ᠰᠡᠳᠬᠢᠯ ᠦᠨ ᠦᠭᠡ – ᠳᠣᠯᠭᠠᠷᠮᠠ Сэтгэлийн үг – Дулгармаа
ᠰᠡᠳᠬᠢᠯ ᠦᠨ ᠦᠭᠡ
ᠳᠤᠯᠭᠠᠷᠮ᠎ᠠ
ᠪᠠᠭᠰᠢ ᠮᠢᠨᠢ ᠨᠠᠮ᠎ᠠ ᠶ᠋ᠢ ᠦᠭᠡᠳᠡᠷᠡᠭ ᠰᠡᠤᠠᠬᠢᠯᠭᠡ ᠲᠡᠢ ᠶᠠᠭᠤᠮ᠎ᠠ ᠪᠢᠴᠢ ᠭᠡᠯᠡ
ᠪᠢ ᠪᠢᠷ ᠶ᠋ᠢᠡᠨ ᠪᠠᠷᠢᠭᠠᠳ ᠰᠠᠭᠤᠭᠰᠠᠨ ᠴᠦ᠍ ᠪᠣᠲᠣᠯ ᠶᠡᠷᠦ ᠨᠢ ᠦᠢᠮᠡᠷᠡᠭᠡᠳ ᠪᠠᠶ᠋ᠢᠨ᠎ᠠ
ᠥᠷᠭᠡᠨ ᠠᠭᠤᠲᠠᠮ ᠨᠤᠲᠤᠭ ᠶ᠋ᠢᠠᠨ ᠨᠣᠭᠣᠭᠠᠷᠠᠵᠤ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠤᠯᠠᠶ᠋ᠢᠵᠤ ᠭᠠᠩ ᠪᠣᠯᠤᠭᠰᠠᠨ ᠪᠣᠯᠬᠣᠷ ᠥᠷᠥᠪᠳᠡᠭᠡᠳ ᠪᠠᠶ᠋ᠢᠨ᠎ᠠ ᠬᠥᠭᠡᠷᠦᠬᠦᠢ
ᠦᠨᠢᠷ ᠪᠠᠶᠠᠨ ᠰᠥᠷᠦᠭ ᠶ᠋ᠢᠡᠨ ᠲᠠᠷᠭᠤᠨ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠡᠪᠡᠰᠦ ᠪᠣᠷᠲᠣᠭᠠᠨ ᠪ ᠬᠥᠴᠥ ᠪᠡᠷ ᠣᠨᠲᠣᠷᠣᠵᠤ ᠯᠠ ᠪᠠᠶ᠋ᠢᠬᠤ ᠶ᠋ᠢ ᠨᠢ ᠶᠠᠭᠠᠬᠢᠨ᠎ᠠ
ᠥᠷᠯᠥᠭ ᠣᠯᠠᠨ ᠮᠠᠯᠴᠢᠳ ᠶ᠋ᠢᠠᠨ ᠪᠠᠶᠠᠰᠴᠤ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠤᠯᠠᠭᠠᠨ ᠭᠠᠩ ᠳ᠋ᠦ᠍ ᠳᠠᠭᠠᠷᠢᠬᠳᠠᠭᠠᠳ ᠵᠣᠪᠠᠵᠤ ᠪᠠᠶ᠋ᠢᠬᠤ ᠶ᠋ᠢ ᠨᠢ ᠶᠠᠭᠠᠬᠢᠨ᠎ᠠ
ᠡᠭᠡᠰᠢᠭᠯᠡᠨ ᠳᠠᠭᠤᠯᠠᠵᠤ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠡᠬᠡ ᠡᠴᠡ ᠰᠠᠯᠤᠭᠰᠠᠨ ᠪᠣᠲᠣᠭᠣ ᠮᠢᠨᠢ ᠪᠣᠶ᠋ᠢᠯᠠᠭᠠᠳ ᠪᠠᠶ᠋ᠢᠬᠤ ᠶ᠋ᠢ ᠨᠢ ᠶᠠᠭᠠᠬᠢᠨ᠎ᠠ
ᠨᠠᠭᠠᠲᠤᠮ ᠨᠠᠶ᠋ᠢᠷ ᠲᠠᠢ ᠪᠠᠶᠠᠰᠴᠤ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠨᠠᠷᠠᠨ ᠪ ᠬᠠᠯᠠᠭᠤᠨ ᠳ᠋ᠦ᠍ ᠵᠦᠲᠡᠭᠦᠬᠡᠨ ᠶᠠᠪᠤᠬ᠋᠎ᠠ ᠮᠠᠯ ᠶ᠋ᠢᠠᠨ ᠦᠵᠡᠭᠡᠳ ᠵᠣᠪᠠᠬᠤ ᠶᠤᠮ ᠬᠥᠭᠡᠷᠦᠬᠦᠢ
ᠲᠠᠪᠤᠨ ᠥᠩᠭᠡ ᠶ᠋ᠢᠨ ᠴᠡᠴᠡᠭ ᠳᠡᠯᠭᠡᠷᠡᠵᠦ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠲᠠᠯ᠎ᠠ ᠳ᠋ᠠᠭᠠᠨ ᠤᠷᠭᠤᠭᠰᠠᠨ ᠪᠤᠲᠠ ᠨᠢ ᠬᠥᠷᠲᠡᠯ᠎ᠡ ᠦᠵᠢᠷᠡᠴᠢᠭᠡᠭᠰᠡᠨ ᠊ᠢ ᠨᠢ ᠶᠠᠭᠠᠬᠢᠨ᠎ᠠ
ᠲᠠᠷᠠᠭ ᠠᠶ᠋ᠢᠷᠠᠭ ᠦ᠋ᠨ ᠦᠨᠦᠷ ᠬᠠᠩᠬᠤᠯᠵᠤ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠲᠠᠷᠲᠠᠵᠤ ᠥᠨᠥᠴᠢᠷᠡᠭᠰᠡᠨ ᠲᠦᠯ ᠶ᠋ᠢᠡᠨ ᠵᠤᠲᠠᠩᠲᠠᠵᠤ ᠪᠠᠶ᠋ᠢᠬᠤ ᠶ᠋ᠢ ᠨᠢ ᠶᠠᠭᠠᠬᠢᠨ᠎ᠠ
ᠲᠠᠶ᠋ᠢᠪᠤᠩ ᠰᠠᠶ᠋ᠢᠬᠠᠨ ᠠᠮᠢᠲᠤᠷᠠᠯ ᠶ᠋ᠢᠠᠨ ᠪᠢᠴᠢᠶ᠎ᠡ ᠭᠡᠬᠦᠯᠡᠷ
ᠲᠡᠷᠭᠡ ᠪᠡᠷ ᠮᠠᠯ ᠶ᠋ᠢᠠᠨ ᠲᠡᠭᠡᠭᠡᠯᠭᠡᠵᠦ ᠪᠠᠶ᠋ᠢᠬᠤ ᠶ᠋ᠢ ᠨᠢ ᠶᠠᠭᠠᠬᠢᠨ᠎ᠠ
ᠬᠣᠷᠭᠣ ᠳᠦᠭᠦᠷᠡᠩ ᠮᠥᠩᠭᠥ ᠲᠡᠢ ᠪᠠᠶᠠᠨ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠬᠣᠲᠠ ᠪᠠᠨ ᠬᠤᠲᠠᠯᠲᠤᠴᠢᠬᠠᠭᠠᠳ ᠣᠬᠢᠯᠠᠵᠤ ᠪᠠᠶ᠋ᠢᠬᠤ ᠶ᠋ᠢ ᠨᠢ ᠶᠠᠭᠠᠬᠢᠨ᠎ᠠ !
ᠪᠠᠬᠠᠷᠤᠯᠲᠣ ᠠᠮᠢᠲᠤᠷᠠᠯ ᠲᠠᠢ ᠬᠥᠭᠰᠡᠵᠦ ᠪᠠᠶ᠋ᠢᠨ᠎ᠠ ᠭᠡᠵᠦ ᠪᠢᠴᠢᠶ᠎ᠡ ᠭᠡᠬᠦᠯᠡᠷ
ᠪᠠᠩᠬᠢ ᠶ᠋ᠢᠨ ᠦᠷᠢ ᠳ᠋ᠦ᠍ ᠳᠠᠷᠤᠭᠳᠠᠭᠠᠳ ᠭᠠᠰᠠᠯᠵᠤ ᠪᠠᠶ᠋ᠢᠬᠤ ᠶ᠋ᠢ ᠨᠢ ᠶᠠᠭᠠᠬᠢᠨ᠎ᠠ
ᠪᠠᠶ᠋ᠢᠲᠠᠭ ᠣᠯᠠᠨ ᠮᠠᠯᠴᠢᠳ ᠴᠢᠨᠢ ᠪᠠᠶᠠᠷᠯᠠᠵᠤ ᠴᠢᠲᠠᠬᠤ ᠦᠭᠡᠢ ᠯᠡ ᠪᠠᠶ᠋ᠢᠨ᠎ᠠ
ᠪᠠᠶ᠋ᠢᠮᠠ ᠦᠭᠡᠢ ᠤᠯᠠᠭᠠᠨ ᠭᠠᠩ ᠳ᠋ᠦ᠍ ᠬᠥᠴᠢᠷᠲᠡᠵᠤ ᠪᠠᠲᠠᠷᠠᠵᠤ ᠪᠠᠶ᠋ᠢᠨ᠎ᠠ ᠰᠢᠦ
ᠪᠢᠷ ᠶ᠋ᠢᠡᠨ ᠪᠠᠷᠢᠭᠠᠳ ᠰᠡᠤᠠᠬᠢᠯ ᠮᠢᠨᠢ ᠤᠬᠢᠯᠠᠭᠠᠳ ᠪᠠᠶ᠋ᠢᠬᠤ ᠰᠢᠭ᠋ ᠪᠣᠯᠬᠤ ᠶᠤᠮ ᠡ
ᠪᠢᠲᠡᠨ ᠪ ᠬᠥᠴᠢᠷ ᠊ᠢ ᠣᠶ᠋ᠢᠯᠠᠭᠠᠭᠠᠴᠢ ᠂ ᠳᠡᠮᠵᠢᠭᠡᠴᠢ ᠤᠯᠤᠰ ᠣᠷᠣᠨ ᠮᠢᠨᠢ ᠡ !
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠯᠢᠶᠠᠩ ᠵᠢᠨ ᠬᠤᠸᠠ
