ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 2 Ертөнцийн гурав – Хувилбарын аймаг 2 ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 2 Ертөнцийн гурав – Хувилбарын аймаг 2

ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 2 Ертөнцийн гурав – Хувилбарын аймаг 2

2023-06-10

4430

ᠶᠢᠷᠲᠢᠨᠴᠦ ᠶᠢᠨ ᠭᠤᠷᠪᠠ – ᠬᠤᠪᠢᠯᠪᠤᠷᠢ ᠶ᠋ᠢᠨ ᠠᠶ᠋ᠢᠮᠠᠭ 2


       ᠳᠥᠷᠪᠡᠨ ᠬᠤᠷᠲᠤᠨ
   ᠬᠠᠷᠪᠤᠭᠰᠠᠨ ᠰᠤᠮᠤ ᠨᠢᠭᠡ ᠬᠤᠷᠲᠤᠨ
   ᠬᠠᠷᠠᠭᠰᠠᠨ ᠨᠢᠲᠦ ᠨᠢᠭᠡ ᠬᠤᠷᠲᠤᠨ 
   ᠰᠠᠢᠨ ᠮᠣᠷᠢ ᠨᠢᠭᠡ ᠬᠤᠷᠲᠤᠨ
   ᠰᠠᠨᠠᠭᠰᠠᠨ ᠰᠠᠨᠠᠬ᠋᠎ᠠ ᠨᠢᠭᠡ ᠬᠤᠷᠲᠤᠨ

       ᠳᠥᠷᠪᠡᠨ ᠰᠢᠷᠦᠭᠦᠨ
   ᠲᠡᠮᠦᠷ ᠲᠦ ᠬᠠᠤᠷᠠᠢ ᠰᠢᠷᠦᠭᠦᠨ
   ᠲᠦᠷᠦ ‍ᠳᠦ ᠡᠯᠴᠢ ᠰᠢᠷᠦᠭᠦᠨ
   ᠲᠥᠷᠥᠯ ‍ᠳᠦ ᠰᠠᠭᠠᠲᠠᠭ  ᠰᠢᠷᠦᠭᠦᠨ
   ᠲᠥᠬᠦᠮ ‍ᠳᠦ ᠵᠠᠷᠠᠬ᠋᠎ᠠ ᠰᠢᠷᠦᠭᠦᠨ

       ᠳᠥᠷᠪᠡᠨ ᠬᠠᠭᠤᠷᠮᠠᠴᠢ
   ᠥᠯᠦ ᠪᠦᠲᠦᠭᠡᠭᠴᠢ ᠦᠭᠡ ᠪᠡᠷ ᠶ᠋ᠢᠠᠨ ᠬᠠᠭᠤᠷᠮᠠᠴᠢ
   ᠦᠨᠡᠭᠡ ᠰᠡᠭᠦᠯ ᠶ᠋ᠢᠡᠷ ᠶ᠋ᠢᠡᠨ ᠬᠠᠭᠤᠷᠮᠠᠴᠢ
   ᠵᠣᠭᠣᠰ ᠠ᠋ᠴᠠ ᠪᠣᠯᠤᠭᠰᠠᠨ ᠢᠨᠠᠭ ᠬᠠᠭᠤᠷᠮᠠᠴᠢ
   ᠵᠠᠯᠬᠠᠭᠤ ᠠ᠋ᠴᠠ ᠪᠣᠯᠤᠭᠰᠠᠨ ᠡᠪᠡᠤᠠᠴᠢᠨ ᠬᠠᠭᠤᠷᠮᠠᠴᠢ

       ᠳᠥᠷᠪᠡᠨ ᠮᠠᠭᠤ
   ᠬᠣᠶᠠᠷ ᠦᠵᠦᠭᠦᠷ ᠲᠡᠢ ᠬᠣᠩᠰᠢᠶᠠᠷ ᠮᠠᠭᠤ
   ᠬᠤᠷᠤᠭᠤ ᠬᠢᠮᠤᠰᠤ ᠲᠠᠢ ᠬᠥᠮᠦᠨ ᠮᠠᠭᠤ
   ᠬᠣᠶ᠋ᠢᠬᠤᠷ ᠵᠠᠩ ᠲᠠᠢ ᠡᠬᠡᠨᠡᠷ ᠮᠠᠭᠤ
   ᠬᠣᠪᠲᠣᠭ ᠵᠠᠩ ᠲᠠᠢ ᠨᠣᠶᠠᠳ ᠮᠠᠭᠤ

       ᠳᠥᠷᠪᠡᠨ ᠮᠥᠩᠬᠡ
   ᠠᠭᠤᠯᠠ ᠬᠠᠲᠠ ᠶᠢᠷᠲᠢᠨᠴᠦ ‍ᠳᠦ ᠮᠥᠩᠬᠡ
   ᠤᠲᠤᠨ ᠭᠠᠷᠠᠭ ᠤᠭᠲᠠᠷᠭᠤᠢ ‍ᠳᠦ ᠮᠥᠩᠬᠡ
   ᠤᠯᠠᠭᠠᠨ ᠨᠠᠷᠠ ᠣᠷᠴᠢᠯᠠᠩ ‍ᠳᠦ ᠮᠥᠩᠬᠡ
   ᠤᠰᠤ ᠰᠢᠷᠥᠢ ᠭᠠᠯᠠᠪ ᠲᠤ ᠮᠥᠩᠬᠡ

       ᠳᠥᠷᠪᠡᠨ ᠤᠲᠠᠭᠠᠨ
   ᠶᠠᠪᠤᠬᠤ ‍ᠳᠦ ᠬᠥᠯ ᠤᠲᠠᠭᠠᠨ
   ᠶᠠᠭᠠᠷᠠᠬᠤ ‍ᠳᠦ ᠴᠠᠭ ᠤᠲᠠᠭᠠᠨ
   ᠬᠦᠰᠡᠬᠦ ‍ᠳᠦ ᠪᠡᠶᠡᠯᠡᠯ ᠤᠲᠠᠭᠠᠨ
   ᠬᠥᠭᠵᠢᠭᠡᠬᠦ ‍ᠳᠦ ᠭᠠᠯ ᠤᠲᠠᠭᠠᠨ

       ᠳᠥᠷᠪᠡᠨ ᠶᠡᠬᠡ
   ᠠᠭᠰᠢᠷᠠᠭᠰᠠᠨ ᠬᠥᠮᠦᠨ ᠪ ᠰᠣᠯᠢᠭᠤ ᠨᠢ ᠶᠡᠬᠡ
   ᠠᠷᠢᠬᠢᠲᠠᠭᠰᠠᠨ ᠬᠥᠮᠦᠨ ᠪ ᠭᠠᠯᠵᠠᠭᠤ ᠨᠢ ᠶᠡᠬᠡ
   ᠠᠯᠢᠶ᠎ᠠ ᠬᠥᠮᠦᠨ ᠪ ᠱᠣᠭ ᠨᠢ ᠶᠡᠬᠡ
   ᠠᠯᠵᠠᠭᠤ ᠬᠥᠮᠦᠨ ᠪ ᠨᠣᠶ᠋ᠢᠷ ᠨᠢ ᠶᠡᠬᠡ

       ᠳᠥᠷᠪᠡᠨ ᠣᠬᠢ
   ᠭᠠᠨᠲᠢᠬ ᠭᠡᠭᠴᠢ ᠴᠢᠯᠠᠭᠤᠨ ᠪ ᠣᠬᠢ
   ᠭᠠᠩ ᠭᠡᠭᠴᠢ ᠲᠡᠮᠦᠷ ᠦ᠋ᠨ ᠣᠬᠢ
   ᠭᠠᠰ ᠭᠡᠭᠴᠢ ᠠᠭᠤᠷ ᠦ᠋ᠨ ᠣᠬᠢ
   ᠭᠠᠷ ᠭᠡᠭᠴᠢ ᠡᠷᠬᠡᠲᠡᠨ ᠪ ᠣᠬᠢ

       ᠳᠥᠷᠪᠡᠨ ᠡᠯᠲᠡᠩ 
   ᠡᠵᠡᠨ ᠦᠭᠡᠢ ᠠᠷᠠᠳ ᠡᠯᠲᠡᠩ
   ᠡᠴᠢᠭᠡ ᠦᠭᠡᠢ ᠬᠦᠦ ᠡᠯᠲᠡᠩ
   ᠡᠷ᠎ᠡ ᠦᠭᠡᠢ ᠡᠮ᠎ᠡ ᠡᠯᠲᠡᠩ
   ᠡᠬᠡ ᠦᠭᠡᠢ ᠬᠡᠦᠬᠡᠳ ᠡᠯᠲᠡᠩ

       ᠳᠥᠷᠪᠡᠨ ᠴᠤᠭᠯᠠᠬ᠋᠎ᠠ 
   ᠨᠣᠶᠠᠳ ᠦ᠋ᠨ ᠴᠤᠭᠯᠠᠬ᠋᠎ᠠ ᠶᠠᠮᠤᠨ ᠳᠡᠭᠡᠷ᠎ᠡ
   ᠨᠣᠬᠠᠢ ᠶ᠋ᠢᠨ ᠴᠤᠭᠯᠠᠬ᠋᠎ᠠ ᠶᠠᠰᠤᠨ ᠳᠡᠭᠡᠷ᠎ᠡ
   ᠡᠮᠡᠰ ᠦ᠋ᠨ ᠴᠤᠭᠯᠠᠬ᠋᠎ᠠ ᠴᠠᠢ ᠳᠡᠭᠡᠷ᠎ᠡ
   ᠡᠯᠵᠢᠭᠡᠨ ᠪ ᠴᠤᠭᠯᠠᠬ᠋᠎ᠠ ᠦᠨᠡᠰᠦᠨ ᠳᠡᠭᠡᠷ᠎ᠡ

       ᠳᠥᠷᠪᠡᠨ ᠦᠭᠡᠢ
   ᠬᠤᠤᠠᠲᠤᠭ ᠦ᠋ᠨ ᠤᠰᠤᠨ ‍ᠳᠦ ᠵᠢᠭᠠᠰᠤ ᠦᠭᠡᠢ
   ᠬᠠᠭᠤᠴᠢ ᠦᠭᠡᠨ ‍ᠳᠦ ᠬᠤᠲᠠᠯ ᠦᠭᠡᠢ
   ᠬᠤᠷᠮᠤᠰᠲᠠ ᠲᠩᠷᠢ ‍ᠳᠦ ᠱᠠᠲᠤ ᠦᠭᠡᠢ
   ᠬᠣᠪᠠᠬᠠᠢ ᠮᠤᠲᠤᠨ ‍ᠳᠦ ᠨᠠᠪᠴᠢ ᠦᠭᠡᠢ

       ᠳᠥᠷᠪᠡᠨ ᠶᠠᠩᠰᠢᠶ᠎ᠠ
   ᠬᠥᠷᠢᠮ ᠬᠥᠭᠡᠭᠡᠭᠰᠡᠨ ᠯᠠᠮᠠ ᠶᠠᠩᠰᠢᠶ᠎ᠠ
   ᠵᠣᠪᠠᠯᠬ᠋᠎ᠠ ᠢᠳᠡᠭᠰᠡᠨ ᠨᠣᠬᠠᠢ ᠶᠠᠩᠰᠢᠶ᠎ᠠ
   ᠬᠥᠭᠰᠢᠨ ᠨᠣᠬᠠᠢ ᠬᠣᠲᠠ ᠶ᠋ᠢᠨ ᠶᠠᠩᠰᠢᠶ᠎ᠠ
   ᠬᠥᠭᠰᠢᠨ ᠴᠢᠪᠠᠭᠠᠨᠴᠠ ᠭᠡᠷ ᠦ᠋ᠨ ᠶᠠᠩᠰᠢᠶ᠎ᠠ
              
         ᠳᠦᠷᠪᠡᠨ ᠪᠤᠶᠠᠨ
   ᠥᠯᠥᠰᠦᠨ ᠴᠠᠩᠭᠠᠭᠰᠠᠳ ‍ᠢ ᠲᠡᠵᠢᠭᠡᠪᠡᠯ ᠪᠤᠶᠠᠨ
   ᠦᠨᠦᠴᠢᠨ ᠪᠡᠯᠪᠡᠰᠦᠨ ‍ᠢ ᠲᠡᠳᠬᠦᠪᠡᠯ ᠪᠤᠶᠠᠨ
   ᠦᠭᠡᠶ᠋ᠢᠭᠦᠦ ᠶᠠᠳᠠᠭᠤ ‍ᠶ᠋ᠢ ᠲᠤᠰᠠᠯᠠᠪᠠᠯ ᠪᠤᠶᠠᠨ
   ᠡᠪᠡᠳᠴᠦ ᠵᠣᠪᠠᠭᠰᠠᠨ ‍ᠢ ᠡᠨᠡᠷᠢᠪᠡᠯ ᠪᠤᠶᠠᠨ

        ᠳᠦᠷᠪᠡᠨ ᠴᠣᠯᠭᠣᠢ
   ᠠᠷᠢᠬᠢ ᠦᠭᠡᠢ ᠬᠤᠷᠢᠮ ᠴᠤᠯᠭᠤᠢ
   ᠠᠯᠴᠢᠭᠤᠷ ᠦᠭᠡᠢ ᠬᠡᠦᠬᠡᠨ ᠴᠤᠯᠭᠤᠢ
   ᠠᠶᠠᠭ᠎ᠠ ᠦᠭᠡᠢ ᠯᠠᠮᠠ ᠴᠤᠯᠭᠤᠢ
   ᠠᠷᠠᠴᠠ ᠦᠭᠡᠢ ᠵᠤᠨ ᠴᠤᠯᠭᠤᠢ

          ᠳᠦᠷᠪᠡᠨ ᠬᠠᠷᠰᠢ
   ᠰᠢᠪᠡᠨᠡᠭᠡ ᠦᠭᠡ ᠪᠦᠯᠬᠦᠮᠳᠡᠯ ‍ᠳᠦ ᠬᠠᠷᠰᠢ
   ᠰᠢᠪᠠᠷ ᠪᠣᠷᠣᠭ᠎ᠠ ᠳᠡᠪᠡᠯ ᠎ᠳ᠋ᠦ᠍ ᠬᠠᠷᠰᠢ
   ᠶᠡᠬᠡ ᠰᠠᠨᠠᠭ᠎ᠠ ᠪᠡᠶ᠎ᠡ ‍ᠳᠦ ᠬᠠᠷᠰᠢ
   ᠢᠰᠡᠭᠡᠢ ᠬᠠᠪᠲᠠᠭ᠎ᠠ ᠲᠡᠰᠢᠶ᠎ᠡ ‍ᠳᠦ ᠬᠠᠷᠰᠢ
               
         ᠳᠦᠷᠪᠡᠨ ᠴᠣᠭᠣᠷᠣᠬᠠᠢ
   ᠣᠷᠣᠬᠤ ᠲᠡᠭᠷᠢ ‍ᠶ᠋ᠢᠨ ᠣᠷᠣᠢ ᠴᠣᠭᠣᠷᠣᠬᠠᠢ
   ᠣᠷᠣᠭᠰᠠᠨ ᠪᠤᠤᠷ᠎ᠠ ‍ᠶ᠋ᠢᠨ ᠰᠢᠯᠢ ᠴᠣᠭᠣᠷᠣᠬᠠᠢ
   ᠣᠢ ᠪᠣᠯᠤᠭ᠎ᠠ ᠬᠡᠦᠬᠡᠳ ‍ ‍ᠤᠨ ᠵᠤᠯᠠᠢ ᠴᠣᠭᠣᠷᠣᠬᠠᠢ
   ᠦᠬᠢᠨ ᠬᠥᠮᠦᠨ ‍ᠦ ᠴᠢᠬᠢ ᠴᠣᠭᠣᠷᠣᠬᠠᠢ

        ᠳᠥᠷᠪᠡᠨ ᠬᠣᠯᠪᠣᠭᠠᠲᠠᠢ
   ᠬᠦᠬᠡ ᠰᠢᠷ᠎ᠠ ᠪᠣᠳᠣᠭ ‍ᠤᠨ ᠬᠣᠯᠪᠣᠭᠠᠲᠠᠢ
   ᠬᠥᠪᠡᠭᠦᠳ ᠦᠬᠢᠳ ᠤᠷᠤᠭ ‍ᠤᠨ ᠬᠣᠯᠪᠣᠭᠠᠲᠠᠢ
   ᠬᠦᠭᠵᠢᠯ ᠰᠣᠶᠣᠯ ᠬᠦᠳᠡᠯᠮᠦᠷᠢ ‍ᠶ᠋ᠢᠨ ᠬᠣᠯᠪᠣᠭᠠᠲᠠᠢ
   ᠬᠥᠮᠦᠨ ᠮᠠᠯ ᠠᠮᠢᠳᠤᠷᠠᠯ ‍ᠤᠨ ᠬᠣᠯᠪᠣᠭᠠᠲᠠᠢ

        ᠳᠦᠷᠪᠡᠨ ᠢᠯᠭᠠᠪᠤᠷᠢᠲᠠᠢ
   ᠬᠠᠷ᠎ᠠ ᠴᠠᠭᠠᠨ ᠦᠩᠭᠡ ‍ᠶ᠋ᠢᠨ ᠢᠯᠭᠠᠪᠤᠷᠢᠲᠠᠢ
   ᠬᠠᠲᠠᠭᠤ ᠵᠥᠭᠡᠯᠡᠨ ᠴᠢᠨᠠᠷ ‍ᠤᠨ ᠢᠯᠭᠠᠪᠤᠷᠢᠲᠠᠢ
   ᠬᠠᠶ᠋ᠢᠷ᠎ᠠ ᠬᠣᠷᠣᠰᠤᠯ ᠦᠨᠳᠦᠰᠦᠨ ᠢᠯᠭᠠᠪᠤᠷᠢᠲᠠᠢ
   ᠬᠠᠯᠠᠭᠤᠨ ᠬᠦᠢᠲᠡᠨ ᠬᠡᠮᠵᠢᠭᠦᠷ ‍ᠦᠨ ᠢᠯᠭᠠᠪᠤᠷᠢᠲᠠᠢ
              
         ᠳᠦᠷᠪᠡᠨ ᠤᠷᠲᠤ
   ᠬᠣᠪᠴᠢ ᠬᠥᠮᠦᠨ ‍ᠦ ᠬᠣᠩᠰᠢᠶᠠᠷ ᠤᠷᠲᠤ
   ᠬᠣᠤᠷᠲᠤ ᠮᠣᠭᠠᠢ ‍ᠶ᠋ᠢᠨ ᠬᠡᠯᠡ ᠤᠷᠲᠤ
   ᠬᠤᠯᠠᠭᠠᠶ᠋ᠢᠴᠢ ᠬᠥᠮᠦᠨ ‍ᠦ ᠭᠠᠷ ᠤᠷᠲᠤ
   ᠬᠤᠯᠠᠭᠠᠶ᠋ᠢᠴᠢ  ᠨᠣᠬᠠᠢ ‍ᠶ᠋ᠢᠨ ᠰᠢᠳᠦ ᠤᠷᠲᠤ

        ᠳᠦᠷᠪᠡᠨ ᠬᠡᠷᠡᠭᠲᠡᠢ
   ᠠᠲᠠᠭᠠᠲᠠᠨ ‍ᠢ ᠳᠠᠷᠤᠬᠤ ‍ᠳᠤ ᠠᠷᠭ᠎ᠠ ᠬᠡᠷᠡᠭᠲᠡᠢ
   ᠠᠮᠢᠳᠤᠷᠠᠯ ‍ᠢ ᠣᠯᠬᠤ ‍ᠳᠤ ᠠᠵᠢᠯ ᠬᠡᠷᠡᠭᠲᠡᠢ
   ᠣᠶᠣᠳᠠᠯ ᠣᠶᠣᠬᠤ ‍ᠳᠤ ᠵᠡᠭᠦᠦ ᠬᠡᠷᠡᠭᠲᠡᠢ
   ᠣᠯᠠᠨ ᠎ᠲᠠᠢ ᠨᠦᠬᠦᠷᠯᠡᠬᠦ ‍ᠳᠦ ᠰᠡᠳᠬᠢᠯ ᠬᠡᠷᠡᠭᠲᠡᠢ

        ᠳᠦᠷᠪᠡᠨ ᠵᠦᠢ
   ᠠᠷᠢᠶᠠᠲᠠᠨ ‍ᠢ ᠠᠷᠭ᠎ᠠ ᠎ᠪᠠᠷ ᠪᠠᠷᠢᠬᠤ ᠵᠦᠢ
   ᠠᠳᠤᠭᠤ ‍ᠶ᠋ᠢ ᠤᠷᠭ᠎ᠠ ᠎ᠪᠠᠷ  ᠤᠷᠭᠠᠯᠠᠬᠤ ᠵᠦᠢ
   ᠠᠵᠢᠯ ‍ᠢ ᠤᠬᠠᠭᠠᠨ ‍ᠢᠶ᠋ᠠᠷ ᠬᠢᠬᠦ ᠵᠦᠢ
   ᠠᠰᠠᠭᠤᠳᠠᠯ ‍ᠢ ᠰᠤᠳᠤᠯᠤᠯ ‍ᠢᠶ᠋ᠠᠷ ᠰᠡᠶ᠋ᠢᠳᠪᠦᠷᠢᠯᠡᠬᠦ ᠵᠦᠢ
             
        ᠳᠦᠷᠪᠡᠨ ᠬᠡᠷᠡᠭᠲᠡᠢ
   ᠠᠵᠤ ᠠᠮᠢᠳᠤᠷᠠᠯ ‍ᠳᠤ ᠲᠥᠯᠥᠪᠯᠡᠭᠡ ᠬᠡᠷᠡᠭᠲᠡᠢ
   ᠠᠵᠢᠯ ᠦᠢᠯᠡᠰ ᠲᠦ ᠲᠤᠷᠰᠢᠯᠭ᠎ᠠ ᠬᠡᠷᠡᠭᠲᠡᠢ
   ᠮᠠᠯ ᠬᠠᠷᠢᠭᠤᠯᠬᠤ ‍ᠳᠤ ᠠᠷᠭ᠎ᠠ ᠬᠡᠷᠡᠭᠲᠡᠢ
   ᠮᠠᠭᠠᠳ ‍ᠢ ᠣᠯᠬᠤ ‍ᠳᠤ ᠪᠠᠷᠢᠮᠲᠠ ᠬᠡᠷᠡᠭᠲᠡᠢ

        ᠳᠦᠷᠪᠡᠨ ᠦᠭᠡᠢ
   ᠠᠪᠤ ‍ᠶ᠋ᠢᠨ ᠬᠡᠦᠬᠡᠳ ᠠᠳᠠᠯᠢ ᠦᠭᠡᠢ
   ᠠᠷᠪᠠᠨ ᠬᠤᠷᠤᠭᠤ ᠲᠡᠭᠰᠢ ᠦᠭᠡᠢ
   ᠬᠥᠮᠦᠨ ᠪᠦᠷᠢ ᠠᠳᠠᠯᠢ ᠦᠭᠡᠢ
   ᠬᠦᠯᠦᠭ ᠪᠦᠷᠢ ᠵᠢᠷᠣᠭ᠎ᠠ ᠦᠭᠡᠢ

       ᠳᠦᠷᠪᠡᠨ ᠳᠠᠭᠠᠨ᠎ᠠ
   ᠵᠠᠭᠠᠨ ᠬᠡᠳᠦᠢ ᠲᠣᠮᠣ ᠪᠣᠯᠪᠠᠴᠤ ᠵᠠᠮ ‍ᠤᠨ ᠠᠶ᠎ᠠ ‍ᠶ᠋ᠢ ᠳᠠᠭᠠᠨ᠎ᠠ
   ᠵᠠᠩᠵᠤᠨ ᠬᠡᠳᠦᠢ ᠴᠢᠳᠠᠯ ᠎ᠲᠠᠢ ᠪᠣᠯᠪᠠᠴᠤ ᠬᠠᠤᠯᠢ ‍ᠶ᠋ᠢᠨ ᠠᠶ᠎ᠠ ‍ᠶ᠋ᠢ ᠳᠠᠭᠠᠨ᠎ᠠ
   ᠭᠠᠩ ᠬᠡᠳᠦᠢ ᠬᠠᠲᠠᠭᠤ ᠪᠣᠯᠪᠠᠴᠤ ᠭᠠᠯ ‍ᠤᠨ ᠠᠶ᠎ᠠ ‍ᠶ᠋ᠢ ᠳᠠᠭᠠᠨ᠎ᠠ
   ᠭᠠᠩᠭ᠎ᠠ ᠮᠦᠷᠡᠨ ᠪᠣᠯᠪᠠᠴᠤ ᠭᠠᠵᠠᠷ ‍ᠤᠨ ᠠᠶ᠎ᠠ ‍ᠶ᠋ᠢ ᠳᠠᠭᠠᠨ᠎ᠠ

         ᠳᠥᠷᠪᠡᠨ ᠦᠭᠡᠢ
   ᠴᠠᠭ ᠴᠠᠭ ᠶ᠋ᠢᠠᠷ  ᠶ᠋ᠢᠠᠨ ᠪᠠᠶ᠋ᠢᠲᠠᠭ ᠦᠭᠡᠢ
   ᠴᠠᠬᠢᠯᠲᠠᠭ ᠬᠥᠬᠡ ᠪᠡᠷ ᠶ᠋ᠢᠡᠨ ᠪᠠᠶ᠋ᠢᠲᠠᠭ ᠦᠭᠡᠢ
   ᠥᠩᠭᠡ ᠥᠩᠭᠡ ᠪᠡᠷ ᠶ᠋ᠢᠠᠨ ᠪᠠᠶ᠋ᠢᠲᠠᠭ ᠦᠭᠡᠢ
   ᠡᠪᠡᠰᠦ ᠬᠥᠬᠡ ᠪᠡᠷ ᠶ᠋ᠢᠡᠨ ᠪᠠᠶ᠋ᠢᠲᠠᠭ ᠦᠭᠡᠢ

       ᠳᠥᠷᠪᠡᠨ ᠨᠢᠭᠡ
   ᠠᠶ᠋ᠢᠯ ᠠᠶ᠋ᠢᠮᠠᠭ ᠦ᠋ᠨ ᠦᠭᠡ ᠨᠢ ᠨᠢᠭᠡ
   ᠠᠨᠵᠢᠰᠤᠨ ᠦᠬᠡᠷ ᠦ᠋ᠨ ᠲᠥᠷᠥ ᠨᠢ ᠨᠢᠭᠡ
   ᠠᠲᠤᠭᠤ ᠮᠠᠯ ᠦ᠋ᠨ ᠪᠡᠯᠴᠢᠭᠡᠷ ᠨᠢ ᠨᠢᠭᠡ
   ᠠᠬ᠎ᠠ ᠳᠡᠭᠦᠦ ᠶ᠋ᠢᠨ ᠥᠮᠴᠢ ᠨᠢ  ᠨᠢᠭᠡ

       ᠳᠥᠷᠪᠡᠨ ᠮᠡᠲᠡᠬᠦ ᠦᠭᠡᠢ
   ᠬᠥᠮᠦᠨ ᠪᠡᠶ᠎ᠡ ᠪᠡᠨ ᠨᠢᠭᠡ ᠮᠡᠲᠡᠬᠦ ᠦᠭᠡᠢ
   ᠬᠦᠷᠡᠨ᠎ᠡ ᠦᠮᠡᠬᠡᠢ ᠪᠡᠨ ᠨᠢᠭᠡ ᠮᠡᠲᠡᠬᠦ ᠦᠭᠡᠢ
   ᠮᠣᠭᠠᠢ ᠮᠥᠷ ᠶ᠋ᠢᠡᠨ ᠨᠢᠭᠡ ᠮᠡᠲᠡᠬᠦ ᠦᠭᠡᠢ
   ᠮᠤᠤᠷ ᠵᠠᠩ ᠶ᠋ᠢᠠᠨ ᠨᠢᠭᠡ ᠮᠡᠲᠡᠬᠦ ᠦᠭᠡᠢ

       ᠳᠥᠷᠪᠡᠨ ᠬᠡᠴᠡᠭᠦᠦ
   ᠬᠠᠶ᠋ᠢᠷᠠᠲᠠᠢ ᠡᠬᠡᠨᠡᠷ ᠦ᠋ᠨ ᠰᠡᠵᠢᠭ᠌ᠯᠡᠬᠦ ᠨᠢ ᠬᠡᠴᠡᠭᠦᠦ
   ᠬᠠᠯᠠ ᠲᠠᠢ ᠬᠠᠲᠠᠮ ᠦ᠋ᠨ ᠬᠠᠯᠠ ᠨᠢ ᠬᠡᠴᠡᠭᠦᠦ
   ᠪᠣᠲᠣᠭᠣ ᠲᠠᠢ ᠢᠩᠭᠡ ᠶ᠋ᠢᠨ ᠪᠤᠶ᠋ᠢᠯᠠᠬᠤ ᠨᠢ ᠬᠡᠴᠡᠭᠦᠦ
   ᠪᠤᠬᠠᠨᠲᠠᠢ ᠪᠢᠷᠠᠭᠤ ᠶ᠋ᠢᠨ ᠠᠭᠠᠰᠢᠯᠠᠬᠤ ᠨᠢ ᠬᠡᠴᠡᠭᠦᠦ

       ᠳᠥᠷᠪᠡᠨ ᠴᠢᠬᠤᠯᠠ
   ᠡᠷ᠎ᠡ ᠪᠡᠶ᠎ᠡ ᠳ᠋ᠤᠷ ᠠᠮᠢ ᠨᠢᠭᠡ ᠴᠢᠬᠤᠯᠠ
   ᠡᠨᠡ ᠨᠠᠰᠤᠨ ᠳ᠋ᠤᠷ ᠦᠢᠯᠡᠰ ᠨᠢᠭᠡ ᠴᠢᠬᠤᠯᠠ
   ᠡᠷᠡᠮᠡᠬᠡᠢ ᠬᠦᠴᠦᠨ ᠳ᠋ᠤᠷ ᠡᠷᠲᠡᠮ ᠨᠢᠭᠡ ᠴᠢᠬᠤᠯᠠ
   ᠡᠷᠢᠯ ᠬᠦᠰᠡᠯ ᠳ᠋ᠤᠷ ᠵᠣᠷᠢᠬ ᠨᠢᠭᠡ ᠴᠢᠬᠤᠯᠠ

       ᠳᠥᠷᠪᠡᠨ ᠰᠠᠶ᠋ᠢᠬᠠᠨ
   ᠡᠳ᠋ ᠮᠥᠩᠭᠥ ᠨᠢᠭᠡ ᠰᠠᠶ᠋ᠢᠬᠠᠨ
   ᠡᠷᠴᠢ ᠵᠣᠷᠢᠬ ᠨᠢᠭᠡ ᠰᠠᠶ᠋ᠢᠬᠠᠨ
   ᠡᠷᠢᠯ ᠬᠦᠰᠡᠯ ᠨᠢᠭᠡ ᠰᠠᠶ᠋ᠢᠬᠠᠨ
   ᠡᠷᠬᠡ ᠴᠢᠯᠥᠭᠡ ᠨᠢᠭᠡ ᠰᠠᠶ᠋ᠢᠬᠠᠨ

       ᠳᠥᠷᠪᠡᠨ ᠰᠠᠶ᠋ᠢᠬᠠᠨ
   ᠤᠷᠭᠤᠮᠠᠯ ᠦ᠋ᠨ ᠳᠣᠲᠣᠷ᠎ᠠ ᠴᠡᠴᠡᠭ ᠰᠠᠶ᠋ᠢᠬᠠᠨ
   ᠤᠴᠢᠷ ᠦ᠋ᠨ ᠳᠣᠲᠣᠷ᠎ᠠ ᠶᠣᠰᠣ ᠰᠠᠶ᠋ᠢᠬᠠᠨ
   ᠬᠥᠲᠡᠯᠬᠦ ᠠᠮᠢᠲᠠᠨ ‍ᠳᠦ ᠬᠥᠮᠦᠨ ᠰᠠᠶ᠋ᠢᠬᠠᠨ
   ᠬᠥᠮᠦᠵᠢᠬᠦ ᠨᠠᠰᠤᠨ ‍ᠳᠦ ᠬᠡᠦᠬᠡᠳ ᠰᠠᠶ᠋ᠢᠬᠠᠨ

       ᠳᠥᠷᠪᠡᠨ ᠰᠤᠯᠠ
   ᠬᠠᠵᠠᠭᠠᠷ ᠦᠭᠡᠢ ᠮᠣᠷᠢ ᠨᠢᠭᠡ ᠰᠤᠯᠠ  
   ᠬᠠᠲᠠᠮ ᠦᠭᠡᠢ ᠪᠡᠷᠢ ᠨᠢᠭᠡ ᠰᠤᠯᠠ
   ᠳᠠᠪᠤᠰᠤ ᠦᠭᠡᠢ ᠴᠠᠢ ᠨᠢᠭᠡ ᠰᠤᠯᠠ
   ᠳᠠᠪᠠᠷᠬᠠᠢ ᠦᠭᠡᠢ ᠬᠤᠶ᠋ᠢᠴᠢᠩ ᠨᠢᠭᠡ ᠰᠤᠯᠠ

       ᠳᠥᠷᠪᠡᠨ ᠴᠢᠮᠡᠭ
   ᠠᠭᠤᠯᠠᠨ ᠳᠡᠭᠡᠷ᠎ᠡ ᠨᠠᠷᠠᠰᠤ ᠴᠢᠮᠡᠭ
   ᠤᠷᠭᠤᠮᠠᠯ ᠦ᠋ᠨ ᠳᠤᠮᠳᠠ ᠴᠡᠴᠡᠭ ᠴᠢᠮᠡᠭ
   ᠤᠷᠢ ᠨᠠᠰᠤᠨ ‍ᠳᠦ  ᠮᠡᠲᠡᠯᠭᠡ ᠴᠢᠮᠡᠭ
   ᠤᠷᠠᠨ ᠮᠡᠷᠭᠡᠵᠢᠯ ᠪᠡᠶ᠎ᠡ ‍ᠳᠦ ᠴᠢᠮᠡᠭ


       ᠳᠥᠷᠪᠡᠨ ᠰᠠᠶ᠋ᠢᠬᠠᠨ
   ᠵᠥᠭᠡᠭᠡᠵᠦ ᠪᠠᠭᠤᠬᠤ ‍ᠳᠦ ᠵᠦᠯᠭᠡ ᠰᠠᠶ᠋ᠢᠬᠠᠨ
   ᠵᠥᠪᠯᠡᠵᠦ ᠶᠠᠷᠢᠬᠤ ‍ᠳᠦ ᠠᠪᠤ ᠰᠠᠶ᠋ᠢᠬᠠᠨ
   ᠡᠷᠭᠢᠵᠦ ᠪᠠᠭᠤᠬᠤ ‍ᠳᠦ ᠡᠵᠢ ᠰᠠᠶ᠋ᠢᠬᠠᠨ
   ᠡᠷᠭᠢᠭᠦᠯᠵᠦ ᠮᠥᠯᠵᠢᠬᠦ ‍ᠳᠦ ᠬᠦᠵᠦᠭᠦᠦ ᠰᠠᠶ᠋ᠢᠬᠠᠨ
  
       ᠳᠥᠷᠪᠡᠨ ᠵᠢᠮᠰᠡᠭ
   ᠰᠠᠭᠠᠲᠠᠭ ᠨᠤᠮᠤ ᠡᠷ᠎ᠡ ᠶ᠋ᠢᠨ ᠵᠢᠮᠰᠡᠭ
   ᠰᠠᠭᠯᠠᠭᠠᠷ ᠮᠣᠲᠣ ᠠᠭᠤᠯᠠ ᠶ᠋ᠢᠨ ᠵᠢᠮᠰᠡᠭ
   ᠰᠠᠵᠢᠯᠬ᠋᠎ᠠ ᠰᠦᠢᠬᠡ ᠡᠮ᠎ᠡ ᠶ᠋ᠢᠨ ᠵᠢᠮᠰᠡᠭ
   ᠰᠠᠢᠨ ᠡᠬᠡᠨᠡᠷ ᠭᠡᠷ ᠦ᠋ᠨ ᠵᠢᠮᠰᠡᠭ

       ᠳᠥᠷᠪᠡᠨ ᠴᠢᠮᠡᠭ
   ᠣᠭᠲᠠᠷᠭᠤᠢ ᠶ᠋ᠢᠨ ᠳᠤᠮᠳᠠ ᠣᠲᠣ ᠴᠢᠮᠡᠭ
   ᠣᠷᠭᠢᠯ ‍ᠳᠦ ᠮᠠᠴᠤᠬᠤ ‍ᠳᠦ ᠡᠷᠲᠡᠮ ᠴᠢᠮᠡᠭ
   ᠤᠰᠤᠨ ᠳᠣᠲᠣᠷ᠎ᠠ ᠰᠤᠪᠤᠳ ᠴᠢᠮᠡᠭ
   ᠣᠶᠤᠨ ᠰᠠᠨᠠᠭᠠᠨ ‍ᠳᠦ ᠤᠬᠠᠭᠠᠨ ᠴᠢᠮᠡᠭ

       ᠲᠠᠪᠤᠨ ᠲᠣᠭᠰᠢᠨ
   ᠡᠪᠡᠰᠦᠨ ‍ᠳᠦ ᠣᠷᠣᠭᠰᠠᠨ ᠲᠦᠢᠮᠡᠷ ᠲᠣᠭᠰᠢᠨ
   ᠡᠮᠡᠭᠡᠯ ᠶ᠋ᠢᠡᠨ ᠬᠥᠨᠭᠭᠡᠯᠡᠭᠰᠡᠨ ᠮᠣᠷᠢ ᠲᠣᠭᠰᠢᠨ
   ᠡᠷᠬᠢ ᠪᠡᠨ ᠬᠠᠯᠢᠬᠰᠠᠨ ᠤᠰᠤ ᠲᠣᠭᠰᠢᠨ
   ᠡᠵᠡᠨ ᠶ᠋ᠢᠡᠨ ᠠᠶᠤᠯᠭᠠᠭᠰᠠᠨ ᠠᠯᠪᠠᠲᠤ ᠲᠣᠭᠰᠢᠨ
   ᠡᠷ᠎ᠡ ᠪᠡᠨ ᠡᠵᠡᠯᠡᠭᠰᠡᠨ ᠡᠬᠡᠨᠡᠷ ᠲᠣᠭᠰᠢᠨ

       ᠲᠠᠪᠤᠨ ᠠᠷᠢᠭᠤᠨ
   ᠡᠨᠡᠷᠢᠯᠲᠦ ᠡᠵᠢ ᠶ᠋ᠢᠨ ᠰᠦ᠋ ᠨᠢᠭᠡ ᠠᠷᠢᠭᠤᠨ
   ᠡᠴᠢᠭᠡ ᠬᠦᠮᠦᠨ ᠪ ᠰᠡᠤᠠᠬᠢᠯ ᠨᠢᠭᠡ ᠠᠷᠢᠭᠤᠨ
   ᠡᠷᠲᠡᠮᠲᠦ ᠪᠠᠭᠰᠢ ᠶ᠋ᠢᠨ ᠰᠤᠷᠭᠠᠯ ᠨᠢᠭᠡ ᠠᠷᠢᠭᠤᠨ
   ᠡᠬᠡ ᠣᠷᠣᠨᠴᠢ ᠶ᠋ᠢᠨ ᠵᠢᠤᠠᠬᠦᠯ ᠨᠢᠭᠡ ᠠᠷᠢᠭᠤᠨ
   ᠡᠷᠬᠡ ᠴᠢᠯᠥᠭᠡᠨ ᠪ ᠬᠦᠰᠡᠯ ᠨᠢᠭᠡ ᠠᠷᠢᠭᠤᠨ
 
       ᠲᠠᠪᠤᠨ ᠭᠡᠭᠡᠬᠡᠨ
   ᠰᠠᠷᠠᠭᠤᠯ ᠰᠥᠨᠢ ᠶ᠋ᠢᠨ ᠰᠠᠷᠠ ᠭᠡᠭᠡᠬᠡᠨ
   ᠰᠠᠢᠨ ᠬᠦᠮᠦᠨ ᠪ ᠰᠠᠨᠠᠬ᠋᠎ᠠ ᠭᠡᠭᠡᠬᠡᠨ
   ᠭᠡᠭᠡᠪᠴᠢ ᠲᠤᠩᠭᠠᠯᠠᠭ ᠭᠡᠷ ᠭᠡᠭᠡᠬᠡᠨ
   ᠭᠡᠮ ᠦᠭᠡᠢ ᠨᠣᠶᠠᠨ ᠭᠡᠭᠡᠬᠡᠨ
   ᠬᠬᠢᠷ ᠦᠭᠡᠢ ᠲᠣᠯᠢ ᠭᠡᠭᠡᠬᠡᠨ

       ᠲᠠᠪᠤᠨ ᠬᠦᠴᠦᠲᠡᠢ
   ᠠᠭᠯᠠᠭ ᠠᠭᠤᠯᠠᠨ ‍ᠳᠦ ᠠᠷᠰᠯᠠᠨ ᠬᠦᠴᠦᠲᠡᠢ
   ᠠᠷᠬ᠋᠎ᠠ ᠤᠬᠠᠭᠠᠨᠲᠤ ᠬᠦᠮᠦᠨ ᠬᠦᠴᠦᠲᠡᠢ
   ᠪᠠᠯᠠᠷ ᠣᠢ ‍ᠳᠦ ᠪᠠᠷᠰ ᠬᠦᠴᠦᠲᠡᠢ
   ᠪᠠᠶ᠋ᠢᠯᠲᠤᠵᠤ ᠲᠤᠯᠤᠯᠲᠤᠬᠤ ‍ᠳᠦ ᠵᠡᠪᠰᠡᠭ ᠬᠦᠴᠦᠲᠡᠢ
   ᠪᠠᠭᠠᠲᠤᠷ ᠡᠷ᠎ᠡ ‍ᠳᠦ ᠪᠣᠲᠣᠯᠬ᠋᠎ᠠ ᠬᠦᠴᠦᠲᠡᠢ

       ᠲᠠᠪᠤᠨ ᠨᠣᠭᠣᠭᠠᠨ
   ᠤᠷᠭᠤᠮᠠᠯ ᠪᠣᠲᠠᠰ ᠦ᠋ᠨ ᠨᠠᠪᠴᠢ ᠨᠢᠭᠡ ᠨᠣᠭᠣᠭᠠᠨ
   ᠣᠭ᠌ᠶᠤ ᠪᠣᠯᠣᠷ ᠦ᠋ᠨ ᠴᠣᠭᠴᠠ ᠨᠢᠭᠡ ᠨᠣᠭᠣᠭᠠᠨ
   ᠤᠰᠤᠲᠤ ᠨᠠᠭᠤᠷ ᠦ᠋ᠨ ᠴᠡᠭᠡᠯ ᠨᠢᠭᠡ ᠨᠣᠭᠣᠭᠠᠨ
   ᠥᠩᠭᠡᠲᠦ ᠰᠣᠯᠣᠩᠬ᠋᠎ᠠ ᠶ᠋ᠢᠨ ᠡᠮᠵᠢᠶᠡᠷᠢ ᠨᠢᠭᠡ ᠨᠣᠭᠣᠭᠠᠨ
   ᠥᠨᠲᠥᠷ ᠠᠭᠤᠯᠠ ᠶ᠋ᠢᠨ ᠨᠠᠷᠠᠰᠤ ᠨᠢᠭᠡ ᠨᠣᠭᠣᠭᠠᠨ

       ᠲᠠᠪᠤᠨ ᠠᠶᠤᠯ
   ᠭᠠᠯᠵᠠᠭᠤ ᠲᠣᠭᠰᠢᠨ ᠭᠠᠯ ᠦ᠋ᠨ ᠠᠶᠤᠯ
   ᠭᠠᠷᠤᠵᠠ ᠶᠡᠬᠡᠲᠦ ᠤᠰᠤᠨ ᠪ ᠠᠶᠤᠯ
   ᠭᠠᠰᠠᠯᠠᠩ ᠵᠣᠪᠠᠯᠠᠩᠲᠤ ᠳᠠᠶ᠋ᠢᠨ ᠪ ᠠᠶᠤᠯ
   ᠭᠠᠢ ᠶᠡᠬᠡᠲᠦ ᠬᠣᠷᠣᠬᠠᠢ ᠶ᠋ᠢᠨ ᠠᠶᠤᠯ
   ᠭᠠᠴᠠᠭᠠᠨ ᠵᠣᠪᠠᠭᠠᠬᠤ ‍ᠳᠦ ᠡᠪᠡᠤᠠᠴᠢᠨ ᠪ ᠠᠶᠤᠯ

       ᠵᠢᠷᠭᠤᠭᠠᠨ ᠮᠠᠭᠤ
   ᠬᠣᠶᠠᠷ ᠦᠵᠦᠭᠦᠷ ᠲᠡᠢ ᠬᠣᠩᠰᠢᠶᠠᠷ ᠮᠠᠭᠤ
   ᠬᠤᠷᠤᠭᠤ ᠬᠢᠮᠤᠰᠤ ᠲᠠᠢ ᠬᠤᠯᠠᠭᠠᠶ᠋ᠢᠴᠢ ᠮᠠᠭᠤ
   ᠬᠤᠶᠠᠯᠢ ᠵᠠᠩ ᠲᠠᠢ ᠡᠬᠡᠨᠡᠷ ᠮᠠᠭᠤ
   ᠬᠣᠪᠲᠣᠭ ᠰᠠᠨᠠᠬ᠋᠎ᠠ ᠲᠠᠢ ᠨᠣᠶᠠᠳ ᠮᠠᠭᠤ
   ᠬᠤᠯᠵᠢᠨ ᠠᠷᠬ᠋᠎ᠠ ᠲᠠᠢ ᠠᠮᠢᠲᠠᠨ ᠮᠠᠭᠤ
   ᠬᠣᠣᠷᠲᠤ ᠮᠡᠬᠡ ᠲᠡᠢ ᠬᠦᠮᠦᠨ ᠮᠠᠭᠤ

       ᠲᠠᠪᠤᠨ ᠵᠠᠰᠠᠯ
   ᠡᠮᠡᠭᠡᠯ ᠬᠠᠵᠠᠭᠠᠷ ᠮᠣᠷᠢᠨ ᠪ ᠵᠠᠰᠠᠯ
   ᠡᠭᠡᠮᠦᠭ ᠰᠦᠢᠬᠡ ᠴᠢᠬᠢᠨ ᠪ ᠵᠠᠰᠠᠯ
   ᠡᠷᠲᠡᠮ ᠨᠣᠮ ᠪᠡᠶ᠎ᠡ ᠶ᠋ᠢᠨ ᠵᠠᠰᠠᠯ
   ᠡᠷᠲᠡᠨᠢ ᠮᠥᠩᠭᠥ ᠠᠮᠢᠲᠤᠷᠠᠯ ᠦ᠋ᠨ ᠵᠠᠰᠠᠯ
   ᠡᠶ᠎ᠡ ᠨᠠᠶ᠋ᠢᠷ ᠨᠥᠬᠥᠷᠯᠡᠯ ᠦ᠋ᠨ ᠵᠠᠰᠠᠯ

       ᠵᠢᠷᠭᠤᠭᠠᠨ ᠪᠥᠬᠡ
   ᠠᠯᠪᠠᠨ ᠵᠠᠷᠤᠴᠠ ᠶ᠋ᠢᠨ ᠠᠮᠠ ᠨᠢ ᠪᠥᠬᠡ
   ᠠᠯᠠᠭᠰᠠᠨ ᠲᠠᠷᠪᠠᠭᠠᠨ ᠪ ᠵᠡᠪᠡᠵᠢ ᠨᠢ ᠪᠥᠬᠡ
   ᠢᠴᠠᠬᠦ ᠦᠭᠡᠢ ᠬᠥᠮᠦᠨ ᠪ ᠨᠢᠭᠤᠷ ᠨᠢ ᠪᠥᠬᠡ
   ᠦᠬᠦᠬᠦ ᠦᠭᠡᠢ ᠮᠠᠯ ᠦ᠋ᠨ ᠠᠮᠢ ᠨᠢ ᠪᠥᠬᠡ
   ᠬᠦᠮᠦᠨ ᠪ ᠮᠣᠷᠢ ᠶ᠋ᠢᠨ ᠨᠢᠷᠤᠭᠤ ᠨᠢ ᠪᠥᠬᠡ
   ᠬᠦᠷᠭᠡᠨ ᠬᠦᠮᠦᠨ ᠪ ᠬᠦᠵᠦᠭᠦᠦ ᠨᠢ ᠪᠥᠬᠡ

       ᠳᠦᠷᠪᠡᠨ ᠬᠤᠷᠴᠠ
   ᠡᠭᠦᠯᠡ ᠡᠴᠡ ᠭᠠᠷᠤᠭᠰᠠᠨ ᠨᠠᠷᠠ ᠬᠤᠷᠴᠠ
   ᠡᠭᠦᠲᠡ ᠡᠴᠡ ᠭᠠᠷᠤᠭᠰᠠᠨ ᠪᠣᠱᠣᠭᠣ ᠬᠤᠷᠴᠠ
   ᠦᠬᠦᠬᠦ ᠬᠦᠮᠦᠨ ᠪ ᠨᠢᠲᠦ ᠬᠤᠷᠴᠠ
   ᠦᠭᠡᠶ᠋ᠢᠷᠡᠬᠦ ᠬᠥᠮᠦᠨ ᠪ ᠰᠢᠲᠦ ᠬᠤᠷᠴᠠ
  
       ᠵᠢᠷᠭᠤᠭᠠᠨ ᠭᠦᠢᠴᠡᠤᠠᠬᠡᠬᠦ
   ᠡᠴᠢᠭᠡ ᠡᠬᠡ ᠶ᠋ᠢ ᠡᠯᠪᠡᠷᠢᠯ ᠶ᠋ᠢᠡᠷ ᠭᠦᠢᠴᠡᠤᠠᠬᠡᠬᠦ
   ᠡᠪᠦᠭᠡᠳ ᠬᠥᠭᠰᠢᠳ ᠊ᠢ ᠬᠦᠨᠲᠦᠯᠡᠯ ᠶ᠋ᠢᠡᠷ ᠭᠦᠢᠴᠡᠤᠠᠬᠡᠬᠦ
   ᠡᠩ ᠦ᠋ᠨ ᠬᠥᠮᠦᠰ ᠊ᠢ ᠨᠠᠶ᠋ᠢᠷ ᠶ᠋ᠢᠠᠷ ᠭᠦᠢᠴᠡᠤᠠᠬᠡᠬᠦ
   ᠠᠬ᠎ᠠ ᠶᠡᠬᠡᠰ ᠊ᠢ ᠳᠡᠭᠦᠦᠴᠢᠯᠡᠯ ᠶ᠋ᠢᠡᠷ ᠭᠦᠢᠴᠡᠤᠠᠬᠡᠬᠦ
   ᠠᠲᠠᠯᠢ ᠵᠡᠷᠭᠡ ᠶ᠋ᠢ ᠡᠶᠡᠯᠳᠡᠭ ᠶ᠋ᠢᠡᠷ ᠭᠦᠢᠴᠡᠤᠠᠬᠡᠬᠦ
   ᠠᠯᠤᠰ ᠬᠣᠯᠠ ᠶ᠋ᠢ ᠰᠡᠤᠠᠬᠢᠯ ᠶ᠋ᠢᠡᠷ ᠭᠦᠢᠴᠡᠤᠠᠬᠡᠬᠦ

         ᠳᠥᠷᠪᠡᠨ ᠪᠡᠷᠬᠡ
   ᠥᠪᠡᠷ ᠶ᠋ᠢᠡᠨ ᠡᠰᠡ ᠬᠢᠴᠢᠶᠡᠪᠡᠰᠦ ᠪᠤᠰᠤᠳ ᠊ᠢ ᠰᠤᠷᠭᠠᠬᠤ ᠪᠡᠷᠬᠡ
   ᠦᠨᠡᠨ ᠬᠤᠲᠠᠯ ᠊ᠢ ᠡᠰᠡ ᠢᠯᠭᠠᠪᠠᠰᠤ ᠦᠢᠯᠡᠰ ᠪᠦᠲᠦᠭᠡᠬᠦ ᠪᠡᠷᠬᠡ
   ᠥᠭᠯᠢᠭᠡ ᠵᠠᠷᠤᠯᠬ᠋᠎ᠠ ᠶ᠋ᠢ ᠡᠰᠡ ᠲᠡᠬ᠋ᠰᠢᠯᠡᠪᠡᠰᠦ ᠡᠳ᠋ ᠲᠡᠢ ᠪᠣᠯᠬᠤ ᠪᠡᠷᠬᠡ
   ᠥᠪᠡᠷ ᠪᠤᠰᠤᠳ ᠊ᠢ ᠡᠰᠡ ᠠᠲᠠᠯᠢᠤᠠᠬᠠᠪᠠᠰᠤ ᠪᠤᠶᠠᠨᠲᠠᠢ ᠪᠣᠯᠬᠤ ᠪᠡᠷᠬᠡ


      ᠨᠠᠢ᠍ᠮᠠᠨ ᠣᠯᠠᠨ
   ᠰᠠᠢᠨ ᠬᠥᠮᠦᠨ ‍ᠳᠦ ᠲᠠᠯ᠎ᠠ ᠨᠢᠭᠡ ᠣᠯᠠᠨ
   ᠮᠠᠭᠤ ᠬᠥᠮᠦᠨ ‍ᠳᠦ ᠶᠠᠯ᠎ᠠ ᠨᠢᠭᠡ ᠣᠯᠠᠨ
   ᠰᠠᠢᠨ ᠶᠠᠪᠤᠬᠤ ‍ᠳᠦ ᠰᠠᠶ᠋ᠢᠳ ᠨᠢᠭᠡ ᠣᠯᠠᠨ
   ᠰᠠᠭᠠᠷ ᠶᠠᠪᠤᠬᠤ ‍ᠳᠦ ᠳᠠᠶ᠋ᠢᠰᠤᠨ ᠨᠢᠭᠡ ᠣᠯᠠᠨ
   ᠡᠴᠡᠭᠰᠡᠨ ᠮᠣᠷᠢᠨ ‍ᠳᠦ ᠲᠠᠰᠢᠭᠤᠷ ᠨᠢᠭᠡ ᠣᠯᠠᠨ
   ᠶᠠᠲᠠᠭᠰᠠᠨ ᠬᠥᠮᠦᠨ ‍ᠳᠦ ᠨᠣᠶᠠᠨ ᠨᠢᠭᠡ ᠣᠯᠠᠨ 
   ᠡᠲᠦᠷ ᠦ᠋ᠨ ᠬᠣᠭᠣᠯᠠᠨ ‍ᠳᠦ ᠡᠵᠡᠨ ᠨᠢᠭᠡ ᠣᠯᠠᠨ
   ᠥᠨᠥᠴᠢᠨ ᠬᠥᠮᠦᠨ ‍ᠳᠦ ᠵᠠᠩᠲᠤᠷᠤᠭᠴᠢ ᠨᠢᠭᠡ ᠣᠯᠠᠨ

       ᠨᠠᠢ᠍ᠮᠠᠨ ᠬᠠᠷ᠎ᠠ
   ᠳᠡᠭᠡᠭᠦᠷ ᠡᠷᠭᠢᠴᠡᠬᠦ ᠬᠡᠷᠢᠶ᠎ᠡ ᠬᠠᠷ᠎ᠠ
   ᠳᠡᠯᠡᠬᠡᠢ ‍ᠳᠦ ᠪᠠᠶ᠋ᠢᠬ᠋᠎ᠠ ᠭᠠᠬᠠᠢ ᠬᠠᠷ᠎ᠠ
   ᠳ᠋ᠸᠩ ᠦᠭᠡᠢ ᠪᠠᠶ᠋ᠢᠰᠢᠩ ᠬᠠᠷ᠎ᠠ
   ᠳᠡᠪᠢᠭᠦᠷ ᠦᠭᠡᠢ ᠪᠤᠲᠠᠬ᠋᠎ᠠ ᠬᠠᠷ᠎ᠠ
   ᠵᠤᠤᠬᠠᠨ ᠳᠣᠲᠣᠷᠠᠬᠢ ᠬᠥ ᠬᠠᠷ᠎ᠠ
   ᠵᠤᠯᠠᠨ ᠳᠣᠲᠣᠷᠠᠬᠢ ᠪᠠᠤᠠᠮ᠎ᠠ ᠬᠠᠷ᠎ᠠ
   ᠰᠦ᠋ ᠦᠭᠡᠢ ᠴᠠᠢ ᠬᠠᠷ᠎ᠠ
   ᠰᠦᠵᠢᠭ ᠦᠭᠡᠢ ᠰᠡᠤᠠᠬᠢᠯ ᠬᠠᠷ᠎ᠠ

       ᠶᠢᠰᠦᠨ ᠤᠯᠠᠭᠠᠨ
   ᠵᠢᠩᠰᠡᠲᠦ ᠮᠠᠯᠠᠭᠠᠢ ᠶ᠋ᠢᠨ ᠵᠠᠯᠠᠬ᠋᠎ᠠ ᠤᠯᠠᠭᠠᠨ
   ᠲᠡᠷᠢᠭᠦᠨ ᠲᠠᠶ᠋ᠢᠵᠢ ᠶ᠋ᠢᠨ ᠵᠢᠩᠰᠡ ᠤᠯᠠᠭᠠᠨ
   ᠵᠢᠷᠠᠨ ᠰᠠᠶ᠋ᠢᠳ ᠦ᠋ᠨ ᠵᠠᠯᠠᠬ᠋᠎ᠠ ᠤᠯᠠᠭᠠᠨ
   ᠵᠠᠭᠤᠲᠠᠭ ᠨᠣᠬᠠᠢ ᠶ᠋ᠢᠨ ᠠᠮᠠ ᠤᠯᠠᠭᠠᠨ
   ᠵᠠᠭᠤᠲᠠᠭ ᠪᠤᠤᠷ᠎ᠠ ᠶ᠋ᠢᠨ ᠰᠢᠯᠢ ᠤᠯᠠᠭᠠᠨ 
   ᠠᠯᠠᠭᠰᠠᠨ ᠮᠠᠯ ᠦ᠋ᠨ ᠴᠢᠰᠤ ᠤᠯᠠᠭᠠᠨ
   ᠠᠯᠠᠭᠠᠴᠢ ᠬᠥᠮᠦᠨ ᠪ ᠭᠠᠨᠵᠤᠬ᠋᠎ᠠ ᠤᠯᠠᠭᠠᠨ
   ᠬᠠᠲᠠ ᠲᠠᠢ ᠭᠠᠵᠠᠷ ᠦ᠋ᠨ ᠦᠨᠡᠭᠡ ᠤᠯᠠᠭᠠᠨ
   ᠮᠣᠲᠣ ᠲᠠᠢ ᠭᠠᠵᠠᠷ ᠦ᠋ᠨ ᠵᠣᠲᠣᠭ ᠤᠯᠠᠭᠠᠨ
          ( ᠬᠠᠯᠬ᠎ᠠ ‍ᠳᠦ)

       ᠶᠢᠰᠦᠨ ᠤᠯᠠᠭᠠᠨ
   ᠤᠷᠭᠤᠬᠤ ᠨᠠᠷᠠᠨ ᠪ ᠭᠡᠷᠡᠯ ᠨᠢᠭᠡ ᠤᠯᠠᠭᠠᠨ
   ᠠᠯᠢᠮ᠎ᠠ ᠵᠢᠮᠢᠰ ᠦ᠋ᠨ ᠬᠠᠴᠠᠷ ᠨᠢᠭᠡ ᠤᠯᠠᠭᠠᠨ
   ᠠᠯᠪᠠᠨ ᠲᠠᠮᠠᠬ᠋᠎ᠠ ᠶ᠋ᠢᠨ ᠦᠰᠦᠭ ᠨᠢᠭᠡ ᠤᠯᠠᠭᠠᠨ
   ᠡᠷᠡᠭᠴᠢᠨ ᠲᠠᠬᠢᠶ᠎ᠠ ᠶ᠋ᠢᠨ ᠴᠡᠴᠡᠭ ᠨᠢᠭᠡ ᠤᠯᠠᠭᠠᠨ
   ᠡᠭᠡᠮᠦᠭ ᠰᠦᠢᠬᠡ ᠶ᠋ᠢᠨ ᠱ᠌ᠢᠷᠦ ᠨᠢᠭᠡ ᠤᠯᠠᠭᠠᠨ
   ᠵᠡᠭᠡᠷᠲᠡ ᠮᠣᠷᠢᠨ ᠪ ᠵᠢᠰᠦ ᠨᠢᠭᠡ ᠤᠯᠠᠭᠠᠨ
   ᠵᠢᠲᠠ ᠰᠡᠷᠡᠭᠡ ᠶ᠋ᠢᠨ ᠵᠠᠯᠠᠬ᠋᠎ᠠ ᠨᠢᠭᠡ ᠤᠯᠠᠭᠠᠨ
   ᠵᠢᠩᠰᠡᠲᠦ ᠮᠠᠯᠠᠭᠠᠢ ᠶ᠋ᠢᠨ ᠣᠲᠣᠬ᠋᠎ᠠ ᠨᠢᠭᠡ ᠤᠯᠠᠭᠠᠨ
   ᠵᠠᠭᠤᠲᠠᠭ ᠨᠣᠬᠠᠢ ᠶ᠋ᠢᠨ ᠠᠮᠠ ᠨᠢᠭᠡ ᠤᠯᠠᠭᠠᠨ
           ( ᠬᠣᠷᠴᠢᠨ ‍ᠳᠦ)
 
      ᠠᠷᠪᠠᠨ ᠴᠠᠭᠠᠨ
   ᠴᠠᠭ ᠦ᠋ᠨ ᠬᠤᠷ᠎ᠠ ‍ᠳᠦ ᠴᠠᠰᠤ ᠨᠢᠭᠡ ᠴᠠᠭᠠᠨ 
   ᠴᠡᠪᠡᠷ ᠪᠠᠶ᠋ᠢᠰᠢᠩ ᠦ᠋ᠨ ᠬᠡᠷᠡᠮ ᠨᠢᠭᠡ ᠴᠠᠭᠠᠨ
   ᠴᠡᠯᠡᠭᠡᠷ ᠲᠠᠯ᠎ᠠ ‍ᠳᠦ ᠬᠣᠨᠢ ᠨᠢᠭᠡ ᠴᠠᠭᠠᠨ
   ᠴᠡᠪᠡᠷ ᠢᠲᠡᠭᠡᠨ ‍ᠳᠦ ᠰᠦ᠋ ᠨᠢᠭᠡ ᠴᠠᠭᠠᠨ
   ᠴᠢᠯᠠᠭᠤᠨ ᠰᠠᠪᠠ ‍ᠳᠦ ᠱᠠᠭᠠᠵᠠᠩ ᠨᠢᠭᠡ ᠴᠠᠭᠠᠨ
   ᠴᠡᠩᠭᠡᠯ ᠪᠡᠯᠭᠡ ‍ᠳᠦ ᠬᠠᠲᠠᠭ ᠨᠢᠭᠡ ᠴᠠᠭᠠᠨ
   ᠴᠢᠩ ᠵᠢᠷᠤᠮᠲᠠᠨ ‍ᠤ ᠰᠡᠳᠬᠢᠯ ᠨᠢᠭᠡ ᠴᠠᠭᠠᠨ
   ᠴᠠᠪ ᠪᠤᠳᠠᠭᠠᠨ ‍ᠳᠤ ᠭᠤᠯᠢᠷ ᠨᠢᠭᠡ ᠴᠠᠭᠠᠨ
   ᠴᠢᠮᠡᠭ ᠭᠣᠶᠣᠯᠠᠯ ‍ᠳᠤ ᠣᠣ᠎ᠠ ᠨᠢᠭᠡ ᠴᠠᠭᠠᠨ
   ᠴᠠᠭᠠᠰᠤ ᠨᠣᠮ ‍ᠤᠨ ᠥᠩᠭᠡ ᠨᠢᠭᠡ ᠴᠠᠭᠠᠨ

       ᠠᠷᠪᠠᠨ ᠴᠢᠮᠡᠭ
   ᠠᠭᠯᠠᠭ ᠠᠭᠤᠯᠠᠨ ‍ᠳᠤ ᠮᠣᠳᠣ ᠴᠢᠮᠡᠭ
   ᠠᠭᠤᠳᠠᠮ ᠲᠠᠯ᠎ᠠ ‍ᠳᠤ ᠮᠠᠯ ᠴᠢᠮᠡᠭ
   ᠡᠷᠳᠡᠨᠢ ᠴᠢᠯᠠᠭᠤ ᠠᠭᠤᠯᠠᠨ ‍ᠳᠤ ᠴᠢᠮᠡᠭ
   ᠡᠶᠡᠯᠳᠡᠭ ᠵᠠᠩ ᠬᠥᠮᠦᠨ ‍ᠤ ᠴᠢᠮᠡᠭ
   ᠬᠣᠨᠢᠴᠢᠨ ᠬᠥᠮᠦᠨ ‍ᠳᠤ ᠤᠷᠭ᠎ᠠ ᠴᠢᠮᠡᠭ
   ᠬᠣᠷᠢᠮᠴᠢ ᠬᠥᠮᠦᠨ ‍ᠳᠤ ᠬᠤᠪᠴᠠᠰᠤ ᠴᠢᠮᠡᠭ
   ᠰᠠᠶ᠋ᠢᠬᠠᠨ ᠬᠡᠦᠬᠡᠨ ᠭᠡᠷ ‍ᠤᠨ ᠴᠢᠮᠡᠭ
   ᠰᠠᠭᠰᠠᠭᠠᠷ ᠮᠣᠳᠣ ᠠᠶ᠋ᠢᠯ ‍ᠤᠨ ᠴᠢᠮᠡᠭ
   ᠲᠡᠮᠡᠭᠡ ᠭᠣᠪᠢ ‍ᠶ᠋ᠢᠨ ᠴᠢᠮᠡᠭ
   ᠲᠡᠷᠭᠡ ᠬᠣᠲᠠᠨ ‍ᠤ ᠴᠢᠮᠡᠭ

       ᠠᠷᠪᠠᠨ ᠵᠢᠮᠰᠡᠭ
   ᠬᠣᠨᠢ ᠢᠮᠠᠭ᠎ᠠ ᠬᠣᠲᠠ ‍ᠶ᠋ᠢᠨ ᠵᠢᠮᠰᠡᠭ
   ᠬᠤᠯᠤᠰᠤ ᠵᠡᠭᠡᠰᠦ ᠨᠠᠭᠤᠷ ‍ᠤᠨ ᠵᠢᠮᠰᠡᠭ
   ᠴᠡᠴᠡᠭ ᠬᠤᠸᠠᠷ ᠬᠡᠭᠡᠷ᠎ᠡ ‍ᠶ᠋ᠢᠨ ᠵᠢᠮᠰᠡᠭ
   ᠴᠡᠩᠭᠡᠭ ᠨᠠᠭᠤᠷ ᠨᠤᠲᠤᠭ ‍ᠤᠨ ᠵᠢᠮᠰᠡᠭ
   ᠠᠳᠤᠭᠤ ᠮᠠᠯ ᠲᠠᠯ᠎ᠠ ‍ᠶ᠋ᠢᠨ ᠵᠢᠮᠰᠡᠭ
   ᠠᠯᠲᠠ ᠮᠥᠩᠭᠥ ᠠᠮᠢᠳᠤᠷᠠᠯ ‍ᠤᠨ ᠵᠢᠮᠰᠡᠭ
   ᠣᠢ ᠮᠣᠳᠣ ᠠᠶ᠋ᠢᠯ ‍ᠤᠨ ᠵᠢᠮᠰᠡᠭ
   ᠣᠳᠣ ᠭᠠᠷᠠᠭ ᠣᠭᠲᠠᠷᠭᠤᠢ ‍ᠶ᠋ᠢᠨ ᠵᠢᠮᠰᠡᠭ
   ᠲᠠᠪᠤᠨ ᠲᠠᠷᠢᠶ᠎ᠠ ᠲᠠᠯ᠎ᠠ ‍ᠶ᠋ᠢᠨ ᠵᠢᠮᠰᠡᠭ
   ᠲᠠᠩᠰᠤᠭ ᠲᠠᠷᠢᠶ᠎ᠠ ᠨᠤᠲᠤᠭ ‍ᠤᠨ ᠵᠢᠮᠰᠡᠭ

       ᠠᠷᠪᠠᠨ ᠬᠣᠶᠠᠷ ᠰᠠᠢᠨ
   ᠡᠷᠬᠡ ᠪᠡᠷᠬᠡ ᠬᠣᠶᠠᠷ ‍ᠢ ᠬᠢᠨᠠᠪᠠᠰᠤ ᠰᠠᠢᠨ
   ᠡᠷᠳᠡᠮ ᠪᠢᠯᠢᠭ ᠬᠣᠶᠠᠷ ‍ᠢ ᠰᠤᠷᠪᠠᠰᠤ ᠰᠠᠢᠨ
   ᠡᠷᠬᠢᠮ ᠳᠡᠭᠡᠳᠦ ‍ᠶ᠋ᠢ ᠲᠠᠨᠢᠪᠠᠰᠤ ᠰᠠᠢᠨ
   ᠡᠴᠢᠭᠡ ᠡᠬᠡ ‍ᠶ᠋ᠢᠨ ᠵᠢᠷᠤᠮ ‍ᠢ ᠬᠢᠨᠠᠪᠠᠰᠤ ᠰᠠᠢᠨ
   ᠥᠭᠦᠯᠡᠵᠦ ᠬᠡᠯᠡᠯᠴᠡᠬᠦ ᠲᠣᠳᠣᠷᠬᠠᠢ ᠪᠣᠯᠪᠠᠰᠤ ᠰᠠᠢᠨ
   ᠥᠨᠳᠥᠷ ᠪᠣᠭᠣᠨᠢ ᠳ᠋ᠤᠷ ᠲᠡᠩᠴᠡᠭᠦᠯᠦᠨ ᠴᠢᠳᠠᠪᠠᠰᠤ ᠰᠠᠢᠨ
   ᠦᠯᠦ ᠪᠣᠯᠬᠤ ‍ᠶ᠋ᠢ ᠭᠡᠭᠡᠨ ᠴᠢᠳᠠᠪᠠᠰᠤ ᠰᠠᠢᠨ
   ᠦᠷᠭᠦᠯᠵᠢ ᠪᠤᠶᠠᠨ ᠎ᠲᠠᠢ ᠰᠡᠳᠬᠢᠯ ‍ᠢᠶ᠋ᠠᠷ ᠶᠠᠪᠤᠪᠠᠰᠤ ᠰᠠᠢᠨ
   ᠳᠡᠭᠡᠷ᠎ᠡ ᠳᠣᠣᠷᠠᠬᠢ ‍ᠶ᠋ᠢ ᠢᠯᠭᠠᠨ ᠮᠡᠳᠡᠪᠡᠰᠦ ᠰᠠᠢᠨ
   ᠳᠡᠭᠡᠳᠦ ‍ᠶ᠋ᠢ ᠬᠦᠨᠳᠦᠯᠡᠨ ᠵᠢᠳᠬᠦᠪᠡᠰᠦ ᠰᠠᠢᠨ
   ᠳᠡᠭᠡᠳᠦ ᠳᠣᠣᠷᠠᠳᠤ ᠢᠯᠭᠠᠯ ᠦᠭᠡᠢ ᠥᠷᠥᠰᠢᠶᠡᠪᠡᠰᠦ ᠰᠠᠢᠨ
   ᠳᠡᠮᠡᠢ ᠮᠠᠭᠤ ‍ᠶ᠋ᠢ ᠬᠠᠷᠢᠶᠠᠵᠤ ᠴᠢᠳᠠᠪᠠᠰᠤ ᠰᠠᠢᠨ
          ( ᠬᠢᠩᠭᠠᠨ ᠠᠶ᠋ᠢᠮᠠᠭ ᠲᠤ )

       ᠠᠷᠪᠠᠨ ᠲᠠᠪᠤᠨ ᠰᠠᠢᠨ
   ᠪᠠᠷᠳᠠᠮ ᠣᠮᠣᠭ ‍ᠤᠨ ᠪᠠᠭ᠎ᠠ ᠨᠢ ᠨᠢᠭᠡ ᠰᠠᠢᠨ
   ᠪᠠᠭᠠᠰᠤᠨ ᠣᠪᠣᠭ᠎ᠠ ‍ᠶ᠋ᠢᠨ ᠶᠡᠬᠡ ᠨᠢ ᠨᠢᠭᠡ ᠰᠠᠢᠨ
   ᠪᠢᠴᠢᠭ ᠡᠷᠳᠡᠮ ‍ᠤᠨ ᠭᠦᠨ ᠨᠢ ᠨᠢᠭᠡ ᠰᠠᠢᠨ
   ᠭᠡᠷ ‍ᠤᠨ ᠡᠭᠦᠳᠡ ‍ᠶ᠋ᠢᠨ ᠭᠡᠳᠡᠭᠡᠷ ᠨᠢ ᠨᠢᠭᠡ ᠰᠠᠢᠨ
   ᠭᠡᠷ ‍ᠤᠨ ᠡᠵᠡᠨ ‍ᠤ ᠪᠥᠭᠲᠦᠭᠡᠷ ᠨᠢ ᠨᠢᠭᠡ ᠰᠠᠢᠨ
   ᠭᠡᠷᠭᠡᠢ ᠬᠥᠮᠦᠨ ‍ᠤ ᠨᠣᠮᠣᠬᠠᠨ ᠨᠢ ᠨᠢᠭᠡ ᠰᠠᠢᠨ
   ᠬᠥᠯᠳᠡᠭᠦᠦ ᠭᠠᠵᠠᠷ ᠎ᠲᠤ᠌ ᠯᠠᠩᠲᠤ ᠨᠢᠭᠡ ᠰᠠᠢᠨ
   ᠬᠥᠭᠰᠢᠨ ᠬᠥᠮᠦᠨ ‍ᠳᠤ ᠮᠠᠨᠲᠠᠤ ᠨᠢᠭᠡ ᠰᠠᠢᠨ
   ᠬᠥᠰᠢᠭᠦᠨ ᠨᠣᠭᠣᠭ᠎ᠠ ‍ᠳᠤ ᠲᠠᠰᠢᠭᠤᠷ ᠨᠢᠭᠡ ᠰᠠᠢᠨ
   ᠡᠪᠡᠰᠦ ᠲᠡᠭᠡᠭᠡᠬᠦ ‍ᠳᠤ ᠥᠨᠳᠥᠷ ᠨᠢ ᠨᠢᠭᠡ ᠰᠠᠢᠨ
   ᠡᠮᠦᠰᠴᠦ ᠵᠡᠭᠦᠬᠦ ‍ᠳᠤ ᠴᠡᠪᠡᠷ ᠨᠢ ᠨᠢᠭᠡ ᠰᠠᠢᠨ
   ᠡᠷ᠎ᠡ ᠬᠥᠮᠦᠨ ‍ᠳᠤ ᠴᠢᠳᠠᠯ ᠎ᠲᠠᠢ ᠨᠢ ᠨᠢᠭᠡ ᠰᠠᠢᠨ
   ᠥᠩᠭᠡ ᠵᠢᠰᠦ ‍ᠶ᠋ᠢ ᠲᠠᠨᠢᠬᠰᠠᠨ ᠨᠢ ᠨᠢᠭᠡ ᠰᠠᠢᠨ
   ᠥᠪᠡᠷ ᠪᠤᠰᠤᠳ ‍ᠢ ᠰᠢᠨᠵᠢᠭᠰᠡᠨ ᠨᠢ ᠨᠢᠭᠡ ᠰᠠᠢᠨ
   ᠦᠨᠡᠨ ᠬᠤᠳᠠᠯ ‍ᠢ ᠢᠯᠭᠠᠭᠰᠠᠨ ᠨᠢ ᠨᠢᠭᠡ ᠰᠠᠢᠨ

       ᠵᠢᠷᠠᠨ ᠰᠠᠶ᠋ᠢᠬᠠᠨ
   ᠠᠷᠪᠠᠨ ᠲᠠᠪᠤᠨ ‍ᠤ ᠰᠠᠷᠠ ᠯᠠ ᠰᠠᠶ᠋ᠢᠬᠠᠨ
   ᠠᠷᠴᠢᠵᠤ ᠲᠠᠯᠪᠢᠬᠰᠠᠨ ᠲᠣᠯᠢ ᠯᠠ ᠰᠠᠶ᠋ᠢᠬᠠᠨ
   ᠠᠪᠤ ᠡᠵᠢ ‍ᠶ᠋ᠢᠨ ᠵᠢᠷᠤᠮ ᠯᠠ ᠰᠠᠶ᠋ᠢᠬᠠᠨ
   ᠠᠬ᠎ᠠ ᠵᠠᠬᠠᠰ ᠦ᠋ᠨ ᠡᠨᠡᠷᠢᠯ ᠯᠡ ᠰᠠᠶ᠋ᠢᠬᠠᠨ
   ᠨᠠᠢ᠍ᠮᠠᠨ ᠰᠠᠷ᠎ᠠ ᠶ᠋ᠢᠨ ᠨᠠᠷᠠ ᠯᠠ ᠰᠠᠶ᠋ᠢᠬᠠᠨ
   ᠨᠠᠪᠴᠢ ᠴᠡᠴᠡᠭ ᠦ᠋ᠨ ᠳᠡᠯᠭᠡᠷᠡᠬᠦ  ᠯᠡ ᠰᠠᠶ᠋ᠢᠬᠠᠨ
   ᠨᠠᠷᠠᠨ ᠪ ᠲᠠᠯ᠎ᠠ ‍ᠳᠦ ᠰᠠᠭᠤᠬᠤᠶ᠎ᠠ ᠰᠠᠶ᠋ᠢᠬᠠᠨ
   ᠨᠠᠮᠲᠠᠢ ᠶ᠋ᠢᠨ ᠰᠢᠯᠢ ᠳᠡᠭᠡᠷ᠎ᠡ ᠭᠠᠷᠬᠤᠶ᠎ᠠ ᠰᠠᠶ᠋ᠢᠬᠠᠨ
   ᠨᠠᠭᠤᠷ ᠲᠤ ᠤᠷᠭᠤᠭᠰᠠᠨ ᠬᠤᠯᠤᠰᠤ ᠰᠠᠶ᠋ᠢᠬᠠᠨ
   ᠨᠤᠲᠤᠭᠯᠠᠵᠤ ᠰᠤᠷᠤᠭᠰᠠᠨ ᠭᠠᠵᠠᠷ ᠰᠠᠶ᠋ᠢᠬᠠᠨ
   ᠰᠦᠮᠪᠦᠷ ᠠᠭᠤᠯᠠ ᠶ᠋ᠢᠨ ᠥᠩᠭᠡ ᠰᠠᠶ᠋ᠢᠬᠠᠨ
   ᠰᠦᠨ ᠳᠠᠯᠠᠢ ᠶ᠋ᠢᠨ ᠤᠰᠤ ᠰᠠᠶ᠋ᠢᠬᠠᠨ
   ᠰᠡᠩᠬᠡᠷᠡᠭᠦᠯᠬᠦ ᠤᠬᠠᠭᠠᠨ ᠰᠠᠶ᠋ᠢᠬᠠᠨ
   ᠰᠡᠨᠭᠭᠢᠭᠰᠡᠨ ᠣᠷᠲᠣᠨ ᠰᠠᠶ᠋ᠢᠬᠠᠨ
   ᠭᠠᠲᠠᠭᠠᠲᠤ ᠳᠠᠯᠠᠢ ᠶ᠋ᠢᠨ ᠤᠰᠤ ᠰᠠᠶ᠋ᠢᠬᠠᠨ
   ᠭᠠᠷᠤᠲᠢ ᠰᠢᠪᠠᠭᠤᠨ ᠪ ᠳᠠᠭᠤᠨ ᠰᠠᠶ᠋ᠢᠬᠠᠨ
   ᠬᠠᠯᠢᠵᠤ ᠨᠢᠰᠬᠦ ᠰᠢᠪᠠᠭᠤ ᠰᠠᠶ᠋ᠢᠬᠠᠨ
   ᠬᠠᠮᠤᠭ ᠠᠮᠢᠲᠠᠨ ᠪ ᠬᠠᠷᠢᠬᠤ ᠨᠢ ᠰᠠᠶ᠋ᠢᠬᠠᠨ
   ᠬᠠᠷᠠᠩᠭᠤᠢ ᠰᠥᠨᠢ ᠶ᠋ᠢᠨ ᠵᠤᠯᠠ ᠯᠠ ᠰᠠᠶ᠋ᠢᠬᠠᠨ
   ᠬᠠᠩᠭᠠᠢ ᠯᠠ ᠵᠠᠮ ᠳ᠋ᠠᠭᠠᠨ ᠨᠥᠬᠥᠷ ᠰᠠᠶ᠋ᠢᠬᠠᠨ
   ᠬᠠᠷᠠᠬᠤ ‍ᠳᠦ ᠨᠢᠲᠦ ᠯᠡ ᠰᠠᠶ᠋ᠢᠬᠠᠨ
   ᠬᠠᠵᠠᠬᠤ ‍ᠳᠦ ᠰᠢᠲᠦ ᠯᠡ ᠰᠠᠶ᠋ᠢᠬᠠᠨ
   ᠠᠬ᠎ᠠ ᠳᠡᠭᠦᠦ ᠨᠡᠷ ᠦ᠋ᠨ ᠣᠯᠠᠨ ᠰᠠᠶ᠋ᠢᠬᠠᠨ
   ᠠᠮᠠᠷᠠᠭ ᠨᠥᠬᠥᠳ ᠦ᠋ᠨ ᠢᠨᠠᠭ ᠨᠢ ᠰᠠᠶ᠋ᠢᠬᠠᠨ
   ᠠᠷᠠᠵᠠ ᠬᠣᠣᠷᠠᠵᠠ ᠶ᠋ᠢᠨ ᠦᠨᠦᠷ ᠨᠢ ᠰᠠᠶ᠋ᠢᠬᠠᠨ
   ᠠᠷᠴᠢᠭᠠᠳ ᠲᠠᠯᠪᠢᠬᠰᠠᠨ ᠦᠩᠭᠡ ᠨᠢ ᠰᠠᠶ᠋ᠢᠬᠠᠨ
   ᠠᠷᠴᠠ ᠽᠠᠨᠲᠠᠨ ᠪ ᠦᠨᠦᠷ ᠨᠢ ᠰᠠᠶ᠋ᠢᠬᠠᠨ
   ᠠᠷᠴᠢᠵᠤ ᠱᠦᠷᠭᠦᠭᠰᠡᠨ ᠲᠠᠬᠢᠯ ᠨᠢ ᠰᠠᠶ᠋ᠢᠬᠠᠨ
   ᠠᠨᠲᠠᠯᠠᠬᠤ ‍ᠳᠦ ᠠᠬ᠎ᠠ ᠳᠡᠭᠦᠦ ᠰᠠᠶ᠋ᠢᠬᠠᠨ
   ᠠᠮᠲᠠᠯᠠᠬᠤ ‍ᠳᠦ ᠰᠢᠬᠢᠷ ᠯᠡ ᠰᠠᠶ᠋ᠢᠬᠠᠨ
   ᠬᠣᠶᠠᠷ ᠳᠠᠯᠠᠪᠴᠢ ᠨᠢᠰᠬᠦ ‍ᠳᠦ ᠰᠠᠶ᠋ᠢᠬᠠᠨ
   ᠬᠣᠯᠠ ᠵᠠᠮ ‍ᠳᠦ ᠶᠠᠪᠤᠬᠤᠶ᠎ᠠ ᠰᠠᠶ᠋ᠢᠬᠠᠨ
   ᠵᠠᠮ ᠦ᠋ᠨ ᠬᠠᠵᠠᠭᠤ ‍ᠳᠦ ᠤᠰᠤ ᠰᠠᠶ᠋ᠢᠬᠠᠨ
   ᠵᠢᠭᠠᠬᠠᠨ ᠪᠠᠶ᠋ᠢᠬᠤ ‍ᠳᠦ ᠵᠢᠰᠦ ᠰᠠᠶ᠋ᠢᠬᠠᠨ
   ᠤᠲᠠ ᠮᠣᠲᠣᠨ ᠪ ᠰᠣᠶᠣᠬ᠋᠎ᠠ ᠰᠠᠶ᠋ᠢᠬᠠᠨ
   ᠤᠴᠠᠷᠠᠬᠤ ‍ᠳᠦ ᠨᠥᠬᠥᠷ ᠰᠠᠶ᠋ᠢᠬᠠᠨ
   ᠰᠠᠢᠨ ᠮᠣᠷᠢᠨ ᠪ ᠰᠠᠶ᠋ᠢᠪᠤᠷ ᠰᠠᠶ᠋ᠢᠬᠠᠨ
   ᠰᠠᠢᠨ ᠶᠠᠪᠤᠬᠤ ‍ᠳᠦ ᠨᠥᠬᠥᠷ ᠰᠠᠶ᠋ᠢᠬᠠᠨ
   ᠪᠠᠷᠲᠠᠮ ᠣᠮᠣᠭ ᠦ᠋ᠨ ᠪᠠᠬ᠋᠎ᠠ ᠨᠢ ᠰᠠᠶ᠋ᠢᠬᠠᠨ
   ᠪᠠᠶᠠᠰᠬᠤᠯᠠᠩ ᠰᠡᠷᠭᠦᠯᠡᠩ ᠦ᠋ᠨ ᠶᠡᠬᠡ ᠨᠢ ᠰᠠᠶ᠋ᠢᠬᠠᠨ
   ᠨᠠᠷᠠᠨ ᠪ ᠭᠡᠷᠡᠯ ᠮᠠᠨᠲᠤᠬᠤ ‍ᠳᠦ ᠰᠠᠶ᠋ᠢᠬᠠᠨ
   ᠨᠠᠪᠴᠢ ᠴᠡᠴᠡᠭ ᠳᠡᠯᠭᠡᠷᠡᠬᠦ ‍ᠳᠦ ᠰᠠᠶ᠋ᠢᠬᠠᠨ
   ᠠᠲᠠᠷ ᠲᠠᠯ᠎ᠠ ‍ᠳᠦ ᠠᠲᠤᠭᠤ ᠰᠠᠶ᠋ᠢᠬᠠᠨ
   ᠠᠪᠤ ᠡᠵᠢ ᠶ᠋ᠢᠨ ᠠᠴᠢᠯᠠᠯ ᠰᠠᠶ᠋ᠢᠬᠠᠨ
   ᠲᠤᠨᠤᠮᠠᠯ ᠨᠠᠭᠤᠷ ᠦ᠋ᠨ ᠲᠤᠩᠭᠠᠯᠠᠭ ᠨᠢ ᠰᠠᠶ᠋ᠢᠬᠠᠨ
   ᠲᠣᠯᠢ ᠰᠢᠯ ᠦ᠋ᠨ ᠲᠣᠲᠣᠬᠠᠨ ᠨᠢ ᠰᠠᠶ᠋ᠢᠬᠠᠨ
   ᠵᠢᠷᠪᠢᠯᠵᠡᠨ ᠭᠦᠶᠦᠭᠰᠡᠨ ᠵᠡᠭᠡᠷ᠎ᠡ ᠰᠠᠶ᠋ᠢᠬᠠᠨ
   ᠮᠢᠷᠠᠯᠵᠠᠨ ᠬᠥᠪᠪᠦᠯᠵᠡᠬᠦ ᠵᠡᠷᠭᠡᠯᠭᠡᠨ ᠰᠠᠶ᠋ᠢᠬᠠᠨ
   ᠪᠠᠭᠰᠢ ᠬᠥᠮᠦᠨ ᠪ ᠰᠤᠷᠭᠠᠯ ᠨᠢ ᠰᠠᠶ᠋ᠢᠬᠠᠨ
   ᠪᠠᠭᠠᠴᠤᠳ ᠬᠡᠦᠬᠡᠳ ᠦ᠋ᠨ ᠵᠠᠩ ᠨᠢ ᠰᠠᠶ᠋ᠢᠬᠠᠨ
   ᠭᠠᠯ ᠰᠢᠷ᠎ᠠ ᠦᠩᠭᠡ ᠯᠡ ᠰᠠᠶ᠋ᠢᠬᠠᠨ
   ᠭᠠᠯᠪᠠᠷ ᠽᠠᠨᠲᠠᠨ ᠪ ᠦᠨᠦᠷ ᠨᠢ ᠰᠠᠶ᠋ᠢᠬᠠᠨ
   ᠬᠠᠲᠠᠷᠢᠬᠤ ᠮᠣᠷᠢᠨ ᠪ ᠲᠣᠭᠣᠰᠣ ᠰᠠᠶ᠋ᠢᠬᠠᠨ
   ᠭᠠᠭᠴᠠ ᠬᠣᠩᠭᠣᠷ ᠦ᠋ᠨ ᠰᠡᠤᠠᠬᠢᠯ ᠨᠢ ᠰᠠᠶ᠋ᠢᠬᠠᠨ 
   ᠡᠷᠭᠢᠵᠦ ᠨᠢᠰᠬᠦ ᠡᠷᠪᠡᠬᠡᠢ ᠯᠡ ᠰᠠᠶ᠋ᠢᠬᠠᠨ
   ᠡᠭᠡᠴᠢ ᠳᠡᠭᠦᠦ ᠨᠡᠷ ᠦ᠋ᠨ ᠬᠠᠮᠲᠤ ᠰᠠᠶ᠋ᠢᠬᠠᠨ
   ᠪᠣᠷᠣ ᠲᠡᠮᠡᠭᠡᠨ ᠪ ᠪᠤᠷᠠᠨᠲᠠᠭ ᠰᠠᠶ᠋ᠢᠬᠠᠨ
   ᠪᠤᠭᠤᠷᠤᠯ ᠠᠪᠤ ᠶ᠋ᠢᠨ ᠰᠤᠷᠭᠠᠯ ᠰᠠᠶ᠋ᠢᠬᠠᠨ
   ᠪᠡᠷᠬᠡᠰᠢᠶᠡᠯ ᠊ᠢ ᠳᠠᠪᠠᠬᠤ ‍ᠳᠦ ᠬᠦᠴᠦ ᠰᠠᠶ᠋ᠢᠬᠠᠨ
   ᠪᠣᠲᠣᠵᠤ ᠰᠡᠤᠠᠬᠢᠬᠦ ‍ᠳᠦ ᠣᠶᠤᠨ ᠰᠠᠶ᠋ᠢᠬᠠᠨ
       ( 《 ᠮᠣᠩᠭᠣᠯ ᠠᠷᠠᠳ ᠦ᠋ᠨ ᠮᠢᠩᠭᠠᠨ ᠳᠠᠭᠤᠤ 》)




       ᠦᠰᠦᠭ ᠠᠮᠢᠯᠠᠭᠤᠯᠤᠭᠴᠢ ᠄   ᠣᠶᠤᠨᠲᠤᠨᠠᠯ ᠂ ᠳ᠋ᠦᠩ  ᠹᠸᠩ ᠂ ᠠᠯᠲᠠᠨᠲᠦᠶᠠᠭ᠎ᠠ ᠂  ᠬᠠᠷᠠᠨᠤᠳ ᠲᠤᠶᠠᠭ᠎ᠠ ᠮᠢᠩᠭᠠᠳ ᠴᠢᠮᠡᠭ ᠂ ᠬᠠᠳᠠᠴᠢ ᠤᠷᠠᠨ᠎ᠠ
         ᠬᠢᠨᠠᠭᠴᠢ ᠄   ᠮᠢᠩᠭᠠᠳ ᠴᠢᠮᠡᠭ᠂  ᠬᠠᠷᠠᠨᠤᠳ ᠲᠤᠶᠠᠭ᠎ᠠ