ᠳᠡᠯᠭᠡᠷᠡᠮᠦᠢ᠃
ᠶᠡᠷᠡᠨ ᠳᠣᠯᠣᠭ᠎ᠠ᠂ ᠲᠤᠤᠹᠢᠯᠢᠩ ᠤ᠋ᠨ ᠳᠠᠩ
ᠲᠤᠤᠹᠢᠯᠢᠩ ᠤ᠋ᠨ ᠳᠠᠩ ᠨᠠᠶ᠋ᠢᠷᠠᠯᠭ᠎ᠠ ᠶ᠋ᠢ ᠦᠵᠡᠬᠦᠯᠭᠦᠢ ᠳ᠋ᠦ᠍ᠷ ᠲᠤᠤᠹᠢᠯᠢᠩ2 ᠯᠠᠩ᠂ ᠵᠢᠩ ᠶᠢᠩ ᠬᠤᠸᠠ2 ᠴᠢᠨ᠂ ᠭᠤᠷᠪᠠᠨ ᠦᠷ᠎ᠡ ᠨᠢᠵᠡᠭᠡᠳ6 ᠴᠢᠨ᠂ ᠬᠤᠩᠯᠸᠨ ᠂ ᠪᠠᠱᠠᠭ᠎ᠠ ᠨᠢᠵᠡᠭᠡᠳ3 ᠴᠢᠨ ᠊ᠢ ᠨᠠᠶ᠋ᠢᠷᠠᠭᠤᠯᠤᠭᠰᠠᠨ ᠳᠠᠩ ᠊ᠢ ᠶᠡᠬᠡ ᠬᠡᠮᠵᠢᠶ᠎ᠡ ᠪᠡᠷ ᠥᠭᠪᠡᠰᠦ ᠂ ᠴᠢᠰᠤ ᠪᠠᠷ ᠲᠣᠯᠣᠭᠠᠢ ᠡᠪᠡᠳᠬᠦ ᠂ ᠬᠠᠮᠠᠷ ᠬᠠᠪᠤᠳᠬᠤ ᠂ ᠬᠣᠭᠣᠯᠠᠢ ᠬᠠᠭᠠᠭᠳᠠᠬᠤ ᠂ ᠨᠢᠭᠤᠷ ᠲᠤ᠌ ᠭᠦᠪᠳᠦᠷᠦᠦ ᠭᠠᠷᠬᠤ᠂ ᠬᠠᠮᠠᠷ ᠠ᠋ᠴᠠ ᠦᠷᠭᠦᠯᠵᠢ ᠴᠢᠰᠤ ᠴᠤᠪᠤᠷᠠᠬᠤ᠂ ᠴᠢᠰᠤᠨ ᠡᠪᠡᠳᠴᠢᠨ ᠵᠡᠷᠭᠡ ᠶ᠋ᠢᠨ ᠶᠡᠬᠡ ᠣᠯᠠᠩᠬᠢ ᠳ᠋ᠤ᠌ ᠲᠤᠰᠠᠯᠠᠬᠤ ᠮᠠᠭᠠᠳ᠃
ᠪᠠᠰᠠ ᠲᠤᠤᠹᠢᠯᠢᠩ6 ᠯᠠᠩ᠂ ᠵᠢᠩ ᠶᠢᠩ ᠬᠤᠸᠠ2 ᠴᠢᠨ᠂ ᠵᠠᠽᠦᠢ ᠂ ᠽᠣᠳ᠂ ᠰᠦᠨᠬᠠᠨ ᠂ ᠽᠢᠮᠪᠠ ᠂ ᠰᠧᠩᠳᠧᠩ ᠬᠠᠨᠳᠠ ᠂ ᠠᠷᠤᠷ᠎ᠠ᠂ ᠵᠦᠷᠦᠷ᠎ᠠ᠂ ᠪᠣᠶ᠋ᠢᠭᠠᠷ ᠂ ᠰᠤᠮᠠᠷᠠᠨᠽᠠ ᠂ ᠭᠦᠷᠭᠦᠮ᠂ ᠪᠠᠱᠠᠭ᠎ᠠ ᠂ ᠬᠠᠷ᠎ᠠ ᠬᠥᠬᠥᠯ ᠂ ᠲᠡᠷᠢᠭᠦᠲᠡᠨ ᠨᠢᠵᠡᠭᠡᠳ1 ᠴᠢᠨ ᠊ᠢ ᠨᠠᠶ᠋ᠢᠷᠠᠭᠤᠯᠤᠭᠰᠠᠨ ᠳᠠᠩ ᠊ᠢ21 ᠬᠣᠨᠣᠭ᠂ ᠡᠳᠦᠷ ᠲᠦ᠍ ᠭᠤᠷᠪᠠᠨᠲᠠ ᠤᠤᠭᠤᠬᠤ ᠬᠡᠷᠡᠭᠲᠡᠢ ᠃ ᠡᠴᠦᠰ ᠦ᠋ᠨ ᠭᠤᠷᠪᠠ ᠬᠣᠨᠣᠭ ᠤ᠋ᠨ ᠥᠷᠯᠥᠭᠡ ᠶ᠋ᠢᠨ ᠳᠠᠩ ᠊ᠢ ᠴᠢᠨᠠᠭᠠᠳ1 ᠴᠢᠨ ᠼᠠᠯᠭᠠᠷ ᠊ᠢ ᠨᠠᠷᠢᠨ ᠲᠠᠯᠬᠠᠳᠠᠵᠤ ᠳᠠᠷᠤᠭᠤᠯᠪᠠᠰᠤ ᠰᠠᠢᠨ ᠃ ᠡᠪᠡᠳᠴᠢᠨ ᠦ᠌ ᠬᠦᠴᠦ ᠶᠡᠬᠡ ᠪᠥᠭᠡᠰᠦ ᠭᠤᠷᠪᠠᠨ ᠡᠳᠦᠷ ᠲᠡᠷᠡ ᠮᠡᠲᠦ᠃ ᠪᠤᠰᠤ ᠪᠥᠭᠡᠰᠦ ᠨᠢᠭᠡ ᠡᠳᠦᠷ ᠢ᠋ᠶ᠋ᠡᠷ ᠴᠦ᠍ ᠪᠣᠯᠤᠮᠤᠢ ᠂ ᠦᠯᠦ ᠤᠷᠪᠠᠮᠤᠢ᠃ ᠪᠥᠭᠡᠷᠡᠨ ᠴᠡᠴᠡᠭ ᠂ ᠪᠤᠵᠠᠷ ᠶᠠᠷ᠎ᠠ᠂ ᠲᠡᠮᠪᠦᠦ ᠂ ᠡᠷᠡᠰ ᠦ᠋ᠨ ᠪᠡᠯᠭᠡ ᠬᠠᠭᠠᠷᠠᠵᠤ ᠬᠠᠪᠤᠳᠬᠤ ᠂ ᠡᠮᠡᠰ ᠦ᠋ᠨ ᠪᠡᠯᠭᠡ ᠡᠴᠡ ᠦᠭᠡᠷᠢ ᠴᠤᠪᠤᠷᠠᠬᠤ ᠂ ᠬᠠᠯᠠᠭᠤᠨ ᠢ᠋ᠶ᠋ᠠᠷ ᠬᠥᠷᠥᠩᠭᠡ ᠴᠤᠪᠤᠷᠠᠬᠤ ᠂ ᠬᠣᠰᠬᠢᠨᠠᠭ ᠲᠤ᠌ ᠭᠦᠪᠳᠦᠷᠦᠦ ᠂ ᠮᠠᠭᠤ ᠶᠠᠷ᠎ᠠ ᠲᠡᠷᠢᠭᠦᠲᠡᠨ ᠪᠦᠬᠦᠨ ᠳ᠋ᠦ᠍ ᠲᠤᠰᠠᠯᠠᠬᠤ ᠶ᠋ᠢᠨ ᠤᠪᠠᠳᠢᠰ ᠮᠥᠨ ᠃
ᠲᠤᠤᠹᠢᠯᠢᠩ5 ᠯᠠᠩ᠂ ᠵᠢᠩ ᠶᠢᠩ ᠬᠤᠸᠠ3 ᠴᠢᠨ᠂ ᠵᠦᠷᠦᠷ᠎ᠠ᠂ ᠳ᠋ᠠᠷᠪᠤ᠂ ᠣᠯᠮᠣᠰᠧ ᠂ ᠰᠸᠼᠤᠸᠠ ᠂ ᠵᠠᠼᠤᠸᠠ ᠂ ᠠᠷᠤᠷ᠎ᠠ᠂ ᠵᠦᠮᠽᠠ ᠂ ᠭᠠᠵᠠ᠂ ᠪᠢᠪᠢᠯᠢᠩ᠂ ᠪᠦᠯᠲᠤᠭ ᠂ ᠵᠠᠽᠤᠢ ᠂ ᠭᠦᠷᠭᠦᠮ᠂ ᠪᠡᠬᠡ ᠨᠢᠵᠡᠭᠡᠳ1 ᠴᠢᠨ ᠊ᠢ ᠨᠠᠶ᠋ᠢᠷᠠᠭᠤᠯᠤᠭᠰᠠᠨ ᠳᠠᠩ ᠊ᠢ ᠨᠢᠭᠡ ᠡᠳᠦᠷ ᠭᠤᠷᠪᠠᠨᠲᠠ᠂ ᠨᠢᠭᠡ ᠰᠠᠷ᠎ᠠ ᠰᠢᠲᠦᠭᠦᠯ᠃ ᠡᠮᠡᠭᠲᠡᠢ ᠶ᠋ᠢᠨ ᠡᠪᠡᠳᠴᠢᠨ ᠢ᠋ᠶ᠋ᠡᠷ ᠴᠢᠰᠤ ᠪᠦᠷᠢᠯᠳᠦᠬᠦ ᠂ ᠰᠠᠷ᠎ᠠ ᠶ᠋ᠢᠨ ᠲᠡᠮᠳᠡᠭ ᠬᠠᠭᠠᠭᠳᠠᠬᠤ ᠂ ᠬᠤᠶ᠋ᠢᠯᠠᠷᠠᠬᠤ ᠂ ᠤᠯᠠᠭᠠᠨ ᠴᠠᠭᠠᠨ ᠢ᠋ᠶ᠋ᠠᠷ ᠪᠠᠭᠤᠬᠤ ᠪᠠ ᠬᠣᠷᠣᠬᠠᠢ ᠡᠪᠡᠳᠴᠢᠨ ᠲᠡᠷᠢᠭᠦᠲᠡᠨ ᠡᠮᠡᠭᠲᠡᠢ ᠶ᠋ᠢᠨ ᠡᠪᠡᠳᠴᠢᠨ ᠪᠦᠬᠦᠨ ᠳ᠋ᠦ᠍ ᠲᠤᠰᠠᠯᠠᠬᠤ ᠭᠠᠶ᠋ᠢᠬᠠᠮᠰᠢᠬᠲᠤ ᠶᠣᠰᠣ ᠪᠣᠯᠠᠢ᠃ ᠳ᠋ᠤᠷᠬᠤᠢ ᠂ ᠬᠤᠶ᠋ᠢᠷᠢᠩ ᠪᠠᠶ᠋ᠢᠪᠠᠰᠤ ᠭᠤᠷᠪᠠᠨ ᠳᠠᠩ ᠤ᠋ᠨ ᠳᠡᠭᠡᠷ᠎ᠡ ᠨᠢᠭᠡ ᠯᠠᠩ ᠊ᠢ ᠨᠡᠮᠡᠪᠡᠰᠦ ᠴᠢᠳᠠᠯ ᠢᠨᠤ ᠭᠠᠶ᠋ᠢᠬᠠᠮᠰᠢᠬ ᠪᠣᠯᠤᠮᠤᠢ᠃
ᠨᠢᠶᠠᠨ ᠡᠪᠡᠳᠴᠢᠨ ᠳ᠋ᠦ᠍ ᠳ᠋ᠤᠷᠬᠤᠢ ᠬᠤᠶ᠋ᠢᠷᠢᠩ5 ᠯᠠᠩ᠂ ᠵᠢᠩ ᠶᠢᠩ ᠬᠤᠸᠠ3 ᠴᠢᠨ᠂ ᠬᠠᠯᠮᠠᠭᠣᠶᠣᠣ3 ᠴᠢᠨ᠂ ᠱᠠᠹᠦᠢ᠍ᠷᠦᠢ᠍ᠳᠠ1 ᠴᠢᠨ᠂ ᠲᠡᠮᠦᠷ ᠦ᠋ᠨ ᠲᠠᠯᠬ᠎ᠠ2 ᠴᠢᠨ᠂ ᠭᠠᠨᠲᠢᠭ2 ᠴᠢᠨ᠂ ᠴᠠᠭᠠᠨ ᠽᠠᠨᠳᠠᠨ1 ᠴᠢᠨ᠂ ᠬᠠᠴᠸ ᠭᠦᠷᠭᠦᠮ1 ᠴᠢᠨ᠂ ᠪᠠᠷᠠᠭᠱᠦᠢ᠍ᠨ1 ᠴᠢᠨ᠂ ᠪᠠᠱᠠᠭ᠎ᠠ1 ᠴᠢᠨ ᠪᠡᠷᠢᠮᠦᠭ1 ᠴᠢᠨ᠂ ᠼᠠᠯᠠ1 ᠴᠢᠨ᠂ ᠰᠦᠭᠮᠸᠯ1 ᠴᠢᠨ᠂ ᠽᠠᠳᠢ1 ᠴᠢᠨ᠂ ᠠᠷᠤᠷ᠎ᠠ2 ᠴᠢᠨ᠂ ᠵᠦᠷᠦᠷ᠎ᠠ ᠂ ᠰᠸᠪᠦᠢ᠍ᠷᠦ ᠂ ᠰᠢᠩᠼᠠ ᠨᠢᠵᠡᠭᠡᠳ1 ᠴᠢᠨ ᠊ᠢ ᠨᠠᠶ᠋ᠢᠷᠠᠭᠤᠯᠤᠭᠰᠠᠨ ᠳᠠᠩ ᠊ᠢ ᠴᠢᠨᠠᠵᠤ᠂ ᠨᠢᠭᠡ ᠡᠳᠦᠷ ᠭᠤᠷᠪᠠᠨᠲᠠ ᠰᠢᠲᠦᠭᠦᠯ᠃ ᠨᠢᠭᠡ ᠰᠠᠷ᠎ᠠ ᠳ᠋ᠤ᠌ ᠦᠵᠡᠯᠭᠡ ᠲᠣᠳᠣᠷᠠᠬᠤ ᠪᠠᠶᠠᠷ ᠤ᠋ᠨ ᠬᠤᠷᠢᠮ ᠢᠯᠡᠷᠡᠨ᠎ᠡ᠃ ᠬᠣᠶ᠋ᠢᠰᠢᠲᠠ ᠠᠷᠢᠬᠢ ᠤᠤᠭᠤᠬᠤ᠂ ᠶᠡᠬᠡ ᠬᠠᠯᠠᠭᠤᠨ ᠳ᠋ᠤ᠌ ᠲᠠᠴᠢᠶᠠᠯ ᠶᠠᠪᠤᠳᠠᠯ ᠊ᠢ ᠲᠡᠪᠴᠢ ᠃ ᠦᠷᠭᠦᠯᠵᠢ ᠬᠠᠶᠠ ᠨᠢᠭᠡᠨᠲᠡ ᠡᠨᠡ ᠬᠦ ᠳᠠᠩ ᠊ᠢ ᠰᠢᠲᠦᠪᠡᠰᠦ ᠡᠷᠬᠢᠮ᠃
ᠶᠡᠷᠡᠨ ᠨᠠᠢ᠍ᠮᠠ᠂ ᠡᠮ ᠊ᠢ ᠨᠣᠮᠣᠬᠠᠳᠬᠠᠬᠤ
ᠡᠮ ᠦ᠋ᠳ ᠊ᠢ ᠨᠣᠮᠣᠬᠠᠳᠬᠠᠨ ᠦᠨᠡᠰᠦᠨ ᠡᠮ ᠦᠢᠯᠡᠳᠬᠦ ᠶᠣᠰᠣ ᠠᠨᠤ ᠠᠯᠲᠠ ᠶ᠋ᠢ ᠨᠢᠮᠭᠡᠨ ᠳᠠᠪᠲᠠᠵᠤ᠂ ᠳᠠᠪᠤᠰᠤᠲᠤ ᠤᠰᠤ ᠪᠠᠷ ᠵᠢᠪᠢ ᠶ᠋ᠢ ᠠᠷᠢᠯᠭ᠎ᠠ᠃ ᠮᠦᠽᠢ᠂ ᠼᠠᠯᠠ᠂ ᠳ᠋ᠢᠯ ᠦ᠋ᠨ ᠲᠣᠰᠣᠨ ᠳ᠋ᠤ᠌ ᠨᠠᠶ᠋ᠢᠷᠠᠭᠤᠯᠵᠤ ᠨᠢᠷᠤᠬ᠎ᠠ ᠳ᠋ᠤ᠌ ᠬᠢᠵᠦ ᠠᠮᠠ ᠶ᠋ᠢ ᠰᠠᠶ᠋ᠢᠲᠤᠷ ᠪᠢᠲᠡᠭᠦᠮᠵᠢᠯᠡᠵᠦ ᠨᠡᠭᠦᠷᠡᠰᠦᠨ ᠭᠠᠯ ᠳ᠋ᠤ᠌ ᠲᠦᠯᠡᠪᠡᠰᠦ ᠪᠣᠯᠤᠨ᠎ᠠ᠃
ᠮᠥᠩᠭᠥ ᠬᠢᠭᠡᠳ ᠵᠡᠰ ᠊ᠢ ᠨᠢᠮᠭᠡᠨ ᠳᠠᠪᠲᠠᠵᠤ᠂ ᠮᠦᠽᠢ᠂ ᠼᠠᠯᠠ ᠶ᠋ᠢ ᠬᠣᠯᠢᠭᠠᠳ ᠨᠢᠷᠤᠬ᠎ᠠ ᠳ᠋ᠤ᠌ ᠬᠢᠵᠦ ᠠᠮᠠ ᠶ᠋ᠢ ᠪᠢᠲᠡᠭᠦᠮᠵᠢᠯᠡᠨ ᠤᠷᠢᠳ ᠮᠡᠲᠦ ᠲᠦᠯᠡ᠃
ᠲᠡᠮᠦᠷ ᠦ᠋ᠨ ᠲᠠᠯᠬ᠎ᠠ ᠶ᠋ᠢ ᠮᠣᠩᠭᠣᠯ ᠬᠡᠯᠡᠨ ᠳ᠋ᠦ᠍ ᠬᠠᠤᠷᠠᠢ ᠪᠠᠷ ᠥᠷᠥᠵᠦ ᠲᠠᠯᠬ᠎ᠠ ᠶ᠋ᠢ ᠠᠪ᠃ ᠠᠷᠤᠷ᠎ᠠ ᠶ᠋ᠢ ᠪᠤᠴᠠᠯᠭᠠᠭᠰᠠᠨ ᠤᠰᠤᠨ ᠳ᠋ᠤ᠌ ᠬᠣᠯᠢᠵᠤ ᠨᠢᠭᠡ ᠬᠣᠨᠣᠭ ᠳᠡᠯᠪᠢ᠃ ᠲᠡᠮᠦᠷ ᠦ᠋ᠨ ᠲᠠᠯᠬ᠎ᠠ ᠠᠨᠤ ᠨᠡᠭᠦᠷᠡᠰᠦ ᠮᠡᠲᠦ ᠪᠣᠯᠪᠠᠰᠤ ᠨᠣᠮᠣᠬᠠᠳᠬᠠᠭᠰᠠᠨ ᠤ᠋ ᠲᠡᠮᠳᠡᠭ ᠮᠥᠨ᠃
ᠵᠣᠩᠰᠢ ᠶ᠋ᠢ ᠬᠤᠪᠢᠯᠭᠠᠨ ᠨᠣᠮᠣᠬᠠᠳᠬᠠᠬᠤ ᠠᠨᠤ᠂ ᠪᠣᠩᠭᠠᠷ᠂ ᠠᠷᠤᠷ᠎ᠠ᠂ ᠵᠠᠮᠼᠤᠸᠠ᠂ ᠼᠠᠯᠠ ᠂ ᠪᠢᠪᠢᠯᠢᠩ᠂ ᠮᠦᠽᠢ᠂ ᠰᠸᠼᠤᠸᠠ᠂ ᠰᠢᠩᠼᠠ᠂ ᠭᠠᠵᠠ᠂ ᠵᠢᠭᠠᠰᠤᠨ ᠶᠠᠰᠤ ᠶ᠋ᠢ ᠨᠢᠵᠡᠭᠡᠳ1 ᠯᠠᠩ ᠲᠠᠯᠬᠠᠳᠠᠵᠤ ᠂ ᠰᠠᠢᠨ ᠵᠣᠩᠰᠢ3 ᠵᠢᠩ ᠊ᠢ ᠨᠤᠬᠤᠵᠤ ᠰᠠᠶ᠋ᠢᠲᠤᠷ ᠬᠣᠯᠢᠭᠠᠳ ᠨᠢᠷᠤᠬ᠎ᠠ ᠶ᠋ᠢᠨ ᠭᠤᠷᠪᠠᠨ ᠬᠤᠪᠢ ᠠ᠋ᠴᠠ ᠬᠣᠶᠠᠷ ᠬᠤᠪᠢ ᠶ᠋ᠢ ᠳᠦᠭᠦᠷᠭᠡᠨ ᠨᠢᠭᠡ ᠬᠤᠪᠢ ᠶ᠋ᠢ ᠬᠣᠭᠣᠰᠣᠨ ᠦᠯᠡᠳᠡᠭᠡᠵᠦ ᠂ ᠠᠮᠠ ᠶ᠋ᠢ ᠰᠠᠶ᠋ᠢᠲᠤᠷ ᠪᠢᠲᠡᠭᠦᠮᠵᠢᠯᠡᠨ ᠲᠣᠭᠣᠰᠬᠠᠨ ᠵᠠᠪᠰᠠᠷ ᠲᠤ᠌ ᠥᠴᠦᠬᠡᠨ ᠭᠠᠯ ᠢ᠋ᠶ᠋ᠠᠷ ᠠᠯᠭᠤᠷ ᠲᠦᠯᠡᠵᠦ᠂ ᠨᠢᠷᠤᠬ᠎ᠠ ᠶ᠋ᠢ ᠨᠡᠭᠡᠭᠡᠵᠦ ᠦᠵᠡᠬᠦ ᠳ᠋ᠦ᠍ ᠳᠦᠭᠦᠷᠡᠩ ᠪᠥᠭᠡᠳ ᠥᠩᠭᠡ ᠨᠢ ᠴᠠᠭᠠᠨ ᠪᠣᠯᠪᠠᠰᠤ ᠰᠠᠢᠨ᠃ ᠪᠤᠰᠤ ᠪᠥᠭᠡᠰᠦ ᠳᠠᠬᠢᠨ ᠲᠦᠯᠡᠪᠡᠰᠦ ᠮᠠᠭᠠᠳ ᠥᠩᠭᠡ ᠲᠡᠭᠦᠰᠬᠦ ᠪᠣᠯᠠᠢ᠃
ᠯᠠᠪᠠᠢ᠂ ᠢᠪᠠᠤᠬᠠᠢ ᠂ ᠭᠠᠪᠠᠯᠠ ᠶ᠋ᠢ ᠭᠠᠯ ᠳ᠋ᠤ᠌ ᠲᠦᠯᠡᠵᠦ᠂ ᠴᠠᠭᠠᠨ ᠪᠣᠯᠪᠠᠰᠤ ᠨᠣᠮᠣᠬᠠᠳᠬᠠᠭᠰᠠᠨ ᠮᠥᠨ᠃
ᠱ᠌ᠢᠷᠦ ᠶ᠋ᠢ ᠬᠡᠮᠬᠡᠯᠦᠭᠡᠳ ᠨᠠᠢ᠍ᠮᠠᠨ ᠨᠠᠰᠤᠲᠤ ᠶ᠋ᠢᠨ ᠰᠢᠭᠡᠰᠦᠨ ᠳ᠋ᠦ᠍ ᠥᠨᠢ ᠤᠳᠠᠭᠠᠨ ᠴᠢᠨᠠ᠃ ᠪᠠᠰᠠ ᠤᠰᠤ ᠠᠷᠢᠬᠢ ᠶ᠋ᠢ ᠬᠣᠯᠢᠵᠤ ᠰᠠᠶ᠋ᠢᠲᠤᠷ ᠪᠤᠴᠠᠯᠭᠠ ᠃
ᠣᠭ᠌ᠶᠤ ᠶ᠋ᠢ ᠲᠣᠰᠣ ᠲᠦᠷᠬᠢᠵᠦ᠂ ᠭᠠᠯ ᠳ᠋ᠤ᠌ ᠲᠦᠯᠡᠵᠦ ᠭᠠᠷᠭᠠᠭᠠᠳ ᠭᠠᠷ ᠲᠤ᠌ ᠦᠯᠦ ᠴᠢᠳᠠᠭᠳᠠᠪᠠᠰᠤ ᠬᠦᠴᠦᠨ ᠴᠢᠳᠠᠯ ᠣᠯᠤᠭᠰᠠᠨ ᠤ᠋ ᠰᠢᠨᠵᠢ᠃
ᠴᠢᠯᠠᠭᠤᠨ ᠬᠠᠶ᠋ᠢᠯᠤᠮᠠᠯ ( ᠴᠣᠬᠣᠢ ) ᠊ᠢ ᠲᠦᠯᠡᠵᠦ᠂ ᠠᠷᠢᠬᠢᠨ ᠳ᠋ᠤ᠌ ᠰᠢᠭᠠᠷᠤ ᠶ᠋ᠢ ᠰᠢᠭᠦᠷᠳᠡᠵᠦ ᠬᠠᠶᠠ᠃ ᠬᠠᠳᠠᠬᠤᠢ ᠳ᠋ᠤᠷ ᠰᠢᠭᠡᠰᠦᠨ ᠳ᠋ᠦ᠍ ᠵᠢᠭᠤᠷᠠᠵᠤ᠂ ᠳᠠᠬᠢᠨ ᠬᠠᠲᠠᠭᠠᠪᠠᠰᠤ ᠨᠣᠮᠣᠬᠠᠳᠬᠠᠭᠰᠠᠨ ᠪᠣᠯᠠᠢ᠃
ᠰᠤᠪᠤᠳ᠂ ᠨᠢᠶᠠᠴᠢ ᠶ᠋ᠢ ᠬᠡᠮᠬᠡᠯᠦᠨ ᠨᠦᠳᠦᠭᠡᠳ ᠬᠣᠨᠢᠨ ᠰᠦ ᠳ᠋ᠦ᠍ ᠴᠢᠨᠠ᠃
ᠳ᠋ᠣᠩᠷᠣᠢ ᠶ᠋ᠢ ᠳᠠᠪᠤᠰᠤ ᠶᠡᠬᠡ ᠲᠠᠯᠪᠢᠭᠰᠠᠨ ᠤᠰᠤᠨ ᠳ᠋ᠤ᠌ ᠨᠦᠳᠦᠵᠦ ᠤᠬᠢᠶᠠᠪᠠᠰᠤ ᠭᠡᠮ ᠠᠷᠢᠯᠬᠤ ᠪᠠᠷ ᠨᠣᠮᠯᠠᠪᠠᠢ᠃
ᠮᠦᠽᠢ ᠶ᠋ᠢ ᠢᠮᠠᠭᠠᠨ ᠥᠭᠡᠬᠦᠨ ᠳ᠋ᠦ᠍ ᠭᠤᠷᠪᠠᠨᠲᠠ ᠬᠠᠶ᠋ᠢᠯᠤᠭᠤᠯᠤᠭᠠᠳ ᠦᠬᠡᠷ ᠦ᠋ᠨ ᠰᠢᠭᠡᠰᠦᠨ ᠳ᠋ᠦ᠍ ᠳᠡᠪᠲᠦᠭᠡᠵᠦ ᠴᠢᠨᠠᠭᠠᠳ ᠳᠠᠬᠢᠨ ᠳᠠᠬᠢᠨ ᠤᠬᠢᠶᠠ᠃
ᠴᠠᠭᠠᠨ ᠪᠠᠶ᠋ᠢᠪᠠᠩ ᠂ ᠼᠠᠯᠠ ᠶ᠋ᠢ ᠲᠡᠮᠦᠷ ᠦ᠋ᠨ ᠳᠡᠭᠡᠷ᠎ᠡ ᠪᠤᠴᠠᠯᠭᠠᠨ ᠳᠠᠭᠤᠰᠪᠠᠰᠤ ᠨᠣᠮᠣᠬᠠᠳᠬᠠᠮᠤᠢ᠃
ᠪᠦᠵᠦᠬ ᠊ᠢ ᠰᠸᠼᠤᠸᠠ ᠲᠠᠢ ᠤᠰᠤᠨ ᠳ᠋ᠤ᠌ ᠴᠢᠨᠠᠪᠠᠰᠤ ᠪᠣᠯᠤᠮᠤᠢ᠃
ᠡᠪᠡᠷ ᠦ᠋ᠨ ᠵᠦᠢᠯ ᠊ᠢ ᠭᠠᠯ ᠤ᠋ᠨ ᠨᠤᠷᠮᠠᠨ ᠳ᠋ᠤ᠌ ᠰᠢᠷᠠᠯᠠᠬᠤ ᠶ᠋ᠢᠨ ᠲᠡᠳᠦᠢ ᠲᠦᠯᠡᠪᠡᠰᠦ ᠪᠦᠲᠦᠮᠦᠢ᠃
ᠲᠠᠷᠨᠤ ᠶ᠋ᠢ ᠠᠷᠤᠷ᠎ᠠ ᠶ᠋ᠢᠨ ᠱᠦᠮᠦᠰᠦᠨ ᠳ᠋ᠦ᠍ ᠴᠢᠨᠠᠪᠠᠰᠤ ᠰᠠᠢᠨ᠃
ᠵᠦᠮᠽᠠ᠂ ᠴᠦᠷᠽᠠ ᠶ᠋ᠢ ᠠᠷᠢᠬᠢᠨ ᠳ᠋ᠤ᠌ ᠴᠢᠨᠠᠪᠠᠰᠤ ᠰᠠᠢᠨ᠃
ᠸᠠᠩᠯᠠᠭ᠂ ᠷᠠᠨᠢ᠂᠂ ᠵᠠᠸ᠋ᠠ ᠨᠤᠭᠤᠳ ᠊ᠢ ᠬᠣᠨᠢᠨ ᠰᠦ ᠳ᠋ᠦ᠍ ᠴᠢᠨᠠᠨ ᠬᠠᠲᠠᠭᠠᠪᠠᠰᠤ ᠴᠢᠳᠠᠯ ᠡᠭᠦᠰᠦᠮᠦᠢ᠃
ᠳ᠋ᠠᠵᠢᠳ᠂ ᠬᠠᠯᠢᠭᠤ᠂ ᠮᠣᠭᠠᠢ᠂ ᠬᠦᠷᠪᠡᠯ᠂ ᠰᠢᠪᠠᠭᠤᠨ ᠮᠢᠬ᠎ᠠ ᠶ᠋ᠢᠨ ᠬᠣᠣᠷ ᠊ᠢ ᠲᠡᠮᠦᠷ ᠰᠠᠪᠠᠨ ᠳ᠋ᠤ᠌ ᠯᠠᠷᠽᠢ ᠲᠠᠢ ᠤᠰᠤᠨ ᠳ᠋ᠤ᠌ ᠪᠤᠴᠠᠯᠭᠠ ᠃
ᠮᠥᠩᠭᠥᠨ ᠤᠰᠤ ᠶ᠋ᠢ ᠮᠦᠽᠢ ᠳ᠋ᠦ᠍ ᠬᠠᠶ᠋ᠢᠯᠭᠠᠨ21 ᠤᠳᠠᠭ᠎ᠠ ᠪᠤᠴᠠᠯᠭᠠ᠃
ᠶᠡᠷᠦ ᠶ᠋ᠢᠨ ᠦᠨᠡᠰᠦᠨ ᠡᠮ ᠪᠦᠭᠦᠳᠡ ᠶ᠋ᠢ ᠬᠦᠴᠦᠨ ᠲᠡᠭᠦᠯᠳᠡᠷ ᠲᠦᠯᠡᠬᠦ ᠢᠨᠤ ᠂ ᠤᠲᠤᠭ᠎ᠠ ᠶ᠋ᠢ ᠭᠠᠷᠭᠠᠯ ᠦᠭᠡᠢ ᠲᠡᠩᠴᠡᠭᠦᠦ ᠭᠠᠯ ᠳ᠋ᠤ᠌ ᠥᠴᠦᠬᠡᠨ ᠲᠦᠯᠡᠵᠦ ᠭᠠᠷᠭ᠎ᠠ᠃ ᠲᠡᠮᠦᠷ ᠮᠣᠭᠠᠢ ᠶ᠋ᠢ ᠯᠠᠷᠽᠢ ᠲᠠᠢ ᠤᠰᠤᠨ ᠳ᠋ᠤ᠌ ᠭᠤᠷᠪᠠ ᠬᠣᠨᠣᠭ ᠳᠡᠪᠲᠦᠭᠡ᠃
ᠴᠢᠯᠠᠭᠤᠨ ᠰᠢᠷᠪᠥᠰᠥ᠂ ᠬᠥᠬᠡ ᠰᠢᠷᠪᠥᠰᠥ ᠶ᠋ᠢ ᠰᠢᠭᠡᠰᠦᠨ ᠳ᠋ᠦ᠍ ᠰᠣᠶ᠋ᠢᠵᠤ ᠤᠬᠢᠶᠠ᠃
ᠳᠠᠩᠫᠤᠷᠣᠮ ᠊ᠢ ᠰᠦ ᠳᠡᠪᠲᠦᠭᠡᠵᠦ ᠨᠠᠷᠠᠨ ᠳ᠋ᠤ᠌ ᠬᠠᠲᠠᠭ᠎ᠠ᠃
ᠭᠣᠣᠵᠢᠯᠠ ᠶ᠋ᠢ ᠦᠨᠢᠶᠡᠨ ᠠᠶ᠋ᠢᠷᠠᠭ ᠲᠤ᠌ ᠳᠡᠪᠲᠦᠭᠡᠵᠦ᠂ ᠤᠩᠭᠠᠰᠤᠲᠤ ᠬᠠᠯᠢᠰᠤ ᠶ᠋ᠢ ᠮᠥᠯᠲᠥᠯ
ᠰᠢᠩ ᠠᠷ ᠊ᠢ ᠰᠦ ᠳ᠋ᠦ᠍ ᠳᠡᠪᠲᠦᠭᠡᠵᠦ᠂ ᠰᠡᠭᠦᠳᠡᠷ ᠲᠦ᠍ ᠬᠠᠲᠠᠭᠠᠪᠠᠰᠤ ᠠᠮᠲᠠ ᠨᠢ ᠭᠠᠷᠴᠤ᠂ ᠬᠦᠴᠦ ᠢᠨᠤ ᠡᠭᠦᠰᠦᠭᠡᠳ ᠰᠢᠮᠡᠲᠡᠢ ᠪᠣᠯᠤᠮᠤᠢ ᠃
ᠶᠡᠷᠡ ᠶᠢᠰᠦ᠂ ᠡᠮ ᠠᠳᠢᠰᠯᠠᠬᠤ
ᠡᠮ ᠨᠤᠭᠦᠳ ᠊ᠢ ᠠᠳᠢᠰᠯᠠᠬᠤ ᠶᠣᠰᠣ ᠠᠨᠤ ᠮᠠᠩᠬᠤᠭ ᠤ᠋ᠨ ᠠᠮᠠ ᠪᠠᠨ ᠨᠡᠭᠡᠭᠡᠭᠰᠡᠨ ᠦ᠌ ᠳᠡᠭᠡᠷ᠎ᠡ ᠤᠯᠠᠭᠠᠨ ᠲᠣᠷᠭ᠎ᠠ ᠪᠠᠷ ᠪᠦᠷᠬᠦᠵᠦ᠂ ᠡᠮᠦᠨ᠎ᠡ ᠳ᠋ᠦ᠍ᠷ ᠬᠣᠶᠠᠷ ᠤᠰᠤᠲᠤ ᠴᠢᠬᠤᠯᠠ ᠲᠠᠬᠢᠯ ᠲᠠᠯᠪᠢᠭᠠᠳ᠂ ᠪᠠᠭ᠎ᠠ ᠴᠠᠭᠠᠨ ᠴᠣᠮᠣ ᠳᠣᠲᠣᠷ ᠠᠷᠢᠭᠤᠨ ᠤᠰᠤ ᠶ᠋ᠢ ᠲᠡᠩᠴᠡᠭᠦᠦ ᠳᠦᠭᠦᠷᠭᠡᠭᠡᠳ ᠡᠮ ᠦ᠋ᠳ ᠡᠴᠡ ᠳᠡᠭᠡᠵᠢ ᠶ᠋ᠢ ᠬᠣᠷᠢᠶᠠᠨ ᠬᠢᠭᠡᠳ ᠢᠲᠡᠭᠡᠯ ᠶᠠᠪᠤᠭᠤᠯᠤᠨ ᠰᠡᠳᠬᠢᠯ ᠊ᠢ ᠡᠭᠦᠰᠬᠡᠨ ᠴᠠᠭᠯᠠᠰᠢ ᠦᠭᠡᠢ ᠳᠥᠷᠪᠡ ᠶ᠋ᠢ ᠪᠢᠰᠢᠯᠭᠠᠭᠲᠤᠨ᠃ ᠥᠪᠡᠷ ᠢ᠋ᠶ᠋ᠡᠨ ᠠᠭᠱᠠᠨ ᠵᠠᠭᠤᠷ᠎ᠠ ᠬᠣᠭᠣᠰᠣᠨ ᠳ᠋ᠤᠷ ᠲᠣᠳᠣᠳᠬᠠ᠂ ᠬᠣᠭᠣᠰᠣᠨ ᠠᠭᠠᠷ ᠠ᠋ᠴᠠ ᠠᠭᠱᠠᠨ ᠵᠠᠭᠤᠷ᠎ᠠ ᠪᠠᠷ᠂ ᠬᠦᠷᠦ ᠬᠦᠯᠢ ᠳ᠋ᠦ᠍ᠷ ᠲᠣᠳᠣᠳᠬᠠᠭᠰᠠᠨ ᠤ᠋ ᠰᠡᠳᠬᠢᠯ ᠦ᠋ᠨ ᠭᠡᠷᠡᠯ ᠢ᠋ᠶ᠋ᠡᠷ ᠲᠣᠳᠬᠠᠷ ᠦ᠋ᠳ ᠊ᠢ ᠥᠯᠲᠡᠭᠲᠦᠨ ! ᠣᠮ ᠬᠦᠷᠦ ᠬᠦᠯᠢ ᠷᡁᠢ ᠰᠦ᠍ ᠬᠠ᠃ ᠰᠦᠮ ᠪᠠ ᠨᠢ ᠪᠡᠷ ᠲᠣᠳᠬᠠᠷ ᠊ᠢ ᠥᠯᠲᠡᠭᠰᠡᠨ ᠳ᠋ᠦ᠍ᠷ ᠵᠣᠷᠢᠭᠲᠤᠨ! ᠰᠦ᠍ ᠪᠠ ᠸᠠ ᠪᠠᠷ ᠠᠷᠢᠭᠤᠳᠬᠠ᠃ ᠬᠣᠭᠣᠰᠣᠨ ᠠᠭᠠᠷ ᠠ᠋ᠴᠠ ᠡᠮ ᠦ᠋ᠨ ᠴᠣᠭᠴᠠ ᠶ᠋ᠢᠨ ᠳᠡᠭᠡᠷ᠎ᠡ ᠯᠢᠩᠬᠤ᠎ᠠ ᠰᠠᠷᠠᠨ ᠳᠡᠪᠢᠰᠬᠡᠷ ᠲᠣᠷ ᠬᠥᠬᠡ ᠬᠣᠩ ᠊ᠢ ᠣᠭᠣᠭᠠᠲᠠ ᠪᠦᠭᠦᠳᠡ ᠬᠤᠪᠢᠯᠤᠭᠰᠠᠨ ᠠ᠋ᠴᠠ᠂ ᠢᠯᠠᠵᠤ ᠲᠡᠭᠦᠰ ᠨᠥᠭᠴᠢᠭᠰᠡᠨ ᠣᠲᠠᠴᠢ ᠪᠢᠳᠦᠷᠢᠶ᠎ᠡ ᠶ᠋ᠢᠨ ᠭᠡᠷᠡᠯ ᠦ᠋ᠨ ᠬᠠᠭᠠᠨ᠂ ᠪᠡᠶ᠎ᠡ ᠶ᠋ᠢᠨ ᠥᠩᠭᠡ ᠬᠥᠬᠡ᠂ ᠪᠠᠷᠠᠭᠤᠨ ᠮᠣᠳᠣᠷ ᠲᠤᠷ ᠠᠷᠤᠷ᠎ᠠ ᠬᠢᠭᠡᠳ᠂ ᠵᠡᠭᠦᠨ ᠳ᠋ᠦ᠍ᠷ ᠷᠠᠰᠢᠶᠠᠨ ᠢ᠋ᠶ᠋ᠠᠷ ᠳᠦᠭᠦᠷᠦᠭᠰᠡᠨ ᠪᠠᠳᠢᠷ ᠊ᠢ ᠪᠠᠷᠢᠵᠤ᠂ ᠨᠣᠮᠲᠤ ᠳᠡᠪᠡᠯ ᠊ᠢ ᠬᠡᠲᠦᠷᠴᠤ᠂ ᠥᠯᠮᠡᠢ ᠸᠴᠢᠷ ᠵᠠᠪᠢᠯᠠᠯ ᠢ᠋ᠶ᠋ᠠᠷ ᠰᠠᠭᠠᠲᠠᠭᠰᠠᠨ ᠤ᠋ ᠰᠡᠳᠬᠢᠯ ᠳ᠋ᠦ᠍ᠷ ᠨᠠᠷᠠᠨ ᠤ᠋ ᠮᠠᠨᠳᠤᠯ ᠣᠭᠣᠭᠠᠲᠠ ᠲᠣᠳᠣᠳᠬᠠᠭᠰᠠᠨ ᠤ᠋ ᠳᠤᠮᠳᠠ ᠯᠢᠩᠬᠤ᠎ᠠ᠂ ᠨᠠᠷᠠᠨ᠂ ᠬᠡᠭᠦᠷ ᠦ᠋ᠨ ᠳᠡᠪᠢᠰᠬᠡᠷᠲᠦ ᠶ᠋ᠢᠨ ᠵᠢᠷᠦᠬᠡᠨ ᠳ᠋ᠦ᠍ᠷ ᠷᡁᠢ ᠡᠴᠡ ᠤᠳᠪᠠᠯᠠ ᠷᡁᠢ ᠪᠡᠷ ᠪᠡᠯᠭᠡᠭᠰᠡᠨ ᠣᠭᠣᠭᠠᠲᠠ ᠬᠤᠪᠢᠯᠠᠵᠤ᠂ ᠬᠦᠷᠦ ᠬᠦᠯᠢ ᠶ᠋ᠢᠨ ᠪᠡᠶ᠎ᠡ ᠶ᠋ᠢᠨ ᠥᠩᠭᠡ ᠤᠯᠠᠭᠠᠨ᠂ ᠨᠤᠮᠤ ᠰᠤᠮᠤ᠂ ᠴᠠᠯᠮ᠎ᠠ ᠭᠣᠬ᠎ᠠ ᠪᠠᠷᠢᠭᠰᠠᠨ᠃ ᠳᠡᠭᠡᠷ᠎ᠡ ᠳᠣᠣᠷ᠎ᠠ ᠬᠤᠪᠴᠠᠰᠤ ᠬᠢᠭᠡᠳ ᠶᠢᠰᠦᠨ ᠴᠢᠮᠡᠭ ᠦᠵᠡᠰᠬᠦᠯᠡᠩᠲᠡᠢ ᠪᠡᠷ ᠴᠢᠮᠡᠵᠦ᠂ ᠪᠠᠷᠠᠭᠤᠨ ᠥᠯᠮᠡᠢ ᠶ᠋ᠢ ᠨᠤᠭᠤᠯᠠᠵᠤ᠂ ᠵᠡᠭᠦᠨ ᠥᠯᠮᠡᠢ ᠶ᠋ᠢ ᠵᠢᠭᠢᠨ᠂ ᠪᠥᠵᠢᠭ ᠦ᠋ᠨ ᠪᠠᠶ᠋ᠢᠲᠠᠯ ᠢ᠋ᠶ᠋ᠠᠷ ᠬᠡᠬᠦᠯᠵᠡᠨ᠂ ᠲᠠᠭᠠᠯᠠᠯᠳᠤ ᠳᠦᠷᠢ ᠪᠡᠷ ᠣᠷᠣᠰᠢᠭᠰᠠᠨ ᠣᠲᠠᠴᠢ ᠬᠢᠭᠡᠳ ᠷᠡᠭᠵᠢᠤᠠᠮᠠ ᠶ᠋ᠢᠨ ᠣᠷᠣᠢ ᠳ᠋ᠤᠷ ᠣᠮ᠂ ᠬᠣᠭᠣᠯᠠᠢ ᠳ᠋ᠤᠷ ᠠ᠂ ᠵᠢᠷᠦᠬᠡᠨ ᠳ᠋ᠦ᠍ᠷ ᠬᠣᠩ᠃ ᠬᠣᠩ ᠠ᠋ᠴᠠ ᠭᠡᠷᠡᠯ ᠰᠠᠴᠤᠷᠠᠨ᠂ ᠪᠢᠯᠢᠭ ᠬᠢᠭᠡᠳ ᠠᠪᠢᠰᠢᠭ᠌ ᠲᠩᠷᠢ ᠨᠠᠷ ᠊ᠢ ᠤᠷᠢᠨ ᠵᠠᠯᠠᠭᠠᠳ ᠽᠠ᠂ ᠬᠣᠩ᠂ ᠪᠠᠮ᠂ ᠬᠣᠣ ᠠᠪᠢᠰᠢᠭ᠌ ᠤ᠋ᠨ ᠲᠩᠷᠢ ᠪᠡᠷ ᠠᠪᠢᠰᠢᠭ᠌ ᠊ᠢ ᠬᠦᠷᠲᠡᠭᠡᠨ᠂ ᠮᠠᠵᠤᠪᠠ ᠬᠢᠭᠡᠳ ᠣᠤᠠᠪᠠᠭᠮᠠᠳ ᠢ᠋ᠶ᠋ᠠᠷ ᠲᠡᠷᠢᠭᠦᠨ ᠊ᠢ ᠴᠢᠮᠡᠵᠦ᠂ ᠠᠷᠬᠠᠮ ᠠ᠋ᠴᠠ ᠱᠠᠪᠳᠠ ᠭᠥᠷᠳᠡᠯᠭᠡ ᠪᠡᠷ ᠳᠠᠬᠢᠵᠤ᠂ ᠴᠥᠪ ᠴᠠᠭ ᠤ᠋ᠨ ᠠᠮᠢᠲᠠᠨ ᠳ᠋ᠤᠷ ᠨᠢᠭᠦᠯᠡᠰᠬᠦᠢ ᠶ᠋ᠢᠨ ᠰᠡᠳᠬᠢᠯ ᠢ᠋ᠶ᠋ᠡᠷ᠂ ᠢᠯᠠᠵᠤ ᠲᠡᠭᠦᠰ ᠨᠥᠭᠴᠢᠭᠰᠡᠨ ᠪᠤᠷᠬᠠᠨ ᠣᠲᠠᠴᠢ ᠪᠠ ᠭᠤᠷᠪᠠᠨ ᠶᠢᠷᠲᠢᠨᠴᠦ ᠶ᠋ᠢ ᠡᠷᠬᠡᠰᠢᠭᠴᠢ ᠷᠡᠭᠵᠢᠤᠠᠮᠠ ᠳ᠋ᠤᠷ᠂ ᠡᠮ ᠦ᠋ᠨ ᠳᠡᠭᠡᠵᠢ ᠶ᠋ᠢ ᠡᠷᠭᠦᠪᠡᠢ᠃ ᠰᠠᠢᠨ ᠠᠮᠤᠭᠤᠯᠠᠩ ᠊ᠢ ᠰᠣᠶᠣᠷᠬ᠎ᠠ ᠭᠡᠮᠡᠨ ᠡᠮ ᠦ᠋ᠨ ᠳᠡᠭᠡᠵᠢ ᠶ᠋ᠢ ᠡᠷᠭᠦᠭᠡᠳ᠄ ᠢᠷᠦᠭᠡᠯ ᠦ᠋ᠨ ᠬᠦᠴᠦᠨ ᠲᠡᠭᠦᠰ ᠷᠡᠭᠵᠢᠤᠠᠮᠠ ᠳ᠋ᠤᠷ᠂ ᠠᠮᠢᠲᠠᠨ ᠪᠦᠬᠦᠨ ᠳ᠋ᠦ᠍ ᠵᠣᠪᠠᠯᠠᠩ ᠊ᠢ ᠠᠷᠢᠯᠭᠠᠨ ᠵᠣᠬᠢᠶᠠᠭᠴᠢ᠂ ᠣᠲᠠᠴᠢ ᠪᠠᠭᠰᠢ ᠬᠢᠭᠡᠳ ᠷᠡᠭᠵᠢᠤᠠᠮᠠ ᠳ᠋ᠤᠷ ᠂ ᠪᠢᠰᠢᠷᠡᠩᠭᠦᠢ ᠪᠡᠷ ᠮᠠᠭᠲᠠᠨ ᠮᠥᠷᠭᠥᠮᠦ ᠭᠡᠮᠡᠨ ᠮᠠᠭᠲᠠᠭᠠᠳ ᠣᠲᠠᠴᠢ ᠶ᠋ᠢᠨ ᠵᠢᠷᠦᠬᠡᠨ ᠦ᠌ ᠨᠠᠷᠠᠨ ᠳ᠋ᠤ᠌ ᠣᠷᠣᠰᠢᠭᠰᠠᠨ ᠥᠬᠢᠨ ᠲᠩᠷᠢ ᠬᠦᠷᠦ ᠬᠦᠯᠢ ᠶ᠋ᠢᠨ ᠵᠢᠷᠦᠬᠡᠨ ᠦ᠌ ᠷᡁᠢ ᠬᠢᠭᠡᠳ ᠲᠠᠷᠨᠢ ᠶ᠋ᠢᠨ ᠡᠷᠢᠬᠡᠰ ᠡᠴᠡ ᠭᠡᠷᠡᠯ ᠰᠠᠴᠤᠷᠠᠨ᠂ ᠢᠯᠠᠭᠤᠭᠰᠠᠨ ᠬᠥᠪᠡᠭᠦᠳ ᠰᠡᠯᠲᠡ ᠶ᠋ᠢᠨ ᠠᠲᠢᠰᠲᠠᠳ᠂ ᠭᠤᠷᠪᠠᠨ ᠨᠢᠭᠤᠴᠠ ᠶ᠋ᠢᠨ ᠡᠷᠳᠡᠮ ᠦᠢᠯᠡᠰ ᠢ᠋ᠶ᠋ᠡᠷ ᠳᠡᠯᠡᠬᠡᠢ ᠶᠢᠷᠲᠢᠨᠴᠦ ᠶ᠋ᠢᠨ ᠡᠮ᠂ ᠰᠢᠮ᠎ᠡ ᠲᠡᠵᠢᠭᠡᠯ᠂ ᠴᠣᠭ ᠤᠴᠠᠷᠠᠯ ᠬᠣᠲᠠᠯᠠ ᠴᠢᠭᠤᠯᠠᠭᠰᠠᠨ ᠪᠦᠭᠦᠳᠡ ᠶ᠋ᠢ ᠭᠡᠷᠡᠯ ᠦ᠋ᠨ ᠳᠦᠷᠢ ᠪᠡᠷ ᠬᠤᠷᠢᠶᠠᠬᠤ ᠪᠥᠭᠡᠳ ᠲᠠᠷᠨᠢ ᠶ᠋ᠢᠨ ᠡᠷᠢᠬᠡᠰ ᠲᠣᠷ ᠰᠢᠩᠭᠡᠬᠡᠨ᠂ ᠣᠲᠠᠴᠢ ᠬᠢᠭᠡᠳ ᠷᠡᠭᠵᠢᠤᠠᠮᠠ ᠶ᠋ᠢᠨ ᠭᠤᠷᠪᠠᠨ ᠣᠷᠣᠨ ᠠ᠋ᠴᠠ ᠷᠠᠰᠢᠶᠠᠨ ᠤ᠋ ᠦᠷᠭᠦᠯᠵᠢᠯᠡᠯ ᠪᠠᠭᠤᠭᠰᠠᠨ ᠢ᠋ᠶ᠋ᠠᠷ ᠡᠮ ᠳ᠋ᠦ᠍ᠷ ᠰᠢᠩᠭᠡᠭᠡᠭᠰᠡᠨ ᠢ᠋ᠶ᠋ᠡᠷ ᠰᠠᠨᠠᠵᠤ᠂ ᠣᠲᠠᠴᠢ ᠶ᠋ᠢᠨ ᠲᠠᠷᠨᠢ ᠪᠠ ᠷᠡᠭᠵᠢᠤᠠᠮᠠ ᠶ᠋ᠢᠨ ᠲᠠᠷᠨᠢ ᠶ᠋ᠢ ᠤᠷᠢᠵᠤ ᠵᠠᠭᠤᠨ ᠦᠰᠦᠭᠲᠦ ᠪᠡᠷ ᠪᠠᠲᠤᠳᠬᠠᠨ ᠦᠢᠯᠡᠳ᠃ ᠯᠠᠮᠠ ᠪᠤᠷᠬᠠᠨ ᠭᠤᠷᠪᠠᠨ ᠴᠤᠬᠠᠭ ᠳᠡᠭᠡᠳᠦ ᠶ᠋ᠢᠨ᠂ ᠦᠨᠡᠨ ᠠᠲᠢᠰᠲᠠᠳ ᠷᠡᠭᠵᠢᠤᠠᠮᠠ ᠠ᠋ᠴᠠ᠂ ᠠᠮᠢᠲᠠᠨ ᠪᠦᠬᠦᠨ ᠦ᠌ ᠡᠪᠡᠳᠴᠢᠨ ᠨᠤᠭᠦᠳ ᠊ᠢ ᠲᠦᠷᠭᠡᠨ ᠠᠷᠢᠯᠭᠠᠵᠤ᠂ ᠡᠮ ᠦ᠋ᠨ ᠷᠠᠰᠢᠶᠠᠨ ᠪᠣᠯᠬᠤ ᠪᠣᠯᠲᠤᠭᠠᠢ! ᠯᠠᠮᠠ ᠪᠤᠷᠬᠠᠨ ᠭᠡᠷᠡᠯ ᠳ᠋ᠦ᠍ ᠰᠢᠩᠭᠡᠵᠦ᠂ ᠡᠮ ᠦ᠋ᠨ ᠴᠣᠭᠴᠠ ᠶ᠋ᠢᠨ ᠳᠦᠷᠢᠲᠦ ᠪᠣᠯᠪᠠ ᠭᠡᠮᠡᠨ ᠰᠠᠨᠠᠵᠤ᠂ ᠢᠲᠡᠷᠮᠡ ᠶ᠋ᠢ ᠥᠭᠦᠯᠡᠨ᠂ ᠦᠯᠵᠡᠶ᠋ᠢᠲᠦ ᠦᠭᠡᠰ ᠢ᠋ᠶ᠋ᠡᠷ ᠡᠴᠦᠰ ᠊ᠢ ᠴᠢᠮᠡᠭᠯᠡᠨ ᠦᠢᠯᠡᠳ᠃
ᠵᠣᠬᠢᠶᠠᠭᠴᠢ ᠶ᠋ᠢᠨ ᠥᠭᠦᠯᠡᠯ
ᠨᠠᠢ᠍ᠮᠠᠨ ᠭᠡᠰᠢᠭᠦᠨ ᠲᠡᠭᠦᠰᠦᠭᠰᠡᠨ ᠶᠡᠬᠡ ᠳᠠᠯᠠᠢ ᠶ᠋ᠢᠨ ᠵᠠᠬ᠎ᠠ ᠳ᠋ᠤᠷ ᠂ ᠱᠣᠷᠪᠣᠭᠲᠤ ᠪᠠᠭ᠎ᠠ ᠬᠤᠳᠳᠤᠭ ᠊ᠢ ᠮᠠᠯᠲᠠᠬᠤ ᠬᠡᠷᠡᠭ ᠶᠠᠭᠤᠨ ᠪᠣᠢ ᠃ ᠣᠯᠠᠨ ᠮᠡᠷᠭᠡᠳ ᠦ᠋ᠨ ᠶᠡᠬᠡ ᠨᠣᠮᠯᠠᠯ ᠠᠯᠲᠠᠨ ᠠᠭᠤᠯᠠᠨ ᠠ᠋ᠴᠠ ᠬᠡᠲᠦᠷᠡᠬᠦ ᠶ᠋ᠢᠨ ᠳᠤᠮᠳᠠ᠂ ᠣᠯᠳᠣᠢ ᠮᠢᠨᠦ ᠲᠣᠮᠣᠭ᠎ᠠ ᠦᠭᠡᠢ ᠨᠠᠶ᠋ᠢᠷᠠᠯᠭ᠎ᠠ ᠦᠭᠡᠰ ᠡᠨᠡ ᠶᠠᠭᠤᠨ ᠬᠡᠷᠡᠭ ᠂ ᠭᠡᠪᠡᠴᠦ ᠥᠴᠦᠬᠡᠨ ᠨᠢᠯᠬᠠᠰ ᠤ᠋ᠨ ᠨᠢᠳᠦᠨ ᠬᠠᠷᠠᠭ᠎ᠠ ᠳ᠋ᠤᠷ ᠂ ᠮᠣᠷᠢ ᠦᠬᠡᠷ ᠊ᠢ ᠦᠯᠦ ᠣᠶ᠋ᠢᠰᠢᠶᠠᠨ ᠵᠢᠷᠤᠭ ᠲᠤᠷ ᠪᠠᠶᠠᠰᠬᠤᠴᠢᠯᠠᠨ᠂ ᠶᠡᠬᠡ ᠭᠣᠣᠯ ᠊ᠢ ᠡᠰᠡ ᠤᠬᠠᠭᠰᠠᠨ ᠪᠠᠭ᠎ᠠ ᠡᠮᠴᠢ ᠨᠠᠷ ᠲᠤᠷ ᠡᠨᠡ ᠳᠥᠭᠥᠮ ᠭᠠᠷ ᠤ᠋ᠨ ᠠᠪᠤᠯᠭ᠎ᠠ ᠥᠴᠦᠬᠡᠨ ᠲᠡᠳᠦᠢ ᠬᠡᠷᠡᠭᠲᠡᠢ ᠴᠦ᠍ ᠪᠣᠯᠪᠠ ᠤᠤ ! ᠨᠢᠭᠡ ᠮᠣᠳᠣᠨ ᠠ᠋ᠴᠠ ᠭᠠᠷᠤᠭᠰᠠᠨ ᠵᠢᠮᠢᠰ ᠶᠡᠬᠡ ᠪᠠᠭ᠎ᠠ ᠪᠣᠯᠪᠠᠴᠤ᠂ ᠭᠠᠰᠢᠭᠤᠨ ᠠᠮᠲᠠᠲᠠᠢ ᠶ᠋ᠢᠨ ᠢᠯᠭᠠᠯ ᠪᠠᠶ᠋ᠢᠬᠤ ᠦᠭᠡᠢ ᠶ᠋ᠢᠨ ᠲᠤᠯᠠᠳᠠ ᠂ ᠡᠷᠬᠢᠮ ᠳᠡᠭᠡᠳᠦᠰ ᠦ᠋ᠨ ᠲᠠᠭᠠᠯᠠᠯ ᠰᠢᠮ᠎ᠡ ᠳ᠋ᠦ᠍ ᠡᠨᠳᠡᠭᠦᠷᠡᠬᠦ ᠦᠭᠡᠢ ᠪᠣᠯᠪᠠᠰᠤ᠂ ᠡᠯᠵᠢᠭᠡᠨ ᠠᠮᠠ ᠠ᠋ᠴᠠ ᠭᠠᠷᠪᠠᠴᠤ ᠡᠷᠳᠡᠨᠢ ᠢᠨᠤ ᠦᠨᠡᠲᠡᠢ᠃ ᠡᠮ ᠦ᠋ᠳ ᠊ᠢ ᠡᠷᠢᠬᠦᠶᠡ᠂ ᠣᠯᠳᠠᠬᠤ ᠠᠨᠤ ᠬᠢᠯᠪᠠᠷᠬᠠᠨ᠂ ᠡᠪᠯᠡᠭᠦᠯᠦᠨ ᠨᠠᠶ᠋ᠢᠷᠠᠭᠤᠯᠬᠤᠶᠠ ᠠᠮᠤᠷ ᠪᠥᠭᠡᠳ ᠴᠥᠭᠡᠬᠡᠨ᠂ ᠡᠪᠡᠳᠴᠢᠨ ᠊ᠢ ᠡᠳᠡᠭᠡᠷᠡᠭᠦᠯᠬᠦᠶᠡ ᠲᠤᠰᠠ ᠠᠨᠤ ᠭᠠᠶ᠋ᠢᠬᠠᠮᠰᠢᠬ ᠂ ᠢᠯᠡ ᠣᠯᠠᠨ᠎ᠠ ᠥᠪᠡᠷ ᠪᠤᠰᠤᠳ ᠲᠤ᠌ ᠲᠦᠪᠡᠭ ᠪᠠᠭ᠎ᠠ ᠶᠡᠬᠡ ᠲᠤᠰᠠ ᠶ᠋ᠢ ᠪᠦᠲᠦᠭᠡᠪᠡᠢ ᠃ ᠲᠡᠶ᠋ᠢᠨ ᠪᠣᠯᠪᠠᠴᠤ ᠠᠩᠬᠠᠷᠬᠤ ᠣᠨᠣᠯ ᠪᠠᠭ᠎ᠠ ᠪᠦᠬᠦᠢ ᠶ᠋ᠢᠨ ᠤᠴᠢᠷ ᠠ᠋ᠴᠠ ᠂ ᠡᠨᠳᠡᠭᠦᠷᠡᠯ ᠣᠯᠠᠨ ᠪᠠᠶ᠋ᠢᠬᠤ ᠶ᠋ᠢ ᠡᠷᠬᠢᠮ ᠮᠡᠷᠭᠡᠳ ᠲᠦ᠍ ᠬᠦᠯᠢᠴᠡᠶᠡ᠃ ᠡᠨᠡ ᠰᠠᠢᠬᠠᠨ ᠪᠤᠶᠠᠨ ᠢ᠋ᠶ᠋ᠠᠷ ᠶᠡᠬᠡ ᠪᠣᠳᠢ ᠶ᠋ᠢᠨ ᠲᠦᠷᠭᠡᠨ ᠮᠥᠷ ᠲᠦ᠍ ᠡᠮᠡᠭᠡᠯ ᠬᠠᠵᠠᠭᠠᠷ ᠲᠡᠭᠦᠰ ᠡᠷᠳᠡᠨᠢ ᠶ᠋ᠢᠨ ᠴᠢᠮᠡᠭᠲᠦ ᠮᠣᠷᠢᠨ ᠊ᠢ ᠤᠨᠤᠬᠤ ᠪᠣᠯᠲᠤᠭᠠᠢ! ᠭᠤᠷᠪᠠᠨ ᠬᠣᠣᠷ ᠤ᠋ᠨ ᠡᠪᠡᠳᠴᠢᠨ ᠳ᠋ᠦ᠍ᠷ ᠪᠠᠷᠢᠭᠳᠠᠭᠰᠠᠨ ᠠᠮᠢᠲᠠᠨ ᠪᠦᠬᠦᠨ ᠳ᠋ᠦ᠍ ᠲᠤᠰᠠᠯᠠᠬᠤ ᠭᠠᠷ ᠤ᠋ᠨ ᠠᠪᠤᠯᠭ᠎ᠠ ᠶ᠋ᠢᠨ ᠲᠤᠷᠰᠢᠯᠭᠠᠲᠤ ᠯᠢᠩᠬᠤ᠎ᠠ ᠶ᠋ᠢᠨ ᠴᠡᠴᠡᠭ ᠡᠷᠭᠦᠨ᠎ᠡ᠂ ᠳᠥᠷᠪᠡᠨ ᠬᠤᠷᠢᠶᠠᠩᠭᠤᠢ ᠲᠡᠭᠦᠰᠦᠭᠰᠡᠨ ᠵᠢᠷᠭᠤᠭᠠᠨ ᠪᠢᠷᠡᠮᠢᠳ ᠦ᠋ᠨ ᠦᠷ᠎ᠡ ᠪᠣᠯᠪᠠᠰᠤᠷᠠᠭᠰᠠᠨ ᠢ᠋ᠶ᠋ᠠᠷ ᠂ ᠠᠮᠤᠭᠤᠯᠠᠩᠲᠤ ᠣᠷᠣᠨ ᠤ᠋ ᠠᠪᠢᠲᠠᠢ ᠶ᠋ᠢᠨ ᠳᠡᠭᠡᠳᠦ ᠨᠢᠭᠤᠷ ᠊ᠢ ᠲᠦᠷᠭᠡᠨ ᠦᠵᠡᠬᠦ ᠪᠣᠯᠲᠤᠭᠠᠢ! ᠬᠡᠮᠡᠬᠦ ᠡᠭᠦᠨ ᠊ᠢ ᠢᠰᠢᠲᠠᠨᠽᠠᠨᠸᠠᠩᠵᠢᠯ ᠬᠡᠮᠡᠭᠴᠢ ᠪᠡᠷ ᠥᠪᠡᠷ ᠦ᠋ᠨ ᠱᠠᠪᠢ ᠨᠠᠷ ᠲᠤ᠌ ᠲᠤᠰᠠᠯᠠᠬᠤ ᠪᠥᠭᠡᠳ ᠮᠠᠭᠤ ᠴᠠᠭ ᠤ᠋ᠨ ᠪᠢᠷ᠎ᠠ ᠥᠴᠦᠬᠡᠨ ᠠᠮᠢᠲᠠᠨ ᠨᠤᠭᠤᠳ ᠲᠤᠷ ᠬᠠᠶᠠ ᠵᠠᠷᠢᠮ ᠲᠤᠰᠠ ᠭᠠᠷᠪᠠᠰᠤ᠂ ᠪᠢᠴᠢᠬᠠᠨ ᠬᠡᠷᠡᠭ ᠪᠣᠯᠪᠠᠰᠤᠷᠠᠬᠤ ᠶ᠋ᠢ ᠰᠠᠨᠠᠵᠤ᠂ ᠭᠠᠷ ᠢ᠋ᠶ᠋ᠠᠷ ᠪᠢᠴᠢᠨ ᠲᠡᠭᠦᠰᠬᠡᠪᠡᠢ᠃ ᠰᠠᠢᠨ ᠪᠤᠶᠠᠨ ᠠᠷᠪᠢᠵᠢᠬᠤ ᠪᠣᠯᠲᠤᠭᠠᠢ!
ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠤ᠎ᠠ
