ᠬᠠᠳᠠᠭ  ᠢ᠋ᠶ᠋ᠠᠨ ᠳᠡᠯᠭᠡᠭᠰᠡᠨ ᠬᠠᠲᠠᠢ ᠮᠢᠨᠢ- ᠬᠠᠷᠬᠠᠲᠠᠨ ᠷ ᠂ ᠴᠢᠷᠮᠠᠶ᠋ᠢᠯᠲᠤХадгаа дэлгэсэн хатай минь-хархтан р , Чармайлт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠳᠠᠭ  ᠢ᠋ᠶ᠋ᠠᠨ ᠳᠡᠯᠭᠡᠭᠰᠡᠨ ᠬᠠᠲᠠᠢ ᠮᠢᠨᠢ- ᠬᠠᠷᠬᠠᠲᠠᠨ ᠷ ᠂ ᠴᠢᠷᠮᠠᠶ᠋ᠢᠯᠲᠤХадгаа дэлгэсэн хатай минь-хархтан р , Чармайлт

ᠬᠠᠳᠠᠭ  ᠢ᠋ᠶ᠋ᠠᠨ ᠳᠡᠯᠭᠡᠭᠰᠡᠨ ᠬᠠᠲᠠᠢ ᠮᠢᠨᠢ- ᠬᠠᠷᠬᠠᠲᠠᠨ ᠷ ᠂ ᠴᠢᠷᠮᠠᠶ᠋ᠢᠯᠲᠤХадгаа дэлгэсэн хатай минь-хархтан р , Чармайлт

ᠠᠩᠭᠢᠯᠠᠯ:ᠳᠠᠭᠤᠤ ᠬᠥᠭᠵᠢᠮ
2023-06-11

432

ᠬᠠᠳᠠᠭ ᠢ᠋ᠶ᠋ᠠᠨ ᠳᠡᠯᠭᠡᠭᠰᠡᠨ ᠬᠠᠲᠠᠢ ᠮᠢᠨᠢ

   ᠦᠭᠡ ᠠᠶ᠎ᠠ᠄  ᠬᠠᠷᠬᠠᠲᠠᠨ ᠷ· ᠴᠢᠷᠮᠠᠢᠯᠲᠤ  
   ᠳᠠᠭᠤᠴᠢᠨ᠄ ᠪᠠᠶᠠᠮ᠎ᠠ᠂ ᠬᠠᠰᠲᠤ 
   MIDI ᠬᠥᠭᠵᠢᠮ᠄   ᠮᠥᠩᠭᠥᠨᠱᠠ    
ᠪᠣᠳᠣᠯ ᠳ᠋ᠤ᠌ ᠬᠣᠨᠣᠭᠰᠢᠭᠰᠠᠨ ᠬᠤᠯᠤᠰᠤᠨ ᠴᠠᠢᠳᠠᠮ 
ᠪᠤᠷᠬᠠᠨ ᠳ᠋ᠤ᠌ ᠴᠤ᠌ ᠬᠠᠢᠷᠠᠯᠠᠭ᠎ᠠ ᠦᠭᠡᠢ ᠠᠮᠢᠳᠤ ᠪᠤᠯᠠᠭ  
ᠪᠣᠭᠳᠠ ᠶ᠋ᠢᠨ ᠰᠠᠬᠢᠭᠤᠰᠤᠲᠤ ᠣᠪᠣᠭᠠᠨ ᠲᠠᠬᠢᠯᠭ᠎ᠠ  
ᠪᠤᠯᠲᠤ ᠲᠦᠮᠡᠨ ᠦ᠌ ᠮᠢᠨᠢ ᠰᠢᠲᠦᠭᠡᠨ ᠦ᠌ ᠳᠡᠭᠡᠳᠦ ᠶᠦᠮ᠃
  
ᠴᠡᠯᠮᠡᠭᠬᠡᠨ ᠠᠭᠠᠷ ᠲᠠᠢ ᠯᠤᠤᠪᠠᠩᠲᠤ ᠶ᠋ᠢᠨ ᠮᠠᠩᠬ᠎ᠠ  
ᠴᠡᠪᠡᠷᠬᠡᠨ ᠳᠤᠷᠠᠰᠤᠯ ᠲᠠᠢ ᠯᠠᠮᠠ ᠶ᠋ᠢᠨ ᠳᠠᠷᠠᠰᠤ  
ᠴᠡᠩᠬᠡᠷᠬᠡᠨ ᠵᠡᠷᠭᠡᠯᠭᠡᠨ ᠲᠡᠢ ᠠᠷᠤ ᠶ᠋ᠢᠨ ᠵᠠᠳᠠᠭᠠᠢ  
ᠴᠡᠯᠡᠭᠡᠷᠬᠡᠨ ᠨᠤᠲᠤᠭ ᠤ᠋ᠨ ᠮᠢᠨᠢ ᠦᠨᠡᠨ ᠪᠠᠢᠭᠠᠯᠢ ᠶᠤᠮ᠃ 
 
ᠬᠠᠳᠠᠭ ᠢ᠋ᠶ᠋ᠠᠨ ᠳᠡᠯᠭᠡᠭᠰᠡᠨ ᠬᠠᠲᠠᠢ ᠮᠢᠨᠢ 
ᠬᠠᠮᠤᠭ ᠰᠠᠢᠬᠠᠨ ᠨᠤᠲᠤᠭ ᠰᠢᠦ!  
ᠬᠠᠢᠷ᠎ᠠ ᠶ᠋ᠢᠨ ᠤᠶᠠᠭ᠎ᠠ ᠨᠢ ᠵᠠᠳᠠᠷᠠᠳᠠᠭ ᠦᠭᠡᠢ  
ᠬᠠᠴᠢᠨ ᠳᠠᠭᠰᠢᠨ ᠣᠷᠣᠨ ᠰᠢᠦ!  

ᠳᠠᠭᠤᠤ ᠪᠠᠷ ᠢ᠋ᠶ᠋ᠠᠨ ᠲᠠᠨᠢᠯᠴᠠᠭᠰᠠᠨ ᠠᠬᠠᠨ ᠳᠡᠭᠦᠦ ᠨᠠᠷ ᠲᠠᠢ  
ᠳᠤᠭᠤᠢ ᠪᠠᠷ ᠢ᠋ᠶ᠋ᠠᠨ ᠮᠡᠳᠡᠯᠴᠡᠳᠡᠭ ᠨᠠᠢᠵᠠ ᠨᠥᠬᠥᠳ ᠲᠡᠢ  
ᠵᠢᠷᠦᠬᠡ ᠪᠡᠷ ᠢ᠋ᠶ᠋ᠡᠨ ᠬᠣᠯᠪᠣᠯᠴᠠᠭᠰᠠᠨ ᠠᠪᠤ ᠡᠵᠢ ᠨᠠᠷ ᠲᠠᠢ  
ᠵᠡᠭᠦᠳᠦ ᠪᠡᠷ ᠢ᠋ᠶ᠋ᠡᠨ ᠤᠴᠠᠷᠠᠭᠰᠠᠨ ᠠᠮᠠᠷᠠᠭ ᠬᠣᠩᠭᠣᠷ ᠤ᠋ᠳ ᠲᠠᠢ  

ᠡᠪᠦᠭᠡᠳ ᠦ᠋ᠨ ᠰᠤᠷᠭᠠᠯ ᠵᠢᠷᠦᠬᠡᠨ ᠳ᠋ᠦ᠍ ᠰᠢᠩᠭᠡᠭᠰᠡᠨ  
ᠬᠠᠲᠠᠢ ᠨᠤᠲᠤᠭ ᠮᠢᠨᠢ ᠠᠮᠤᠭᠤᠯᠠᠩᠬᠠᠨ ᠪᠠᠢᠨ᠎ᠠ᠃  
ᠥᠷᠯᠥᠭᠡ ᠶ᠋ᠢᠨ ᠨᠠᠷᠠᠨ ᠰᠢᠭ᠋ ᠰᠠᠴᠤᠷᠠᠨ ᠭᠢᠯᠠᠯᠵᠠᠭᠰᠠᠨ  
ᠬᠠᠢᠷ᠎ᠠ ᠶ᠋ᠢᠨ ᠵᠠᠯᠠᠭᠤᠰ ᠨᠢ ᠣᠮᠣᠭᠲᠠᠢᠬᠠᠨ ᠪᠠᠢᠨ᠎ᠠ᠃  

ᠬᠠᠳᠠᠭ ᠢ᠋ᠶ᠋ᠠᠨ ᠳᠡᠯᠭᠡᠭᠰᠡᠨ ᠬᠠᠲᠠᠢ ᠮᠢᠨᠢ  
ᠬᠠᠮᠤᠭ ᠰᠠᠢᠬᠠᠨ ᠨᠤᠲᠤᠭ ᠰᠢᠦ!  
ᠬᠠᠢᠷ᠎ᠠ ᠶ᠋ᠢᠨ ᠤᠶᠠᠭ᠎ᠠ ᠨᠢ ᠵᠠᠳᠠᠷᠠᠳᠠᠭ ᠦᠭᠡᠢ  
ᠬᠠᠴᠢᠨ ᠳᠠᠭᠰᠢᠨ ᠣᠷᠣᠨ ᠰᠢᠦ!


   ᠦᠰᠦᠭ ᠬᠠᠳᠠᠵᠤ ᠬᠢᠨᠠᠯᠲᠠ ᠬᠢᠭᠰᠡᠨ ᠨᠢ᠄ ᠬᠠᠷᠬᠠᠲᠠᠨ ᠷ· ᠴᠢᠷᠮᠠᠢᠯᠲᠤ
   ᠦᠰᠦᠭ ᠠᠮᠢᠯᠠᠭᠤᠯᠤᠭᠰᠠᠨ ᠨᠢ᠄ ᠪᠠᠳᠠᠷᠠᠯᠲᠤ