ᠴᠡᠩᠬᠡᠯᠲᠦ ᠶᠢᠨ ᠵᠠᠳᠠᠭᠠᠢ ᠰᠢᠯᠦᠭ ᠦᠳ Цэнхэлтийн задгай шүлгүүд
ᠴᠡᠩᠬᠡᠯᠲᠦ ᠶᠢᠨ ᠵᠠᠳᠠᠭᠠᠢ ᠰᠢᠯᠦᠭ ᠦᠳ
ᠠᠷᠭᠠᠯ
ᠠᠷᠭᠠᠯ ᠭᠡᠵᠦ ᠮᠢᠨᠦ ᠨᠤᠲᠤᠭ ᠤ᠋ᠨ ᠠᠯᠲᠠ ᠶᠤᠮ ᠃
ᠠᠷᠭᠠᠯ ᠢᠯᠴᠢ ᠲᠡᠢ ᠂ ᠭᠡᠷᠡᠯ ᠲᠡᠢ –– ᠬᠡᠳᠦᠢᠪᠡᠷ ᠨᠡᠭᠦᠷᠡᠰᠦ ᠶ᠋ᠢ ᠬᠦᠷᠬᠦ ᠦᠭᠡᠢ ᠪᠣᠯᠪᠠᠴᠤ ᠃
–– ᠶᠠᠭᠤᠮ᠎ᠠ ᠪᠦᠬᠦᠨ ᠬᠠᠷᠢᠯᠴᠠᠨ ᠨᠥᠬᠥᠪᠦᠷᠢᠯᠡᠳᠡᠭ ᠰᠢᠦ ᠃ ᠭᠡᠪᠡᠴᠦ ᠂ ᠨᠠᠳᠠ ᠳ᠋ᠤ᠌ ᠬᠥᠮᠦᠨ ᠲᠥᠷᠥᠯᠬᠢᠲᠡᠨ ᠢ᠋ ᠪᠦᠯᠢᠬᠦ ᠮᠤᠬᠤᠷ ᠬᠢᠲᠤᠭ᠎ᠠ ᠦᠭᠡᠢ ᠶᠦ᠍ᠮ ᠭᠡᠵᠦ ᠠᠷᠭᠠᠯ ᠲᠦᠳᠡᠭ ᠪᠣᠯᠤᠨ ᠤᠯᠠᠯᠵᠠᠬᠤ ᠳ᠋ᠠᠭᠠᠨ ᠬᠡᠯᠡᠨ᠎ᠡ ᠃
ᠠᠷᠭᠠᠯ ᠂ ᠠᠷᠤᠭ ᠲᠤ᠌ ᠣᠷᠣᠬᠤ ᠲᠠᠢ ᠪᠠᠨ ᠵᠡᠷᠭᠡ ᠠᠯᠢᠪᠠ ᠪᠠᠨ ᠡᠷᠭᠦᠬᠦ ᠠᠶᠠᠨ ᠵᠠᠮ ᠢ᠋ᠶ᠋ᠠᠨ ᠡᠬᠢᠯᠡᠴᠢᠬᠡᠯ᠎ᠡ ᠭᠡᠵᠦ ᠮᠡᠳᠡ ᠃
ᠲᠡᠭᠡᠭᠡᠳ ᠲᠡᠷᠡ ᠲᠣᠭᠣᠭ᠎ᠠ ᠲᠠᠢ ᠴᠠᠢ ᠶ᠋ᠢᠨ ᠳᠣᠣᠷ᠎ᠠ ᠂ ᠲᠤᠯᠭ᠎ᠠ ᠵᠤᠤᠬ᠎ᠠ ᠶ᠋ᠢᠨ ᠢᠷᠣᠭᠠᠷ ᠲᠤ᠌ ᠭᠠᠯ ᠪᠠᠮᠪᠠᠷ ᠡᠷᠭᠦᠭᠡᠳ ᠳᠠᠭᠤᠯᠠᠨ ᠵᠣᠭᠰᠣᠳᠠᠭ ᠠ᠋ ᠃
ᠰᠠᠯᠵᠤ ᠬᠠᠭᠠᠴᠠᠬᠤ ᠶ᠋ᠢᠨ ᠤᠶᠠᠷᠠᠯ ᠭᠡᠵᠦ ᠬᠠᠢᠷ᠎ᠠ ᠰᠡᠳᠬᠢᠯᠭᠡ ᠶ᠋ᠢᠨ ᠭᠦᠨ ᠵᠤᠵᠠᠭᠠᠨ ᠤ᠋ ᠤᠴᠢᠷ ᠠ᠋ᠴᠠ ᠶᠤᠮ ᠃
ᠡᠵᠢ ᠮᠢᠨᠢ ᠠ᠋! ᠴᠢᠮ᠎ᠠ ᠠ᠋ᠴᠠ ᠪᠠᠨ ᠪᠢ ᠰᠠᠯᠵᠤ ᠶᠠᠳᠠᠨ᠎ᠠ ᠭᠡᠵᠦ ᠲᠣᠭᠣᠨᠣ ᠪᠠᠷ ᠰᠤᠪᠤᠷᠠᠬᠤ ᠴᠠᠭᠠᠨ ᠤᠲᠤᠭ᠎ᠠ –– ( ᠠᠷᠭᠠᠯ ) ᠬᠠᠮᠤᠭ ᠰᠡᠭᠦᠯᠴᠢ ᠶ᠋ᠢᠨ ᠬᠠᠳᠠᠭ ᠢ᠋ᠶ᠋ᠠᠨ ᠡᠷᠭᠦᠵᠦ ᠄
–– ᠡᠬᠡ ᠣᠷᠣᠨ ᠮᠢᠨᠢ ᠠ᠋ ! ᠦᠷ᠎ᠡ ᠴᠢᠨᠢ ᠪᠢ ᠴᠢᠨᠦᠬᠢ ᠪᠡᠨ ᠡᠪᠦᠷ ᠲᠦ᠍ ᠡᠷᠭᠢᠴᠡᠨ ᠪᠠᠢᠶ᠎ᠠ ᠭᠡᠵᠦ ᠬᠥᠪᠦᠨ ᠨᠡᠭᠦᠭᠡ ᠰᠡᠮᠡᠵᠡᠨ ᠡᠭᠦᠯᠡ –– ( ᠠᠷᠭᠠᠯ ᠤ᠋ᠨ ) ᠠᠷᠢᠭᠤᠨ ᠰᠦᠨᠡᠰᠦ ᠨᠢ ᠳᠦᠳᠦᠨᠡᠨ᠎ᠡ ᠃
ᠠᠢ! ᠠᠷᠭᠠᠯ ᠭᠡᠵᠦ ᠨᠤᠲᠤᠭ ᠤ᠋ᠨ ᠮᠢᠨᠢ ᠠᠯᠲᠠ ᠯᠠ ᠶᠤᠮ ᠠ᠋ ᠃
ᠮᠥᠭᠥ ᠮᠥᠩᠭᠥ ᠬᠣᠶᠠᠷ
1
ᠮᠥᠭᠥ ᠴᠠᠭᠠᠨ᠃
ᠮᠥᠭᠥ ᠤᠷᠭᠤᠬᠤ ᠶ᠋ᠢᠨ ᠢ᠋ᠶ᠋ᠡᠨ ᠳᠠᠭᠠᠤ ᠦᠷᠡᠭᠳᠡᠳᠡᠭ ᠃
ᠲᠠᠯ᠎ᠠ ᠨᠢ ᠮᠥᠭᠥ ᠪᠡᠨ ᠬᠠᠢᠷᠠᠯᠠᠵᠤ ᠂ ᠡᠪᠦᠷᠲᠦᠯᠡᠬᠦ ᠭᠡᠬᠦ ᠳ᠋ᠦ᠍ ᠂ ᠮᠥᠭᠥ ᠄
《 ᠲᠡᠭᠡᠬᠦ ᠴᠢᠬᠤᠯᠠ ᠦᠭᠡᠢ ᠂ ᠡᠵᠢ ᠮᠢᠨᠢ ᠃ ᠨᠠᠳᠠ ᠠᠪᠴᠤ ᠬᠡᠯᠡᠪᠡᠯ ᠬᠠᠷᠠᠯᠠᠵᠤ ᠳᠠᠭᠤᠰᠬᠤ ᠨᠢ ᠳᠠᠷᠤᠢ ᠪᠣᠯᠪᠠᠰᠤᠷᠠᠵᠤ ᠭᠦᠢᠴᠡᠭᠰᠡᠨ ᠦ᠌ ᠪᠡᠯᠭᠡ ᠲᠡᠮᠳᠡᠭ ᠶᠤᠮ ᠃ ᠭᠡᠬᠦ ᠳ᠋ᠡᠭᠡᠨ᠂ ᠮᠥᠨ ᠴᠦ᠍ ᠰᠢᠨ᠎ᠡ ᠠᠮᠢᠯᠠᠯ ᠢ᠋ᠶ᠋ᠠᠨ ᠣᠯᠬᠤ ᠶ᠋ᠢᠨ ᠪᠡᠯᠡᠳᠬᠡᠯ ᠮᠥᠨ ᠰᠢᠦ》 ᠭᠡᠨ᠎ᠡ ᠃
ᠲᠠᠯ᠎ᠠ ᠡᠵᠢ ᠨᠢ ᠂ ᠨᠢᠯᠪᠤᠰᠤ ᠭᠦᠶᠦᠯᠭᠡᠭᠰᠡᠨ ᠨᠢᠳᠦ ᠪᠡᠷ ᠮᠥᠭᠥ ᠪᠡᠨ ᠬᠠᠷᠠᠭᠰᠠᠭᠠᠷ ᠄
《ᠠᠢ ᠂ ᠬᠦᠦ ᠮᠢᠨᠢ ᠂ ᠵᠠᠵᠢᠨ ᠦᠰᠦ ᠴᠠᠢᠵᠤ ᠂ ᠵᠠᠬ᠎ᠠ ᠶ᠋ᠢᠨ ᠠᠷᠠᠭ᠎ᠠ ᠮᠢᠨᠢ ᠤᠨᠠᠬᠤ ᠨᠢ ᠠ᠋! 》 ᠭᠡᠯᠡ ᠃
ᠮᠥᠭᠥ ᠶ᠋ᠢᠨ ᠴᠠᠭᠠᠨ ᠭᠡᠵᠦ ᠶᠣᠰᠣᠲᠠᠢ ᠴᠠᠭᠠᠨ ᠶᠤᠮ ᠃
2
ᠮᠥᠩᠭᠥ ᠪᠠᠰᠠ ᠴᠠᠭᠠᠨ᠃ ᠮᠥᠩᠭᠥ ᠭᠠᠷᠴᠤ ᠢᠷᠡᠬᠦ ᠦᠶ᠎ᠡ ᠳ᠋ᠡᠭᠡᠨ ᠷᠢᠳᠢ ᠰᠢᠳᠢ ᠪᠡᠨ ᠮᠡᠳᠡᠬᠦ ᠦᠭᠡᠢ ᠪᠠᠢᠵᠠᠢ ᠃ ᠮᠥᠭᠥ ᠨᠢᠭᠡ ᠡᠳᠦᠷ ᠂ ᠭᠡᠨᠡᠳᠲᠡ ᠮᠠᠢᠮᠠᠢᠴᠢᠨ ᠤ᠋ ᠰᠠᠭᠰᠤᠨ ᠳᠣᠲᠣᠷ᠎ᠠ ᠴᠢᠬᠢᠭᠳᠡᠭᠡᠳ ᠬᠢᠯᠢᠰᠳᠡᠭᠰᠡᠨ ᠰᠢᠭ ᠪᠣᠯᠬᠤ ᠳ᠋ᠠᠭᠠᠨ ᠄
《ᠮᠥᠩᠭᠥ ᠴᠢ ᠮᠢᠨᠦ ᠪᠡᠶ᠎ᠡ ᠶ᠋ᠢᠨ ᠬᠠᠷ᠎ᠠ ᠴᠠᠭᠠᠨ ᠢ᠋ ᠬᠤᠳᠬᠤᠵᠤ ᠂ ᠴᠢᠰᠤ ᠶ᠋ᠢ ᠬᠣᠯᠢᠬᠤ ᠨᠢ ᠠ᠋!》 ᠭᠡᠬᠦ ᠳ᠋ᠦ᠍ ᠂ ᠮᠥᠩᠭᠥ ᠄
《 ᠲᠠᠸᠠᠷ ᠤ᠋ᠨ ᠰᠣᠯᠢᠯᠴᠠᠭᠠᠨ ᠳ᠋ᠤ᠌ ᠬᠡᠷᠡᠭᠯᠡᠭᠳᠡᠵᠦ ᠪᠠᠢᠭ᠎ᠠ ᠨᠠᠳᠠ ᠣᠰᠣᠯ ᠦᠭᠡᠢ ᠰᠢᠦ 》 ᠭᠡᠰᠡᠨ ᠰᠢᠭ ᠵᠠᠩᠭᠤᠢᠳᠠ ᠶ᠋ᠢᠨ ᠭᠠᠷ ᠲᠤ᠌ ᠭᠢᠯᠠᠰ ᠭᠢᠯᠠᠰ ᠭᠡᠷᠡᠯ ᠰᠠᠴᠤᠷᠠᠨ᠎ᠠ ᠃
ᠠᠢ ! ᠮᠥᠩᠭᠥ ᠶ᠋ᠢᠨ ᠴᠠᠭᠠᠨ ᠭᠡᠵᠦ ᠶᠠᠷᠰᠢᠭ ᠲᠠᠢ ᠴᠠᠭᠠᠨ ᠶᠤᠮ ᠪᠠᠢᠨ᠎ᠠ ᠃
ᠭᠡᠲᠡᠯ᠎ᠡ ᠂ ᠴᠣᠬᠣᠮ ᠮᠥᠭᠥ ᠴᠠᠭᠠᠨ ᠶᠤᠮ ᠤᠤ ᠂ ᠮᠥᠩᠭᠥ ᠴᠠᠭᠠᠨ ᠶᠤᠮ ᠤᠤ ?
ᠰᠢᠭᠦᠳᠡᠷᠢ ᠴᠢ
1
ᠪᠦᠷᠦᠭ ᠪᠣᠷᠣᠭ ᠤ᠋ᠨ ᠳᠤᠮᠳᠠ ᠂ ᠪᠦᠳᠡᠭᠢ ᠰᠦᠳᠡᠬᠢ ᠶ᠋ᠢᠨ ᠬᠣᠭᠣᠷᠣᠨᠳᠣ ᠃
ᠪᠣᠳᠣᠯᠭᠠᠨ ᠳ᠋ᠤ᠌ ᠳᠠᠷᠤᠭᠳᠠᠭᠰᠠᠨ ᠮᠠᠨᠠᠭᠠᠴᠢᠨ ᠵᠠᠯᠠᠭᠤ ᠶ᠋ᠢᠨ ᠰᠢᠭᠦᠳᠡᠷᠢ ᠳ᠋ᠦ᠍ ᠳᠡᠪᠲᠦᠭᠡᠭᠰᠡᠨ ᠭᠤᠲᠤᠯ ᠨᠠᠭ ᠨᠠᠭ ᠳᠤᠭᠤᠯᠳᠠᠬᠤ ᠳ᠋ᠤ᠌ ᠂ ᠪᠠᠯᠢᠳᠠᠨ ᠭᠥᠯᠢᠷᠡᠭᠰᠡᠨ ᠰᠠᠭᠠᠯᠢᠴᠢᠨ ᠬᠡᠦᠬᠡᠨ ᠦ᠌ ᠰᠠᠭᠤᠯᠠᠭᠠᠨ ᠢᠷᠣᠭᠠᠷ ᠬᠦᠨᠳᠦᠷᠡᠨ᠎ᠡ ᠃
《ᠰᠡᠮᠲᠡᠨ ᠦ᠌ ᠬᠦᠦ ᠰᠠᠩᠵᠠᠢ ᠤᠤ ? ᠰᠠᠨᠠᠭ᠎ᠠ ᠪᠠᠷ ᠢ᠋ᠶ᠋ᠠᠨ ᠰᠠᠪᠠᠭᠠᠳ ᠴᠢ ᠂ ᠰᠠᠢᠨ ᠬᠥᠮᠦᠨ ᠲᠡᠢ ᠶᠠᠪᠤᠬᠤ ᠦᠭᠡᠢ ᠂ ᠬᠡᠯᠲᠡᠩ ᠭᠡᠭᠦᠦ ᠠ᠋ᠴᠠ ᠱᠤᠪᠲᠤᠩ ᠤᠨᠠᠭ᠎ᠠ ᠭᠡᠭᠴᠢ ᠪᠡᠷ ᠂᠂᠂᠂ ᠠᠭᠠᠰᠢ ᠮᠠᠭᠤᠲᠠᠢ ᠠᠪᠤ ᠶ᠋ᠢᠨ ᠬᠢᠨᠢ ᠵᠠᠩᠨᠠᠯ᠂ ᠬᠡᠦᠬᠡᠨ ᠦ᠌ ᠵᠢᠷᠦᠬᠡ ᠶ᠋ᠢ ᠪᠠᠵᠠᠯᠠᠬᠤ ᠳ᠋ᠤ᠌ ᠬᠦᠰᠡᠵᠦ ᠢᠷᠡᠭᠰᠡᠨ ᠬᠦᠦ ᠶ᠋ᠢᠨ ᠳᠠᠭᠤ ᠴᠤ᠌ ᠲᠠᠭᠯᠠᠷᠠᠵᠠᠢ ᠃
ᠰᠢᠭᠦᠳᠡᠷᠢ ᠰᠢᠮᠡᠳᠦᠭᠰᠡᠨ ᠰᠢᠷᠢᠨ ᠭᠤᠲᠤᠯ ᠰᠢᠳ ᠰᠢᠳ ᠱᠠᠵᠢᠭᠢᠨᠠᠭᠰᠠᠭᠠᠷ ᠬᠣᠯᠠᠳᠠᠬᠤ ᠳ᠋ᠤ᠌ ᠂ ᠰᠢᠨᠠᠯᠵᠤ ᠬᠣᠴᠣᠷᠤᠭᠠ ᠬᠡᠦᠬᠡᠨ ᠰᠦ ᠪᠡᠨ ᠠᠰᠬᠠᠭᠠᠳ ᠮᠡᠯᠡᠷᠡᠵᠡᠢ ᠃
ᠨᠠᠷᠠ ᠪᠤᠯᠲᠠᠢᠵᠤ ᠂ ᠨᠠᠷᠠᠨ ᠤ᠋ ᠳᠣᠣᠷ᠎ᠠ ᠰᠢᠭᠦᠳᠡᠷᠢ ᠶ᠋ᠢᠨ ᠳᠤᠰᠤᠯ ᠠᠨᠢᠪᠴᠢᠨᠠ ᠃
ᠰᠢᠯᠢ ᠶ᠋ᠢᠨ ᠴᠡᠴᠡᠷᠯᠢᠭ ᠲᠦ᠍ ᠰᠢᠨᠵᠢ ᠮᠠᠭᠤᠲᠠᠢ ᠠᠨᠢᠪᠴᠢᠬᠤ ᠰᠢᠭᠦᠳᠡᠷᠢ ᠴᠢ ᠂ ᠰᠢᠵᠢᠮ ᠦᠭᠡᠢᠳᠡᠭᠰᠡᠨ ᠢᠨᠠᠭ ᠤ᠋ᠨ ᠭᠠᠰᠢᠭᠤᠨ ᠨᠢᠯᠪᠤᠰᠤ ᠤᠤ ?
2
ᠳᠡᠯᠭᠡᠭᠰᠡᠨ ᠬᠡᠪᠢᠰ ᠰᠢᠭ ᠭᠣᠶᠣᠬᠠᠨ ᠲᠠᠯ᠎ᠠ ᠂ ᠳᠡᠭᠳᠡᠭᠰᠡᠨ ᠰᠠᠷ᠎ᠠ ᠰᠢᠭ᠋ ᠲᠤᠩᠭᠠᠯᠠᠭ ᠥᠷᠯᠥᠭᠡ ᠃
ᠳᠡᠷᠡᠰᠦᠨ ᠦ᠌ ᠨᠠᠪᠴᠢᠨ ᠳ᠋ᠠᠬᠢ ᠲᠠᠨ᠎ᠠ ᠰᠤᠪᠤᠳ ᠢ᠋ ᠲᠡᠷᠯᠢᠭ ᠦ᠋ᠨ ᠬᠣᠷᠮᠣᠢ ᠰᠥᠬᠥᠵᠦ ᠂ ᠬᠦᠮᠡᠯᠢ ᠶ᠋ᠢᠨ ᠣᠷᠣᠢ ᠳ᠋ᠠᠬᠢ ᠰᠢᠯ ᠪᠣᠯᠣᠷ ᠢ᠋ ᠬᠦᠯᠦᠭ ᠦ᠋ᠨ ᠲᠤᠭᠤᠷᠠᠢ ᠪᠤᠲᠠᠷᠠᠭᠠᠨ᠎ᠠ ᠃
ᠴᠠᠯᠮ᠎ᠠ ᠴᠢᠷᠦᠭᠰᠡᠨ ᠲᠡᠷᠡ ᠡᠷ᠎ᠡ ᠶ᠋ᠢᠨ ᠳᠠᠪᠬᠢᠯᠲᠠ ᠶ᠋ᠢ ᠂ ᠰᠦ ᠰᠠᠮᠤᠷᠤᠭᠰᠠᠨ ᠲᠡᠷᠡ ᠪᠦᠰᠡᠭᠦᠢ ᠡᠷᠦᠬᠡ ᠪᠡᠨ ᠰᠡᠬᠦᠭᠡᠳ ᠤᠭᠲᠤᠵᠠᠢ ᠃
《 ᠥᠴᠥᠭᠡᠳᠦᠷ ᠰᠥᠨᠢ ᠶ᠋ᠢᠨ ᠰᠢᠷᠦᠭᠦᠨ ᠪᠣᠷᠣᠭᠠᠨ ᠳ᠋ᠤ᠌ ᠂ ᠠᠳᠤᠭᠤ ᠪᠠᠨ ᠠᠯᠳᠠᠭᠰᠠᠨ ᠦᠭᠡᠢ ᠦᠦ ? 》ᠥᠨᠥᠬᠢ ᠪᠦᠰᠡᠭᠦᠢ ᠶ᠋ᠢᠨ ᠬᠠᠯᠠᠮᠵᠢᠯᠠᠯ ᠃
《 ᠠᠳᠤᠭᠤ ᠪᠠᠨ ᠠᠯᠳᠠᠴᠢᠭᠠᠳ ᠠᠮᠠᠷᠠᠭ ᠴᠢᠮ᠎ᠠ ᠳᠡᠭᠡᠷ᠎ᠡ ᠪᠡᠨ ᠶᠠᠭᠠᠬᠢᠵᠤ ᠢᠷᠡᠬᠦ ᠪᠣᠢ ?》 ᠥᠨᠥᠬᠢ ᠡᠷ᠎ᠡ ᠶ᠋ᠢᠨ ᠬᠠᠷᠢᠭᠤᠯᠲᠠ ᠃
ᠨᠠᠷᠠ ᠮᠠᠨᠳᠤᠭᠠᠳ ᠨᠠᠪᠴᠢ ᠭᠢᠯᠠᠯᠵᠠᠨ᠎ᠠ ᠃
ᠲᠠᠯ᠎ᠠ ᠶ᠋ᠢᠨ ᠥᠷᠥᠴᠡᠨ ᠳ᠋ᠦ᠍ ᠲᠠᠨ᠎ᠠ ᠰᠤᠪᠤᠳ ᠰᠢᠭ᠋ ᠭᠢᠯᠠᠯᠵᠠᠬᠤ ᠰᠢᠭᠦᠳᠡᠷᠢ ᠴᠢ ᠂ ᠰᠠᠭᠠᠯᠢᠴᠢᠨ ᠬᠡᠦᠬᠡᠨ ᠰᠠᠨᠠᠭᠠᠨ ᠤ᠋ ᠬᠥᠮᠦᠨ ᠲᠡᠢ ᠪᠡᠨ ᠰᠠᠭᠤᠭᠰᠠᠨ ᠤ᠋ ᠬᠢᠨᠢ ᠪᠠᠶᠠᠷ ᠤ᠋ᠨ ᠬᠠᠯᠠᠭᠤᠨ ᠨᠢᠯᠪᠤᠰᠤ ᠤᠤ ?
ᠬᠠᠢᠷ᠎ᠠ
1
ᠡᠵᠢ ᠨᠢ ᠬᠦᠦ ᠶ᠋ᠢᠨ ᠢ᠋ᠶ᠋ᠡᠨ ᠲᠣᠯᠣᠭᠠᠢ ᠶ᠋ᠢ ᠢᠯᠪᠢᠨ᠎ᠡ ᠃
ᠬᠦᠦ ᠨᠢ ᠲᠣᠯᠣᠭᠠᠢ ᠪᠠᠨ ᠭᠢᠯᠵᠢᠢᠯᠭᠡᠵᠦ ᠡᠵᠢ ᠪᠡᠨ ᠰᠢᠷᠳᠡᠨ᠎ᠡ ᠃
ᠵᠢᠷᠦᠬᠡ ᠮᠢᠨᠢ ᠂ ᠴᠢ ᠬᠡᠨ ᠢ᠋ ᠰᠠᠨᠠᠬᠤ ᠪᠣᠢ ? ᠡᠵᠢ ᠶ᠋ᠢᠨ ᠬᠢᠨᠢ ᠬᠠᠢᠷ᠎ᠠ ᠠᠩᠬᠢᠯᠤᠭᠰᠠᠨ ᠳᠠᠭᠤᠨ ᠃
ᠪᠢ ᠡᠵᠢ ᠪᠢᠨ ᠰᠠᠨᠠᠨ᠎ᠠ ᠂ ᠥᠭᠡᠷ᠎ᠡ ᠬᠡᠨ ᠢ᠋ ᠴᠦ᠍ ᠰᠠᠨᠠᠬᠤ ᠦᠭᠡᠢ ᠁ ᠬᠦᠦ ᠶ᠋ᠢᠨ ᠬᠢᠨᠢ ᠳᠡᠭᠵᠢᠨ ᠴᠠᠭᠠᠪᠤᠷ ᠬᠣᠭᠣᠯᠠᠢ ᠃
《 ᠡᠵᠢ ᠶ᠋ᠢᠨ ᠰᠡᠳᠬᠢᠯ ᠬᠦᠦ ᠳ᠋ᠦ᠍ ᠂ ᠬᠦᠦ ᠶ᠋ᠢᠨ ᠰᠡᠳᠬᠢᠯ ᠬᠥᠳᠡᠭᠡ ᠳ᠋ᠦ᠍ 》 ᠭᠡᠳᠡᠭ ᠪᠢᠰᠢᠦ ?
ᠲᠡᠭᠡᠪᠡᠯ ᠂ ᠮᠣᠩᠭᠣᠯ ᠡᠬᠡ ᠶ᠋ᠢᠨ ᠰᠡᠳᠬᠢᠯ ᠭᠡᠵᠦ ᠦᠷ᠎ᠡ ᠶ᠋ᠢᠨ ᠢ᠋ᠶ᠋ᠡᠨ ᠰᠡᠳᠬᠡᠯ ᠢ᠋ ᠡᠪᠦᠷᠯᠡᠭᠰᠡᠨ ᠥᠷᠭᠡᠨ ᠲᠠᠯ᠎ᠠ ᠮᠥᠨ ᠳᠠ ᠃
ᠡᠢᠮᠦ ᠡᠴᠡ ᠂ ᠬᠦᠦ ᠨᠢ 《 ᠡᠵᠢ ᠡᠴᠡ ᠪᠡᠨ ᠥᠭᠡᠷ᠎ᠡ ᠬᠡᠨ ᠢ᠋ ᠴᠦ᠍ ᠰᠠᠨᠠᠬᠤ ᠦᠭᠡᠢ 》 ᠨᠢ ᠵᠣᠬᠢᠯᠲᠠᠢ ᠪᠢᠰᠢᠦ ᠃
2
ᠬᠤᠷᠤᠳ ᠰᠠᠢᠬᠠᠨ ᠬᠢᠭᠰᠡᠨ ᠲᠤᠩ ᠴᠠᠭᠠᠨ ᠬᠤᠷᠤᠳ ᠃
ᠬᠦᠦ ᠶ᠋ᠢᠨ ᠵᠠᠵᠢᠯᠵᠤ ᠪᠠᠢᠭ᠎ᠠ ᠬᠤᠷᠤᠳ ᠪᠠᠭ᠎ᠠ ᠢᠰᠬᠦᠯᠡᠩ ᠲᠡᠢ ᠪᠣᠯᠪᠠᠴᠤ ᠂ ᠢᠳᠡᠵᠦ ᠪᠠᠢᠭ᠎ᠠ ᠬᠦᠦ ᠶ᠋ᠢᠨ ᠬᠤᠪᠢ ᠳ᠋ᠤ᠌ ᠰᠢᠬᠢᠷ ᠰᠢᠭ ᠠᠮᠲᠠ ᠲᠠᠢ ᠶᠤᠮ ᠃ ᠢᠳᠡᠭᠦᠯᠵᠦ ᠪᠠᠢᠭ᠎ᠠ ᠡᠵᠢ ᠶ᠋ᠢᠨ ᠰᠡᠳᠬᠢᠯ ᠭᠡᠵᠦ ᠲᠡᠷᠡ ᠴᠢᠭ ᠢ᠋ᠶ᠋ᠡᠷ ᠢ᠋ᠶ᠋ᠡᠨ ᠰᠢᠬᠢᠷ ᠶᠦ᠍ᠮ ᠃
ᠲᠤᠯᠭ᠎ᠠ ᠵᠠ ᠳᠡᠭᠡᠷ᠎ᠡ ᠪᠥᠬᠥᠢᠭᠰᠡᠨ ᠡᠵᠢ ᠪᠡᠨ ᠡᠷᠡᠦ ᠳᠣᠣᠷ᠎ᠠ ᠠ᠋ᠴᠠ ᠨᠢ ᠰᠢᠨᠵᠢᠭᠰᠡᠨ ᠬᠦᠦ ᠭᠡᠨᠡᠳᠲᠡ ᠄
《 ᠡᠵᠢ ᠠ᠋ ᠂ ᠨᠢᠳᠦᠨ ᠳᠣᠲᠣᠷ᠎ᠠ ᠴᠢᠨᠢ ᠨᠢᠭᠡ ᠬᠥᠮᠦᠨ ᠨᠠᠳᠠ ᠶ᠋ᠢ ᠳᠠᠭᠤᠷᠢᠶᠠᠵᠤ ᠪᠠᠢᠨ᠎ᠠ 》ᠭᠡᠳ ᠬᠥᠬᠥᠷᠡᠨᠡ ᠃
ᠡᠵᠢ ᠨᠢ ᠦᠯᠦ ᠮᠡᠳᠡᠭ ᠮᠦᠰᠢᠶᠡᠭᠰᠡᠭᠡᠷ ᠬᠤᠷᠤᠳ ᠢ᠋ᠶ᠋ᠠᠨ ᠯᠠ ᠬᠢᠨ᠎ᠡ ᠃
《 ᠡᠪᠡᠦ ᠂ ᠡᠵᠢ ᠠ᠋ ᠲᠡᠷᠡ ᠴᠢᠨᠢ ᠪᠢ ᠪᠠᠢᠨ᠎ᠠ ᠰᠢᠦ ᠂ ᠪᠢ ᠶᠠᠭᠠᠬᠢᠭᠠᠳ ᠲᠡᠢᠮᠦ ᠵᠢᠭᠠᠬᠠᠨ ᠪᠣᠯᠴᠢᠬᠠᠪᠠ ? 》
ᠡᠵᠢ ᠨᠢ ᠬᠦᠦ ᠪᠡᠨ ᠤᠳᠠᠲᠠᠯ᠎ᠠ ᠰᠢᠷᠲᠡᠭᠰᠡᠨ ᠢᠶᠠᠨ ᠄
《 ᠡᠵᠢ ᠶ᠋ᠢᠨ ᠢ᠋ᠶ᠋ᠡᠨ ᠨᠢᠳᠦᠨ ᠳ᠋ᠦ᠍ ᠴᠢ ᠬᠡᠵᠢᠶᠡᠳᠡ ᠲᠡᠢᠮᠦ ᠯᠠ ᠪᠢᠴᠢᠬᠠᠨ ᠰᠢᠦ ᠵᠢᠷᠦᠬᠡ ᠮᠢᠨᠢ 》 ᠭᠡᠯᠡ ᠃
ᠡᠷᠬᠡ ᠪᠡᠶ᠎ᠡ ᠪᠡᠨ ᠡᠵᠢ ᠶ᠋ᠢᠨ ᠢ᠋ᠶ᠋ᠡᠨ ᠨᠢᠳᠦᠨ ᠡᠴᠡ ᠬᠠᠷᠠᠵᠤ ᠪᠠᠢᠭ᠎ᠠ ᠨᠢ ᠬᠦᠦ ᠶ᠋ᠢᠨ ᠵᠢᠷᠭᠠᠯ ᠃
3
ᠦᠷ᠎ᠡ ᠨᠢ ᠡᠵᠢ ᠳ᠋ᠡᠭᠡᠨ ᠡᠷᠬᠡᠯᠡᠨ᠎ᠡ ᠃
ᠡᠵᠢ ᠨᠢ ᠨᠢᠭᠤᠷ ᠢ᠋ᠶ᠋ᠠᠨ ᠭᠠᠷ ᠢ᠋ᠶ᠋ᠠᠷ ᠢ᠋ᠶ᠋ᠠᠨ ᠪᠦᠲᠦᠭᠡᠵᠦ ᠂ ᠬᠤᠷᠤᠭᠤᠨ ᠰᠠᠯᠠᠭᠠᠨ ᠤ᠋ ᠪᠠᠨ ᠳᠤᠮᠳᠠᠭᠤᠷ ᠬᠦᠦ ᠶ᠋ᠢᠨ ᠢ᠋ᠶ᠋ᠡᠨ ᠬᠥᠭᠡᠷᠦᠬᠦᠢ ᠵᠢᠰᠦ ᠶ᠋ᠢ ᠠᠵᠢᠨ᠎ᠠ ᠃
《 ᠡᠵᠢ ᠠ᠋ ᠂ ᠴᠢ ᠪᠢᠲᠡᠭᠡᠢ ᠨᠢᠭᠤᠷ ᠢ᠋ᠶ᠋ᠠᠨ ᠪᠦᠲᠡᠭᠡᠭᠴᠢ ᠂ ᠪᠢ ᠴᠢᠨᠦ ᠨᠢᠳᠦᠨ ᠳᠣᠲᠣᠷ᠎ᠠ ᠦᠵᠡᠭᠳᠡᠬᠦ ᠦᠭᠡᠢ ᠪᠣᠯᠴᠢᠬᠠᠯ᠎ᠠ ᠃ 》
《 ᠲᠣᠮᠣᠭ᠎ᠠ ᠦᠭᠡᠢ ᠠᠭᠠᠰᠢᠯᠠᠪᠠᠯ ᠡᠵᠢ ᠶ᠋ᠢᠨ ᠢ᠋ᠶ᠋ᠡᠨ ᠨᠢᠳᠦᠨ ᠳ᠋ᠦ᠍ ᠴᠢ ᠶᠡᠷᠦᠨᠢ ᠦᠭᠡᠢ ᠪᠣᠯᠴᠢᠬᠠᠨ᠎ᠠ ᠰᠢᠦ ᠂ ᠭᠤᠤᠯᠤ ᠮᠢᠨᠢ ᠃ 》
ᠬᠤᠷᠤᠳ ᠵᠠᠵᠢᠯᠤᠭᠰᠠᠨ ᠬᠦᠦ᠂ ᠠᠷᠭᠠᠯ ᠠᠪᠴᠤ ᠲᠤᠯᠭ᠎ᠠ ᠲᠠᠢ ᠭᠠᠯ ᠢ᠋ ᠬᠥᠭᠵᠢᠭᠡᠯᠡ ᠃
ᠡᠨᠡ ᠦᠶ᠎ᠡ ᠳ᠋ᠦ᠍ ᠡᠵᠢ ᠶ᠋ᠢᠨ ᠨᠢᠳᠦᠨ ᠳ᠋ᠦ᠍ ᠂ ᠨᠣᠴᠣᠨ ᠳᠦᠷᠡᠯᠵᠡᠬᠦ ᠠᠷᠭᠠᠯ ᠤ᠋ᠨ ᠭᠠᠯ ᠪᠠ ᠢᠨᠢᠶᠡᠵᠦ ᠵᠣᠭᠰᠣᠭᠰᠠᠨ ᠬᠦᠦ ᠶ᠋ᠢᠨ ᠪᠡᠶ᠎ᠡ ᠃
