ᠬᠡᠦᠬᠡᠨ ᠦ ᠢᠨᠢᠶᠡᠳᠦ - ᠴᠡᠩᠬᠡᠯᠲᠦ Хүүхний инээд - Цэнхэлт
ᠬᠡᠦᠬᠡᠨ ᠦ ᠢᠨᠢᠶᠡᠳᠦ
ᠬᠠᠪᠤᠷ ᠤ᠋ᠨ ᠬᠤᠷ᠎ᠠ
ᠡᠬᠡ ᠳᠡᠯᠡᠬᠡᠢ ᠶ᠋ᠢᠨ ᠥᠷᠥᠴᠡᠨ ᠡᠴᠡ ᠰᠢᠩᠭᠡᠨ ᠮᠠᠨᠠᠨ ᠳᠡᠭᠳᠡᠵᠦ ᠂ ᠠᠭᠰᠢᠭᠤᠨ ᠤᠨᠢᠶᠠᠷ ᠲᠤᠨᠤᠷᠠᠭᠠᠳ ᠂ ᠴᠢᠭᠢᠭ ᠦ᠋ᠨ ᠦᠨᠦᠷ ᠬᠠᠮᠠᠷ ᠴᠣᠷᠭᠢᠵᠤ ᠂ ᠴᠡᠪᠡᠷ ᠠᠭᠠᠷ ᠴᠡᠭᠡᠵᠢ ᠰᠡᠷᠪᠡᠯᠵᠡᠭᠦᠯᠦᠨᠡ ᠃
ᠠ ᠂ ᠠᠩᠬᠠᠨ ᠬᠠᠪᠤᠷ ᠤ᠋ᠨ ᠨᠠᠮᠢᠷᠠᠭ᠎ᠠ ᠬᠤᠷ᠎ᠠ ᠥᠩᠭᠡᠷᠡᠭᠰᠡᠨ ᠰᠥᠨᠢ ᠰᠢᠪᠡᠷᠡᠵᠦ ᠂ ᠬᠠᠢᠷ᠎ᠠ ᠳᠤᠷᠠᠯᠠᠯ ᠣᠨ ᠬᠠᠯᠠᠭᠤᠨ ᠦᠷ᠎ᠡ ᠪᠡᠨ ᠬᠠᠨᠠᠭᠠᠷ ᠲᠠᠯ᠎ᠠ ᠳ᠋ᠤ᠌ ᠮᠢᠨᠢ ᠰᠠᠴᠤᠭᠰᠠᠨ ᠠᠵᠢ ! ᠭᠡᠳ ᠭᠡᠭᠡᠪᠴᠢ ᠪᠡᠷ ᠱᠠᠭᠠᠢᠪᠠᠯ ᠄
ᠪᠦᠷᠳᠦᠯᠵᠢᠬᠦ ᠠᠭᠤᠯᠠ ᠂ ᠪᠥᠵᠢᠭᠯᠡᠬᠦ ᠪᠣᠯᠵᠣᠮᠣᠷ ᠂ ᠬᠥᠬᠥᠭᠡ ᠶ᠋ᠢᠨ ᠳᠠᠭᠤᠨ ᠂ ᠬᠥᠳᠡᠭᠡ ᠶ᠋ᠢᠨ ᠥᠷᠯᠥᠭᠡ ᠃
ᠨᠠᠷᠠᠨ ᠠᠪᠠᠬᠠᠢ ᠴᠢᠷᠠᠢ ᠪᠠᠨ ᠤᠯᠠᠢᠯᠭᠠᠵᠤ ᠂ ᠠᠭᠤᠯᠠᠨ ᠵᠠᠪᠰᠠᠷ ᠢ᠋ᠶ᠋ᠠᠷ ᠬᠥᠮᠦᠨ ᠦ᠌ ᠶᠢᠷᠲᠢᠨᠴᠦ ᠶ᠋ᠢ ᠬᠣᠯᠭᠣᠨ ᠬᠠᠷᠠᠵᠤ ᠪᠠᠢᠨ᠎ᠠ ᠂ ᠡᠨᠡ ᠴᠦ᠍ ᠶᠣᠰᠣᠲᠠᠢ ᠯᠠ ᠤᠷᠤᠭᠯᠠᠬᠤ ᠭᠡᠵᠦ ᠪᠠᠢᠭ᠎ᠠ ᠤᠬᠠᠭᠠᠨᠲᠤ ᠬᠡᠦᠬᠡᠨ ᠤᠯᠠᠭᠠᠨ ᠲᠣᠷᠭᠠᠨ ᠠᠯᠴᠢᠭᠤᠷ ᠢ᠋ᠶ᠋ᠠᠷ ᠨᠢᠭᠤᠷ ᠢ᠋ᠶ᠋ᠠᠨ ᠪᠦᠷᠬᠦᠴᠢᠭᠡᠳ᠂ ᠤᠷᠭᠠᠴᠢᠨ ᠵᠠᠯᠠᠭᠤ ᠪᠠᠨ ᠰᠡᠮᠡᠭᠡᠷᠬᠡᠨ ᠬᠠᠷᠠᠵᠤ ᠪᠠᠢᠬᠤ ᠰᠢᠭ᠋ ᠯᠡ ᠲᠠ ᠂ ᠨᠠᠮᠢᠷᠠᠭᠰᠠᠨ ᠬᠤᠷ᠎ᠠ ᠶ᠋ᠢᠨ ᠳᠠᠷᠠᠭᠠᠬᠢ ᠲᠤᠩᠭᠠᠯᠠᠭ ᠥᠷᠯᠥᠭᠡ ᠪᠣᠯ ᠨᠠᠷᠠᠨ ᠠᠪᠠᠬᠠᠢ ᠪᠣᠯᠤᠨ ᠨᠡᠷᠡᠲᠦ ᠣᠷᠴᠢᠯᠠᠩ ᠬᠣᠶᠠᠷ ᠤ᠋ᠨ ᠤᠷᠤᠭ ᠤ᠋ᠨ ᠶᠣᠰᠣᠯᠠᠯ ᠢ᠋ᠶ᠋ᠠᠨ ᠡᠬᠢᠯᠡᠬᠦ ᠡᠴᠡ ᠯᠡ ᠡᠮᠦᠨᠡᠬᠢ ᠣᠬᠣᠷᠬᠠᠨ ᠰᠠᠢᠬᠠᠨ ᠴᠠᠭ ᠡᠷᠡᠨ ᠨᠢ ᠮᠥᠨ ᠰᠢᠦ ! ᠭᠡᠳ ᠪᠢ ᠳᠠᠬᠢᠨ ᠬᠠᠷᠠᠭ᠎ᠠ ᠪᠠᠨ ᠰᠤᠩᠭᠠᠪᠠᠯ ᠄
ᠲᠤᠯᠤᠮ ᠢ᠋ᠶ᠋ᠠᠨ ᠡᠭᠦᠷᠦᠭᠡᠳ ᠬᠡᠦᠬᠡᠨ ᠶᠠᠭᠠᠷᠠᠨ᠎ᠠ ᠂ ᠤᠷᠭ᠎ᠠ ᠪᠠᠨ ᠴᠢᠷᠦᠭᠡᠳ ᠠᠳᠤᠭᠤᠴᠢᠨ ᠡᠷᠲᠡᠯᠡᠨᠡ ᠃ ᠲᠣᠭᠣᠭ᠎ᠠ ᠲᠠᠢ ᠴᠠᠢ ᠲᠤᠯᠭᠠᠨ ᠳᠡᠭᠡᠷ᠎ᠡ ᠣᠷᠭᠢᠯᠤᠨ᠎ᠠ ᠂ᠲᠣᠭᠣᠰᠣ ᠦᠭᠡᠢ ᠭᠡᠷᠡᠯ ᠲᠣᠭᠣᠨᠣᠨ ᠳᠡᠭᠡᠷ᠎ᠡ ᠲᠤᠶᠠᠭᠠᠷᠠᠨ᠎ᠠ ᠃ ᠰᠦᠮᠡᠰ ᠰᠦᠮᠡᠰ ᠵᠡᠷᠭᠡᠯᠭᠡᠨ ᠨᠠᠢᠭᠤᠯᠵᠠᠭᠤᠯᠬᠤ ᠵᠤᠨ ᠤ᠋ ᠰᠠᠢᠬᠠᠨ ᠲᠠᠯ᠎ᠠ ᠨᠢ ᠨᠣᠭᠣᠭᠠᠨ ᠲᠣᠷᠭᠠᠨ ᠲᠤᠤᠵᠠ ᠪᠠᠨ ᠪᠠᠷᠢᠴᠠᠭᠠᠳ ᠬᠡᠦᠬᠡᠨ ᠢ᠋ ᠳᠠᠯᠠᠯᠬᠤ ᠳ᠋ᠤ᠌ ᠂ ᠰᠦᠷᠦᠭ ᠰᠦᠷᠦᠭ ᠬᠣᠨᠢ ᠪᠥᠮᠪᠦᠯᠵᠡᠭᠦᠯᠬᠦ ᠨᠠᠮᠤᠷ ᠤ᠋ᠨ ᠪᠠᠶᠠᠨ ᠨᠤᠲᠤᠭ ᠨᠢ ᠠᠯᠲᠠᠨ ᠳᠣᠯᠭᠢᠶᠠᠨ ᠢ᠋ᠶ᠋ᠠᠨ ᠬᠠᠶᠠᠯᠠᠴᠢᠭᠠᠳ ᠠᠳᠤᠭᠤᠴᠢᠨ ᠢ᠋ ᠤᠭᠲᠤᠨ᠎ᠠ ᠃
ᠠ ! ᠬᠠᠪᠤᠷ ᠤ᠋ᠨ ᠬᠤᠷ᠎ᠠ ᠮᠢᠨᠢ ᠠᠭᠠᠷ ᠠ᠋ᠴᠠ ᠪᠠᠭᠤᠬᠤ ᠳ᠋ᠠᠭᠠᠨ ᠂ ᠠᠶᠠᠯᠠᠵᠤ ᠬᠠᠮᠢᠭᠠᠭᠤᠷ ᠢᠷᠡᠪᠡ ⁈
ᠴᠠᠭᠠᠨ ᠤᠲᠤᠭ᠎ᠠ
ᠨᠣᠭᠣᠭᠠᠨ ᠲᠠᠯ᠎ᠠ ᠶ᠋ᠢᠨ ᠰᠣᠷᠭᠣᠭ ᠪᠡᠯᠴᠢᠭᠡᠷ ᠳᠡᠭᠡᠷ᠎ᠡ ᠂ ᠨᠣᠭᠲᠣ ᠪᠠᠨ ᠴᠢᠷᠦᠭᠰᠡᠨ ᠰᠠᠷᠠᠯ ᠡᠵᠡᠨ ᠢ᠋ᠶ᠋ᠡᠨ ᠡᠷᠭᠢᠴᠡᠭᠡᠳ ᠴᠣᠪᠬᠣᠴᠢᠵᠤ ᠪᠣᠢ ᠂ ᠬᠥᠯ ᠢ᠋ᠶ᠋ᠡᠨ ᠭᠡᠮᠲᠦᠭᠡᠭᠰᠡᠨ ᠬᠦᠦ ᠬᠥᠮᠥᠭᠡᠢ ᠪᠡᠨ ᠵᠠᠭᠤᠭᠠᠳ ᠬᠦᠯᠦᠭ ᠦ᠋ᠨ ᠨᠢᠷᠤᠭᠤᠨ ᠳ᠋ᠤ᠌ ᠮᠠᠴᠤᠵᠤ ᠪᠣᠢ᠃ ᠳᠡᠭᠡᠷ᠎ᠡ ᠨᠢ ᠵᠠᠶ᠋ᠢᠲᠠᠯᠠᠮᠠᠭᠴᠠ ᠳᠡᠷᠡᠶ᠋ᠢᠲᠡᠯᠡ ᠰᠠᠪᠠᠭᠳᠠᠨᠠ ᠃ ᠳᠡᠪᠬᠡᠷᠴᠦ ᠪᠣᠰᠤᠭᠠᠳ ᠳᠠᠬᠢᠭᠠᠳ ᠯᠠ ᠮᠠᠴᠤᠵᠤ ᠪᠣᠢ᠃ ᠁
ᠪᠤᠴᠠᠰᠢ ᠦᠭᠡᠢ ᠪᠣᠳᠣᠯᠭᠠᠨ ᠤ᠋ ᠬᠢᠨᠢ ᠴᠠᠭᠠᠨ᠎ᠠ ᠂ ᠪᠤᠯᠠᠭ ᠣᠷᠭᠢᠯᠤᠭᠰᠠᠨ ᠪᠤᠳᠠᠯᠠᠩ ᠤ᠋ᠨ ᠨᠤᠲᠤᠭ ᠨᠢ ᠰᠠᠨᠠᠭᠳᠠᠵᠤ ᠪᠣᠢ ᠂ ᠬᠠᠷᠢᠯᠲᠠ ᠦᠭᠡᠢ ᠬᠠᠷᠠᠴᠠᠨ ᠤ᠋ ᠬᠢᠨᠢ ᠳᠣᠲᠣᠷ᠎ᠠ ᠂ ᠬᠠᠪᠤᠷ ᠰᠠᠭᠠᠲᠠᠭᠰᠠᠨ ᠬᠠᠢᠷᠠᠲᠤ ᠨᠤᠲᠤᠭ ᠨᠢ ᠲᠣᠳᠣᠷᠠᠵᠤ ᠪᠣᠢ ᠃
ᠬᠥᠪᠦᠰ ᠬᠥᠪᠦᠰ ᠡᠭᠦᠯᠡ ᠴᠠᠭᠠᠨ ᠂ ᠲᠣᠨᠣᠰ ᠲᠣᠨᠣᠰ ᠤᠲᠤᠭ᠎ᠠ ᠴᠠᠭᠠᠨ ᠂ ᠲᠡᠭᠦᠨ ᠦ᠌ ᠳᠣᠣᠷ᠎ᠠ ᠲᠦᠨᠲᠦᠭᠡ ᠳᠠᠨᠳᠠᠭᠠ ᠭᠡᠷ ᠴᠠᠭᠠᠨ ᠂ ᠲᠦᠮᠡᠨ ᠮᠢᠩᠭᠠᠨ ᠬᠣᠨᠢ ᠴᠠᠭᠠᠨ ᠃
ᠴᠠᠭᠠᠨ ! ᠴᠠᠭᠠᠨ ᠃ ᠨᠤᠲᠤᠭ ᠤ᠋ᠨ ᠮᠢᠨᠢ ᠵᠢᠰᠦ ᠵᠢᠷᠦᠬᠡ ᠬᠬᠢᠷ ᠦᠭᠡᠢ ᠴᠠᠭᠠᠨ ᠃
ᠠ ᠂ ᠪᠢ ᠣᠢᠯᠠᠭᠠᠯ᠎ᠠ ᠃ ᠠᠮᠢᠳᠤᠷᠠᠯ ᠮᠠᠨᠢ ᠠᠭᠲᠠ ᠶ᠋ᠢᠨ ᠨᠢᠷᠤᠭᠤᠨ ᠳ᠋ᠤ᠌ ᠣᠭᠢᠭᠠᠳ ᠣᠭᠢᠭᠠᠳ ᠮᠠᠴᠤᠬᠤ ᠰᠢᠭ᠋ ᠠᠯᠬᠤᠮ ᠪᠦᠷᠢ ᠳ᠋ᠡᠭᠡᠨ ᠦᠷᠡᠭᠳᠡᠯ ᠭᠠᠷᠭᠠᠵᠤ ᠪᠠᠶ᠋ᠢᠪᠠᠴᠤ ᠂ ᠴᠠᠶ᠋ᠢᠷᠠᠨ ᠰᠤᠪᠤᠷᠠᠬᠤ ᠴᠠᠭᠠᠨ ᠤᠲᠤᠭ᠎ᠠ ᠰᠢᠭ᠋ ᠠᠷᠢᠭᠤᠨ ᠴᠠᠭᠠᠨ ᠢ᠋ᠶ᠋ᠠᠷ ᠠᠮᠢᠰᠬᠤᠯᠠᠵᠤ ᠪᠠᠶ᠋ᠢᠬᠤ ᠠᠵᠢ ᠃
ᠨᠣᠭᠣᠭᠠᠨ ᠨᠠᠪᠴᠢ
ᠨᠠᠶ᠋ᠢᠷᠰᠠᠭ ᠬᠠᠪᠤᠷ ᠤ᠋ᠨ ᠡᠶᠡᠪᠡᠷᠭᠦᠦ ᠰᠠᠯᠬᠢ ᠂ ᠨᠠᠶ᠋ᠢᠵᠠ ᠶ᠋ᠢᠨ ᠮᠢᠨᠢ ᠦᠨᠦᠰᠦᠯᠲᠡ ᠰᠢᠭ ᠨᠠᠮᠠᠶ᠋ᠢ ᠰᠣᠭᠲᠣᠷᠠᠭᠤᠯᠬᠤ ᠳ᠋ᠤ᠌᠂ ᠨᠠᠮᠤᠭᠤᠨ ᠠᠶᠠᠲᠠᠢ ᠲᠠᠨᠼ ᠤ᠋ᠨ ᠢᠷᠠᠭᠤ ᠬᠥᠭᠵᠢᠮ ᠴᠦ᠍ ᠪᠦᠦᠷ ᠲᠦᠦᠷ ᠠᠨᠢᠷᠲᠤᠵᠤ ᠂ ᠡᠵᠢ ᠪᠡᠨ ᠮᠥᠷᠥᠭᠡᠳᠦᠭᠰᠡᠨ ᠮᠢᠨᠦ ᠨᠢᠳᠦᠨ ᠳ᠋ᠦ᠍ ᠲᠦᠮᠡᠨ ᠪᠣᠳᠠᠰ ᠪᠠᠷᠤᠭ ᠪᠦᠷᠦᠭ ᠪᠥᠷᠲᠥᠯᠵᠡᠨ᠎ᠡ ᠃ ᠁
ᠨᠠᠷᠠᠨ ᠤ᠋ ᠳᠣᠣᠷ᠎ᠠ ᠨᠠᠷᠠᠰᠤ ᠨᠣᠭᠣᠭᠠᠨ ᠂ ᠨᠠᠷᠠᠰᠤᠨ ᠴᠠᠭᠠᠨ᠎ᠠ ᠤᠳᠠ ᠨᠣᠭᠣᠭᠠᠨ ᠂ ᠤᠳᠠᠨ ᠤ᠋ ᠳᠣᠣᠷ᠎ᠠ ᠤᠰᠤ ᠨᠣᠭᠣᠭᠠᠨ ᠂ ᠤᠰᠤᠨ ᠤ᠋ ᠲᠡᠷᠲᠡᠭᠡ ᠲᠠᠯ᠎ᠠ ᠨᠣᠭᠣᠭᠠᠨ ᠃
ᠨᠣᠭᠣᠭᠠᠨ ᠠ᠋ ᠂ ᠨᠣᠭᠣᠭᠠᠨ !ᠨᠤᠲᠤᠭ ᠤᠰᠤ ᠮᠢᠨᠢ ᠨᠣᠭᠣᠭᠠᠨ ᠢ᠋ᠶ᠋ᠠᠷ ᠠᠮᠢᠰᠬᠤᠯᠠᠵᠤ ᠪᠣᠢ ᠃
ᠭᠡᠨᠡᠳᠲᠡ ᠬᠠᠢᠷᠠᠲᠤ ᠡᠵᠢ ᠶ᠋ᠢᠨ ᠮᠢᠨᠢ ᠪᠦᠯᠢᠶᠡᠨ ᠭᠠᠷ ᠬᠠᠴᠠᠷ ᠢ᠋ ᠢᠯᠪᠢᠬᠦ ᠰᠢᠭ ᠪᠣᠯᠬᠤ ᠳ᠋ᠤ᠌ ᠂ ᠬᠠᠷᠢᠲᠤ ᠪᠠᠨ ᠳᠤᠭᠤᠢᠯᠠᠵᠤ ᠬᠠᠴᠠᠷ ᠶ᠋ᠢᠠᠨ ᠳᠠᠭᠠᠭᠤᠯᠤᠨ ᠲᠡᠮᠲᠡᠷᠢᠵᠦ ᠦᠵᠡᠭᠰᠡᠨ ᠴᠢᠨᠢ ᠴᠡᠭᠡᠯ ᠡᠴᠡ ᠤᠨᠠᠭᠰᠠᠨ ᠨᠠᠪᠴᠢ ᠴᠡᠯ ᠨᠣᠭᠣᠭᠠᠨ ᠠᠮᠢᠰᠬᠤᠯ ᠢ᠋ᠶ᠋ᠠᠷ ᠠᠯᠠᠭᠠᠨ ᠳᠡᠭᠡᠷ᠎ᠡ ᠮᠢᠨᠢ ᠰᠡᠷᠪᠡᠯᠵᠡᠵᠦ ᠪᠠᠶ᠋ᠢᠯ᠎ᠠ ᠃
ᠠ ᠂ ᠪᠢ ᠮᠡᠳᠡᠯ᠎ᠡ ᠃ ᠡᠬᠡ ᠨᠤᠲᠤᠭ ᠲᠠᠭᠠᠨ ᠠᠪᠴᠤ ᠬᠡᠯᠡᠪᠡᠯ ᠂ ᠪᠢ ᠪᠣᠯ ᠵᠥᠪᠬᠡᠨ ᠨᠢᠭᠡᠨ ᠨᠣᠭᠣᠭᠠᠨ ᠨᠠᠪᠴᠢ ᠶ᠋ᠢᠨ ᠲᠡᠳᠦᠢ ᠯᠡ ᠃ ᠡᠨᠡᠬᠦ ᠨᠣᠭᠣᠭᠠᠨ ᠨᠠᠪᠴᠢ ᠪᠣᠯ ᠳᠠᠷᠤᠢ ᠡᠵᠢ ᠶ᠋ᠢᠨ ᠨᠤᠲᠤᠭ ᠠ᠋ᠴᠠ ᠮᠢᠨᠢ ᠡᠩᠬᠦᠷᠡᠢ ᠨᠠᠳᠠ ᠳ᠋ᠠᠭᠠᠨ ᠬᠠᠢᠷᠠᠯᠠᠭᠰᠠᠨ ᠬᠠᠯᠠᠭᠤᠨ ᠦᠨᠦᠰᠦᠯᠲᠡ ᠃
ᠬᠡᠦᠬᠡᠨ ᠦ᠌ ᠢᠨᠢᠶᠡᠳᠦ
ᠤᠯᠠᠯᠵᠠᠬᠤ ᠨᠠᠷᠠᠨ ᠤᠯᠠᠪᠠᠷ ᠲᠤᠶᠠᠭᠠᠨ ᠳᠣᠣᠷ᠎ᠠ ᠂ ᠤᠴᠢᠷᠲᠠᠢᠬᠠᠨ ᠢᠨᠢᠶᠡᠮᠰᠦᠭᠯᠡᠭᠡᠳ ᠨᠢᠭᠡᠨ ᠬᠡᠦᠬᠡᠨ ᠭᠡᠵᠢᠭᠡ ᠪᠡᠨ ᠢᠯᠠᠵᠤ ᠪᠠᠢᠨ᠎ᠠ ᠂ ᠣᠷᠢᠶᠠᠭᠰᠠᠨ ᠠᠯᠴᠢᠭᠤᠷ ᠨᠢ ᠴᠦ᠍ ᠤᠯᠠᠯᠵᠠᠨ ᠳᠡᠷᠪᠡᠯᠵᠡᠭᠡᠳ ᠂ ᠤᠯᠢᠶᠠᠷᠬᠠᠭ ᠴᠢᠷᠠᠢ ᠨᠢ ᠴᠦ᠍ ᠣᠴᠢ ᠪᠠᠳᠠᠷᠠᠨ᠎ᠠ ᠃ ᠁
ᠲᠩᠷᠢ ᠶ᠋ᠢᠨ ᠬᠣᠷᠮᠣᠢ ᠳ᠋ᠤ᠌ ᠨᠠᠷᠠ ᠤᠯᠠᠯᠵᠠᠵᠤ ᠂ ᠨᠠᠷᠠᠨ ᠤ᠋ ᠳᠣᠣᠷ᠎ᠠ ᠠᠭᠤᠯᠠ ᠰᠦᠨᠳᠡᠷᠯᠡᠨ᠎ᠡ ᠃ ᠠᠭᠤᠯᠠ ᠶ᠋ᠢ ᠲᠣᠭᠣᠷᠢᠭᠠᠳ ᠵᠠᠮ ᠰᠤᠨᠤᠯᠵᠠᠵᠤ ᠂ ᠵᠠᠮ ᠢ᠋ ᠡᠪᠬᠡᠭᠡᠳ ᠮᠠᠰᠢᠨ ᠣᠢᠷᠠᠳᠠᠨᠠ᠃
ᠰᠠᠭᠠᠯᠢ ᠶ᠋ᠢᠨ ᠦᠨᠢᠶᠡᠳ ᠵᠡᠯ᠎ᠡ ᠵᠦᠭ ᠢ᠋ᠶ᠋ᠡᠨ ᠭᠦᠶᠦᠯᠳᠦᠬᠦ ᠳ᠋ᠦ᠍ ᠂ ᠰᠠᠨᠠᠭᠰᠠᠨ ᠲᠤᠭᠤᠯ ᠤ᠋ᠳ ᠨᠢ ᠵᠡᠯ᠎ᠡ ᠶ᠋ᠢᠨ ᠴᠠᠭᠠᠨ᠎ᠠ ᠠ᠋ᠴᠠ ᠲᠡᠮᠡᠦᠯᠦᠨ᠎ᠡ ᠃ ᠁ ᠱᠤᠭᠤᠮ ᠲᠠᠲᠠᠭᠰᠠᠨ ᠮᠡᠲᠦ ᠵᠢᠭᠰᠠᠭᠰᠠᠨ ᠨᠢ ᠰᠤᠷᠭᠠᠭᠤᠯᠢ ᠠ᠋ᠴᠠ ᠪᠠᠨ ᠪᠤᠴᠠᠭ᠎ᠠ ᠰᠤᠷᠤᠭᠴᠢ ᠤᠤ ? ᠰᠤᠷᠭᠠᠭᠤᠯᠢᠯᠠᠯ ᠳ᠋ᠠᠭᠠᠨ ᠰᠢᠮᠳᠠᠭᠠ ᠴᠡᠷᠢᠭ ᠦᠦ ? ᠪᠢᠰᠢ ᠂ ᠪᠢᠰᠢ ! ᠪᠦᠷ ᠪᠢᠰᠢ ᠃ ᠭᠠᠷᠠᠬ᠎ᠠ ᠮᠡᠲᠦ ᠬᠣᠶᠠᠷ ᠡᠪᠡᠷ ᠨᠢ ᠭᠣᠷᠣᠢᠵᠤ ᠪᠠᠢᠨ᠎ᠠ ᠰᠢᠦ ᠂ ᠭᠠᠳᠠᠰᠤ ᠮᠡᠲᠦ ᠳᠥᠷᠪᠡᠨ ᠬᠥᠯ ᠨᠢ ᠲᠤᠯᠵᠤ ᠪᠠᠢᠨ᠎ᠠ ᠰᠢᠦ ᠃ ᠁
ᠬᠥᠷ ! ᠬᠥᠷ –– ᠬᠦᠷᠬᠢᠷ᠎ᠡ ᠰᠢᠭ ᠱᠤᠤᠭᠢᠵᠤ ᠂ ᠬᠥᠨᠳᠡᠢ ᠶ᠋ᠢᠨ ᠲᠠᠯ᠎ᠠ ᠳ᠋ᠤ᠌ ᠠᠢᠵᠠᠮᠳᠠᠨᠡ ᠃ ᠬᠥᠨᠥᠭ ᠲᠦᠭᠦᠷᠡᠭ ᠰᠦ᠍ ᠪᠡᠨ ᠬᠠᠷᠠᠭᠠᠳ ᠬᠡᠦᠬᠡᠨ ᠦ᠌ ᠰᠡᠳᠬᠢᠯ ᠪᠠᠯ ᠳ᠋ᠤ᠌ ᠠᠭᠤᠰᠤᠭᠰᠠᠨ ᠮᠡᠲᠦ ᠪᠡᠶᠡᠰᠦᠨ᠎ᠡ ᠃
《 ᠰᠢᠩᠭᠡᠬᠦ ᠨᠠᠷᠠᠨ ᠬᠢᠵᠠᠭᠠᠷ ᠦᠭᠡᠢ ᠰᠠᠢᠬᠠᠨ ᠴᠤ᠌ ᠂ ᠰᠢᠷ᠎ᠠ ᠪᠦᠷᠦᠢ ᠳᠥᠭᠥᠭᠰᠡᠨ ᠦᠨᠡᠬᠡᠷ ᠬᠠᠷᠠᠮᠰᠠᠯ 》 ᠭᠡᠵᠦ ᠬᠡᠨ ᠭᠠᠰᠢᠭᠤᠳᠠᠪᠠ ⁈
ᠵᠢᠷᠭᠠᠬᠤ ᠨᠠᠷᠠᠨ ᠤ᠋ ᠲᠤᠶᠠᠭ᠎ᠠ ᠰᠠᠢᠬᠠᠨ ᠂ ᠵᠠᠯᠠᠭᠤ ᠬᠡᠦᠬᠡᠨ ᠦ᠌ ᠢᠨᠢᠶᠡᠳᠦ ᠰᠠᠢᠬᠠᠨ ᠃
ᠣᠭᠲᠠᠷᠭᠤᠢ ᠶ᠋ᠢᠨ ᠳᠣᠣᠷ᠎ᠠ ᠠᠭᠤᠯᠠ ᠰᠦᠨᠳᠡᠷᠯᠡᠵᠦ ᠂ ᠠᠭᠤᠯᠠᠨ ᠤ᠋ ᠳᠡᠭᠡᠷ᠎ᠡ ᠡᠦᠲᠦ ᠭᠢᠯᠠᠯᠵᠠᠨ᠎ᠠ ᠃ ᠮᠠᠷᠭᠠᠰᠢ ᠪᠠᠨ ᠲᠥᠰᠥᠪᠯᠡᠭᠡᠳ ᠬᠡᠦᠬᠡᠨ ᠢᠨᠢᠶᠡᠵᠦ ᠪᠣᠢ ᠂ ᠮᠠᠰᠢᠨ ᠢ᠋ᠶ᠋ᠠᠨ ᠳᠠᠯᠠᠯᠤᠭᠠᠳ ᠬᠡᠦᠬᠡᠨ ᠶᠠᠭᠠᠷᠠᠵᠤ ᠪᠣᠢ ᠃
