ᠬᠠᠷᠢᠶᠠᠴᠠᠢ ᠢᠷᠡᠯ᠎ᠡ - ᠴᠡᠩᠬᠡᠯᠲᠦ Хараацай ирлээ - Цэнхэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷᠢᠶᠠᠴᠠᠢ ᠢᠷᠡᠯ᠎ᠡ - ᠴᠡᠩᠬᠡᠯᠲᠦ Хараацай ирлээ - Цэнхэлт

ᠬᠠᠷᠢᠶᠠᠴᠠᠢ ᠢᠷᠡᠯ᠎ᠡ - ᠴᠡᠩᠬᠡᠯᠲᠦ Хараацай ирлээ - Цэнхэлт

2023-06-10

278

ᠬᠠᠷᠢᠶᠠᠴᠠᠢ ᠢᠷᠡᠯ᠎ᠡ


               1 

      ᠬᠠᠪᠤᠷ ᠤ᠋ᠨ ᠰᠠᠯᠬᠢ ᠰᠡᠷ ᠰᠡᠷ ᠦᠯᠢᠶᠡᠵᠦ ᠂ ᠬᠠᠭᠳᠠᠨ ᠤ᠋ ᠥᠪᠡᠷ ᠮᠡᠷ ᠮᠡᠷ ᠠᠩᠬᠢᠯᠵᠤ ᠂ ᠬᠠᠢᠯ ᠤ᠋ᠨ ᠤᠰᠤ ᠭᠣᠷ ᠭᠣᠷ ᠤᠷᠤᠰᠴᠤ ᠂ ᠬᠠᠰᠢᠶᠠᠨ ᠤ᠋ ᠨᠣᠮᠣᠨ ᠣᠪᠣᠰ ᠣᠪᠣᠰ ᠬᠥᠳᠡᠯᠦᠯ᠎ᠡ ᠃ ᠰᠠᠨᠰᠠᠷ ᠣᠭᠲᠠᠷᠭᠤᠢ ᠶ᠋ᠢᠨ ᠡᠮᠦᠨ᠎ᠡ ᠡᠲᠡᠭᠡᠳ ᠡᠴᠡ ᠰᠠᠷᠭᠠᠢ ᠯᠠᠪᠰᠠ ᠬᠠᠶᠠᠯᠠᠨ ᠪᠥᠵᠢᠭᠯᠡᠭᠰᠡᠭᠡᠷ ᠂ ᠰᠠᠷᠠᠪᠴᠢᠨ ᠤ᠋ ᠡᠮᠦᠨᠡᠭᠦᠷ ᠬᠠᠯᠢᠨ ᠳᠠᠪᠠᠵᠤ ᠭᠠᠷᠬᠤ ᠳ᠋ᠤ᠌ ᠂ ᠰᠠᠵᠢᠯᠠᠰᠬᠢᠭᠰᠠᠨ ᠰᠡᠭᠦᠳᠡᠷ ᠨᠢ ᠵᠢᠷᠪᠢᠰ ᠪᠠᠭᠤᠯ᠎ᠠ ᠃ 
     ––  ᠬᠠᠷᠢᠶᠠᠴᠠᠢ ᠢᠷᠡᠯ᠎ᠡ ᠂ ᠬᠠᠷᠢᠶᠠᠵᠠᠢ ᠢᠷᠡᠯ᠎ᠡ ᠂ ᠭᠡᠰᠡᠨ ᠲᠤᠭᠤᠯ ᠬᠠᠰᠢᠭ᠎ᠠ ᠬᠡᠦᠬᠡᠳ ᠦ᠋ᠨ ᠳᠠᠭᠤ ᠴᠠᠩᠭᠢᠨᠠᠵᠤ ᠂ ᠲᠤᠯᠤᠮ ᠲᠣᠪᠬᠢᠭ᠎ᠠ ᠡᠵᠢ ᠶ᠋ᠢᠨ ᠮᠠᠩᠨᠠᠢ ᠴᠤ᠌ ᠳᠠᠨᠠᠢᠰᠬᠢᠯ᠎ᠡ ᠃ 

               2 

       ᠬᠠᠳᠠᠨ ᠠ᠋ᠴᠠ ᠪᠠᠭᠤᠭᠰᠠᠨ ᠭᠣᠷᠣᠬ᠎ᠠ ᠶ᠋ᠢᠨ ᠳᠡᠭᠡᠭᠦᠷ ᠂ ᠬᠣᠯᠠ ᠶ᠋ᠢ ᠵᠣᠷᠢᠭᠰᠠᠨ ᠭᠣᠣᠯ ᠤ᠋ᠨ ᠳᠡᠨᠵᠢᠨ ᠳ᠋ᠦ᠍ ᠂ ᠵᠢᠷᠪᠢᠯᠵᠡᠨ ᠦᠶᠡᠲᠦᠭᠰᠡᠨ ᠵᠡᠷᠭᠡᠯᠭᠡᠨ ᠦ᠌ ᠳᠤᠮᠳᠠᠭᠤᠷ ᠂ ᠵᠡᠭᠡᠷᠭᠡᠨ᠎ᠡ ᠨᠠᠢᠭᠤᠭᠰᠠᠨ ᠲᠠᠯ᠎ᠠ ᠶ᠋ᠢᠨ ᠥᠷᠥᠴᠡᠨ ᠳ᠋ᠦ᠍ ᠂ ᠬᠠᠢᠷᠠᠲᠤ ᠨᠤᠲᠤᠭ ᠤ᠋ᠨ ᠮᠢᠨᠢ ᠬᠠᠮᠢᠭ᠎ᠠ ᠨᠢ ᠴᠦ᠍ ᠭᠡᠰᠡᠨ ᠬᠠ ᠶᠠ ᠦᠭᠡᠢ ᠬᠠᠷᠢᠶᠠᠴᠠᠢ ᠶ᠋ᠢᠨ ᠬᠠᠯᠢᠯᠲᠠ ᠠ᠋ ! ᠬᠠᠷᠢᠶᠠᠴᠠᠢ ᠂ ᠬᠠᠷᠢᠶᠠᠴᠠᠢ !   ᠲᠣᠯᠢᠨ ᠨᠠᠭᠤᠷ ᠲᠤ᠌ ᠵᠢᠰᠦ ᠪᠡᠨ ᠦᠵᠡᠬᠦ ᠦᠭᠡᠢ᠂ ᠲᠣᠷᠭᠠᠨ ᠲᠠᠯ᠎ᠠ ᠳ᠋ᠤ᠌ ᠰᠡᠭᠦᠳᠡᠷ ᠢ᠋ᠶ᠋ᠡᠨ ᠳᠤᠰᠬᠠᠬᠤ ᠦᠭᠡᠢ ᠂ ᠬᠠᠯᠠᠭᠤᠨ ᠵᠣᠷᠢᠭ ᠢ᠋ᠶ᠋ᠠᠷ ᠢ᠋ᠶ᠋ᠠᠨ ᠬᠠᠵᠠᠢᠭᠰᠠᠨ ᠭᠡᠷ ᠢ᠋ᠶ᠋ᠡᠨ ᠰᠡᠯᠭᠦᠵᠦ ᠂ ᠬᠠᠲᠠᠭᠤᠵᠢᠯᠳᠤ ᠬᠥᠳᠡᠯᠮᠦᠷᠢ ᠪᠡᠷ ᠢ᠋ᠶ᠋ᠡᠨ ᠬᠠᠭᠵᠠᠷᠬᠠᠢ ᠭᠡᠷ ᠢ᠋ᠶ᠋ᠡᠨ ᠨᠥᠬᠥᠨ᠎ᠡ ᠃ 
       ᠬᠠᠷᠢᠶᠠᠴᠠᠢ ᠂ ᠬᠠᠷᠢᠶᠠᠴᠠᠢ ! ᠬᠠᠯᠢᠭᠰᠠᠨ ᠵᠢᠭᠦᠷ ᠴᠢᠨᠢ ᠪᠣᠷᠣᠭᠠᠨ ᠳ᠋ᠤ᠌ ᠨᠣᠷᠤᠭᠰᠠᠨ ᠰᠢᠭ᠋ ᠨᠡᠪᠴᠢᠵᠦ ᠴᠤᠪᠤᠭᠤᠯᠤᠭᠰᠠᠨ ᠰᠢᠪᠡᠷ ᠴᠢᠨᠢ ᠴᠣᠬᠣ ᠶᠠᠪᠤᠭᠰᠠᠨ ᠰᠢᠭ᠋ ᠴᠣᠬᠣᠷᠳᠠᠬᠤ ᠦᠶ᠎ᠡ ᠳ᠋ᠦ᠍ ᠰᠢᠷᠭᠠᠭᠤ ᠬᠥᠳᠡᠯᠮᠦᠷᠢ ᠶ᠋ᠢᠨ ᠴᠢᠨᠢ ᠦᠷ᠎ᠡ ᠵᠢᠮᠢᠰ ᠨᠢ ᠪᠣᠯᠪᠠᠰᠤᠷᠠᠬᠤ ᠶᠤᠮ ᠂ ᠰᠢᠨ᠎ᠡ ᠠᠮᠢᠳᠤᠷᠠᠯ ᠤ᠋ᠨ ᠴᠢᠨᠢ ᠵᠦᠩ ᠰᠤᠪᠢᠩ ᠨᠢ ᠲᠡᠮᠲᠡᠷᠢᠭᠳᠡᠬᠦ ᠶᠦ᠍ᠮ ᠃ 

               3 

       ᠠᠳᠤᠭᠤᠴᠢᠨ ᠡᠷ᠎ᠡ ᠠᠷᠤᠨᠰᠢ ᠲᠠᠩᠭᠠᠢᠵᠤ ᠰᠡᠷᠢᠭᠦᠨ ᠵᠢᠪᠠᠷ ᠤᠷᠢᠭᠰᠠᠭᠠᠷ ᠂ ᠠᠲᠠᠷ ᠤ᠋ᠨ ᠵᠠᠪᠰᠠᠷ ᠲᠠᠬᠢ ᠠᠩᠭᠠᠯᠵᠠᠨ ᠵᠢᠷᠵᠢᠭᠢᠨᠡᠬᠦ ᠨᠢᠴᠦᠭᠦᠨ ᠠᠩᠭᠠᠬᠠᠢ ᠶ᠋ᠢ ᠪᠠᠷᠠᠯᠠᠨ᠎ᠠ ᠃ ᠡᠠᠢᠯ ᠤ᠋ᠨ ᠪᠦᠰᠡᠭᠦᠢ ᠠᠯᠴᠢᠭᠤᠷ ᠪᠠᠷᠢᠨ ᠦᠰᠦ ᠪᠡᠨ ᠢᠯᠢᠭᠰᠡᠭᠡᠷ ᠂ ᠠᠵᠢᠯᠰᠠᠭ ᠬᠠᠷᠢᠶᠠᠴᠠᠢ ᠶ᠋ᠢᠨ ᠠᠮᠠᠨ ᠳ᠋ᠠᠬᠢ ᠬᠣᠷᠣᠬᠠᠢ ᠶ᠋ᠢ ᠠᠵᠢᠶᠠᠷᠠᠨ᠎ᠠ᠃  
       ᠥᠯᠥᠭᠡᠢ ᠲᠡᠢ ᠨᠢᠯᠬ᠎ᠠ ᠥᠰᠥᠭᠡᠢ ᠪᠡᠨ ᠳᠡᠪᠬᠡᠴᠡ ᠬᠥᠬᠥᠷᠡᠬᠦ ᠳ᠋ᠦ᠍ ᠂ ᠥᠷᠪᠥᠭᠡᠷ ᠮᠤᠤᠷ ᠨᠢᠳᠦ ᠪᠡᠨ ᠰᠡᠢᠮᠡᠢᠯᠭᠡᠨ ᠬᠠᠷᠠᠨ᠎ᠠ ᠃ ᠠᠩᠭ᠎ᠠ  ᠪᠠᠨ ᠦᠨᠦᠰᠦᠭᠡᠳ ᠠᠳᠤᠭᠤᠴᠢᠨ ᠡᠷ᠎ᠡ ᠤᠷᠭ᠎ᠠ ᠪᠠᠨ ᠰᠢᠭᠦᠷᠡᠬᠦ ᠳ᠋ᠦ᠍ ᠂ ᠠᠯᠢᠶᠠᠷᠬᠠᠨ ᠢᠨᠢᠶᠡᠭᠡᠳ ᠠᠮᠠᠷᠠᠭ ᠪᠦᠰᠡᠭᠦᠢ ᠨᠢ ᠴᠠᠢ ᠪᠠᠨ ᠰᠠᠮᠤᠷᠤᠨ᠎ᠠ ᠃ ᠁ 
       ᠠ ᠂ ᠬᠠᠷᠢᠶᠠᠴᠠᠢ ! ᠥᠳᠥ ᠪᠡᠨ ᠰᠤᠭᠤᠷᠠᠲᠠᠯ᠎ᠠ ᠡᠭᠦᠷ ᠢ᠋ᠶ᠋ᠡᠨ ᠪᠠᠷᠢᠬᠤ ᠭᠠᠩ ᠵᠣᠷᠢᠭ ᠴᠢᠨᠢ ᠂ ᠦᠰᠦ ᠪᠡᠨ ᠴᠠᠢᠲᠠᠯ᠎ᠠ ᠦᠨᠡᠨᠴᠢ ᠪᠡᠷ ᠵᠢᠳᠬᠦᠬᠦ ᠶ᠋ᠢ ᠮᠢᠨᠢ ᠰᠠᠨᠠᠭᠤᠯᠬᠤ ᠨᠢ  ᠦᠦ ⁈ ᠥᠯ ᠢ᠋ᠶ᠋ᠡᠨ ᠣᠭᠣᠷᠴᠤ ᠦᠷ᠎ᠡ ᠪᠡᠨ ᠲᠡᠵᠢᠭᠡᠬᠦ ᠨᠢᠩᠵᠢᠨ ᠰᠡᠳᠬᠢᠯ ᠴᠢᠨᠢ ᠥᠯᠮᠡᠢ ᠪᠡᠨ ᠡᠪᠡᠷᠰᠢᠲᠡᠯ᠎ᠡ ᠨᠤᠲᠤᠭ ᠢ᠋ᠶ᠋ᠠᠨ ᠪᠠᠢᠭᠤᠯᠬᠤ ᠶ᠋ᠢ ᠮᠢᠨᠢ ᠵᠢᠭᠠᠬᠤ ᠨᠢ ᠦᠦ ⁈ 
       
               4 

       ᠬᠠᠨ᠎ᠠ ᠲᠣᠭᠣᠷᠢᠭᠠᠳ ᠵᠢᠵᠢᠭ ᠬᠠᠷᠢᠶᠠᠴᠢ ᠵᠢᠩᠭᠢᠨᠡᠮ᠎ᠡ ᠤᠶᠠᠬᠠᠨ ᠢ᠋ᠶ᠋ᠠᠷ ᠱᠤᠯᠤᠭᠠᠨᠠᠬᠤ ᠳ᠋ᠤ᠌ ᠂ ᠬᠠᠢᠰᠠᠩ ᠲᠦᠰᠢᠭᠡᠳ ᠵᠢᠭᠠᠯ ᠬᠦᠦ ᠭᠠᠷ  ᠢ᠋ᠶ᠋ᠠᠨ ᠰᠡᠷᠪᠡᠢᠨ ᠲᠡᠮᠡᠦᠯᠦᠨ᠎ᠡ᠃ 
       ᠬᠥᠯᠥᠰᠥ ᠲᠡᠢ ᠭᠠᠷ ᠬᠦᠷᠴᠦ ᠪᠣᠯᠬᠤ ᠦᠭᠡᠢ ᠰᠢᠦ᠂ ᠬᠥᠨᠳᠡᠯᠡᠨ ᠭᠡᠲᠦᠯᠬᠦ ᠳᠠᠯᠠᠢ ᠳ᠋ᠠᠭᠠᠨ ᠤᠨᠠᠨ᠎ᠠ ᠭᠡᠳ ᠡᠨᠡᠷᠢᠭᠰᠡᠨ ᠡᠵᠢ ᠨᠢ ᠶᠠᠷᠢᠶ᠎ᠠ  ᠪᠠᠨ ᠦᠷᠭᠦᠯᠵᠢᠯᠡᠭᠦᠯᠬᠦ ᠳ᠋ᠦ᠍ ᠂ ᠱᠣᠬᠣᠭᠣᠷᠠᠭᠰᠠᠨ ᠵᠢᠭᠠᠯ ᠨᠢ ᠨᠢᠳᠦ ᠪᠡᠨ ᠲᠣᠷᠮᠣᠯᠵᠠᠭᠤᠯᠤᠨ᠎ᠠ ᠁ 
       ᠡᠬᠡ ᠬᠠᠷᠢᠶᠠᠴᠠᠢ ᠨᠢ ᠠᠩᠭᠠᠬᠠᠢ ᠪᠠᠨ ᠳᠠᠭᠠᠭᠤᠯᠤᠭᠠᠳ ᠵᠢᠷᠭᠢᠨ ᠤᠶᠠᠩᠭᠠᠯᠠᠬᠤ ᠶ᠋ᠢ ᠨᠢ ᠦᠵᠡᠬᠦ ᠦᠦ ᠂ ᠡᠮᠡᠭᠡ  ᠡᠵᠢ ᠨᠢ ᠣᠮᠪᠣᠯᠣ ᠬᠠᠷᠠᠭᠠᠳ ᠪᠠᠶᠠᠷᠯᠠᠨ ᠬᠡᠩᠰᠢᠬᠦ ᠶ᠋ᠢ ᠨᠢ ᠰᠣᠨᠣᠰᠬᠤ ᠤᠤ ᠂ ᠡᠵᠡᠨ ᠨᠢ ᠬᠠᠷᠢᠶᠠᠴᠠᠢ ᠪᠠᠨ ᠦᠵᠡᠭᠡᠳ ᠤᠷᠮᠠᠰᠢᠬᠤ ᠳ᠋ᠤ᠌ ᠂ ᠬᠠᠷᠢᠶᠠᠴᠠᠢ ᠨᠢ ᠡᠵᠡᠨ ᠢ᠋ᠶ᠋ᠡᠨ ᠡᠷᠭᠢᠯᠳᠦᠭᠡᠳ ᠳᠠᠭᠤᠯᠠᠨ᠎ᠠ ᠃  
       ᠠ ! ᠬᠠᠷᠢᠶᠠᠴᠢ ᠬᠥᠮᠦᠨ ᠲᠥᠷᠥᠯᠬᠢᠲᠡᠨ ᠳ᠋ᠦ᠍ ᠡᠭᠡᠯᠢᠲᠡᠢ ᠂ ᠬᠥᠮᠦᠨ ᠲᠥᠷᠥᠯᠬᠢᠲᠡᠨ ᠬᠠᠷᠢᠶᠠᠴᠠᠢ ᠳ᠋ᠤ᠌ ᠬᠠᠢᠷᠠᠲᠠᠢ ᠃ 

               5 

       ᠰᠠᠷᠠᠪᠴᠢ ᠶ᠋ᠢ ᠨᠡᠪᠲᠡᠯᠦᠭᠡᠳ ᠪᠣᠷᠣᠭᠠᠨ ᠨᠢᠭᠡᠨᠲᠡ ᠰᠢᠪᠡᠷᠡᠵᠦ ᠂ ᠰᠠᠯᠬᠢᠨ ᠤᠷᠢᠭᠠᠳ ᠬᠢᠷᠠᠭᠤ ᠭᠡᠨᠡᠳᠲᠡ ᠪᠠᠭᠤᠪᠠ ᠃ ᠤᠶᠠᠩᠭᠠᠯᠠᠨ ᠳᠠᠭᠤᠯᠠᠵᠤ ᠣᠭᠲᠣ ᠪᠣᠯᠬᠤ ᠦᠭᠡᠢ ᠭᠡᠵᠦ ᠬᠠᠷ᠎ᠠ ᠰᠢᠭᠤᠷᠭ᠎ᠠ ᠤᠷᠢᠯᠠᠨ᠎ᠠ ᠂ ᠤᠯᠢᠶᠠᠷᠬᠠᠨ ᠪᠥᠵᠢᠭᠯᠡᠵᠦ ᠨᠡᠩ ᠪᠣᠯᠬᠤ ᠦᠭᠡᠢ ᠭᠡᠵᠦ ᠬᠠᠬᠢᠷ ᠬᠦᠢᠲᠡᠨ ᠬᠥᠭᠡᠭᠡᠨ᠎ᠡ ᠃ 
       ᠬᠠᠷᠢᠶᠠᠴᠠᠢ ᠂ ᠬᠠᠷᠢᠶᠠᠴᠠᠢ ! ᠬᠠᠢᠷᠠᠯᠠᠭᠰᠠᠨ ᠡᠵᠡᠨ ᠦ᠌ ᠪᠡᠨ ᠰᠦᠷ ᠲᠦ᠍ ᠰᠢᠲᠦᠵᠦ ᠂ ᠬᠠᠯᠢᠭᠰᠠᠨ ᠲᠠᠯ᠎ᠠ ᠶ᠋ᠢᠨ ᠢ᠋ᠶ᠋ᠡᠨ ᠡᠭᠡᠯᠢ ᠳ᠋ᠦ᠍ ᠬᠣᠷᠭᠣᠳᠠᠭᠰᠠᠭᠠᠷ ᠬᠠᠷᠠᠮᠰᠠᠨ ᠤᠢᠳᠬᠠᠷᠯᠠᠵᠤ ᠬᠣᠯᠠ ᠶ᠋ᠢ ᠵᠣᠷᠢᠪᠠ᠃ ᠁ 
       ᠭᠡᠰᠡᠨ ᠴᠢ ᠶᠠᠭᠠᠮᠠᠢ !ᠰᠢᠭᠤᠷᠭᠠᠨᠲᠤ ᠡᠪᠦᠯ ᠨᠢᠭᠡᠨᠲᠡ ᠲᠣᠨᠢᠯᠤᠭᠰᠠᠨ ᠢ᠋ ᠰᠠᠷᠠᠪᠴᠢᠨ ᠳ᠋ᠤ᠌ ᠲᠤᠰᠤᠭᠰᠠᠨ ᠭᠡᠷᠡᠯ ᠲᠤᠩᠬᠠᠯᠠᠵᠦ ᠪᠠᠢᠨ᠎ᠠ ᠃ ᠬᠢᠮᠦᠷᠡᠭᠰᠡᠨ ᠤᠳᠠ ᠴᠤ᠌ ᠭᠡᠳᠡᠢᠵᠦ ᠡᠬᠢᠯᠡᠯ᠎ᠡ ᠃ ᠭᠡᠶᠦᠷᠡᠭᠰᠡᠨ ᠡᠪᠡᠰᠦ ᠴᠦ᠍ ᠨᠣᠭᠣᠭᠠᠷᠠᠵᠤ ᠡᠬᠢᠯᠡᠯ᠎ᠡ ᠃ ᠡᠷᠬᠡ ᠵᠢᠷᠭᠠᠯ ᠤ᠋ᠨ ᠡᠭᠡᠰᠢᠭ ᠢ᠋ᠶ᠋ᠡᠨ ᠨᠡᠩ ᠲᠣᠳᠣᠷᠠᠭᠤᠨ ᠬᠠᠩᠭᠢᠨᠠᠭᠤᠯᠤᠭᠰᠠᠭᠠᠷ ᠂ ᠡᠷᠡᠯᠬᠡᠭ ᠲᠡᠮᠡᠴᠡᠯ ᠦ᠋ᠨ ᠤᠶᠠᠩᠭ᠎ᠠ ᠪᠠᠨ ᠨᠡᠩ ᠰᠠᠢᠬᠠᠨ ᠨᠠᠢᠷᠠᠯᠠᠭᠰᠠᠭᠠᠷ ᠡᠭᠡᠭᠡᠳ ᠢᠷᠡᠯ᠎ᠡ ᠂ ᠬᠠᠷᠢᠶᠠᠴᠠᠢ ᠮᠢᠨᠢ !  
       ᠠ ᠬᠦ᠌ ᠂ ᠰᠣᠨᠣᠰᠤᠭᠠᠴᠢ ᠳ᠋ᠠ !  ᠳᠡᠭᠵᠢᠭᠦᠨ ᠬᠡᠦᠬᠡᠳ ᠦ᠋ᠨ ᠠᠯᠠᠭ᠎ᠠ ᠪᠠᠨ ᠲᠡᠰᠢᠨ ᠣᠷᠢᠯᠠᠬᠤ ᠳᠠᠭᠤ ᠲᠡᠨᠢᠭᠡᠷ ᠲᠠᠯ᠎ᠠ ᠳ᠋ᠤ᠌ ᠮᠢᠨᠢ ᠳᠠᠬᠢᠭᠠᠳ ᠯᠠ ᠳᠠᠭᠤᠷᠢᠰᠤᠯ᠎ᠠ ᠰᠢᠦ ᠃ 
       –– ᠬᠠᠷᠢᠶᠠᠴᠠᠢ ᠢᠷᠡᠯ᠎ᠡ ᠂ ᠬᠠᠷᠢᠶᠠᠴᠠᠢ ᠢᠷᠡᠯ᠎ᠡ !