ᠮᠣᠩᠭᠣᠯ ᠨᠤᠲᠤᠭ ᠎ ᠤᠨ ᠰᠠᠢᠬᠠᠨ - ᠴᠡᠩᠭᠡᠯᠲᠦ Монгол нутгийн сайхан - Цэнхэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ ᠎ ᠤᠨ ᠰᠠᠢᠬᠠᠨ - ᠴᠡᠩᠭᠡᠯᠲᠦ Монгол нутгийн сайхан - Цэнхэлт

ᠮᠣᠩᠭᠣᠯ ᠨᠤᠲᠤᠭ ᠎ ᠤᠨ ᠰᠠᠢᠬᠠᠨ - ᠴᠡᠩᠭᠡᠯᠲᠦ Монгол нутгийн сайхан - Цэнхэлт

2023-06-09

424

ᠮᠣᠩᠭᠣᠯ ᠨᠤᠲᠤᠭ ᠎ ᠤᠨ ᠰᠠᠢᠬᠠᠨ


                ᠰᠦᠨ ᠴᠠᠭᠠᠨ ᠶᠢᠷᠲᠢᠨᠴᠦ 

     ᠬᠠᠪᠤᠷ –– ᠬᠥᠭᠰᠢᠨ ᠵᠠᠯᠠᠭᠤᠰ ᠲᠥᠯ ᠲᠣᠰᠤᠭᠠᠳ ᠂ ᠬᠥᠮᠦᠨ ᠪᠣᠯᠭᠠᠨ ᠤ᠋ ᠡᠪᠦᠷ ᠴᠠᠭᠠᠨ ᠂ ᠡᠭᠦᠷᠦᠪᠴᠢ ᠨᠢ ᠴᠦ᠍ ᠴᠠᠭᠠᠨ ᠂ ᠬᠠᠢᠴᠢᠯᠠᠭᠰᠠᠨ ᠨᠣᠣᠰᠣ ᠨᠢ ᠬᠠᠢᠷ᠎ᠠ ᠶ᠋ᠢ ᠠᠷᠭᠠᠮᠵᠢᠵᠤ ᠂ ᠬᠠᠵᠠᠭᠤᠯᠤᠨ ᠪᠤᠰᠬᠠᠭᠰᠠᠨ ᠣᠪᠣᠭ᠎ᠠ ᠨᠢ ᠴᠠᠭᠠᠨ ᠂ ᠠᠭᠤᠯᠠ ᠨᠢ ᠴᠠᠭᠠᠨ ᠃ 
     ᠵᠤᠨ –– ᠳᠡᠯᠭᠡᠷᠡᠵᠦ ᠪᠠᠢᠭ᠎ᠠ ᠴᠡᠴᠡᠭ ᠦ᠋ᠨ ᠬᠢᠨᠢ ᠳᠡᠭᠡᠷ᠎ᠡ ᠂ ᠬᠦᠪᠦᠵᠦ ᠪᠠᠢᠭ᠎ᠠ ᠡᠭᠦᠯᠡ ᠨᠢ ᠴᠠᠭᠠᠨ ᠃ ᠮᠡᠯᠮᠡᠢᠵᠦ ᠪᠠᠢᠭ᠎ᠠ ᠨᠠᠭᠤᠷ ᠤ᠋ᠨ ᠬᠢᠨᠢ ᠳᠤᠮᠳᠠ ᠂ ᠴᠡᠩᠭᠡᠵᠦ ᠪᠠᠢᠭ᠎ᠠ  ᠬᠤᠨ ᠨᠢ ᠴᠠᠭᠠᠨ ᠃ ᠪᠣᠯᠵᠣᠮᠣᠷ ᠤ᠋ᠨ ᠵᠢᠷᠭᠢᠭᠡᠨ ᠲᠡᠢ ᠵᠡᠯ᠎ᠡ ᠶ᠋ᠢᠨ ᠬᠢᠨᠢ ᠳᠡᠭᠡᠷ᠎ᠡ ᠂ ᠪᠠᠭᠤᠵᠤ ᠪᠠᠢᠭ᠎ᠠ ᠬᠦᠷᠬᠢᠷ᠎ᠡ ᠨᠢ ᠴᠠᠭᠠᠨ ᠂ ᠪᠤᠷᠭᠢᠯᠵᠤ ᠪᠠᠢᠭ᠎ᠠ ᠤᠲᠤᠭ᠎ᠠ ᠨᠢ ᠴᠦ᠍ ᠴᠠᠭᠠᠨ ᠃ 
      ᠨᠠᠮᠤᠷ –– ᠲᠡᠭᠷᠢ ᠭᠠᠵᠠᠷ ᠤ᠋ᠨ ᠠᠭᠤᠷ  ᠰᠢᠮ᠎ᠡ  ᠪᠣᠯᠤᠭᠠᠳ ᠂ ᠳᠡᠭᠳᠡᠵᠦ ᠪᠠᠢᠭ᠎ᠠ ᠮᠠᠨᠠᠨ ᠨᠢ ᠴᠠᠭᠠᠨ ᠃ ᠳᠡᠯᠭᠡᠷ ᠨᠠᠭᠠᠳᠤᠮ ᠤ᠋ᠨ ᠳᠡᠭᠡᠵᠢ ᠪᠣᠯᠤᠭᠠᠳ ᠂ ᠳᠡᠪᠰᠢᠭᠦᠯᠦᠭᠳᠡᠵᠦ ᠪᠠᠢᠭ᠎ᠠ ᠬᠠᠳᠠᠭ ᠨᠢ ᠴᠠᠭᠠᠨ ᠂ ᠳᠡᠯᠭᠡᠵᠦ ᠪᠠᠢᠭ᠎ᠠ ᠢᠳᠡᠭᠡᠨ ᠨᠢ ᠴᠦ᠍ ᠴᠠᠭᠠᠨ ᠃  
      ᠡᠪᠦᠯ –– ᠮᠥᠰᠥᠳᠡᠵᠦ ᠪᠠᠢᠭ᠎ᠠ ᠪᠠᠢᠭᠠᠯᠢ ᠳᠡᠯᠡᠬᠡᠢ ᠶ᠋ᠢᠨ ᠵᠢᠰᠦ ᠴᠠᠭᠠᠨ ᠂ ᠮᠦᠰᠢᠶᠡᠵᠦ ᠪᠠᠢᠭ᠎ᠠ ᠮᠠᠯᠴᠢᠨ ᠠᠳᠤᠭᠤᠴᠢᠨ ᠰᠠᠬᠠᠯ ᠴᠠᠭᠠᠨ ᠂ ᠳᠡᠪᠡᠯ ᠴᠠᠭᠠᠨ ᠃
      ᠡᠪᠦᠯ ᠵᠤᠨ ᠬᠠᠪᠤᠷ ᠨᠠᠮᠤᠷ –– ᠡᠭᠡᠯᠵᠢᠯᠡᠬᠦ ᠳᠥᠷᠪᠡᠨ ᠤᠯᠠᠷᠢᠯ ᠳ᠋ᠤ᠌ ᠂ ᠡᠵᠡᠨ ᠳ᠋ᠡᠭᠡᠨ ᠡᠷᠳᠡᠨᠢ ᠪᠣᠯᠤᠭᠠᠳ ᠥᠰᠴᠦ ᠪᠠᠢᠭ᠎ᠠ ᠮᠡᠨᠳᠦ ᠰᠦᠷᠦᠭ ᠦ᠋ᠨ ᠪᠠᠷ᠎ᠠ ᠴᠠᠭᠠᠨ ᠃ ᠡᠬᠡ ᠳ᠋ᠡᠭᠡᠨ ᠵᠢᠷᠦᠬᠡ ᠪᠣᠯᠤᠭᠠᠳ ᠢᠨᠢᠶᠡᠵᠦ ᠪᠠᠢᠭ᠎ᠠ ᠴᠢᠮᠪᠠᠢ ᠬᠦᠦ ᠶ᠋ᠢᠨ ᠰᠢᠲᠦ ᠨᠢ ᠴᠦ᠍ ᠴᠠᠭᠠᠨ ᠃ ᠲᠠᠯ᠎ᠠ ᠳ᠋ᠠᠭᠠᠨ ᠴᠢᠮᠡᠭᠲᠡᠢ ᠭᠡᠷ ᠮᠠᠢᠬᠠᠨ ᠴᠡᠪᠡᠷ ᠴᠠᠭᠠᠨ ᠂ ᠨᠤᠲᠤᠭ ᠲᠠᠭᠠᠨ ᠬᠠᠢᠷᠠᠲᠠᠢ ᠮᠠᠯᠴᠢᠳ ᠤ᠋ᠨ ᠰᠡᠳᠬᠢᠯ ᠶᠠᠭᠤᠨ ᠠ᠋ᠴᠠ ᠴᠠᠭᠠᠨ ᠃ 
      ᠴᠠᠭᠠᠨ !ᠴᠠᠭᠠᠨ ––  ᠰᠦ ᠭᠣᠭᠣᠵᠢᠮ᠎ᠠ ᠠᠷᠢᠭᠤᠨ ᠴᠠᠭᠠᠨ ᠂ ᠴᠠᠰᠤ ᠪᠤᠲᠠᠷᠠᠮ᠎ᠠ ᠴᠢᠨᠳᠠᠭᠠᠨ ᠴᠠᠭᠠᠨ ᠃ ᠮᠥᠨ ᠯᠡ ᠲᠡᠢᠮᠦ ᠤᠴᠢᠷ ᠠ᠋ᠴᠠ ᠪᠢ ᠂ ᠮᠣᠩᠭᠣᠯ ᠨᠤᠲᠤᠭ ᠤ᠋ᠨ ᠢ᠋ᠶ᠋ᠠᠨ ᠰᠦ  ᠶ᠋ᠢ ᠨᠢ ᠤᠤᠭᠤᠵᠤ ᠪᠣᠶ᠋ᠢᠵᠢᠬᠰᠠᠨ ᠤ᠋ ᠬᠤᠪᠢ ᠳ᠋ᠤ᠌ ᠂ ᠮᠣᠩᠭᠣᠯ ᠨᠤᠲᠤᠭ ᠢ᠋ᠶ᠋ᠠᠨ ᠰᠦᠨ ᠴᠠᠭᠠᠨ ᠶᠢᠷᠲᠢᠨᠴᠦ ᠭᠡᠵᠦ ᠮᠠᠭᠲᠠᠳᠠᠭ !          ᠬᠡᠲᠦᠷᠬᠡᠢ ᠴᠠᠭᠠᠨ ᠪᠣᠯ ᠬᠬᠢᠷᠲᠦᠬᠦ ᠳ᠋ᠦ᠍ ᠬᠢᠯᠪᠠᠷ –– ᠭᠬᠢᠷᠲᠦᠭᠰᠡᠨ ᠤᠴᠢᠷ   ᠦᠭᠡᠢ ᠶᠤᠮᠰᠠᠨ ᠪᠣᠯ ᠬᠡᠨ ᠢᠩᠭᠢᠵᠦ ᠬᠡᠯᠡᠬᠦ ᠪᠣᠢ ⁈ ᠲᠡᠭᠡᠬᠦ ᠳ᠋ᠡᠭᠡᠨ  ᠪᠢ ᠬᠥᠨᠥᠭ ᠲᠡᠢ ᠰᠦᠨ ᠳ᠋ᠡᠭᠡᠨ  ᠬᠦ᠌ ᠣᠷᠣᠭᠤᠯᠬᠤ ᠶ᠋ᠢ ᠬᠢᠴᠢᠶᠡ ᠭᠡᠵᠦ ᠨᠥᠬᠥᠳ ᠲᠠᠨ ᠳ᠋ᠠᠭᠠᠨ ᠰᠠᠨᠠᠭᠤᠯᠵᠤ ᠪᠠᠢᠬᠤ ᠨᠢ ᠠ᠋ !  

             ᠬᠡᠦᠬᠡᠳ ᠦ᠋ᠨ ᠶᠢᠷᠲᠢᠨᠴᠦ  

      ᠣᠭᠲᠠᠷᠭᠤᠢ –– ᠬᠠᠷᠠᠭᠠᠳ ᠬᠠᠷᠠᠭᠠᠳ ᠲᠠᠰᠤᠷᠠᠰᠢ ᠦᠭᠡᠢ ᠨᠡᠭᠦᠳᠡᠯᠯᠡᠬᠦ ᠲᠡᠷᠡ ᠴᠠᠭᠠᠨ ᠡᠭᠦᠯᠡ ᠃ 
      ᠲᠠᠯ᠎ᠠ –– ᠬᠠᠢᠭᠠᠳ ᠬᠠᠢᠭᠠᠳ ᠦᠵᠦᠭᠦᠷ ᠦᠭᠡᠢ ᠰᠤᠨᠤᠯᠵᠠᠬᠤ ᠲᠡᠷᠡ ᠵᠠᠮ ᠃  
     《ᠶᠠᠭᠠᠬᠢᠭᠠᠳ ? 》–– ᠰᠣᠨᠢᠷᠬᠠᠯᠲᠠᠢ ᠭᠠᠢᠬᠠᠯᠲᠠᠢ ᠤᠭᠰᠠᠷᠠᠭᠰᠠᠨ ᠣᠯᠠᠨ ᠠᠰᠠᠭᠤᠯᠲᠠ ᠃ 
      ᠠᠮᠢᠳᠤᠷᠠᠯ –– ᠢᠨᠢᠶᠡᠳᠦ ᠲᠡᠢ ᠨᠢᠯᠪᠤᠰᠤ ᠲᠠᠢ ᠴᠠᠭᠠᠪᠤᠷ ᠣᠯᠠᠨ ᠰᠢᠯᠭᠠᠯᠲᠠ ᠃ 
      ᠪᠠᠢᠭᠠᠯᠢ ᠳᠡᠯᠡᠬᠡᠢ –– ᠪᠠᠢᠵᠤ ᠪᠠᠢᠲᠠᠯ᠎ᠠ ᠬᠡᠳᠦ ᠬᠤᠪᠢᠷᠠᠬᠤ ᠨᠢ ᠬᠡᠦᠬᠡᠳ ᠦ᠋ᠨ ᠵᠠᠩ ᠪᠠᠰᠠ ᠲᠡᠭᠡᠭᠡᠳ ᠤᠯᠠᠷᠢᠯ ᠪᠣᠯᠭᠠᠨ ᠨᠢ ᠣᠭᠵᠣᠮ ᠣᠬᠣᠷ ᠲᠤᠯᠠ ᠬᠡᠦᠬᠡᠳ ᠦ᠋ᠨ ᠨᠠᠰᠤ ᠲᠠᠢ᠃  
      ᠬᠠᠢᠷᠠᠯᠠᠭᠰᠠᠨ ᠳ᠋ᠠᠭᠠᠨ ᠬᠠᠯᠠᠭᠤᠨ ᠠᠮᠢ ᠪᠠᠨ ᠬᠠᠷᠠᠮᠨᠠᠬᠤ ᠦᠭᠡᠢ ᠂ ᠬᠣᠷᠣᠰᠤᠭᠰᠠᠨ ᠳ᠋ᠠᠭᠠᠨ ᠰᠢᠷᠠᠰᠤ ᠪᠠᠨ ᠴᠤ᠌  ᠭᠢᠯᠠᠶ᠋ᠢᠯᠭᠠᠬᠤ ᠦᠭᠡᠢ ᠃ ᠠ ! ᠠᠮᠢᠳᠤᠷᠠᠯ –– ᠬᠡᠦᠬᠡᠳ ᠦ᠋ᠨ ᠳᠣᠮᠣᠭ ᠂ ᠴᠣᠬᠣᠮ ᠠᠯᠢ ᠨᠢ ᠣᠶ᠋ᠢᠷ᠎ᠠ ᠪᠣᠢ ⁈
      ᠰᠠᠷᠠᠭᠤᠯ ᠠᠭᠤᠳᠠᠮ ᠲᠠᠯ᠎ᠠ ᠪᠣᠯ ᠡᠵᠢ ᠨᠢ ᠮᠥᠨ ᠂ ᠰᠠᠨᠠᠭ᠎ᠠ ᠰᠠᠢᠲᠠᠢ ᠠᠷᠠᠳ ᠨᠢ ᠪᠣᠯ ᠲᠡᠭᠦᠨ ᠦ᠌ ᠪᠡᠨ ᠥᠷᠥᠴᠡᠨ ᠳ᠋ᠦ᠍  ᠪᠦᠪᠡᠢᠯᠡᠭᠳᠡᠵᠦ ᠪᠠᠶ᠋ᠢᠬ᠋᠎ᠠ ᠦᠷ᠎ᠡ ᠨᠢ ᠮᠥᠨ ᠃ ᠪᠠᠶ᠋ᠢᠭᠠᠯᠢ ᠡᠬᠡ ᠨᠢ ᠦᠷ᠎ᠡ ᠪᠡᠨ ᠠᠷᠭᠠᠴᠠᠬᠤ ᠶ᠋ᠢᠨ ᠲᠥᠯᠥᠭᠡ ᠬᠠᠭᠤᠷᠴᠤ ᠦᠵᠡᠨ᠎ᠡ ᠂ ᠰᠦᠷᠳᠡᠭᠦᠯᠵᠦ ᠦᠵᠡᠨ᠎ᠡ ᠃ ᠭᠡᠲᠡᠯ᠎ᠡ ᠠᠯᠠᠭ ᠦᠷ᠎ᠡ ᠨᠢ ᠡᠬᠡ ᠶ᠋ᠢᠨ ᠢ᠋ᠶ᠋ᠡᠨ ᠰᠠᠨᠠᠭ᠎ᠠ ᠶ᠋ᠢ ᠬᠡᠲᠦᠶ᠋ᠢᠨ ᠮᠡᠲᠡᠴᠢᠴᠢᠭᠡᠳ ᠠᠯᠠᠭ᠎ᠠ ᠪᠠᠨ ᠲᠡᠰᠢᠨ ᠢᠨᠢᠶᠡᠵᠦ ᠪᠠᠶ᠋ᠢᠲᠠᠭ ᠰᠠᠨ ᠃ 
      ᠮᠢᠷᠠᠯᠵᠠᠵᠤ ᠪᠠᠶ᠋ᠢᠬ᠋᠎ᠠ ᠴᠡᠴᠡᠭ ᠨᠢ  ᠬᠡᠦᠬᠡᠳ ᠂ ᠮᠢᠷᠠᠯᠵᠠᠭᠤᠯᠵᠤ ᠪᠠᠶ᠋ᠢᠬ᠋᠎ᠠ ᠪᠠᠷ ᠢ᠋ᠶ᠋ᠠᠨ ᠲᠠᠯ᠎ᠠ ᠨᠢ ᠴᠦ᠍ ᠬᠡᠦᠬᠡᠳ ᠃ ᠢᠨᠢᠶᠡᠬᠦ ᠮᠥᠷᠲᠡᠭᠡᠨ ᠤᠬᠢᠯᠠᠵᠤ ᠪᠠᠶ᠋ᠢᠲᠠᠭ ᠢ᠋ᠶ᠋ᠠᠷ ᠢ᠋ᠶ᠋ᠠᠨ ᠠᠮᠢᠳᠤᠷᠠᠭᠰᠠᠳ ᠨᠢ ᠴᠦ᠍ ᠬᠡᠦᠬᠡᠳ ᠂ ᠢᠨᠢᠶᠡᠯᠭᠡᠬᠦ ᠮᠥᠷᠲᠡᠭᠡᠨ ᠤᠬᠢᠯᠠᠭᠤᠯᠵᠤ ᠪᠠᠶ᠋ᠢᠲᠠᠭ ᠢ᠋ᠶ᠋ᠠᠷ ᠢ᠋ᠶ᠋ᠠᠨ ᠠᠮᠢᠳᠤᠷᠠᠯ ᠨᠢ ᠴᠦ᠍ ᠬᠡᠦᠬᠡᠳ ᠃ 
      ᠬᠡᠦᠬᠡᠳ ᠠ᠋ ᠂ ᠬᠡᠦᠬᠡᠳ –– ᠬᠥᠮᠦᠨ ᠪᠠᠢᠭᠠᠯᠢ ᠶ᠋ᠢᠨ ᠨᠢᠭᠡᠳᠦᠯ ᠂ ᠪᠠᠢᠭᠠᠯᠢ ᠬᠥᠮᠦᠨ ᠦ᠌ ᠮᠥᠨ ᠴᠢᠨᠠᠷ ᠃  
      ᠬᠡᠦᠬᠡᠳ ᠦ᠋ᠨ ᠶᠢᠷᠲᠢᠨᠴᠦ ᠠ᠋ ᠂ ᠬᠡᠦᠬᠡᠳ ᠦ᠋ᠨ ᠶᠢᠷᠲᠢᠨᠴᠦ –– ᠠᠰᠪᠤᠷ ᠰᠢᠯᠤᠭᠤᠨ ᠬᠡᠦᠬᠡᠳ ᠦ᠋ᠨ ᠳᠣᠮᠣᠭ ᠂ ᠠᠯᠢᠶ᠎ᠠ ᠳᠡᠭᠵᠢᠨ ᠬᠡᠦᠬᠡᠳ ᠦ᠋ᠨ ᠲᠣᠭᠯᠠᠮ ᠃ ᠮᠥᠨ ᠯᠡ ᠲᠡᠢᠮᠦ ᠤᠴᠢᠷ ᠠ᠋ᠴᠠ ᠪᠢ ᠂ ᠮᠣᠩᠭᠣᠯ ᠡᠬᠡ ᠶ᠋ᠢᠨ ᠢ᠋ᠶ᠋ᠡᠨ ᠠᠷᠢᠭᠤᠨ  ᠰᠦ᠍ ᠶ᠋ᠢ ᠬᠥᠬᠥᠵᠦ ᠪᠠᠢᠭ᠎ᠠ ᠬᠡᠦᠬᠡᠳ ᠦ᠋ᠨ ᠬᠤᠪᠢ ᠪᠠᠷ  ᠂ ᠠᠯᠬᠤᠬᠤ ᠶ᠋ᠢ  ᠰᠤᠷᠴᠤ ᠪᠠᠢᠭ᠎ᠠ ᠨᠤᠭᠤᠳ ᠲᠠᠭᠠᠨ ᠪᠦᠳᠦᠷᠢᠬᠦ ᠶ᠋ᠢ ᠬᠡᠴᠢᠶᠠ ᠭᠡᠵᠦ ᠰᠠᠨᠠᠭᠤᠯᠬᠤ ᠨᠢ ᠠ᠋ ᠃