3-95ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠠᠯᠬ᠎ᠠ ᠡᠮ ᠦ᠋ᠨ ᠨᠠᠶ᠋ᠢᠷᠠᠯᠭ᠎ᠠ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-95ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠠᠯᠬ᠎ᠠ ᠡᠮ ᠦ᠋ᠨ ᠨᠠᠶ᠋ᠢᠷᠠᠯᠭ᠎ᠠ

3-95ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠠᠯᠬ᠎ᠠ ᠡᠮ ᠦ᠋ᠨ ᠨᠠᠶ᠋ᠢᠷᠠᠯᠭ᠎ᠠ

ᠠᠩᠭᠢᠯᠠᠯ:ᠡᠷᠡᠭᠦᠯ ᠡᠩᠬᠡ
2023-06-10

323

ᠲᠠᠯᠬ᠎ᠠ ᠡᠮ ᠦ᠋ᠨ ᠨᠠᠶ᠋ᠢᠷᠠᠯᠭ᠎ᠠ

ᠲᠠᠯᠬ᠎ᠠ ᠡᠮ ᠦ᠋ᠨ ᠨᠠᠶ᠋ᠢᠷᠠᠯᠭ᠎ᠠ ᠶ᠋ᠢ ᠮᠠᠭᠠᠳᠯᠠᠭᠰᠠᠨ ᠬᠡᠮᠵᠢᠶ᠎ᠡ ᠶ᠋ᠢ ᠦᠵᠡᠭᠦᠯᠪᠡᠢ᠃
1. ᠬᠡᠢ ᠶ᠋ᠢᠨ ᠡᠪᠡᠳᠴᠢᠨ ᠦ᠌ ᠠᠶ᠋ᠢᠮᠠᠭ ᠲᠤ᠌᠄ ᠽᠠᠳᠢ᠂ ᠰᠢᠩᠭᠦᠨ᠂ ᠺᠠᠷᠤᠼᠤᠸᠠ᠂ ᠭᠠ᠂ ᠪᠢᠪᠢᠯᠢᠩ᠂ ᠫᠣᠸᠠᠷᠢ᠂ ᠰᠸᠪᠦᠢ᠍ᠷᠦ᠂ ᠰᠢᠩᠼᠠ᠂ ᠰᠦᠭᠮᠸᠯ᠂ ᠨᠢᠩᠱᠤᠱᠠ᠂ ᠠᠷᠨᠠᠭ᠂ ᠠᠷᠤᠷ᠎ᠠ᠃ ᠪᠤᠷᠠᠮ—11 ᠶ᠋ᠢ ᠨᠠᠶ᠋ᠢᠷᠠᠭᠤᠯᠵᠤ᠂ ᠠᠷᠢᠬᠢ ᠪᠤᠶᠤ ᠶᠠᠰᠤᠨ ᠱᠥᠯᠥ ᠪᠡᠷ ᠳᠠᠷᠤᠭᠤᠯᠪᠠᠰᠤ ᠬᠡᠢ ᠡᠪᠡᠳᠴᠢᠨ ᠦ᠌ ᠵᠦᠢᠯ ᠊ᠢ ᠬᠣᠴᠤᠷᠠᠯ ᠦᠭᠡᠢ ᠳᠠᠷᠤᠬᠤ ᠠᠨᠤ ᠷᠠᠰᠢᠶᠠᠨ ᠮᠡᠲᠦ ᠶ᠋ᠢ ᠦᠵᠡᠪᠡᠢ᠃
ᠰᠢᠩᠭᠦᠨ᠂ ᠱᠠᠴᠠ᠂ ᠯᠢᠰᠢ᠂ ᠽᠠᠳᠢ ᠂ ᠰᠸᠪᠦᠢ᠍ᠷᠦ᠂ ᠰᠢᠩᠼᠠ᠂ ᠰᠦᠭᠮᠸᠯ᠂ ᠭᠠ᠂ ᠪᠢᠪᠢᠯᠢᠩ᠂ ᠫᠣᠸᠠᠷᠢ᠂ ᠠᠷᠤᠷ᠎ᠠ᠂ ᠯᠢᠳᠡᠷᠢ ᠂ ᠷᠦᠳᠠ᠂ ᠮᠠᠨᠤ᠂ ᠬᠠᠷ᠎ᠠ ᠬᠥᠬᠥᠯ ᠂ ᠠᠷᠨᠠᠭ᠂ ᠵᠠᠼᠤᠸᠠ᠂ ᠺᠠᠷᠤᠼᠤᠸᠠ᠂ ᠨᠢᠩᠱᠤᠱᠠ᠂ ᠭᠣᠶᠣᠣ᠂ ᠮᠠᠨᠴᠢᠨ᠂ ᠭᠣᠣᠵᠢᠯᠠ᠂ ᠠᠭᠠᠷᠤ᠂ ᠪᠤᠷᠠᠮ᠂ ᠲᠠᠤᠯᠠᠢ ᠶ᠋ᠢᠨ ᠵᠢᠷᠦᠬᠡ ᠲᠡᠷᠢᠭᠦᠲᠡᠨ ᠊ᠢ ᠬᠤᠪᠢ ᠲᠠᠭᠰᠢ ᠨᠠᠶ᠋ᠢᠷᠠᠭᠤᠯᠤᠭᠰᠠᠨ ᠠᠮᠢ ᠪᠠᠷᠢᠭᠴᠢ —25 ᠨᠠᠶ᠋ᠢᠷᠠᠯᠭ᠎ᠠ ᠪᠣᠯ ᠭᠠᠳᠠᠷ᠂ ᠳᠣᠲᠣᠷ᠂ ᠨᠢᠭᠤᠴᠠ ᠶ᠋ᠢᠨ ᠬᠡᠢ ᠡᠪᠡᠳᠴᠢᠨ ᠪᠦᠬᠦᠨ ᠳ᠋ᠦ᠍ ᠣᠳᠬᠤ᠃ ᠡᠭᠦᠨ ᠡᠴᠡ ᠦᠯᠡᠮᠵᠢ ᠬᠡᠢ ᠶ᠋ᠢᠨ ᠶᠡᠷᠦᠨᠳᠡᠭ ᠦᠭᠡᠢ᠃
ᠠᠭᠠᠷᠤ4 ᠴᠢᠨ᠂ ᠯᠢᠳᠡᠷᠢ2 ᠴᠢᠨ᠂ ᠭᠤᠷᠪᠠᠨ ᠦᠷ᠎ᠡ1 ᠴᠢᠨ᠂ ᠭᠣᠣᠵᠢᠯᠠ2 ᠴᠢᠨ᠂ ᠠᠵᠠᠭᠰᠸᠷᠵᠤᠮ1 ᠴᠢᠨ᠂ ᠬᠠᠯᠮᠠᠰᠤᠰᠠ2 ᠴᠢᠨ᠂ ᠷᠦᠳᠠ2 ᠴᠢᠨ᠂ ᠯᠢᠰᠢ2 ᠴᠢᠨ᠂ ᠽᠠᠳᠢ2 ᠴᠢᠨ᠂ ᠬᠠᠷ᠎ᠠ ᠬᠥᠬᠥᠯ1 ᠴᠢᠨ᠂ ᠲᠠᠤᠯᠠᠢ ᠶ᠋ᠢᠨ ᠵᠢᠷᠦᠬᠡ2 ᠴᠢᠨ᠂ ᠮᠠᠨᠴᠢᠨ3 ᠴᠢᠨ᠂ ᠯᠤᠤᠪᠠᠩ2 ᠴᠢᠨ᠂ ᠱᠠᠴᠢᠨ1 ᠴᠢᠨ᠂ ᠨᠢᠩᠱᠤᠱᠠ9 ᠴᠢᠨ᠃ ᠠᠭᠠᠷᠤ—17 ᠪᠠᠷ ᠰᠢᠯᠢ ᠶ᠋ᠢᠨ ᠬᠦᠵᠦᠭᠦᠦ ᠬᠥᠰᠢᠬᠦ᠂ ᠭᠣᠣᠯ ᠤ᠋ᠨ ᠬᠡᠢ ᠬᠢᠭᠡᠳ ᠴᠠᠭᠠᠨ ᠬᠤᠶᠠᠩ᠂ ᠬᠡᠢ ᠴᠢᠰᠤ ᠬᠠᠷᠰᠢᠯᠳᠤᠬᠤ ᠪᠠ ᠲᠣᠯᠣᠭᠠᠢ ᠶ᠋ᠢᠨ ᠬᠠᠳᠬᠤᠯᠠᠭ᠎ᠠ ᠶ᠋ᠢ ᠳᠠᠷᠤᠮᠤᠢ᠃
ᠰᠢᠩᠼᠠ᠂ ᠰᠸᠪᠦᠢ᠍ᠷᠦ᠂ ᠰᠦᠭᠮᠸᠯ᠂ ᠪᠢᠪᠢᠯᠢᠩ᠂ ᠭᠣᠶᠣᠣ᠂ ᠪᠤᠷᠠᠮ ᠨᠠᠶ᠋ᠢᠷᠠᠭᠤᠯᠤᠭᠰᠠᠨ ᠰᠸᠪᠦᠢ᠍ᠷᠦ—5 ᠪᠠᠷ ᠭᠡᠳᠡᠰᠦ᠂ ᠣᠯᠣᠭᠠᠢ᠂ ᠬᠣᠳᠣᠭᠣᠳᠣᠨ ᠢᠯᠴᠢ ᠶ᠋ᠢ ᠡᠭᠦᠰᠬᠡᠨ᠂ ᠡᠰᠡ ᠰᠢᠩᠭᠡᠬᠦ ᠶ᠋ᠢ ᠠᠷᠢᠯᠭᠠᠨ᠎ᠠ᠃
ᠭᠣᠣᠵᠢᠯᠠ5 ᠴᠢᠨ᠂ ᠱᠠᠹᠦᠢ᠍ᠷᠦᠢ᠍ᠲᠠ2 ᠴᠢᠨ᠂ ᠠᠷᠨᠠᠭ4 ᠴᠢᠨ᠂ ᠵᠤᠭᠠᠩ2 ᠴᠢᠨ᠂ ᠭᠦᠷᠭᠦᠮ2 ᠴᠢᠨ᠂ ᠠᠷᠤᠷ᠎ᠠ3 ᠴᠢᠨ᠂ ᠪᠣᠶ᠋ᠢᠭᠠᠷ2 ᠴᠢᠨ ᠊ᠢ ᠰᠢᠬᠢᠷ ᠲᠡᠢ ᠬᠤᠪᠢ ᠲᠠᠭᠰᠢ ᠨᠠᠶ᠋ᠢᠷᠠᠭᠤᠯᠤᠭᠰᠠᠨ ᠭᠣᠣᠵᠢᠯᠠ—7 ᠪᠠᠷ ᠬᠡᠢ ᠴᠢᠰᠤ ᠳᠡᠭᠡᠭᠰᠢ ᠭᠦᠶᠦᠬᠦ᠂ ᠬᠥᠯ ᠦ᠋ᠨ ᠪᠠᠮ᠂ ᠠᠮᠢᠰᠬᠤᠯ ᠪᠥᠭᠯᠡᠷᠡᠬᠦ ᠬᠢᠭᠡᠳ ᠴᠡᠭᠡᠵᠢ ᠪᠦᠭᠰᠡ ᠪᠡᠷ ᠬᠠᠳᠬᠤᠯᠠᠬᠤ ᠪᠦᠬᠦᠨ ᠳ᠋ᠦ᠍ ᠲᠤᠰᠠᠯᠠᠬᠤ ᠶ᠋ᠢ ᠠᠮᠲᠠᠰᠢᠯᠠᠨ ᠪᠦᠲᠦᠭᠡᠪᠡᠢ᠃
ᠠᠭᠠᠷᠤ ᠭᠣᠨᠢᠶᠣᠳ5 ᠴᠢᠨ᠂ ᠬᠠᠷ᠎ᠠ ᠬᠥᠬᠥᠯ2 ᠴᠢᠨ ᠷᠦᠳᠠ2 ᠴᠢᠨ᠂ ᠠᠵᠠᠭᠰᠸᠷᠵᠤᠮ3 ᠴᠢᠨ᠂ ᠽᠠᠳᠢ2 ᠴᠢᠨ᠂ ᠨᠢᠩᠱᠤᠱᠠ3 ᠴᠢᠨ ᠢ᠋ᠶ᠋ᠡᠷ ᠨᠠᠶ᠋ᠢᠷᠠᠭᠤᠯᠤᠭᠰᠠᠨ ᠠᠭᠠᠷᠤ—6 ᠤ᠋ ᠬᠦᠷᠳᠦᠨ ᠢ᠋ᠶ᠋ᠡᠷ ᠠᠷᠤ ᠥᠪᠥᠷ᠂ ᠲᠣᠯᠣᠭᠠᠢ ᠬᠠᠳᠬᠤᠯᠠᠬᠤ ᠲᠡᠷᠢᠭᠦᠲᠡᠨ ᠳ᠋ᠦ᠍ ᠲᠤᠰᠠᠯᠠᠬᠤ ᠶ᠋ᠢ ᠮᠠᠭᠠᠳ ᠡᠵᠡᠮᠰᠢᠨ ᠮᠡᠳᠡᠪᠡᠢ᠃
ᠠᠷᠤᠷ᠎ᠠ᠂ ᠵᠦᠮᠽᠠ᠂ ᠵᠠᠼᠤᠸᠠ᠂ ᠮᠠᠨᠤ᠂ ᠭᠠ᠂ ᠪᠦᠯᠲᠦᠬ ᠊ᠢ ᠨᠠᠶ᠋ᠢᠷᠠᠭᠤᠯᠤᠭᠰᠠᠨ ᠠᠮᠤᠷᠵᠢᠭᠤᠯᠤᠨ ᠦᠢᠯᠡᠳᠦᠭᠴᠢ ᠵᠢᠷᠭᠤᠭᠠᠨ ᠴᠠᠭᠠᠨ ᠢ᠋ᠶ᠋ᠠᠷ ᠡᠰᠡ ᠰᠢᠩᠭᠡᠬᠦ ᠪᠠ ᠪᠠᠳᠬᠠᠨ ᠬᠡᠢ᠂ ᠴᠠᠩᠬ᠎ᠠ᠂ ᠬᠦᠢᠲᠡᠨ ᠢ᠋ᠶ᠋ᠡᠷ ᠰᠠᠭᠤᠯᠭᠠᠬᠤ ᠶ᠋ᠢ ᠠᠷᠢᠯᠭᠠᠨ᠎ᠠ᠃
2. ᠰᠢᠷ᠎ᠠ ᠡᠪᠡᠳᠴᠢᠨ ᠦ᠌ ᠠᠶ᠋ᠢᠮᠠᠭ ᠲᠤ᠌᠄ ᠠᠯᠲᠠᠨᠴᠡᠴᠡᠭ᠂ ᠠᠷᠤᠷ᠎ᠠ᠂ ᠰᠸᠪᠢᠮᠸᠲᠤᠭ ᠊ᠢ ᠬᠤᠪᠢ ᠳᠠᠭᠱᠠ ᠨᠠᠶ᠋ᠢᠷᠠᠭᠤᠯᠪᠠᠰᠤ ᠰᠢᠷ᠎ᠠ ᠶ᠋ᠢᠨ ᠡᠪᠡᠳᠴᠢᠨ ᠦ᠌ ᠶᠡᠷᠦ ᠶ᠋ᠢᠨ ᠡᠮ᠂ ᠰᠢᠷ᠎ᠠ ᠶ᠋ᠢ ᠢᠯᠠᠭᠴᠢ ᠬᠡᠮᠡᠮᠦᠢ᠃
ᠪᠣᠩᠭᠠᠷ ᠂ ᠬᠤᠩᠯᠸᠨ᠂ ᠵᠢᠷᠱᠦᠢ᠍ᠨ ᠂ ᠪᠠᠷᠪᠠᠲᠠ ᠂ ᠳ᠋ᠢᠭᠳᠡ᠂ ᠭᠦᠷᠭᠦᠮ᠂ ᠪᠡᠷᠢᠶᠡᠩᠭᠦ᠂ ᠳ᠋ᠦ᠋ᠭ᠌ᠮᠤᠨᠢᠤᠩ᠂ ᠵᠦᠷᠦᠷ᠎ᠠ᠂ ᠪᠠᠷᠠᠭᠱᠦᠢ᠍ᠨ᠂ ᠭᠢᠸᠠᠩ᠂ ᠴᠠᠭᠠᠨ ᠽᠠᠨᠳᠠᠨ᠂ ᠫᠠᠭᠲ᠋ᠠᠯ᠂ ᠪᠡᠬᠡ᠂ ᠰᠢᠬᠢᠷ᠂ ᠳ᠋ᠣᠮᠷᡁᠢ ᠂ ᠳ᠋ᠦ᠋ᠳᠽᠢᠯᠤᠮ᠎ᠠ ᠶ᠋ᠢ ᠡᠷᠬᠢᠯᠡᠨ ᠪᠤᠰᠤᠳ ᠊ᠢ ᠬᠤᠪᠢ ᠲᠠᠭᠰᠢ ᠨᠠᠶ᠋ᠢᠷᠠᠭᠤᠯᠤᠭᠰᠠᠨ ᠪᠣᠩᠭᠠᠷ —17 ᠪᠠᠷ ᠮᠢᠬ᠎ᠠ᠂ ᠨᠢᠳᠦ ᠰᠢᠷᠠᠯᠠᠬᠤ ᠲᠡᠷᠢᠭᠦᠲᠡᠨ ᠬᠠᠯᠠᠭᠤᠨ ᠰᠢᠷ᠎ᠠ ᠶ᠋ᠢ ᠬᠣᠴᠤᠷᠠᠯ ᠦᠭᠡᠢ ᠳᠠᠷᠤᠬᠤ ᠡᠮ ᠦ᠋ᠨ ᠳᠡᠭᠡᠳᠦ ᠮᠥᠨ᠃
ᠠᠯᠲᠠᠨ ᠥᠩᠭᠡᠲᠦ ᠠᠷᠤᠷ᠎ᠠ᠂ ᠰᠸᠪᠦᠢ᠍ᠷᠦ᠂ ᠠᠯᠲᠠᠨᠴᠡᠴᠡᠭ᠂ ᠪᠠᠷᠠᠭᠱᠦᠢ᠍ᠨ᠂ ᠫᠠᠭᠲ᠋ᠠᠯ᠃ ᠠᠯᠲᠠᠨ ᠥᠩᠭᠡᠲᠦ—5 ᠪᠠᠷ ᠬᠡᠢ ᠰᠢᠷ᠎ᠠ ᠪᠠᠷ ᠨᠢᠳᠦ ᠰᠢᠷᠠᠯᠠᠬᠤ᠂ ᠴᠢᠰᠤ ᠰᠢᠷ᠎ᠠ ᠪᠦᠬᠦᠨ ᠳ᠋ᠦ᠍ ᠰᠠᠶ᠋ᠢᠰᠢᠶᠠᠭᠲᠠᠪᠠᠢ᠃
ᠳ᠋ᠢᠭᠳᠡ2 ᠴᠢᠨ᠂ ᠠᠯᠲᠠᠨᠴᠡᠴᠡᠭ5 ᠴᠢᠨ᠂ ᠪᠣᠩᠭᠠᠷ2 ᠴᠢᠨ᠂ ᠷᠦᠳᠠ1 ᠴᠢᠨ᠂ ᠽᠠᠷᡁᠢ2 ᠴᠢᠨ᠂ ᠬᠤᠩᠯᠸᠨ3 ᠴᠢᠨ᠂ ᠪᠠᠷᠪᠠᠲᠠ2 ᠴᠢᠨ᠂ ᠵᠢᠷᠱᠦᠢ᠍ᠨ3 ᠴᠢᠨ᠃ ᠰᠢᠬᠢᠷ ᠲᠡᠢ ᠨᠠᠶ᠋ᠢᠷᠠᠭᠤᠯᠤᠭᠰᠠᠨ ᠳ᠋ᠢᠭᠳᠡ —8 ᠪᠠᠷ ᠰᠢᠷ᠎ᠠ ᠶ᠋ᠢᠨ ᠬᠠᠯᠠᠭᠤᠨ᠂ ᠨᠢᠳᠦ᠂ ᠰᠢᠭᠡᠰᠦ᠂ ᠮᠢᠬᠠᠨ ᠥᠩᠭᠡ ᠰᠢᠷᠠᠯᠠᠬᠤ ᠶ᠋ᠢ ᠳᠠᠷᠤᠨ᠎ᠠ᠃
ᠰᠸᠪᠦᠢ᠍ᠷᠦ3 ᠴᠢᠨ᠂ ᠰᠢᠩᠼᠠ1 ᠴᠢᠨ᠂ ᠰᠦᠭᠮᠸᠯ3 ᠴᠢᠨ᠂ ᠪᠢᠪᠢᠯᠢᠩ2 ᠴᠢᠨ᠂ ᠠᠷᠤᠷ᠎ᠠ2 ᠴᠢᠨ᠂ ᠵᠠᠮᠼᠤᠸᠠ2 ᠴᠢᠨ᠂ ᠠᠯᠲᠠᠨᠴᠡᠴᠡᠭ5 ᠴᠢᠨ᠂ ᠳ᠋ᠦ᠋ᠭ᠌ᠮᠤᠨᠢᠤᠩ2 ᠴᠢᠨ᠂ ᠳ᠋ᠣᠮᠷᡁᠢ2 ᠴᠢᠨ᠂ ᠫᠠᠭᠲ᠋ᠠᠯ9 ᠴᠢᠨ᠂ ᠭᠠᠷᠨᠠᠭ —10 ᠭᠡᠮᠡᠨ ᠬᠦᠢᠲᠡᠨ ᠰᠢᠷ᠎ᠠ ᠶ᠋ᠢ ᠳᠠᠷᠤᠭᠴᠢ ᠡᠮ ᠦ᠋ᠨ ᠳᠡᠭᠡᠳᠦ᠂ ᠭᠠᠶ᠋ᠢᠬᠠᠮᠰᠢᠬ ᠶᠣᠰᠣ ᠪᠣᠯᠠᠢ᠃
3. ᠪᠠᠳᠬᠠᠨ ᠡᠪᠡᠳᠴᠢᠨ ᠦ᠌ ᠠᠶ᠋ᠢᠮᠠᠭ ᠲᠤ᠌ ᠄ ᠨᠣᠮᠣᠬᠠᠳᠬᠠᠭᠰᠠᠨ ᠵᠣᠩᠰᠢ2 ᠯᠠᠩ᠂ ᠯᠤᠤᠪᠠᠩ ᠤ᠋ᠨ ᠦᠨᠡᠰᠦ2 ᠴᠢᠨ᠂ ᠳ᠋ᠠᠯᠢ2 ᠴᠢᠨ᠂ ᠭᠠᠭᠤᠯᠠ1 ᠴᠢᠨ᠂ ᠽᠠᠳᠢ1 ᠴᠢᠨ᠂ ᠯᠢᠰᠢ1 ᠴᠢᠨ᠂ ᠰᠦᠭᠮᠸᠯ1 ᠴᠢᠨ᠂ ᠭᠠ᠂ ᠪᠢᠪᠢᠯᠢᠩ᠂ ᠫᠣᠸᠠᠷᠢ ᠨᠢᠵᠡᠭᠡᠳ1 ᠴᠢᠨ᠂ ᠭᠠᠨᠲᠢᠭ2 ᠴᠢᠨ᠂ ᠰᠢᠩᠼᠠ3 ᠴᠢᠨ᠂ ᠭᠦᠷᠭᠦᠮ3 ᠴᠢᠨ᠂ ᠼᠠᠯᠠ ᠲᠡᠷᠢᠭᠦᠲᠡᠨ ᠊ᠢ ᠨᠠᠶ᠋ᠢᠷᠠᠭᠤᠯᠤᠭᠰᠠᠨ ᠠᠮᠤᠭᠤᠯᠠᠩ ᠊ᠢ ᠡᠭᠦᠰᠬᠡᠨ ᠳᠡᠭᠰᠢᠳᠬᠡᠭᠴᠢ ᠡᠭᠦᠨ ᠢ᠋ᠶ᠋ᠡᠷ ᠪᠠᠳᠬᠠᠨ ᠬᠢᠭᠡᠳ ᠠᠶᠤᠤᠯᠢᠬᠠᠢ᠂ ᠲᠡᠮᠦᠷ ᠬᠠᠭᠲᠤ᠂ ᠡᠰᠡ ᠰᠢᠩᠭᠡᠬᠦ᠂ ᠪᠣᠷᠣ ᠬᠢᠭᠡᠳ ᠬᠣᠳᠣᠭᠣᠳᠣᠨ ᠭᠠᠯ ᠪᠠᠭᠤᠷᠠᠭᠰᠠᠨ ᠲᠡᠷᠢᠭᠦᠲᠡᠨ ᠳ᠋ᠦ᠍ ᠲᠤᠰᠠᠲᠠᠢ ᠭᠡᠮᠡᠨ ᠨᠣᠮᠯᠠᠵᠤᠬᠤᠢ᠃
ᠵᠢᠷᠭᠤᠭᠠᠨ ᠴᠠᠭᠠᠨ ᠨᠠᠶ᠋ᠢᠷᠠᠯᠭ᠎ᠠ ᠠᠨᠤ ᠪᠦᠯᠲᠦᠬ3 ᠴᠢᠨ᠂ ᠵᠣᠩᠰᠢ2 ᠴᠢᠨ᠂ ᠳᠡᠰ ᠦ᠋ᠨ ᠪᠠᠭᠠᠰᠤ᠂ ᠶᠣᠯᠣ ᠶ᠋ᠢᠨ ᠪᠠᠭᠠᠰᠤ᠂ ᠮᠠᠨᠤ᠂ ᠭᠠᠵᠠ᠂ ᠨᠣᠮᠣᠬᠠᠳᠬᠠᠭᠰᠠᠨ ᠼᠠᠯᠠ ᠨᠢᠵᠡᠭᠡᠳ1 ᠴᠢᠨ᠂ ᠵᠠᠮᠼᠤᠸᠠ2 ᠴᠢᠨ ᠊ᠢ ᠨᠠᠶ᠋ᠢᠷᠠᠭᠤᠯᠵᠤ᠂ ᠪᠤᠴᠠᠯᠤᠭᠰᠠᠨ ᠤᠰᠤ ᠪᠠᠷ ᠳᠠᠷᠤᠭᠤᠯᠵᠤ ᠥᠭ᠃ ᠭᠠᠯ ᠳᠣᠷᠣᠶ᠋ᠢᠲᠠᠭᠰᠠᠨ ᠬᠦᠢᠲᠡᠨ ᠪᠣᠷᠣ᠂ ᠨᠢᠳᠦ ᠰᠢᠷᠠᠯᠠᠬᠤ ᠬᠢᠭᠡᠳ ᠬᠡᠢ ᠰᠢᠷ᠎ᠠ ᠪᠠᠳᠬᠠᠨ᠂ ᠬᠤᠷᠠᠮᠠᠯ ᠡᠪᠡᠳᠴᠢᠨ ᠊ᠢ ᠬᠣᠴᠤᠷᠠᠯ ᠦᠭᠡᠢ ᠳᠠᠷᠤᠮᠤᠢ᠃ 
4. ᠰᠠᠭᠤᠯᠭᠠᠬᠤ ᠡᠪᠡᠳᠴᠢᠨ ᠦ᠌ ᠠᠶ᠋ᠢᠮᠠᠭ ᠲᠤ᠌ ᠄ ᠬᠠᠳᠠᠨ ᠭᠠᠷᠤᠳᠢ —13 ᠬᠡᠮᠡᠭᠴᠢ ᠂ ᠪᠠᠷᠠᠭᠱᠦᠢ᠍ᠨ᠂ ᠯᠠᠷᠽᠢ ᠂ ᠭᠦᠷᠭᠦᠮ᠂ ᠰᠦᠭᠮᠸᠯ᠂ ᠳ᠋ᠣᠮᠷᡁᠢ᠂ ᠪᠣᠩᠭᠠᠷ᠂ ᠠᠷᠤᠷ᠎ᠠ᠂ ᠪᠡᠷᠢᠶᠡᠩᠭᠦ᠂ ᠯᠢᠭᠠᠲᠤᠷ ᠂ ᠮᠠᠨᠴᠢᠨ᠂ ᠷᠦᠳᠠ᠂ ᠬᠠᠷ᠎ᠠ ᠱᠣᠳᠠᠭ᠂ ᠫᠠᠭᠲ᠋ᠠᠯ ᠊ᠢ ᠨᠠᠶ᠋ᠢᠷᠠᠭᠤᠯᠤᠭᠠᠳ ᠠᠷᠢᠬᠢ ᠪᠤᠶᠤ ᠲᠤᠲᠤᠷᠭᠠᠨ ᠱᠦᠮᠦᠰᠦ ᠪᠡᠷ ᠳᠠᠷᠤᠭᠤᠯ᠃ ᠴᠢᠰᠤ ᠪᠠᠷ ᠰᠠᠭᠤᠯᠭᠠᠬᠤ᠂ ᠬᠢᠲᠠᠳ ᠰᠠᠭᠤᠯᠭ᠎ᠠ᠂ ᠭᠡᠳᠡᠰᠦ ᠣᠯᠣᠭᠠᠢ ᠶ᠋ᠢᠨ ᠬᠠᠯᠠᠭᠤᠨ ᠢ᠋ᠶ᠋ᠠᠷ ᠰᠠᠭᠤᠯᠭᠠᠬᠤ ᠬᠢᠭᠡᠳ ᠰᠢᠷ᠎ᠠ ᠳᠣᠲᠣᠷ ᠣᠷᠣᠵᠤ ᠪᠡᠲᠡᠭᠢ ᠪᠥᠭᠡᠮᠨᠡᠷᠡᠬᠦ᠂ ᠬᠣᠳᠣᠭᠣᠳᠣᠨ ᠡᠪᠡᠳᠴᠢᠨ ᠲᠡᠷᠢᠭᠦᠲᠡᠨ᠂ ᠴᠢᠰᠤ ᠰᠢᠷ᠎ᠠ ᠬᠣᠳᠣᠭᠣᠳᠣᠨ ᠳ᠋ᠤ᠌ ᠪᠠᠭᠤᠭᠰᠠᠨ ᠤ᠋ ᠷᠠᠰᠢᠶᠠᠨ ᠮᠥᠨ᠃
ᠵᠣᠩᠰᠢ5 ᠴᠢᠨ᠂ ᠢᠳᠡᠰᠢᠨ ᠳᠠᠪᠤᠰᠤ3 ᠴᠢᠨ ᠊ᠢ ᠲᠣᠭᠣᠭᠠᠨ ᠳ᠋ᠤ᠌ ᠰᠠᠶ᠋ᠢᠲᠤᠷ ᠬᠠᠭᠤᠷᠠᠨ ᠯᠢᠰᠢ3 ᠴᠢᠨ᠂ ᠶᠸᠮᠦᠢ᠍ᠩ8 ᠴᠢᠨ ᠊ᠢ ᠬᠦᠴᠦᠨ ᠲᠡᠭᠦᠯᠳᠡᠷ ᠲᠦᠯᠡᠭᠰᠡᠨ ᠦᠨᠡᠰᠦ᠂ ᠮᠠᠨᠴᠢᠨ2 ᠴᠢᠨ᠂ ᠭᠠᠵᠠ2 ᠴᠢᠨ᠂ ᠫᠣᠸᠠᠷᠢ4 ᠴᠢᠨ᠂ ᠪᠢᠪᠢᠯᠢᠩ2 ᠴᠢᠨ᠂ ᠽᠠᠳᠢ1 ᠴᠢᠨ᠂ ᠵᠠᠼᠤᠸᠠ1 ᠴᠢᠨ᠂ ᠵᠠᠮᠼᠤᠸᠠ2 ᠴᠢᠨ᠂ ᠺᠠᠷᠤᠼᠤᠸᠠ2 ᠴᠢᠨ᠂ ᠦᠰᠥ᠋2 ᠴᠢᠨ᠂ ᠰᠸᠼᠤᠸᠠ1 ᠴᠢᠨ᠂ ᠮᠠᠨᠤ5 ᠴᠢᠨ᠂ ᠫᠠᠭᠷᠢᠯ5 ᠴᠢᠨ ᠊ᠢ ᠨᠠᠶ᠋ᠢᠷᠠᠭᠤᠯᠵᠤ ᠨᠢᠭᠡ ᠡᠳᠦᠷ ᠨᠤᠬᠤᠭᠠᠳ ᠳ᠋ᠠᠭᠪᠤ ᠮᠡᠨᠡᠭ ᠡᠭᠦᠨ ᠢ᠋ᠶ᠋ᠡᠷ ᠬᠤᠷᠠᠭ ᠂ ᠬᠣᠳᠣᠭᠣᠳᠣᠨ ( ᠱᠠᠵᠠ ) ᠴᠠᠩᠬ᠎ᠠ᠂ ᠬᠠᠯᠠᠭᠤᠨ ᠢ᠋ᠶ᠋ᠠᠷ ᠰᠠᠭᠤᠯᠭᠠᠬᠤ᠂ ᠡᠰᠡ ᠰᠢᠩᠭᠡᠬᠦ ᠲᠡᠷᠢᠭᠦᠲᠡᠨ ᠪᠦᠬᠦᠨ ᠳ᠋ᠦ᠍ ᠸᠴᠢᠷ ᠠᠯᠮᠠᠰ ᠪᠣᠳᠠᠲᠠᠢ ᠯᠤᠭ᠎ᠠ ᠤᠴᠠᠷᠠᠭᠰᠠᠨ ᠠᠳᠠᠯᠢ᠃
ᠵᠣᠩᠰᠢ1 ᠯᠠᠩ᠂ ᠠᠷᠤᠷ᠎ᠠ5 ᠴᠢᠨ᠂ ᠶᠸᠮᠦᠢ᠍ᠩ8 ᠴᠢᠨ᠂ ᠢᠳᠡᠰᠢᠨ ᠳᠠᠪᠤᠰᠤ5 ᠴᠢᠨ ᠊ᠢ ᠬᠡᠮᠬᠡᠯᠦᠨ ᠨᠦᠳᠦᠭᠡᠳ ᠨᠣᠶ᠋ᠢᠲᠠᠨ ᠬᠣᠨᠢᠨ ᠮᠢᠬᠠᠨ ᠳ᠋ᠤ᠌ ᠲᠦᠷᠬᠢᠵᠦ ᠪᠥᠭᠡᠮᠨᠡᠭᠡᠳ ᠰᠡᠭᠦᠳᠡᠷ ᠲᠦ᠍ ᠬᠠᠲᠠᠭ᠎ᠠ᠃ ᠬᠠᠲᠠᠭᠰᠠᠨ ᠤ᠋ ᠳᠠᠷᠠᠭ᠎ᠠ ᠰᠢᠪᠡᠷ ᠳᠣᠲᠣᠷ᠎ᠠ ᠪᠥᠭᠡᠮᠨᠡᠵᠦ ᠰᠠᠶ᠋ᠢᠲᠤᠷ ᠬᠠᠲᠠᠭᠠᠭᠠᠳ ᠭᠠᠯ ᠳ᠋ᠤ᠌ ᠰᠢᠷᠠᠵᠤ ᠬᠠᠭᠠᠷᠠᠯ ᠦᠭᠡᠢ ᠪᠡᠷ ᠭᠣᠯᠣᠮᠲᠠ ᠶ᠋ᠢᠨ ᠳᠣᠲᠣᠷ ᠭᠤᠷᠪᠠ ᠬᠣᠨᠣᠲᠠᠯ᠎ᠠ ᠲᠦᠯᠡᠭᠡᠳ ᠠᠪ᠃ ᠬᠥᠷᠦᠭᠰᠡᠨ ᠦ᠌ ᠳᠠᠷᠠᠭ᠎ᠠ ᠬᠠᠭᠠᠯᠵᠤ ᠠᠪᠤᠭᠠᠳ ᠦᠰᠥ᠋ ᠵᠠᠼᠤᠸᠠ ᠬᠣᠶᠠᠷ ᠊ᠢ ᠨᠡᠮᠡᠵᠦ ᠨᠤᠬᠤᠭᠠᠳ ᠨᠢᠵᠡᠭᠡᠳ ᠭᠡᠮ ᠊ᠢ ᠠᠷᠢᠬᠢ ᠪᠠᠷ ᠳᠠᠷᠤᠭᠤᠯᠵᠤ ᠥᠭᠪᠡᠰᠦ ᠰᠠᠭᠤᠯᠭᠠᠬᠤ ᠡᠪᠡᠳᠴᠢᠨ ᠶᠠᠮᠠᠷ ᠵᠡᠷᠭᠡ ᠬᠦᠨᠳᠦ ᠪᠣᠯᠪᠠᠴᠤ ᠮᠠᠭᠠᠳ ᠡᠳᠡᠭᠡᠷᠡᠮᠦᠢ᠃
5. ᠪᠥᠭᠡᠷᠡᠨ ᠡᠪᠡᠳᠴᠢᠨ ᠦ᠌ ᠠᠶ᠋ᠢᠮᠠᠭ ᠲᠤ᠌᠄ ᠨᠠᠷᠠᠨᠮᠠᠨᠲᠤᠯ ᠠᠨᠤ ᠰᠸᠪᠦᠢ᠍ᠷᠦ᠂ ᠰᠢᠩᠼᠠ᠂ ᠰᠦᠭᠮᠸᠯ ᠂ ᠪᠢᠪᠢᠯᠢᠩ᠂ ᠷᠠᠨᠢ᠂ ᠨᠢᠰᠢᠩ᠂ ᠵᠠᠸ᠋᠎ᠠ᠂ ᠪᠠᠰᠪᠦᠢ᠍ᠷᠦ ᠂ ᠵᠠᠮᠪᠠ᠂ ᠦᠰᠥ᠋ ᠂ ᠳ᠋ᠢᠭᠰᠸᠷᠢᠨ ᠂ ᠰᠸᠮ᠎ᠠ ᠨᠤᠭᠦᠳ ᠊ᠢ ᠬᠤᠪᠢ ᠲᠠᠭᠰᠢ ᠨᠡᠶ᠋ᠢᠷᠠᠭᠤᠯᠵᠤ ᠂ ᠠᠷᠢᠬᠢ ᠪᠤᠶᠤ ᠶᠠᠰᠤᠨ ᠱᠥᠯᠥ ᠪᠡᠷ ᠳᠠᠷᠤᠭᠤᠯ᠃ ᠡᠰᠡ ᠰᠢᠩᠭᠡᠬᠦ᠂ ᠪᠥᠭᠡᠷᠡᠨ ᠬᠦᠢᠲᠡᠨ᠂ ᠪᠥᠭᠡᠷᠡᠨ ᠬᠡᠢ᠂ ᠬᠥᠷᠥᠩᠭᠡ ᠴᠤᠪᠤᠷᠠᠬᠤ᠂ ᠰᠢᠭᠡᠰᠦ ᠴᠠᠪᠲᠠᠭᠰᠢᠬᠤ᠂ ᠬᠠᠭᠠᠭᠳᠠᠬᠤ᠂ ᠲᠤᠯᠠᠢ ᠬᠡᠷᠦᠯᠭᠡ᠂ ᠬᠥᠯ ᠦ᠋ᠨ ᠪᠠᠮ ᠲᠡᠷᠢᠭᠦᠲᠡᠨ ᠪᠥᠭᠡᠷᠡᠨ ᠡᠪᠡᠳᠴᠢᠨ ᠦ᠌ ᠵᠦᠢᠯ ᠪᠦᠬᠦᠨ ᠳ᠋ᠦ᠍ ᠷᠠᠰᠢᠶᠠᠨ ᠮᠡᠲᠦ ᠪᠣᠯᠠᠢ᠃
ᠭᠣᠶᠣᠣ5 ᠴᠢᠨ᠂ ᠰᠸᠪᠦᠢ᠍ᠷᠦ3 ᠴᠢᠨ᠂ ᠰᠢᠩᠼᠠ2 ᠴᠢᠨ᠂ ᠪᠢᠪᠢᠯᠢᠩ2 ᠴᠢᠨ᠂ ᠰᠦᠭᠮᠸᠯ2 ᠴᠢᠨ᠂ ᠵᠠᠭ᠎ᠠ2 ᠴᠢᠨ᠂ ᠵᠠᠼᠤᠸᠠ1 ᠴᠢᠨ ᠊ᠢ ᠨᠠᠶ᠋ᠢᠷᠠᠭᠤᠯᠤᠭᠰᠠᠨ ᠭᠣᠶᠣᠣ—7 ᠪᠠᠷ ᠪᠥᠭᠡᠷᠡᠨ ᠬᠦᠢᠲᠡᠨ ᠊ᠢ ᠠᠷᠢᠯᠭᠠᠨ᠎ᠠ᠃
ᠠᠷᠤᠷ᠎ᠠ2 ᠴᠢᠨ᠂ ᠭᠦᠷᠭᠦᠮ2 ᠴᠢᠨ᠂ ᠰᠦᠭᠮᠸᠯ2 ᠴᠢᠨ᠂ ᠪᠠᠷᠠᠭᠱᠦᠢ᠍ᠨ2 ᠴᠢᠨ᠂ ᠳ᠋ᠢᠭᠳᠡ1 ᠴᠢᠨ᠂ ᠬᠠᠯᠮᠠᠱᠤᠱᠠ3 ᠴᠢᠨ᠂ ᠰᠦᠨᠬᠠᠨ2 ᠴᠢᠨ᠂ ᠽᠣᠳ2 ᠴᠢᠨ᠂ ᠰᠦᠩᠰᠸᠷ2 ᠴᠢᠨ᠂ ᠵᠠᠵᠢᠭ2 ᠴᠢᠨ ᠊ᠢ ᠰᠢᠬᠢᠷ ᠲᠡᠢ ᠨᠠᠶ᠋ᠢᠷᠠᠭᠤᠯᠤᠭᠰᠠᠨ ᠠᠷᠤᠷ᠎ᠠ—10 ᠪᠠᠷ ᠪᠥᠭᠡᠷᠡᠨ ᠬᠠᠯᠠᠭᠤᠨ ᠲᠠᠷᠬᠠᠭᠰᠠᠨ ᠊ᠢ ᠠᠷᠢᠯᠭᠠᠨ᠎ᠠ᠃
6. ᠬᠠᠯᠠᠭᠤᠨ ᠡᠪᠡᠳᠴᠢᠨ ᠦ᠌ ᠠᠶ᠋ᠢᠮᠠᠭ ᠲᠤ᠌᠄ ᠪᠠᠩᠽᠢ —12 ᠢᠨᠤ ᠪᠠᠩᠽᠢᠳᠣᠣ5 ᠴᠢᠨ᠂ ᠪᠣᠩᠭᠠᠷ3 ᠴᠢᠨ᠂ ᠳ᠋ᠠᠭᠱᠠ2 ᠴᠢᠨ᠂ ᠳ᠋ᠦ᠋ᠳᠽᠢᠯᠣᠮ᠎ᠠ5 ᠴᠢᠨ᠂ ᠵᠤᠭᠠᠩ3 ᠴᠢᠨ᠂ ᠭᠦᠷᠭᠦᠮ1 ᠴᠢᠨ᠂ ᠬᠥᠬᠥᠯ2 ᠴᠢᠨ᠂ ᠪᠠᠷᠪᠠᠲᠠ3 ᠴᠢᠨ᠂ ᠴᠠᠭᠠᠨ ᠽᠠᠨᠳᠠᠨ2 ᠴᠢᠨ᠂ ᠭᠢᠸᠠᠩ1 ᠴᠢᠨ᠂ ᠪᠠᠷᠠᠭᠱᠦᠢ᠍ᠨ3 ᠴᠢᠨ᠂ ᠯᠢᠭᠠᠲᠤᠷ2 ᠴᠢᠨ᠂ ᠯᠠᠷᠽᠢ1 ᠴᠢᠨ ᠲᠡᠷᠢᠭᠦᠲᠡᠨ ᠊ᠢ ᠨᠠᠶ᠋ᠢᠷᠠᠭᠤᠯᠪᠠᠰᠤ ᠳᠣᠭᠰᠢᠨ ᠬᠠᠯᠠᠭᠤᠨ᠂ ᠶᠡᠬᠡ ᠬᠦᠴᠦᠲᠦ ᠬᠢᠵᠢᠭ ᠡᠪᠡᠳᠴᠢᠨ ᠊ᠢ ᠳᠠᠷᠤᠬᠤ ᠶ᠋ᠢᠨ ᠳᠡᠭᠡᠳᠦ ᠪᠣᠯᠠᠢ᠃
ᠵᠤᠭᠠᠩ᠂ ᠭᠦᠷᠭᠦᠮ᠂ ᠳ᠋ᠢᠭᠳᠡ ᠂ ᠪᠠᠱᠠᠭ᠎ᠠ ᠂ ᠬᠤᠩᠯᠸᠨ᠂ ᠪᠣᠩᠭᠠᠷ᠂ ᠭᠢᠸᠠᠩ᠂ ᠴᠠᠭᠠᠨ ᠽᠠᠨᠳᠠᠨ ᠊ᠢ ᠬᠤᠪᠢ ᠲᠠᠭᠰᠢ ᠨᠠᠶ᠋ᠢᠷᠠᠭᠤᠯᠤᠭᠰᠠᠨ ᠡᠷᠬᠢᠮ—8 ᠪᠠᠷ ᠬᠠᠭᠤᠴᠢᠨ ᠰᠢᠨ᠎ᠡ ᠬᠠᠯᠠᠭᠤᠨ ᠤ᠋ ᠦᠯᠡᠲᠡᠭᠲᠡᠯ ᠊ᠢ ᠬᠣᠴᠤᠷᠠᠯ ᠦᠭᠡᠢ ᠳᠠᠷᠤᠬᠤ ᠶ᠋ᠢᠨ ᠳᠡᠭᠡᠳᠦ᠃ ᠭᠠᠪᠤᠷ ᠨᠡᠮᠡᠪᠡᠰᠦ ᠯᠠᠮᠠ ᠶ᠋ᠢᠨ ᠤᠪᠠᠳᠢᠰ ᠮᠥᠨ᠃
ᠠᠭᠤᠰᠬᠢᠨ ᠬᠢᠮᠤᠷᠠᠯ ᠪᠦᠬᠦᠨ ᠊ᠢ ᠠᠷᠢᠯᠭᠠᠭᠴᠢ ᠠᠨᠤ ᠪᠠᠩᠽᠢᠳᠣᠣ3 ᠴᠢᠨ᠂ ᠠᠷᠤᠷ᠎ᠠ2 ᠴᠢᠨ᠂ ᠪᠠᠷᠤᠷ᠎ᠠ2 ᠴᠢᠨ᠂ ᠵᠦᠷᠦᠷ᠎ᠠ2 ᠴᠢᠨ᠂ ᠪᠠᠯᠢᠭ᠎ᠠ3 ᠴᠢᠨ᠂ ᠮᠠᠨᠤ2 ᠴᠢᠨ᠂ ᠬᠤᠩᠯᠸᠨ2 ᠴᠢᠨ᠂ ᠵᠤᠭᠠᠩ2 ᠴᠢᠨ᠂ ᠴᠠᠭᠠᠨ ᠰᠣᠷᠣᠯᠣ5 ᠴᠢᠨ᠂ ᠯᠢᠭᠠᠲᠤᠷ2 ᠴᠢᠨ᠂ ᠽᠣᠳ2 ᠴᠢᠨ᠂ ᠵᠠᠵᠢᠭ2 ᠴᠢᠨ᠂ ᠪᠡᠷᠢᠮᠦᠭ2 ᠴᠢᠨ ᠊ᠢ ᠨᠠᠶ᠋ᠢᠷᠠᠭᠤᠯᠪᠠᠰᠤ ᠠᠭᠤᠰᠬᠢᠨ ᠬᠠᠯᠠᠭᠤᠨ᠂ ᠬᠠᠨᠢᠶᠠᠯᠭᠠᠬᠤ ᠲᠡᠷᠢᠭᠦᠲᠡᠨ ᠳ᠋ᠦ᠍ ᠲᠤᠰᠠᠲᠠᠢ᠃
ᠭᠠᠪᠤᠷ—25 ᠠᠨᠤ ᠭᠠᠪᠤᠷ1 ᠴᠢᠨ᠂ ᠵᠤᠭᠠᠩ2 ᠴᠢᠨ᠂ ᠬᠠᠴᠸ ᠭᠦᠷᠭᠦᠮ1 ᠴᠢᠨ᠂ ᠯᠢᠰᠢ1 ᠴᠢᠨ᠂ ᠽᠠᠳᠢ1 ᠴᠢᠨ᠂ ᠰᠦᠭᠮᠸᠯ1 ᠴᠢᠨ᠂ ᠭᠠᠭᠤᠯᠠ1 ᠴᠢᠨ᠂ ᠠᠷᠨᠠᠭ2 ᠴᠢᠨ᠂ ᠴᠠᠭᠠᠨ ᠽᠠᠨᠳᠠᠨ2 ᠴᠢᠨ᠂ ᠤᠯᠠᠭᠠᠨ ᠽᠠᠨᠳᠠᠨ2 ᠴᠢᠨ᠂ ᠤᠳᠪᠠᠯᠠ2 ᠴᠢᠨ᠂ ᠨᠠᠭᠠᠭᠡᠰᠸᠷ2 ᠴᠢᠨ᠂ ᠴᠠᠭᠠᠨ ᠰᠠᠶ᠋ᠢᠷᠠ2 ᠴᠢᠨ᠂ ᠷᠦᠳᠠ2 ᠴᠢᠨ᠂ ᠰᠢᠩ ᠠᠷ2 ᠴᠢᠨ᠂ ᠪᠠᠩᠪᠤᠢ3 ᠴᠢᠨ᠂ ᠪᠠᠯᠢᠭ᠎ᠠ2 ᠴᠢᠨ᠂ ᠴᠦᠰᠧᠷᠢᠨᠲᠧᠷᠮᠦ2 ᠴᠢᠨ᠂ ᠹᠦᠱᠸᠯᠽᠸ2 ᠴᠢᠨ᠂ ᠳ᠋ᠣᠷᠢᠬ ᠮᠡᠷ4 ᠴᠢᠨ᠂ ᠪᠦᠰᠦᠬᠠᠩ2 ᠴᠢᠨ᠂ ᠭᠤᠷᠪᠠᠨ ᠦᠷ᠎ᠡ2 ᠴᠢᠨ᠂ ᠭᠠ᠂ ᠪᠢᠪᠢᠯᠢᠩ ᠦᠨᠦᠷᠳᠡᠬᠦ ᠶ᠋ᠢᠨ ᠲᠡᠳᠦᠢ ᠪᠡᠷ ᠨᠠᠶ᠋ᠢᠷᠠᠭᠤᠯᠪᠠᠰᠤ ᠰᠢᠨ᠎ᠡ ᠬᠠᠭᠤᠴᠢᠨ ᠬᠠᠯᠠᠭᠤᠨ᠂ ᠪᠦᠷᠬᠦᠭᠰᠡᠨ᠂ ᠲᠠᠷᠬᠠᠭᠰᠠᠨ ᠬᠠᠯᠠᠭᠤᠨ ᠲᠡᠷᠢᠭᠦᠲᠡᠨ ᠬᠢᠵᠢᠭ ᠦ᠋ᠨ ᠬᠠᠯᠠᠭᠤᠨ ᠊ᠢ ᠢᠷᠣᠭᠠᠷ ᠠ᠋ᠴᠠ ᠨᠢ ᠭᠠᠷᠭᠠᠬᠤ ᠲᠠᠩᠰᠤᠭ ᠪᠣᠯᠤᠭᠰᠠᠨ ᠡᠮ ᠮᠥᠨ᠃
ᠬᠠᠴᠸ ᠭᠦᠷᠭᠦᠮ᠂ ᠭᠠᠪᠤᠷ᠂ ᠯᠠᠷᠽᠢ᠂ ᠬᠤᠩᠯᠸᠨ᠂ ᠭᠦᠨᠳᠦᠰᠠᠩᠪᠦ ᠶ᠋ᠢ ᠡᠷᠬᠢᠯᠡᠭᠰᠡᠨ ᠲᠠᠪᠤ ᠶ᠋ᠢ ᠨᠢᠭᠲᠠ ᠲᠠᠯᠬᠠᠳᠠᠵᠤ᠂ ᠡᠮ ᠦ᠋ᠨ ᠳᠡᠭᠡᠷ᠎ᠡ ᠨᠡᠮᠡᠪᠡᠯ ᠶᠡᠬᠡ ᠬᠦᠴᠦᠲᠦ ᠬᠠᠯᠠᠭᠤᠨ ᠳ᠋ᠤ᠌ ᠮᠠᠰᠢ ᠲᠤᠰᠠᠲᠠᠢ ᠃
7.ᠨᠢᠶᠠᠨ ᠤ᠋ ᠠᠶ᠋ᠢᠮᠠᠭ ᠲᠤ᠌᠄ ᠮᠠᠨᠴᠢᠨ7 ᠴᠢᠨ᠂ ᠷᠦᠳᠠ5 ᠴᠢᠨ᠂ ᠬᠠᠷ᠎ᠠ ᠱᠤᠳᠠᠭ3 ᠴᠢᠨ᠂ ᠠᠷᠤᠷ᠎ᠠ7 ᠴᠢᠨ᠂ ᠯᠠᠷᠽᠢ1 ᠴᠢᠨ ᠡᠨᠡ ᠲᠠᠪᠤ ( ᠭᠠᠷᠤᠳᠢ —5 ) ᠶ᠋ᠢ ᠰᠢᠭᠡᠰᠦᠨ ᠳ᠋ᠦ᠍ ᠮᠥᠬᠦᠯᠢᠭ᠌ᠯᠡᠬᠦ ᠪᠤᠶᠤ ᠲᠠᠯᠬ᠎ᠠ ᠪᠠᠷ ᠥᠭᠪᠡᠰᠦ ᠬᠣᠷᠣᠬᠠᠢ ᠡᠪᠡᠳᠴᠢᠨ᠂ ᠨᠢᠶᠠᠨ ᠬᠠᠳᠬᠤᠯᠠᠭ᠎ᠠ᠂ ᠰᠠᠬᠤᠤ᠂ ᠪᠣᠭᠣᠮ᠎ᠠ᠂ ᠬᠥᠯ ᠦ᠋ᠨ ᠪᠠᠮ᠂ ᠬᠠᠲᠠᠭᠢ᠂ ᠪᠥᠭᠡᠷ᠎ᠡ ᠬᠢᠭᠡᠳ ᠬᠥᠷᠥᠩᠭᠡ ᠴᠤᠪᠤᠷᠠᠬᠤ ᠪᠦᠬᠦᠨ ᠳ᠋ᠦ᠍ ᠡᠨᠡ ᠦᠯᠡᠮᠵᠢ᠃ ᠬᠠᠷ᠎ᠠ ᠬᠥᠬᠥᠯ᠂ ᠰᠢᠩᠭᠦᠨ᠂ ᠮᠦᠽᠢ ᠶ᠋ᠢ ᠨᠡᠮᠡᠪᠡᠰᠦ ᠶᠡᠬᠡ ᠬᠦᠴᠦᠲᠦ ᠨᠢᠶᠠᠨ ᠡᠪᠡᠳᠴᠢᠨ ᠪᠦᠬᠦᠨ ᠳ᠋ᠦ᠍ ᠢᠯᠭᠠᠯᠲᠠᠶ᠋ᠢᠶ᠎ᠠ ᠲᠠᠭᠠᠯᠠᠪᠠᠢ᠃
ᠮᠠᠨᠴᠢᠨ3 ᠴᠢᠨ᠂ ᠠᠷᠤᠷ᠎ᠠ3 ᠴᠢᠨ᠂ ᠷᠦᠳᠠ2 ᠴᠢᠨ᠂ ᠬᠠᠷ᠎ᠠ ᠱᠤᠳᠠᠭ1 ᠴᠢᠨ᠂ ᠯᠠᠷᠽᠢ᠂ ᠨᠣᠮᠣᠬᠠᠳᠬᠠᠭᠰᠠᠨ ᠱ᠌ᠢᠷᠦ᠂ ᠮᠦᠲᠢᠭ᠋ ᠪᠤᠶᠤ ᠨᠢᠶᠠᠴᠢ᠂ ᠯᠢᠰᠢ᠂ ᠽᠠᠳᠢ ᠂ ᠠᠷᠨᠠᠭ᠂ ᠰᠢᠨᠲᠦᠢ᠍ᠷ᠎ᠡ᠂ ᠬᠠᠪᠯᠸᠨ᠂ ᠰᠢᠩ ᠠᠷ ᠲᠡᠷᠢᠭᠦᠲᠡᠨ ᠊ᠢ ᠮᠦᠬᠦᠯᠢᠭ᠌ᠯᠡᠵᠦ᠂ ᠰᠢᠩᠬᠤᠨ ᠳᠡᠪᠡᠯ ᠡᠮᠦᠰᠬᠡᠭᠰᠡᠨ ( ᠵᠠᠴᠦᠢ᠍ᠩ —13 ) ᠪᠠᠷ ᠭᠠᠷᠠᠭ ᠡᠪᠡᠳᠴᠢᠨ᠂ ᠯᠤᠤᠰ ᠤ᠋ᠨ ᠠᠳᠠ ᠂ ᠬᠠᠷ᠎ᠠ ᠴᠠᠭᠠᠨ ᠬᠤᠶᠠᠩ ᠊ᠢ ᠠᠷᠢᠯᠭᠠᠨ᠎ᠠ᠃
ᠪᠣᠩᠨᠠᠭ5 ᠴᠢᠨ᠂ ᠠᠷᠤᠷ᠎ᠠ5 ᠴᠢᠨ᠂ ᠮᠠᠨᠤ3 ᠴᠢᠨ᠂ ᠯᠠᠷᠽᠢ1 ᠴᠢᠨ᠂ ᠭᠣᠭᠵᠠ2 ᠴᠢᠨ᠂ ᠦᠯᠴᠦ5 ᠴᠢᠨ᠂ ᠮᠦᠽᠢ8 ᠴᠢᠨ ᠊ᠢ ᠨᠠᠶ᠋ᠢᠷᠠᠭᠤᠯᠤᠭᠰᠠᠨ ᠡᠨᠡ ‍ᠬᠦ ᠥᠬᠢᠨ ᠲᠩᠷᠢ—7 ᠪᠠᠷ ᠨᠢᠶᠠᠨ ᠬᠢᠵᠢᠭ᠂ ᠶᠠᠮ᠎ᠠ ᠬᠢᠭᠡᠳ ᠪᠣᠭᠣᠮ᠎ᠠ᠂ ᠬᠠᠳᠬᠤᠯᠠᠭ᠎ᠠ᠂ ᠪᠥᠭᠡᠷᠡᠨ ᠰᠢᠷ᠎ᠠ ᠤᠰᠤ ᠶ᠋ᠢ ᠮᠠᠭᠠᠳ ᠴᠢᠳᠠᠮᠤᠢ᠃
ᠦᠯᠴᠦ8 ᠴᠢᠨ᠂ ᠮᠦᠽᠢ4 ᠴᠢᠨ᠂ ᠰᠧᠩᠲᠧᠩ ᠬᠠᠨᠳᠠ3 ᠴᠢᠨ᠂ ᠽᠠᠳᠢ2 ᠴᠢᠨ᠂ ᠯᠢᠰᠢ2 ᠴᠢᠨ᠂ ᠵᠤᠭᠠᠩ2 ᠴᠢᠨ᠂ ᠭᠦᠷᠭᠦᠮ3 ᠴᠢᠨ᠂ ᠰᠦᠭᠮᠸᠯ2 ᠴᠢᠨ᠂ ᠭᠠᠭᠤᠯᠠ2 ᠴᠢᠨ᠂ ᠪᠣᠶ᠋ᠢᠭᠠᠷ3 ᠴᠢᠨ᠂ ᠲᠠᠯᠭᠠᠳᠣᠷᠵᠢ3 ᠴᠢᠨ᠂ ᠰᠤᠮᠠᠷᠠᠨᠽᠠ3 ᠴᠢᠨ᠂ ᠮᠠᠨᠴᠢᠨ5 ᠴᠢᠨ᠂ ᠠᠷᠤᠷ᠎ᠠ5 ᠴᠢᠨ᠂ ᠷᠦᠳᠠ3 ᠴᠢᠨ᠂ ᠬᠠᠷ᠎ᠠ ᠱᠣᠳᠠᠭ2 ᠴᠢᠨ᠂ ᠬᠠᠷ᠎ᠠ ᠬᠥᠬᠥᠯ2 ᠴᠢᠨ᠂ ᠪᠢᠪᠢᠯᠢᠩ2 ᠴᠢᠨ᠂ ᠽᠠᠯᠠᠮᠠᠷ2 ᠴᠢᠨ ᠊ᠢ ᠥᠴᠦᠬᠡᠨ ᠲᠦᠯᠡᠵᠦ ᠨᠠᠶ᠋ᠢᠷᠠᠭᠤᠯᠤᠭᠰᠠᠨ ᠮᠥᠩᠭᠥᠨ ᠤᠰᠤ—18 ᠪᠠᠷ ᠰᠢᠷ᠎ᠠ ᠤᠰᠤᠨ ᠡᠪᠡᠳᠴᠢᠨ ᠦ᠌ ᠵᠦᠢᠯ ᠬᠢᠭᠡᠳ ᠭᠠᠷᠠᠭ ᠤ᠋ᠨ ᠠᠳᠠ᠂ ᠳᠤᠯᠠᠢ ᠬᠡᠷᠦᠯᠭᠡ᠂ ᠶᠠᠷ᠎ᠠ ᠶ᠋ᠢᠨ ᠵᠦᠢᠯ ᠪᠦᠬᠦᠨ ᠳ᠋ᠦ᠍ ᠲᠤᠰᠠᠯᠠᠮᠤᠢ᠃
ᠪᠣᠶ᠋ᠢᠴᠦᠢ᠍ᠩ —15 ᠠᠨᠤ ᠮᠠᠨᠴᠢᠨ᠂ ᠠᠷᠤᠷ᠎ᠠ᠂ ᠷᠦᠳᠠ᠂ ᠬᠠᠷ᠎ᠠ ᠱᠤᠳᠠᠭ᠂ ᠯᠠᠷᠽᠢ᠂ ᠭᠤᠷᠪᠠᠨ ᠦᠷ᠎ᠡ᠂ ᠪᠣᠶ᠋ᠢᠭᠠᠷ᠂ ᠲᠠᠯᠭᠠᠳᠣᠷᠵᠢ᠂ ᠰᠤᠮᠠᠷᠠᠨᠽᠠ᠂ ᠪᠠᠷᠠᠭᠱᠦᠢ᠍ᠨ᠂ ᠰᠧᠩᠲᠧᠩ ᠬᠠᠨᠳᠠ᠂ ᠪᠠᠱᠠᠭ᠎ᠠ᠂ ᠬᠠᠷ᠎ᠠ ᠬᠥᠬᠥᠯ᠂ ᠠᠭᠠᠷᠤ ᠲᠡᠷᠢᠭᠦᠲᠡᠨ ᠊ᠢ ᠬᠤᠪᠢ ᠲᠠᠭᠰᠢ ᠨᠠᠶ᠋ᠢᠷᠠᠭᠤᠯᠤᠭᠰᠠᠨ ᠡᠨᠡ ‍ᠬᠦ ᠨᠠᠶ᠋ᠢᠷᠠᠯᠭ᠎ᠠ ᠪᠠᠷ ᠲᠡᠮᠪᠦᠦ ᠶᠠᠷ᠎ᠠ᠂ ᠳᠤᠯᠠᠢ ᠬᠡᠷᠦᠯᠭᠡ᠂ ᠬᠥᠯ ᠦ᠋ᠨ ᠪᠠᠮ᠂ ᠰᠢᠷ᠎ᠠ ᠤᠰᠤ᠂ ᠨᠢᠶᠠᠨ ᠬᠣᠷᠣᠬᠠᠢ ᠶ᠋ᠢ ᠴᠢᠳᠠᠮᠤᠢ᠃
ᠭᠠᠷᠤᠳᠢ —5 ᠤ᠋ ᠳᠡᠭᠡᠷ᠎ᠡ ᠰᠢᠷ᠎ᠠ ᠤᠰᠤᠨ ᠭᠤᠷᠪᠠᠨ ᠡᠮ᠂ ᠵᠢᠷᠭᠤᠭᠠᠨ ᠰᠠᠢᠨ᠂ ᠳ᠋ᠠᠭᠱᠠ᠂ ᠰᠧᠷᠵᠢᠵᠸᠮ᠎ᠡ᠂ ᠵᠠᠼᠤᠸᠠ᠂ ᠳ᠋ᠢᠭᠰᠸᠷᠢᠨ᠂ ᠲᠠᠷᠨᠤ᠂ ᠭᠢᠸᠠᠩ᠂ ᠬᠥᠬᠥᠯ᠂ ᠮᠦᠽᠢ᠂ ᠮᠥᠩᠭᠥᠨ ᠤᠰᠤ ᠶ᠋ᠢ ᠨᠠᠶ᠋ᠢᠷᠠᠭᠤᠯᠤᠭᠰᠠᠨ ᠰᠠᠷᠠᠨ ᠭᠡᠷᠡᠯᠲᠦ ᠡᠷᠳᠡᠨᠢ ᠶ᠋ᠢᠨ ᠭᠠᠷᠤᠳᠢ᠂ ᠡᠭᠦᠨ ᠢ᠋ᠶ᠋ᠡᠷ ᠭᠠᠷᠠᠭ ᠡᠪᠡᠳᠴᠢᠨ᠂ ᠶᠠᠮ᠎ᠠ᠂ ᠰᠢᠷ᠎ᠠ ᠤᠰᠤ᠂ ᠬᠠᠪᠤᠳᠠᠷ ᠊ᠢ ᠳᠠᠷᠤᠮᠤᠢ᠃ 
8. ᠠᠭᠤᠰᠬᠢᠨ ᠡᠪᠡᠳᠴᠢᠨ ᠦ᠌ ᠠᠶ᠋ᠢᠮᠠᠭ ᠲᠤ᠌᠄ ᠦᠵᠦᠮ᠂ ᠵᠤᠭᠠᠩ᠂ ᠭᠦᠷᠭᠦᠮ᠂ ᠰᠢᠩ ᠠᠷ᠂ ᠯᠠᠨᠭᠠᠩ᠂ ᠰᠢᠩᠼᠠ᠂ ᠰᠸᠪᠦᠢ᠍ᠷᠦ ᠶ᠋ᠢ ᠬᠤᠪᠢ ᠳᠠᠭᠱᠠ ᠨᠠᠶ᠋ᠢᠷᠠᠭᠤᠯᠤᠭᠰᠠᠨ ᠦᠵᠦᠮ—7 ᠪᠠᠷ ᠠᠭᠤᠰᠬᠢᠨ ᠡᠪᠡᠳᠴᠢᠨ᠂ ᠠᠮᠢᠰᠬᠤᠯ ᠦᠯᠦ ᠠᠮᠤᠷᠯᠢᠬᠤ ᠶ᠋ᠢ ᠠᠷᠢᠯᠭᠠᠮᠤᠢ᠃
ᠳ᠋ᠠᠷᠪᠤ᠂ ᠰᠢᠩ ᠠᠷ᠂ ᠦᠵᠦᠮ᠂ ᠵᠦᠷᠦᠷ᠎ᠠ᠂ ᠷᠦᠳᠠ᠂ ᠯᠢᠭᠠᠲᠤᠷ ᠂ ᠰᠢᠬᠢᠷ ᠊ᠢ ᠬᠤᠪᠢ ᠲᠠᠭᠰᠢ ᠨᠠᠶ᠋ᠢᠷᠠᠭᠤᠯᠤᠭᠰᠠᠨ ᠳ᠋ᠠᠷᠪᠤᠪᠠᠩᠽᠠ ᠪᠠᠷ ᠠᠭᠤᠰᠬᠢᠨ ᠡᠪᠡᠳᠴᠢᠨ ᠬᠠᠭᠤᠴᠢᠷᠠᠭᠰᠠᠨ ᠬᠢᠭᠡᠳ ᠬᠠᠨᠢᠶᠠᠬᠤ᠂ ᠴᠠᠷ ᠬᠠᠭᠠᠭᠳᠠᠬᠤ᠂ ᠪᠦᠷᠬᠦᠭᠲᠡᠵᠦ ᠬᠢᠮᠤᠷᠠᠬᠤ ᠶ᠋ᠢ ᠠᠷᠢᠯᠭᠠᠮᠤᠢ᠃
ᠽᠠᠳᠢ ᠂ ᠵᠠ ᠭᠠ᠂ ᠶᠸᠷᠮ᠎ᠡ᠂ ᠬᠥᠬᠡ ᠳᠠᠪᠤᠰᠤ᠂ ᠬᠤᠪᠢ ᠳᠠᠭᠱᠠ ᠰᠡᠯᠲᠡ ᠶ᠋ᠢ ᠬᠦᠴᠦᠲᠡᠢ ᠲᠦᠯᠡᠭᠰᠡᠨ ᠦᠨᠡᠰᠦ ᠪᠡᠷ ᠠᠭᠤᠰᠬᠢᠨ ᠬᠡᠢ᠂ ᠬᠦᠢᠲᠡᠨ ᠬᠡᠢ ᠳ᠋ᠦ᠍ ᠮᠠᠰᠢ ᠲᠤᠰᠠᠯᠠᠬᠤ ᠨᠢ ᠠᠶ᠎ᠠ ᠭᠠᠶ᠋ᠢᠬᠠᠮᠰᠢᠬ᠃
ᠵᠤᠭᠠᠩ᠂ ᠭᠦᠷᠭᠦᠮ᠂ ᠭᠢᠸᠠᠩ᠂ ᠴᠠᠭᠠᠨ ᠽᠠᠨᠳᠠᠨ᠂ ᠤᠯᠠᠭᠠᠨ ᠽᠠᠨᠳᠠᠨ ᠂ ᠯᠢᠭᠠᠲᠤᠷ ᠂ ᠬᠠᠷ᠎ᠠ ᠬᠥᠬᠥᠯ᠂ ᠽᠢᠮᠪᠠ᠂ ᠠᠷᠤᠷ᠎ᠠ᠂ ᠷᠦᠳᠠ᠂ ᠰᠢᠩ ᠠᠷ᠂ ᠴᠠᠭᠠᠨ ᠰᠣᠷᠣᠯᠣ᠂ ᠠᠭᠠᠷᠤ᠂ ᠽᠠᠳᠢ᠂ ᠯᠢᠳᠡᠷᠢ᠂ ᠰᠠᠷᠢᠮᠰᠠᠭ ᠤ᠋ᠨ ᠦᠨᠡᠰᠦ᠂ ᠰᠢᠩᠬᠤ᠂ ᠯᠠᠷᠽᠢ ᠶ᠋ᠢ ᠬᠤᠪᠢ ᠲᠠᠭᠰᠢ ᠨᠠᠶ᠋ᠢᠷᠠᠭᠤᠯᠤᠭᠰᠠᠨ ᠠᠭᠤᠰᠬᠢᠨ ᠬᠠᠯᠠᠭᠤᠨ ᠪᠦᠬᠦᠨ ᠊ᠢ ᠠᠷᠢᠯᠭᠠᠭᠴᠢ ᠡᠭᠦᠨ ᠢ᠋ᠶ᠋ᠡᠷ ᠠᠭᠤᠰᠬᠢ ᠢᠯᠵᠢᠷᠡᠭᠰᠡᠨ ᠪᠠ ᠠᠭᠤᠰᠬᠢᠨ ᠬᠡᠢ ᠶ᠋ᠢ ᠠᠷᠢᠯᠭᠠᠮᠤᠢ᠃
ᠯᠢᠰᠢ3 ᠴᠢᠨ᠂ ᠵᠤᠭᠠᠩ2 ᠴᠢᠨ᠂ ᠰᠢᠩ ᠠᠷ2 ᠴᠢᠨ᠂ ᠴᠠᠭᠠᠨ ᠪᠠᠩᠵᠠᠨ3 ᠴᠢᠨ᠂ ᠷᠦᠳᠠ2 ᠴᠢᠨ᠂ ᠠᠷᠤᠷ᠎ᠠ2 ᠴᠢᠨ᠂ ᠰᠢᠬᠢᠷ2 ᠴᠢᠨ ᠊ᠢ ᠨᠠᠶ᠋ᠢᠷᠠᠭᠤᠯᠤᠭᠰᠠᠨ ᠯᠢᠰᠢ—6 ᠪᠠᠷ ᠠᠭᠤᠰᠬᠢᠨ ᠡᠪᠡᠳᠴᠢᠨ ᠬᠣᠭᠣᠯᠠᠢ ᠳ᠋ᠤ᠌ ᠪᠠᠭᠤᠭᠰᠠᠨ ᠳ᠋ᠤ᠌ ᠷᠠᠰᠢᠶᠠᠨ ᠮᠡᠲᠦ ᠲᠤᠰᠠᠯᠠᠨ᠎ᠠ᠃
ᠵᠤᠭᠠᠩ —25 ᠠᠨᠤ ᠽᠠᠳᠢ2 ᠴᠢᠨ᠂ ᠯᠢᠰᠢ2 ᠴᠢᠨ᠂ ᠵᠤᠭᠠᠩ3 ᠴᠢᠨ᠂ ᠭᠠᠭᠤᠯᠠ2 ᠴᠢᠨ᠂ ᠭᠢᠸᠠᠩ2 ᠴᠢᠨ᠂ ᠰᠢᠩ ᠠᠷ2 ᠴᠢᠨ᠂ ᠰᠣᠷᠣᠯᠣ3 ᠴᠢᠨ᠂ ᠠᠷᠤᠩ2 ᠴᠢᠨ᠂ ᠴᠠᠭᠠᠨ ᠦᠵᠦᠮ5 ᠴᠢᠨ᠂ ᠳ᠋ᠠᠷᠪᠤ3 ᠴᠢᠨ᠂ ᠷᠦᠳᠠ2 ᠴᠢᠨ᠂ ᠯᠢᠭᠠᠲᠤᠷ3 ᠴᠢᠨ᠂ ᠪᠠᠯᠢᠭ᠎ᠠ3 ᠴᠢᠨ᠂ ᠬᠤᠩᠯᠸᠨ3 ᠴᠢᠨ᠂ ᠴᠠᠭᠠᠨ ᠤᠯᠠᠭᠠᠨ ᠽᠠᠨᠳᠠᠨ ᠨᠢᠵᠡᠭᠡᠳ2 ᠴᠢᠨ᠂ ᠭᠤᠷᠪᠠᠨ ᠦᠷ᠎ᠡ2 ᠴᠢᠨ᠂ ᠽᠠᠷᠪᠤᠩ2 ᠴᠢᠨ᠂ ᠴᠠᠭᠠᠨ ᠰᠠᠶ᠋ᠢᠷᠠ2 ᠴᠢᠨ᠂ ᠪᠣᠶ᠋ᠢᠭᠠᠷ2 ᠴᠢᠨ᠂ ᠰᠸᠪᠦᠢ᠍ᠷᠦ2 ᠴᠢᠨ᠂ ᠽᠣᠳ3 ᠴᠢᠨ᠂ ᠰᠢᠬᠢᠷ2 ᠴᠢᠨ ᠊ᠢ ᠨᠠᠶ᠋ᠢᠷᠠᠭᠤᠯᠤᠭᠰᠠᠨ ᠢ᠋ᠶ᠋ᠠᠷ ᠠᠭᠤᠰᠬᠢᠨ ᠬᠠᠯᠠᠭᠤᠨ ᠰᠢᠨ᠎ᠡ ᠬᠠᠭᠤᠴᠢᠨ᠂ ᠬᠢᠮᠤᠷᠠᠭᠰᠠᠨ᠂ ᠪᠦᠷᠬᠦᠭᠰᠡᠨ ᠊ᠢ ᠠᠷᠢᠯᠭᠠᠨ᠎ᠠ᠃
9. ᠨᠢᠯᠬᠠᠰ ᠤ᠋ᠨ ᠡᠪᠡᠳᠴᠢᠨ ᠦ᠌ ᠠᠶ᠋ᠢᠮᠠᠭ ᠲᠤ᠌᠄ ᠵᠤᠭᠠᠩ1 ᠴᠢᠨ᠂ ᠰᠣᠷᠣᠯᠣ1 ᠴᠢᠨ᠂ ᠰᠢᠩ ᠠᠷ1 ᠴᠢᠨ᠂ ᠭᠦᠷᠭᠦᠮ2 ᠴᠢᠨ᠂ ᠭᠢᠸᠠᠩ1 ᠴᠢᠨ ᠊ᠢ ᠨᠠᠶ᠋ᠢᠷᠠᠭᠤᠯᠵᠤ ᠥᠭᠪᠡᠰᠦ ᠬᠠᠯᠠᠭᠤᠨ ᠬᠢᠭᠡᠳ ᠠᠭᠤᠰᠬᠢ ᠬᠢᠮᠤᠷᠠᠵᠤ ᠬᠠᠨᠢᠶᠠᠬᠤ ᠶ᠋ᠢ ᠮᠠᠭᠠᠳ ᠴᠢᠳᠠᠮᠤᠢ ᠃
ᠬᠥᠬᠡ ᠰᠢᠷ᠎ᠠ ᠪᠠᠷ ᠰᠠᠭᠤᠯᠭᠠᠪᠠᠰᠤ ᠪᠠᠷᠠᠭᠱᠦᠢ᠍ᠨ᠂ ᠫᠠᠭᠷᠢᠯ᠂ ᠪᠣᠩᠭᠠᠷ᠂ ᠠᠷᠤᠷ᠎ᠠ ᠶ᠋ᠢᠨ ᠦᠨᠡᠰᠦ᠂ ᠭᠦᠷᠭᠦᠮ ᠊ᠢ ᠰᠢᠬᠢᠷ ᠲᠡᠢ ᠨᠠᠶ᠋ᠢᠷᠠᠭᠤᠯᠵᠤ ᠥᠭᠪᠡᠰᠦ ᠰᠠᠭᠤᠯᠭᠠᠬᠤ ᠶ᠋ᠢ ᠠᠷᠢᠯᠭᠠᠨ᠎ᠠ᠃
10.ᠡᠮᠡᠭᠲᠡᠢ ᠶ᠋ᠢᠨ ᠡᠪᠡᠳᠴᠢᠨ ᠦ᠌ ᠠᠶ᠋ᠢᠮᠠᠭ ᠲᠤ᠌᠄ ᠰᠢᠮᠰᠢᠩ —6 ᠠᠨᠤ ᠳ᠋ᠠᠷᠪᠤ3 ᠴᠢᠨ᠂ ᠷᠦᠳᠠ2 ᠴᠢᠨ᠂ ᠰᠸᠼᠤᠸᠠ2 ᠴᠢᠨ᠂ ᠭᠠᠵᠠ3 ᠴᠢᠨ᠂ ᠪᠦᠯᠲᠦᠬ6 ᠴᠢᠨ᠂ ᠵᠤᠮᠽᠠ5 ᠴᠢᠨ ᠊ᠢ ᠨᠠᠶ᠋ᠢᠷᠠᠭᠤᠯᠪᠠᠰᠤ ᠡᠮᠡᠭᠲᠡᠢ ᠶ᠋ᠢᠨ ᠡᠪᠡᠳᠴᠢᠨ ᠊ᠢ ᠠᠷᠢᠯᠭᠠᠮᠤᠢ᠃
ᠵᠠᠼᠤᠸᠠ᠂ ᠳ᠋ᠢᠭᠰᠸᠷᠢᠨ᠂ ᠳ᠋ᠠᠷᠪᠤ᠂ ᠣᠯᠮᠣᠰᠧ᠂ ᠭᠠᠵᠠ᠂ ᠪᠦᠯᠲᠦᠬ᠂ ᠬᠠᠴᠸ ᠭᠦᠷᠭᠦᠮ᠂ ᠵᠦᠷᠦᠷ᠎ᠠ᠂ ᠽᠠᠳᠢ᠂ ᠠᠭᠠᠷᠤ᠂ ᠪᠢᠪᠢᠯᠢᠩ᠂ ᠸᠠᠩᠯᠠᠭ᠂ ᠨᠢᠰᠢᠩ᠂ ᠦᠰᠥ᠋ ᠶ᠋ᠢ ᠨᠠᠶ᠋ᠢᠷᠠᠭᠤᠯᠪᠠᠰᠤ ᠡᠮᠡᠭᠲᠡᠢ ᠶ᠋ᠢᠨ ᠡᠪᠡᠳᠴᠢᠨ ᠦ᠌ ᠵᠦᠢᠯ ᠬᠠᠯᠠᠭᠤᠨ ᠬᠦᠢᠲᠡᠨ ᠢ᠋ᠶ᠋ᠡᠷ᠂ ᠪᠦᠷᠢᠯᠳᠦᠵᠦ ᠬᠤᠶ᠋ᠢᠯᠠᠷᠠᠬᠤ ᠪᠦᠬᠦᠨ ᠳ᠋ᠦ᠍ ᠷᠠᠰᠢᠶᠠᠨ ᠮᠡᠲᠦ ᠲᠤᠰᠠᠯᠠᠨ᠎ᠠ᠃
ᠰᠠᠷ᠎ᠠ ᠶ᠋ᠢᠨ ᠬᠬᠢᠷ ᠬᠠᠭᠠᠭᠳᠠᠪᠠᠰᠤ ᠵᠠᠩᠫᠦᠢ᠍ᠯ᠂ ᠳ᠋ᠠᠷᠪᠤ ᠬᠣᠶᠠᠷ ᠊ᠢ ᠤᠰᠤᠨ ᠳ᠋ᠤ᠌ ᠪᠤᠴᠠᠯᠭᠠᠵᠤ ᠬᠠᠯᠠᠭᠤᠨ ᠤᠤᠭᠤᠯᠭᠠᠪᠠᠰᠤ ᠮᠠᠭᠠᠳ ᠪᠠᠭᠤᠮᠤᠢ᠃
ᠰᠠᠷ᠎ᠠ ᠶ᠋ᠢᠨ ᠲᠡᠮᠳᠡᠭ ᠦᠷᠭᠦᠯᠵᠢ ᠪᠠᠭᠤᠪᠠᠰᠤ ᠡᠷ᠎ᠡ ᠵᠠᠮᠪᠠ ᠶ᠋ᠢᠨ ᠴᠡᠴᠡᠭ2 ᠴᠢᠨ᠂ ᠵᠠᠽᠤᠢ3 ᠴᠢᠨ᠂ ᠳ᠋ᠣᠮᠷᡁᠢ1 ᠴᠢᠨ᠂ ᠵᠠᠪᠤᠽᠠᠼᠢ2 ᠴᠢᠨ᠃ ᠡᠨᠡ ‍ᠬᠦ ᠳᠥᠷᠪᠡ ᠶ᠋ᠢ ᠨᠠᠶ᠋ᠢᠷᠠᠭᠤᠯᠤᠨ ᠪᠤᠴᠠᠯᠤᠭᠰᠠᠨ ᠤᠰᠤ ᠪᠠᠷ ᠳᠠᠷᠤᠭᠤᠯᠵᠤ ᠥᠭᠪᠡᠰᠦ ᠮᠠᠭᠠᠳ ᠴᠢᠳᠠᠬᠤ ᠶ᠋ᠢ ᠮᠡᠳᠡᠪᠡᠢ᠃
11. ᠳᠣᠭᠣᠯᠭᠠᠬᠤ ᠡᠮ ᠦ᠋ᠨ ᠠᠶ᠋ᠢᠮᠠᠭ ᠲᠤ᠌᠄ ᠦᠯᠴᠦ5 ᠴᠢᠨ᠂ ᠮᠦᠽᠢ6 ᠴᠢᠨ᠂ ᠪᠣᠶ᠋ᠢᠭᠠᠷ᠂ ᠲᠠᠯᠭᠠᠳᠣᠷᠵᠢ ᠂ ᠰᠤᠮᠠᠷᠠᠨᠽᠠ ᠨᠢᠵᠡᠭᠡᠳ3 ᠴᠢᠨ᠂ ᠠᠷᠤᠷ᠎ᠠ5 ᠴᠢᠨ᠂ ᠵᠦᠷᠦᠷ᠎ᠠ2 ᠴᠢᠨ᠂ ᠭᠤᠷᠪᠠᠨ ᠵᠦᠢᠯ ᠦ᠋ᠨ ᠦᠷ᠎ᠡ ᠨᠢᠵᠡᠭᠡᠳ2 ᠴᠢᠨ᠂ ᠳ᠋ᠠᠨᠷᠤᠭ3 ᠴᠢᠨ᠂ ᠳ᠋ᠦ᠋ᠷᠵᠢᠳ2 ᠴᠢᠨ᠂ ᠲᠠᠷᠨᠤ2 ᠴᠢᠨ᠂ ᠬᠠᠷ᠎ᠠ ᠬᠥᠬᠥᠯ ᠬᠣᠶᠠᠷ ᠴᠢᠨ ᠊ᠢ ᠨᠠᠶ᠋ᠢᠷᠠᠭᠤᠯᠤᠭᠰᠠᠨ ᠣᠭᠲᠠᠷᠭᠤᠢ ᠶ᠋ᠢᠨ ᠰᠤᠮᠤᠨ ᠲᠤᠭᠤᠯᠭ᠎ᠠ ᠶ᠋ᠢ ᠴᠠᠭᠠᠨ ᠭᠡᠭᠦᠦ ᠶ᠋ᠢᠨ ᠰᠦ ᠪᠡᠷ ᠳᠠᠷᠤᠭᠤᠯᠪᠠᠰᠤ ᠪᠥᠭᠡᠷᠡᠨ ᠡᠪᠡᠳᠴᠢᠨ ᠪᠠ ᠳᠤᠯᠠᠢ ᠬᠡᠷᠦᠯᠭᠡ᠂ ᠬᠥᠯ ᠦ᠋ᠨ ᠪᠠᠮ ᠲᠡᠷᠢᠭᠦᠲᠡᠨ ᠳ᠋ᠦ᠍ ᠵᠣᠬᠢᠰᠲᠠᠢ᠃
ᠳᠣᠭᠣᠯᠭᠠᠬᠤ ᠡᠮ ᠦᠯᠦ ᠵᠣᠬᠢᠯᠳᠤᠬᠤ ᠪᠦᠬᠦᠨ ᠊ᠢ ᠳᠠᠷᠤᠭᠴᠢ ᠲᠠᠷᠨᠤ3 ᠴᠢᠨ᠂ ᠳ᠋ᠦ᠋ᠷᠵᠢᠳ3 ᠴᠢᠨ᠂ ᠳ᠋ᠠᠨᠷᠤᠭ2 ᠴᠢᠨ᠂ ᠵᠦᠮᠽᠠ5 ᠴᠢᠨ᠂ ᠪᠦᠯᠲᠦᠬ2 ᠴᠢᠨ᠂ ᠮᠠᠨᠴᠢᠨ2 ᠴᠢᠨ᠂ ᠠᠷᠤᠷ᠎ᠠ3 ᠴᠢᠨ᠂ ᠷᠦᠳᠠ2 ᠴᠢᠨ᠂ ᠱᠤᠳᠠᠭ1 ᠴᠢᠨ᠂ ᠯᠠᠷᠽᠢ ᠂ ᠬᠥᠬᠥᠯ2 ᠴᠢᠨ᠂ ᠪᠠᠷᠠᠭᠱᠦᠢ᠍ᠨ2 ᠴᠢᠨ ᠊ᠢ ᠪᠠᠯ ᠳ᠋ᠤ᠌ ᠨᠠᠶ᠋ᠢᠷᠠᠭᠤᠯᠤᠨ ᠪᠤᠷᠴᠠᠭ ᠤ᠋ᠨ ᠲᠡᠳᠦᠢ ᠷᠢᠯᠦᠲᠡᠭᠡᠳ15 ᠪᠤᠶᠤ21 ᠶ᠋ᠢ ᠵᠠᠼᠤᠸᠠ ᠶ᠋ᠢ ᠪᠤᠴᠠᠯᠭᠠᠵᠤ ᠬᠥᠷᠦᠭᠡᠭᠰᠡᠨ ᠲᠡᠳᠦᠢ ᠶ᠋ᠢᠨ ᠲᠠᠰᠢᠭᠤᠷ ᠢ᠋ᠶ᠋ᠠᠷ ᠳᠠᠯᠠᠳ᠃ ᠡᠰᠡ ᠰᠢᠩᠭᠡᠬᠦ᠂ ᠬᠠᠯᠠᠭᠤᠨ ᠰᠢᠷ᠎ᠠ ᠬᠢᠮᠤᠷᠠᠭᠰᠠᠨ ᠪᠠ ᠨᠢᠶᠠᠨ᠂ ᠰᠢᠷ᠎ᠠ ᠤᠰᠤᠨ ᠤ᠋ ᠶᠡᠷᠦ ᠶ᠋ᠢᠨ ᠲᠤᠭᠤᠯᠭ᠎ᠠ ᠪᠣᠯᠬᠤ ᠡᠨᠡ ᠨᠢ ᠲᠤᠰᠠ ᠴᠥᠭᠡᠨ ᠦᠭᠡᠢ ᠶ᠋ᠢ ᠦᠵᠡᠪᠡᠢ᠃
ᠲᠤᠭᠤᠯᠪᠤᠷᠢ ᠶ᠋ᠢᠨ ᠡᠮ ᠤᠰᠤ ᠪᠣᠯᠣᠷ —13 ᠠᠨᠤ ᠳ᠋ᠠᠨᠷᠤᠭ3 ᠴᠢᠨ᠂ ᠳ᠋ᠦ᠋ᠷᠵᠢᠳ2 ᠴᠢᠨ᠂ ᠳ᠋ᠦ᠋ᠳᠽᠢᠯᠤᠮ᠎ᠠ2 ᠴᠢᠨ᠂ ᠪᠣᠩᠭᠠᠷ2 ᠴᠢᠨ᠂ ᠴᠠᠭᠠᠨ ᠽᠠᠨᠳᠠᠨ2 ᠴᠢᠨ᠂ ᠳ᠋ᠢᠭᠳᠡ2 ᠴᠢᠨ᠂ ᠭᠦᠷᠭᠦᠮ2 ᠴᠢᠨ᠂ ᠪᠠᠷᠠᠭᠱᠦᠢ᠍ᠨ3 ᠴᠢᠨ᠂ ᠠᠷᠤᠷ᠎ᠠ3 ᠴᠢᠨ᠂ ᠪᠣᠶ᠋ᠢᠭᠠᠷ3 ᠴᠢᠨ᠂ ᠪᠠᠱᠠᠭ᠎ᠠ2 ᠴᠢᠨ᠂ ᠰᠢᠩ ᠠᠷ2 ᠴᠢᠨ᠂ ᠬᠤᠩᠯᠸᠨ2 ᠴᠢᠨ ᠊ᠢ ᠨᠠᠶ᠋ᠢᠷᠠᠭᠤᠯᠤᠨ ᠪᠠᠯ ᠳ᠋ᠤ᠌ ᠥᠴᠦᠬᠡᠨ ᠪᠤᠷᠴᠠᠭ ᠤ᠋ᠨ ᠲᠡᠳᠦᠢ ᠮᠦᠬᠦᠯᠢᠭ᠌ᠯᠡᠵᠦ16 ᠪᠤᠶᠤ ᠠᠯᠢ ᠵᠣᠬᠢᠰᠲᠠᠢ ᠪᠠᠷ ᠥᠭ᠃ ᠳᠡᠯᠭᠡᠷᠡᠭᠰᠡᠨ ᠬᠠᠯᠠᠭᠤᠨ ᠪᠠ ᠲᠣᠭᠰᠢᠨ ᠬᠠᠯᠠᠭᠤᠨ ᠊ᠢ ᠪᠣᠯᠪᠠᠰᠤᠷᠠᠭᠤᠯᠤᠨ ᠬᠤᠷᠢᠶᠠᠬᠤ᠂ ᠬᠢᠵᠢᠭ ᠦ᠋ᠨ ᠬᠠᠯᠠᠭᠤᠨ ᠶᠡᠬᠡ ᠬᠦᠴᠦᠲᠡᠢ ᠠᠯᠢᠨ ᠊ᠢ ᠴᠦ᠍ ᠠᠷᠢᠯᠭᠠᠨ ᠦᠢᠯᠡᠳᠦᠮᠦᠢ᠃
ᠰᠢᠷ᠎ᠠ ᠶ᠋ᠢᠨ ᠲᠤᠭᠤᠯᠭ᠎ᠠ ᠪᠦᠬᠦᠨ᠎ᠡ ᠲᠤᠰᠠᠯᠠᠨ ᠠᠮᠤᠷᠵᠢᠭᠤᠯᠤᠭᠴᠢ ᠠᠨᠤ ᠲᠠᠷᠨᠤ᠂ ᠳ᠋ᠠᠨᠷᠤᠭ᠂ ᠳ᠋ᠦ᠋ᠷᠵᠢᠳ᠂ ᠵᠦᠮᠽᠠ᠂ ᠫᠠᠭᠷᠢᠯ᠂ ᠳ᠋ᠢᠭᠳᠡ᠂ ᠪᠣᠩᠭᠠᠷ᠂ ᠳ᠋ᠦ᠋ᠭ᠌ᠮᠤᠨᠢᠤᠩ᠂ ᠪᠠᠱᠠᠭ᠎ᠠ᠂ ᠠᠯᠲᠠᠨᠴᠡᠴᠡᠭ᠂ ᠰᠸᠪᠦᠢ᠍ᠷᠦ᠂ ᠰᠦᠭᠮᠸᠯ᠂ ᠠᠷᠤᠷ᠎ᠠ᠂ ᠵᠢᠷᠱᠦᠢ᠍ᠨ᠂ ᠵᠠᠼᠤᠸᠠ᠂ ᠪᠢᠪᠢᠯᠢᠩ᠂ ᠬᠤᠩᠯᠸᠨ᠂ ᠳ᠋ᠢᠭᠰᠸᠷᠢᠨ᠂ ᠰᠸᠷᠵᠢᠵᠸᠮ᠎ᠡ ᠶ᠋ᠢ ᠨᠠᠶ᠋ᠢᠷᠠᠭᠤᠯᠤᠨ ᠴᠠᠭᠠᠨ ᠯᠤᠤᠪᠠᠩ ᠤ᠋ᠨ ᠱᠥᠯᠥ ᠪᠡᠷ ᠲᠠᠰᠢᠭᠤᠷᠳᠠᠪᠠᠰᠤ ᠰᠢᠷ᠎ᠠ ᠶ᠋ᠢᠨ ᠡᠪᠡᠳᠴᠢᠨ ᠦ᠌ ᠠᠯᠢᠨ ᠊ᠢ ᠴᠦ᠍ ᠠᠷᠢᠯᠭᠠᠮᠤᠢ᠃
ᠬᠠᠳᠬᠤᠯᠠᠭ᠎ᠠ ᠶ᠋ᠢᠨ ᠲᠤᠭᠤᠯᠭ᠎ᠠ ᠬᠠᠯᠠᠵᠠᠶ᠋ᠢᠲᠠᠪ ᠠᠨᠤ ᠪᠦᠷᠦᠨᠠᠭ᠂ ᠮᠦᠽᠢ᠃ ᠬᠥᠬᠥᠯ᠂ ᠱᠤᠳᠠᠭ᠂ ᠮᠠᠨᠴᠢᠨ᠂ ᠠᠷᠤᠷ᠎ᠠ᠂ ᠵᠦᠮᠽᠠ᠂ ᠳ᠋ᠠᠨᠷᠤᠭ᠂ ᠲᠠᠷᠨᠤ᠂ ᠳ᠋ᠣᠩᠷᠣᠢ᠂ ᠷᠦᠳᠠ᠂ ᠶᠦᠩᠸ᠋᠎ᠠ᠂ ᠰᠠᠢᠨ ᠪᠠᠷᠠᠭᠱᠦᠢ᠍ᠨ᠂ ᠬᠠᠷ᠎ᠠ ᠰᠢᠷ᠎ᠠ ᠪᠠᠶ᠋ᠢᠪᠠᠩ᠂ ᠠᠵᠠᠭᠰᠸᠷᠵᠤᠮ ᠲᠡᠷᠢᠭᠦᠲᠡᠨ᠃ ᠨᠢᠶᠠᠨ ᠬᠠᠳᠬᠤᠯᠠᠭ᠎ᠠ ᠶ᠋ᠢᠨ ᠵᠦᠢᠯ ᠳ᠋ᠦ᠍ ᠤᠰᠤ ᠪᠠᠷ ᠳᠠᠷᠤᠭᠤᠯᠪᠠᠰᠤ ᠲᠤᠰᠠᠯᠠᠬᠤ ᠶ᠋ᠢ ᠮᠡᠳᠡᠪᠡᠢ᠃
ᠨᠢᠶᠠᠨ ᠲᠤᠭᠤᠯᠭ᠎ᠠ᠂ ᠠᠶᠤᠩᠭ᠎ᠠ ᠶ᠋ᠢᠨ ᠰᠤᠮᠤ—13 ᠠᠨᠤ ᠲᠠᠷᠨᠤ3 ᠴᠢᠨ᠂ ᠳ᠋ᠠᠨᠷᠤᠭ2 ᠴᠢᠨ᠂ ᠳ᠋ᠦ᠋ᠷᠵᠢᠳ2 ᠴᠢᠨ᠂ ᠰᠢᠷ᠎ᠠ ᠤᠰᠤᠨ ᠭᠤᠷᠪᠠᠨ ᠡᠮ ᠨᠢᠵᠡᠭᠡᠳ3 ᠴᠢᠨ᠂ ᠬᠠᠷ᠎ᠠ ᠬᠥᠬᠥᠯ4 ᠴᠢᠨ᠂ ᠮᠠᠨᠴᠢᠨ5 ᠴᠢᠨ᠂ ᠠᠷᠤᠷ᠎ᠠ6 ᠴᠢᠨ᠂ ᠬᠠᠷ᠎ᠠ ᠱᠤᠳᠠᠭ2 ᠴᠢᠨ᠂ ᠷᠦᠳᠠ2 ᠴᠢᠨ᠂ ᠳ᠋ᠣᠩᠷᠣᠢ2 ᠴᠢᠨ᠂ ᠼᠠᠯᠭᠠᠷ8 ᠴᠢᠨ ᠊ᠢ ᠨᠠᠶ᠋ᠢᠷᠠᠭᠤᠯᠤᠭᠰᠠᠨ ᠨᠠᠶ᠋ᠢᠷᠠᠯᠭ᠎ᠠ ᠶ᠋ᠢ ᠦᠨᠢᠶᠡᠨ ᠰᠢᠭᠡᠰᠦ ᠬᠣᠯᠢᠭᠰᠠᠨ ᠤᠰᠤ ᠪᠠᠷ ᠮᠦᠬᠦᠯᠢᠭ᠌ᠯᠡᠭᠰᠡᠨ ᠢᠨᠤ ᠶᠡᠬᠡ ᠬᠦᠴᠦᠲᠦ ᠨᠢᠶᠠᠨ ᠡᠪᠡᠳᠴᠢᠨ ᠪᠦᠬᠦᠨ ᠳ᠋ᠦ᠍ ᠬᠠᠲᠠᠭᠤ ᠲᠤᠭᠤᠯᠭ᠎ᠠ ᠮᠠᠰᠢ ᠲᠤᠰᠠᠯᠠᠮᠤᠢ᠃
ᠪᠠᠭᠠᠰᠤ ᠬᠠᠭᠠᠭᠳᠠᠬᠤ ᠶ᠋ᠢᠨ ᠲᠤᠭᠤᠯᠪᠤᠷᠢ ᠠᠨᠤ ᠠᠷᠤᠷ᠎ᠠ3 ᠴᠢᠨ᠂ ᠪᠦᠯᠲᠦᠬ3 ᠴᠢᠨ᠂ ᠵᠤᠮᠽᠠ3 ᠴᠢᠨ᠂ ᠳ᠋ᠠᠨᠷᠣᠭ1 ᠴᠢᠨ ᠊ᠢ ᠨᠠᠶ᠋ᠢᠷᠠᠭᠤᠯᠵᠤ ᠥᠭᠪᠡᠰᠦ ᠮᠠᠭᠠᠳ ᠰᠠᠭᠤᠯᠭᠠᠮᠤᠢ᠃
ᠬᠣᠣᠷ ᠤ᠋ᠨ ᠲᠤᠭᠤᠯᠪᠤᠷᠢ ᠠᠨᠤ ᠰᠸᠷᠦ1 ᠴᠢᠨ᠂ ᠠᠷᠤᠷ᠎ᠠ3 ᠴᠢᠨ᠂ ᠪᠣᠩᠭᠠᠷ2 ᠴᠢᠨ᠂ ᠦᠯᠴᠦ3 ᠴᠢᠨ᠂ ᠮᠦᠽᠢ4 ᠴᠢᠨ᠂ ᠳ᠋ᠦ᠋ᠮᠪᠦᠷᠸᠷᠠᠯ2 ᠴᠢᠨ᠂ ᠳ᠋ᠣᠩᠭ᠎ᠠ2 ᠴᠢᠨ᠂ ᠯᠠᠷᠽᠢ ᠂ ᠳ᠋ᠦ᠋ᠷᠵᠢᠳ2 ᠴᠢᠨ᠂ ᠳ᠋ᠠᠨᠷᠤᠭ2 ᠴᠢᠨ ᠊ᠢ ᠬᠦᠢᠲᠡᠨ ᠤᠰᠤ ᠪᠠᠷ ᠲᠠᠰᠢᠭᠤᠷᠳᠠᠪᠠᠰᠤ ᠬᠣᠣᠷ ᠤ᠋ᠨ ᠵᠦᠢᠯ ᠊ᠢ ᠮᠠᠭᠠᠳ ᠲᠤᠭᠤᠯᠭᠠᠨ ᠠᠷᠢᠯᠭᠠᠮᠤᠢ᠃ ᠡᠰᠡᠪᠡᠰᠦ ᠬᠣᠣᠷ ᠲᠤ᠌ ᠳ᠋ᠠᠨᠷᠤᠭ2 ᠴᠢᠨ᠂ ᠠᠷᠤᠷ᠎ᠠ3 ᠴᠢᠨ ᠊ᠢ ᠬᠦᠢᠲᠡᠨ ᠤᠰᠤᠨ ᠳ᠋ᠤ᠌ ᠰᠠᠶ᠋ᠢᠲᠤᠷ ᠵᠢᠭᠤᠷᠠᠵᠤ ᠤᠤᠭᠤᠯᠭᠠᠪᠠᠰᠤ ᠬᠣᠣᠷᠲᠤ ᠢᠳᠡᠭᠡᠨ ᠥᠪᠡᠷ ᠥᠪᠡᠷ ᠦ᠋ᠨ ᠥᠩᠭᠡ ᠪᠡᠷ ᠭᠠᠷᠬᠤ ᠪᠣᠯᠤᠨ᠎ᠠ᠃
12. ᠬᠣᠭᠣᠯᠠᠢ ᠶ᠋ᠢᠨ ᠡᠪᠡᠳᠴᠢᠨ ᠦ᠌ ᠠᠶ᠋ᠢᠮᠠᠭ ᠲᠤ᠌ ᠄ ᠪᠠᠩᠵᠠᠨ2 ᠴᠢᠨ᠂ ᠠᠷᠨᠠᠭ2 ᠴᠢᠨ᠂ ᠨᠢᠩᠱᠤᠱᠠ2 ᠴᠢᠨ᠂ ᠴᠠᠭᠠᠨ ᠽᠠᠨᠳᠠᠨ3 ᠴᠢᠨ᠂ ᠽᠠᠳᠢ2 ᠴᠢᠨ᠂ ᠵᠤᠭᠠᠩ2 ᠴᠢᠨ᠂ ᠰᠣᠷᠣᠯᠣ2 ᠴᠢᠨ᠂ ᠭᠦᠷᠭᠦᠮ2 ᠴᠢᠨ᠂ ᠮᠠᠨᠤ3 ᠴᠢᠨ᠂ ᠠᠷᠤᠷ᠎ᠠ2 ᠴᠢᠨ᠂ ᠪᠠᠷᠤᠷ᠎ᠠ1 ᠴᠢᠨ᠂ ᠵᠦᠷᠦᠷ᠎ᠠ2 ᠴᠢᠨ᠂ ᠯᠢᠳᠡᠷᠢ2 ᠴᠢᠨ᠂ ᠯᠢᠰᠢ1 ᠴᠢᠨ᠂ ᠰᠢᠩ ᠠᠷ2 ᠴᠢᠨ᠃ ᠡᠨᠡ ‍ᠬᠦ ᠪᠠᠩᠵᠠᠨ —15 ᠪᠠᠷ ᠠᠭᠤᠰᠬᠢᠨ ᠬᠠᠯᠠᠭᠤᠨ ᠬᠣᠭᠣᠯᠠᠢ ᠳ᠋ᠤ᠌ ᠪᠠᠭᠤᠬᠤ ᠪᠠ ᠠᠮᠢᠰᠬᠤᠯ ᠠᠮᠤᠷ ᠦᠭᠡᠢ᠂ ᠪᠠᠳᠬᠠᠨ ᠴᠢᠰᠤ ᠬᠢᠮᠤᠷᠠᠭᠰᠠᠨ ᠬᠢᠭᠡᠳ ᠳᠠᠭᠤᠨ ᠬᠠᠭᠠᠭᠳᠠᠬᠤ᠂ ᠪᠠᠳᠬᠠᠨ ᠬᠡᠢ ᠶ᠋ᠢ ᠳᠠᠷᠤᠮᠤᠢ᠃
ᠯᠢᠰᠢ—6 ᠠᠨᠤ ᠯᠢᠰᠢ᠂ ᠵᠤᠭᠠᠩ᠂ ᠰᠢᠩ ᠠᠷ᠂ ᠪᠠᠩᠵᠠᠨ᠂ ᠷᠦᠳᠠ᠂ ᠮᠠᠨᠤ᠂ ᠠᠷᠤᠷ᠎ᠠ ᠶ᠋ᠢ ᠰᠢᠬᠢᠷ ᠲᠡᠢ ᠨᠠᠶ᠋ᠢᠷᠠᠭᠤᠯᠵᠤ᠂ ᠰᠢᠭᠡᠰᠦ ᠪᠡᠷ ᠳᠠᠷᠤᠭᠤᠯᠪᠠᠰᠤ ᠠᠭᠤᠰᠬᠢᠨ ᠡᠪᠡᠳᠴᠢᠨ ᠬᠣᠭᠣᠯᠠᠢ ᠳ᠋ᠤ᠌ ᠪᠠᠭᠤᠬᠤ ᠪᠠ ᠳᠠᠭᠤᠨ ᠬᠠᠭᠠᠭᠳᠠᠬᠤ ᠶ᠋ᠢ ᠠᠷᠢᠯᠭᠠᠨ᠎ᠠ᠃
13. ᠪᠠᠳᠬᠠᠨ ᠡᠪᠡᠳᠴᠢᠨ ᠦ᠌ ᠠᠢᠮᠠᠭ ᠲᠤ᠌ ᠄ ᠳ᠋ᠠᠯᠢ —16 ᠠᠨᠤ ᠰᠸᠪᠦᠢ᠍ᠷᠦ3 ᠴᠢᠨ᠂ ᠰᠢᠩᠼᠠ2 ᠴᠢᠨ᠂ ᠪᠢᠪᠢᠯᠢᠩ2 ᠴᠢᠨ᠂ ᠰᠦᠭᠮᠸᠯ2 ᠴᠢᠨ᠂ ᠭᠦᠷᠭᠦᠮ2 ᠴᠢᠨ᠂ ᠷᠦᠳᠠ2 ᠴᠢᠨ᠂ ᠽᠠᠳᠢ2 ᠴᠢᠨ᠂ ᠯᠢᠰᠢ2 ᠴᠢᠨ᠂ ᠠᠷᠨᠠᠭ3 ᠴᠢᠨ᠂ ᠨᠢᠩᠱᠤᠱᠠ2 ᠴᠢᠨ᠂ ᠰᠢᠩ ᠠᠷ2 ᠴᠢᠨ᠂ ᠵᠤᠭᠠᠩ2 ᠴᠢᠨ᠂ ᠯᠢᠭᠠᠲᠤᠷ3 ᠴᠢᠨ᠂ ᠳ᠋ᠠᠯᠢ6 ᠴᠢᠨ᠂ ᠳ᠋ᠢᠭᠰᠸᠷᠢᠨ3 ᠴᠢᠨ᠂ ᠴᠠᠭᠠᠨ ᠦᠵᠦᠮ5 ᠴᠢᠨ ᠊ᠢ ᠨᠠᠶ᠋ᠢᠷᠠᠭᠤᠯᠤᠭᠰᠠᠨ ᠢ᠋ᠶ᠋ᠠᠷ ᠬᠠᠭᠤᠴᠢᠨ ᠬᠠᠨᠢᠶᠠᠳᠤ ᠂ ᠬᠡᠢ ᠪᠥᠷᠢᠯᠲᠦᠭᠰᠡᠨ ᠂ ᠪᠠᠳᠬᠠᠨ ᠬᠢᠭᠡᠳ ᠴᠡᠭᠡᠵᠢ ᠪᠥᠭᠯᠡᠷᠡᠬᠦ ᠲᠣᠯᠣᠭᠠᠢ ᠡᠷᠭᠢᠬᠦ᠂ ᠬᠣᠳᠣᠭᠣᠳᠣᠨ ᠬᠡᠢ᠂ ᠴᠠᠩᠬ᠎ᠠ ᠲᠡᠷᠢᠭᠦᠲᠡᠨ᠂ ᠴᠠᠶ᠋ᠢᠪᠤᠷ᠂ ᠰᠤᠪᠠᠭ ᠬᠠᠪᠤᠩ᠂ ᠳᠣᠲᠣᠷ ᠤ᠋ᠨ ᠡᠪᠡᠳᠴᠢᠨ ᠪᠦᠬᠦᠨ ᠳ᠋ᠦ᠍ ᠲᠤᠰᠠᠲᠠᠢ᠃
ᠣᠭ᠌ᠶᠤᠨ ᠮᠥᠬᠥᠯᠢᠭ —13 ᠠᠨᠤ ᠷᠦᠳᠠ ᠂ ᠵᠦᠷᠦᠷ᠎ᠠ᠂ ᠰᠸᠪᠦᠢ᠍ᠷᠦ ᠂ ᠪᠠᠱᠠᠭ᠎ᠠ᠂ ᠰᠦᠭᠮᠸᠯ᠂ ᠪᠢᠪᠢᠯᠢᠩ᠂ ᠮᠥᠰᠥᠨ ᠰᠢᠬᠢᠷ᠂ ᠵᠠᠭ᠎ᠠ ᠂ ᠦᠰᠥ᠋ ᠂ ᠷᠸᠭᠤᠮᠪᠠ᠂ ᠤᠳᠪᠠᠯᠠ᠂ ᠶᠣᠯᠣ ᠶ᠋ᠢᠨ ᠪᠠᠭᠠᠰᠤ᠂ ᠵᠢᠳᠠᠩᠭ᠎ᠠ᠂ ᠪᠡᠷᠢᠶᠡᠩᠭᠦ ᠶ᠋ᠢ ᠨᠠᠶ᠋ᠢᠷᠠᠭᠤᠯᠪᠠᠰᠤ᠂ ᠴᠢᠰᠤ ᠰᠢᠷ᠎ᠠ᠂ ᠬᠣᠳᠣᠭᠣᠳᠣᠨ ᠡᠪᠡᠳᠴᠢᠨ᠂ ᠬᠦᠢᠲᠡᠨ ᠬᠡᠢ᠂ ᠪᠣᠷᠣ ᠡᠪᠡᠳᠴᠢᠨ ᠳ᠋ᠦ᠍ ᠶᠡᠷᠦ ᠶ᠋ᠢᠨ ᠡᠮ ᠬᠤᠪᠢ ᠳᠠᠭᠱᠠ ᠨᠠᠶ᠋ᠢᠷᠠᠭᠤᠯᠤᠭᠰᠠᠨ ᠮᠥᠨ᠃
ᠵᠣᠩᠰᠢ—6 ᠠᠨᠤ ᠵᠣᠩᠰᠢ᠂ ᠰᠦᠭᠮᠸᠯ ᠂ ᠰᠸᠪᠦᠢ᠍ᠷᠦ ᠂ ᠪᠢᠪᠢᠯᠢᠩ᠂ ᠮᠠᠨᠤ᠂ ᠭᠦᠷᠭᠦᠮ ᠊ᠢ ᠰᠢᠬᠢᠷ ᠲᠡᠢ ᠨᠠᠶ᠋ᠢᠷᠠᠭᠤᠯᠪᠠᠰᠤ ᠪᠠᠳᠬᠠᠨ ᠬᠢᠭᠡᠳ ᠬᠠᠯᠠᠭᠤᠨ ᠤᠰᠤ ᠪᠠᠷ ᠪᠥᠭᠡᠯᠵᠢᠬᠦ   ᠶ᠋ᠢ ᠠᠷᠢᠯᠭᠠᠨ᠎ᠠ᠃
14. ᠬᠠᠪᠤᠩ ᠡᠪᠡᠳᠴᠢᠨ ᠦ᠌ ᠠᠶ᠋ᠢᠮᠠᠭ ᠲᠤ᠌ ᠄ ᠦᠵᠦᠮ—11 ᠢᠨᠤ ᠦᠵᠦᠮ4 ᠴᠢᠨ᠂ ᠵᠤᠭᠠᠩ2 ᠴᠢᠨ᠂ ᠭᠦᠷᠭᠦᠮ1 ᠴᠢᠨ᠂ ᠰᠢᠩ ᠠᠷ2 ᠴᠢᠨ᠂ ᠯᠠᠭᠠᠩ1 ᠴᠢᠨ᠂ ᠰᠢᠩᠼᠠ1 ᠴᠢᠨ᠂ ᠰᠸᠪᠦᠢ᠍ᠷᠦ1 ᠴᠢᠨ᠂ ᠳ᠋ᠢᠭᠰᠸᠷᠢᠨ2 ᠴᠢᠨ᠂ ᠲᠡᠮᠦᠷ ᠦ᠋ᠨ ᠲᠠᠯᠬ᠎ᠠ3 ᠴᠢᠨ᠂ ᠰᠸᠷᠵᠢᠵᠸᠮ᠎ᠡ2 ᠴᠢᠨ᠂ ᠵᠠᠮᠪᠠ2 ᠴᠢᠨ ᠊ᠢ ᠨᠠᠶ᠋ᠢᠷᠠᠭᠤᠯᠤᠭᠰᠠᠨ ᠡᠨᠡ ‍ᠬᠦ ᠨᠠᠶ᠋ᠢᠷᠠᠯᠭ᠎ᠠ ᠶ᠋ᠢ ᠲᠡᠮᠦᠷ ᠦ᠋ᠨ ᠱᠥᠯᠥ ᠪᠡᠷ ᠳᠠᠷᠤᠭᠤᠯᠪᠠᠰᠤ ᠠᠭᠤᠰᠬᠢᠨ ᠬᠠᠪᠤᠩ᠂ ᠬᠠᠪᠤᠳᠠᠷ ᠡᠪᠡᠳᠴᠢᠨ ᠊ᠢ ᠠᠷᠢᠯᠭᠠᠮᠤᠢ᠃
ᠰᠢᠷ᠎ᠠ ᠰᠢᠪᠠᠭᠤᠨ ᠥᠳᠥ —8 ᠠᠨᠤ ᠰᠢᠷ᠎ᠠ ᠰᠢᠪᠠᠭᠤᠨ ᠥᠲᠥᠨ ᠦᠨᠡᠰᠦ3 ᠴᠢᠨ᠂ ᠪᠣᠶ᠋ᠢᠭᠠᠷ2 ᠴᠢᠨ᠂ ᠪᠦᠵᠣᠭ2 ᠴᠢᠨ᠂ ᠳ᠋ᠢᠭᠰᠸᠷᠢᠨ2 ᠴᠢᠨ᠂ ᠰᠸᠷᠵᠢᠵᠸᠮ᠎ᠡ2 ᠴᠢᠨ᠂ ᠳ᠋ᠠᠯᠢ6 ᠴᠢᠨ᠂ ᠵᠠᠭᠴᠸ2 ᠴᠢᠨ᠂ ᠯᠢᠭᠠᠲᠤᠷ2 ᠴᠢᠨ ᠊ᠢ ᠨᠠᠶ᠋ᠢᠷᠠᠭᠤᠯᠤᠨ ᠰᠸᠪᠦᠢ᠍ᠷᠦ ᠶ᠋ᠢ ᠪᠤᠴᠠᠯᠭᠠᠭᠰᠠᠨ ᠤᠰᠤ ᠪᠠᠷ ᠳᠠᠷᠤᠭᠤᠯᠪᠠᠰᠤ ᠬᠠᠪᠤᠳᠠᠷ ᠡᠪᠡᠳᠴᠢᠨ ᠊ᠢ ᠠᠷᠢᠯᠭᠠᠵᠤ ᠴᠢᠳᠠᠨ᠎ᠠ᠃
ᠰᠸᠪᠦᠢ᠍ᠷᠦ —11 ᠢᠨᠤ ᠰᠸᠪᠦᠢ᠍ᠷᠦ3 ᠴᠢᠨ᠂ ᠴᠢᠨᠣ᠎ᠠ ᠶ᠋ᠢᠨ ᠪᠠᠭᠠᠰᠤ5 ᠴᠢᠨ᠂ ᠠᠷᠤᠷ᠎ᠠ ᠶ᠋ᠢᠨ ᠦᠨᠡᠰᠦ2 ᠴᠢᠨ᠂ ᠽᠢᠳᠷᠠᠭ᠎ᠠ ᠶ᠋ᠢᠨ ᠦᠷ᠎ᠡ1 ᠴᠢᠨ᠂ ᠰᠸᠷᠵᠢᠵᠸᠮ᠎ᠡ2 ᠴᠢᠨ᠂ ᠳ᠋ᠢᠭᠰᠸᠷᠢᠨ3 ᠴᠢᠨ᠂ ᠵᠠᠮᠪᠠ2 ᠴᠢᠨ᠂ ᠵᠠᠩᠷᡁᠠ3 ᠴᠢᠨ᠂ ᠪᠣᠶ᠋ᠢᠭᠠᠷ2 ᠴᠢᠨ᠂ ᠴᠠᠭᠠᠨ ᠰᠣᠷᠣᠯᠣ2 ᠴᠢᠨ᠂ ᠳ᠋ᠠᠷᠪᠤ3 ᠴᠢᠨ ᠊ᠢ ᠨᠠᠶ᠋ᠢᠷᠠᠭᠤᠯᠪᠠᠰᠤ ᠰᠤᠪᠠᠭ ᠬᠢᠭᠡᠳ ᠤᠰᠤᠨ ᠬᠠᠪᠤᠩ ᠲᠡᠷᠢᠭᠦᠲᠡᠨ ᠪᠦᠬᠦᠨ ᠳ᠋ᠦ᠍ ᠲᠤᠰᠠᠯᠠᠬᠤ ᠶ᠋ᠢ ᠮᠠᠭᠠᠳᠯᠠᠭᠰᠠᠨ ᠭᠠᠷ ᠤ᠋ᠨ ᠠᠪᠤᠯᠭ᠎ᠠ ᠮᠥᠨ᠃ 

   ᠦᠰᠦᠭ ᠠᠮᠢᠯᠠᠭᠤᠯᠤᠭᠴᠢ᠄ ᠦᠯᠵᠡᠶ᠋ᠢᠪᠠᠭᠠᠲᠤᠷ
   ᠬᠢᠨᠠᠭᠴᠢ᠄ ᠣᠤᠠᠬᠠᠨᠰᠣ᠎ᠠ᠂ ᠭᠠᠷᠮ᠎ᠠ