3-94ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠩ ᠡᠮ ᠦ᠋ᠨ ᠨᠠᠶ᠋ᠢᠷᠠᠯᠭ᠎ᠠ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-94ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠩ ᠡᠮ ᠦ᠋ᠨ ᠨᠠᠶ᠋ᠢᠷᠠᠯᠭ᠎ᠠ

3-94ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠩ ᠡᠮ ᠦ᠋ᠨ ᠨᠠᠶ᠋ᠢᠷᠠᠯᠭ᠎ᠠ

ᠠᠩᠭᠢᠯᠠᠯ:ᠡᠷᠡᠭᠦᠯ ᠡᠩᠬᠡ
2023-06-09

296

ᠳᠠᠩ ᠡᠮ ᠦ᠋ᠨ ᠨᠠᠶ᠋ᠢᠷᠠᠯᠭ᠎ᠠ

  ᠳᠠᠩ ᠤ᠋ᠨ ᠠᠶ᠋ᠢᠮᠠᠭ ᠊ᠢ ᠥᠴᠦᠬᠡᠨ ᠦᠵᠡᠬᠦᠯᠭᠦᠢ ᠳ᠋ᠦ᠍ ᠄ ᠠᠷᠤᠷ᠎ᠠ5 ᠴᠢᠨ᠂ ᠪᠠᠷᠤᠷ᠎ᠠ3 ᠴᠢᠨ᠂ ᠵᠦᠷᠦᠷ᠎ᠠ6 ᠴᠢᠨ ᠦ᠌ ᠳᠠᠩ ᠢ᠋ᠶ᠋ᠠᠷ ᠰᠢᠨ᠎ᠡ ᠬᠠᠭᠤᠴᠢᠨ ᠬᠠᠯᠠᠭᠤᠨ ᠊ᠢ ᠠᠷᠢᠯᠭᠠᠨ ᠪᠣᠯᠪᠠᠰᠤᠷᠠᠭᠤᠯᠤᠨ ᠦᠢᠯᠡᠳᠦᠮᠦᠢ᠃
ᠮᠠᠨᠤ5 ᠴᠢᠨ᠂ ᠭᠠᠨᠳᠠᠭᠠᠷᠢ2 ᠴᠢᠨ᠂ ᠯᠢᠳᠡᠷᠢ2 ᠴᠢᠨ᠂ ᠭᠠᠵᠠ2 ᠴᠢᠨ ᠦ᠌ ᠳᠠᠩ ᠢ᠋ᠶ᠋ᠠᠷ ᠬᠠᠯᠠᠭᠤᠨ ᠊ᠢ ᠪᠣᠯᠪᠠᠰᠤᠷᠠᠭᠤᠯᠤᠨ ᠬᠠᠳᠬᠤᠯᠠᠭ᠎ᠠ ᠶ᠋ᠢ ᠳᠠᠷᠤᠨ᠎ᠠ᠃ ᠳᠡᠭᠡᠷᠡᠬᠢ ᠶ᠋ᠢᠨ ᠤᠰᠤ ᠴᠢᠰᠤ ᠶ᠋ᠢ ᠪᠠᠭᠤᠯᠭᠠᠬᠤ ᠪᠠ ᠪᠠᠳᠬᠠᠨ ᠬᠡᠢ ᠶ᠋ᠢ ᠠᠷᠢᠯᠭᠠᠨ᠎ᠠ᠃
ᠲᠡᠮᠦᠷ ᠦ᠋ᠨ ᠲᠠᠯᠬ᠎ᠠ᠂ ᠰᠢᠷ᠎ᠠ ᠮᠣᠳᠣᠨ ᠵᠠᠪᠰᠠᠷ ᠤ᠋ᠨ ᠲᠤᠷᠠᠰᠤ᠂ ᠭᠤᠷᠪᠠᠨ ᠦᠷ᠎ᠡ ᠶ᠋ᠢᠨ ᠳᠠᠩ ᠢ᠋ᠶ᠋ᠠᠷ ᠨᠢᠳᠦᠨ ᠡᠪᠡᠳᠴᠢᠨ ᠳ᠋ᠦ᠍ ᠲᠤᠰᠠᠯᠠᠬᠤ ᠪᠥᠭᠡᠳ ᠬᠠᠯᠠᠭᠤᠨ ᠬᠠᠪᠤᠩ ᠊ᠢ ᠴᠦ᠍ ᠬᠥᠷᠥᠭᠡᠨ ( ᠬᠦᠢᠲᠡᠨ ) ᠦᠢᠯᠡᠳᠦᠮᠦᠢ᠃
ᠰᠣᠷᠣᠯᠣ᠂ ᠰᠢᠩ ᠠᠷ᠂ ᠵᠠᠵᠢᠭ ᠂ ᠯᠢᠭᠠᠲᠤᠷ ᠤ᠋ᠨ ᠳᠠᠩ ᠢ᠋ᠶ᠋ᠠᠷ ᠠᠭᠤᠰᠬᠢᠨ ᠬᠠᠯᠠᠭᠤᠨ ᠊ᠢ ᠠᠷᠢᠯᠭᠠᠨ ᠬᠠᠨᠢᠶᠠᠯᠭᠠᠬᠤ ᠳ᠋ᠤ᠌ ᠲᠤᠰᠠᠲᠠᠢ᠃
ᠭᠤᠷᠪᠠᠨ ᠦᠷ᠎ᠡ ᠬᠢᠭᠡᠳ ᠭᠤᠷᠪᠠᠨ ᠤᠯᠠᠭᠠᠨ᠂ ᠰᠣᠷᠣᠯᠣ ᠶ᠋ᠢᠨ ᠳᠠᠩ ᠬᠤᠪᠢ ᠳᠠᠭᠱᠠ ᠪᠠᠷ ᠠᠭᠤᠰᠬᠢᠨ ᠡᠪᠡᠳᠴᠢᠨ ᠪᠦᠬᠦᠨ ᠳ᠋ᠦ᠍ ᠲᠤᠰᠠᠯᠠᠬᠤ ᠮᠠᠭᠠᠳ᠃
ᠳ᠋ᠦ᠋ᠭ᠌ᠮᠦᠨᠢᠣᠩ3 ᠴᠢᠨ᠂ ᠪᠣᠩᠭᠠᠷ2 ᠴᠢᠨ᠂ ᠯᠢᠭᠠᠳᠤᠷ3 ᠴᠢᠨ᠂ ᠪᠠᠯᠢᠭ᠎ᠠ3 ᠴᠢᠨ ᠦ᠌ ᠳᠠᠩ ᠢ᠋ᠶ᠋ᠠᠷ ᠭᠡᠳᠡᠰᠦ ᠣᠯᠣᠭᠠᠢ ᠰᠠᠪᠠ ᠶ᠋ᠢᠨ ᠬᠠᠯᠠᠭᠤᠨ ᠢ᠋ ᠬᠣᠴᠤᠷᠠᠯ ᠦᠭᠡᠢ ᠠᠷᠢᠯᠭᠠᠨ᠎ᠠ᠃
ᠮᠠᠨᠤ —4 ᠬᠢᠭᠡᠳ ᠭᠤᠷᠪᠠᠨ ᠦᠷ᠎ᠡ᠂ ᠡᠷᠳᠡᠨᠢ —7 ᠤ᠋ ᠳᠠᠩ ᠢ᠋ᠶ᠋ᠠᠷ ᠰᠢᠨ᠎ᠡ ᠬᠠᠯᠠᠭᠤᠨ ᠢ᠋ ᠨᠢᠴᠤᠭᠠᠬᠤ ᠪᠥᠭᠡᠳ ᠬᠠᠯᠠᠭᠤᠨ ᠢ᠋ ᠪᠣᠯᠪᠠᠰᠤᠷᠠᠭᠤᠯᠤᠨ ᠬᠤᠷᠢᠶᠠᠵᠤ ᠨᠢᠳᠦᠯᠡᠨ᠎ᠡ ᠃
ᠴᠠᠭᠠᠨ ᠲᠤᠲᠤᠷᠭ᠎ᠠ8 ᠴᠢᠨ᠂ ᠰᠦᠭᠮᠸᠯ2 ᠴᠢᠨ᠂ ᠰᠢᠩ ᠠᠷ1 ᠴᠢᠨ ᠊ᠢ ᠨᠠᠶ᠋ᠢᠷᠠᠭᠤᠯᠣᠭᠰᠠᠨ ᠳᠠᠩ ᠢ᠋ᠶ᠋ᠠᠷ ᠪᠥᠭᠡᠯᠵᠢᠬᠦ ᠶ᠋ᠢ ᠲᠠᠰᠤᠯᠬᠤ ᠳ᠋ᠤ᠌ ᠡᠭᠦᠨ ᠡᠴᠡ ᠦᠯᠡᠮᠵᠢ ᠡᠮ ᠦᠭᠡᠢ᠃
ᠠᠷᠤᠷ᠎ᠠ᠂ ᠳ᠋ᠦ᠋ᠮᠪᠦᠷᠸᠷᠡᠯ᠂ ᠪᠣᠩᠭᠠᠷ᠂ ᠼᠠᠯᠠ ᠶ᠋ᠢᠨ ᠳᠠᠩ ᠢ᠋ᠶ᠋ᠠᠷ ᠨᠠᠷᠠᠭᠤᠯᠤᠭᠰᠠᠨ ᠬᠣᠣᠷ᠂ ᠮᠢᠬᠠᠨ ᠬᠣᠣᠷ ᠊ᠢ ᠠᠷᠢᠯᠭᠠᠨ ᠴᠢᠳᠠᠬᠤ ᠭᠠᠶ᠋ᠢᠬᠠᠮᠰᠢᠬᠲᠤ ᠶᠣᠰᠣ᠃
ᠵᠠᠽᠤᠢ᠂ ᠽᠣᠳ᠂ ᠰᠦᠨᠬᠠᠨ᠂ ᠠᠷᠤᠷ᠎ᠠ᠂ ᠵᠢᠷᠱᠦᠢ᠍ᠨ ᠨᠤᠭᠦᠳ ᠊ᠢ ᠬᠤᠪᠢ ᠲᠠᠭᠰᠢ ᠨᠠᠶ᠋ᠢᠷᠠᠭᠤᠯᠤᠭᠰᠠᠨ ᠳᠠᠩ ᠢ᠋ᠶ᠋ᠠᠷ ᠪᠥᠭᠡᠷᠡᠨ ᠬᠠᠯᠠᠭᠤᠨ᠂ ᠪᠡᠯᠭᠡ ᠶ᠋ᠢᠨ ᠡᠪᠡᠳᠴᠢᠨ ᠊ᠢ ᠠᠷᠢᠯᠭᠠᠨ᠎ᠠ᠃
ᠭᠦᠷᠭᠦᠮ᠂ ᠳ᠋ᠣᠮᠷᡁᠢ᠂ ᠵᠠᠽᠤᠢ᠂ ᠬᠤᠩᠯᠸᠨ ᠤ᠋ ᠳᠠᠩ ᠪᠣᠯ ᠴᠢᠰᠤ ᠪᠠᠷ ᠪᠥᠭᠡᠯᠵᠢᠬᠦ ᠪᠠ ᠬᠠᠮᠠᠷ ᠤ᠋ᠨ ᠴᠢᠰᠤ ᠶ᠋ᠢ ᠲᠠᠰᠤᠯᠤᠨ ᠦᠯᠡᠲᠦᠮᠦᠢ᠃
ᠺᠠᠷᠤᠼᠤᠸᠠ᠂ ᠵᠠᠼᠤᠸᠠ ᠂ ᠶᠦᠩᠸ᠋᠎ᠠ ᠶ᠋ᠢᠨ ᠳᠠᠩ ᠢ᠋ᠶ᠋ᠠᠷ ᠰᠢᠭᠡᠰᠦ ᠬᠠᠭᠠᠭᠳᠠᠵᠤ ᠴᠠᠪᠲᠠᠭᠰᠢᠬᠤ ᠶ᠋ᠢ ᠲᠦᠷᠭᠡᠨ ᠲᠤᠰᠠᠯᠠᠬᠤ ᠪᠣᠯᠠᠢ᠃
ᠰᠸᠮ᠎ᠠ᠂ ᠵᠠᠮᠪᠠ᠂ ᠳ᠋ᠢᠭᠰᠸᠷᠢᠨ᠂ ᠵᠠᠼᠤᠸᠠ ᠶ᠋ᠢᠨ ᠳᠠᠩ ᠨᠢ ᠰᠢᠭᠡᠰᠦ ᠬᠠᠭᠠᠭᠳᠠᠬᠤ ᠶ᠋ᠢ ᠠᠷᠢᠯᠭᠠᠬᠤ ᠳ᠋ᠤ᠌ ᠪᠠᠰᠠ ᠬᠠᠭᠠᠭᠳᠠᠭᠰᠠᠨ ᠊ᠢ ᠠᠷᠢᠯᠭᠠᠮᠤᠢ᠃
ᠬᠤᠩᠯᠸᠨ᠂ ᠵᠦᠷᠦᠷ᠎ᠠ᠂ ᠳ᠋ᠢᠭᠳᠡ ᠂ ᠪᠠᠱᠠᠭ᠎ᠠ ᠶ᠋ᠢᠨ ᠳᠠᠩ ᠢ᠋ᠶ᠋ᠠᠷ ᠴᠢᠰᠤ ᠬᠢᠮᠤᠷᠠᠭᠰᠠᠨ ᠊ᠢ ᠳᠠᠷᠤᠬᠤ ᠪᠥᠭᠡᠳ ᠰᠢᠷ᠎ᠠ ᠶ᠋ᠢᠨ ᠬᠠᠯᠠᠭᠤᠨ᠂ ᠨᠢᠳᠦᠨ ᠡᠪᠡᠳᠴᠢᠨ ᠊ᠢ ᠠᠷᠢᠯᠭᠠᠮᠤᠢ᠃
ᠭᠤᠷᠪᠠᠨ ᠦᠷ᠎ᠡ᠂ ᠯᠢᠳᠡᠷᠢ᠂ ᠳ᠋ᠢᠭᠳᠡ᠂ ᠰᠸᠩᠳ᠋ᠸᠩ᠂ ᠬᠥᠬᠥᠯ ᠦ᠋ᠨ ᠳᠠᠩ ᠢ᠋ᠶ᠋ᠠᠷ ᠰᠢᠷ᠎ᠠ ᠤᠰᠤ᠂ ᠬᠡᠷᠦᠯᠭᠡ᠂ ᠬᠡᠢ ᠬᠠᠯᠠᠭᠤᠨ ᠊ᠢ ᠠᠷᠢᠯᠭᠠᠨ᠎ᠠ᠃
ᠬᠠᠷ᠎ᠠ ᠬᠥᠬᠥᠯ᠂ ᠫᠦᠷᠨᠠᠭ᠂ ᠪᠣᠶ᠋ᠢᠭᠠ ᠭᠤᠷᠪᠠ ᠶ᠋ᠢᠨ ᠳᠠᠩ ᠢ᠋ᠶ᠋ᠠᠷ ᠨᠢᠶᠠᠨ ᠡᠪᠡᠳᠴᠢᠨ ᠪᠦᠬᠦᠨ ᠊ᠢ ᠳᠠᠷᠤᠬᠤ ᠪᠥᠭᠡᠳ ᠬᠠᠲᠠᠭᠢ ᠡᠪᠡᠳᠴᠢᠨ ᠳ᠋ᠦ᠍ ᠲᠤᠰᠠᠲᠠᠢ ᠃
ᠶᠦᠩᠸ᠋᠎ᠠ᠂ ᠵᠢᠷᠱᠦᠢ᠍ᠨ᠂ ᠵᠦᠷᠦᠷ᠎ᠠ᠂ ᠰᠸᠮ᠎ᠠ ᠶ᠋ᠢᠨ ᠳᠠᠩ ᠨᠢ ᠰᠢᠵᠢᠩ ᠡᠪᠡᠳᠴᠢᠨ ᠳ᠋ᠦ᠍ ᠮᠠᠰᠢ ᠲᠤᠰᠠᠯᠠᠬᠤ᠃
ᠬᠠᠯᠮᠠᠭᠣᠶᠣᠣ3 ᠴᠢᠨ᠂ ᠭᠠᠭᠤᠯᠠ2 ᠴᠢᠨ᠂ ᠽᠤᠮᠤ8 ᠴᠢᠨ᠂ ᠱᠠᠹᠦᠢ᠍ᠷᠦᠢ᠍ᠲᠠ3 ᠴᠢᠨ᠂ ᠰᠦᠭᠮᠸᠯ2 ᠴᠢᠨ᠂ ᠤᠯᠠᠭᠠᠨ ᠭᠠ3 ᠴᠢᠨ ᠦ᠌ ᠳᠠᠩ ᠨᠢ ᠪᠥᠭᠡᠷᠡᠨ ᠬᠦᠢᠲᠡᠨ ᠊ᠢ ᠠᠷᠢᠯᠭᠠᠬᠤ ᠪᠥᠭᠡᠳ ᠨᠢᠳᠦᠨ ᠡᠪᠡᠳᠴᠢᠨ ᠳ᠋ᠦ᠍ ᠲᠤᠰᠠᠲᠠᠢ᠃
ᠬᠤᠩᠯᠸᠨ ᠤ᠋ ᠭᠠᠭᠴᠠ ᠳᠠᠩ ᠢ᠋ᠶ᠋ᠠᠷ ᠬᠣᠭᠣᠯᠠᠢ ᠶ᠋ᠢᠨ ᠡᠪᠡᠳᠴᠢᠨ ᠊ᠢ ᠠᠷᠢᠯᠭᠠᠨ ᠴᠢᠳᠠᠮᠤᠢ᠃
ᠠᠷᠤᠷ᠎ᠠ ᠶ᠋ᠢᠨ ᠭᠠᠭᠴᠠ ᠳᠠᠩ ᠢ᠋ᠶ᠋ᠠᠷ ᠬᠣᠣᠷ ᠤ᠋ᠨ ᠡᠪᠡᠳᠴᠢᠨ ᠊ᠢ ᠠᠷᠢᠯᠭᠠᠨ ᠦᠢᠯᠡᠳᠦᠮᠦᠢ᠃
ᠵᠦᠷᠦᠷ᠎ᠠ ᠶ᠋ᠢᠨ ᠭᠠᠭᠴᠠ ᠳᠠᠩ ᠢ᠋ᠶ᠋ᠠᠷ ᠡᠮᠡᠭᠲᠡᠢ ᠶ᠋ᠢᠨ ᠡᠪᠡᠳᠴᠢᠨ᠂ ᠴᠠᠭᠠᠨ ᠢ᠋ᠶ᠋ᠠᠷ ᠪᠠᠭᠤᠬᠤ ᠶ᠋ᠢ ᠠᠷᠢᠯᠭᠠᠨ᠎ᠠ᠃
ᠨᠣᠬᠠᠢ ᠶ᠋ᠢᠨ ᠢᠮ ᠦ᠋ᠨ ᠭᠠᠭᠴᠠ ᠳᠠᠩ ᠢ᠋ᠶ᠋ᠠᠷ ᠨᠢᠷᠠᠶ᠋ᠢᠯᠠᠵᠤ ᠶᠠᠳᠠᠬᠤ᠂ ᠬᠣᠶ᠋ᠢᠲᠤᠬᠢ ᠰᠠᠭᠠᠲᠠᠭᠰᠠᠨ ᠊ᠢ ᠭᠠᠷᠭᠠᠨ᠎ᠠ᠃
ᠤᠬᠤᠨ᠎ᠠ ᠶ᠋ᠢᠨ ᠢᠮ ᠦ᠋ᠨ ᠳᠠᠩ ᠊ᠢ ᠰᠦ ᠳ᠋ᠦ᠍ ᠴᠢᠨᠠᠵᠤ ᠬᠡᠷᠡᠭᠯᠡᠪᠡᠯ ᠲᠠᠮᠢᠷ ᠡᠭᠦᠰᠬᠡᠨ᠎ᠡ᠃
ᠭᠣᠣᠵᠢᠯᠠ ᠶ᠋ᠢᠨ ᠭᠠᠭᠴᠠ ᠳᠠᠩ ᠨᠢ ᠬᠠᠳᠬᠤᠯᠠᠭ᠎ᠠ ᠡᠪᠡᠳᠴᠢᠨ ᠪᠦᠬᠦᠨ ᠳ᠋ᠦ᠍ ᠲᠤᠰᠠᠲᠠᠢ᠃
ᠪᠡᠬᠡ ᠶ᠋ᠢᠨ ᠭᠠᠭᠴᠠ ᠳᠠᠩ ᠢ᠋ᠶ᠋ᠠᠷ ᠬᠠᠮᠠᠷ ᠤ᠋ᠨ ᠴᠢᠰᠤ ᠶ᠋ᠢ ᠲᠠᠰᠤᠯᠤᠨ ᠦᠢᠯᠡᠳᠦᠨ᠎ᠡ᠃
ᠵᠠᠼᠤᠸᠠ ᠶ᠋ᠢᠨ ᠭᠠᠭᠴᠠ ᠳᠠᠩ ᠢ᠋ᠶ᠋ᠠᠷ ᠰᠢᠭᠡᠰᠦ ᠬᠠᠭᠠᠭᠳᠠᠭᠰᠠᠨ ᠊ᠢ ᠠᠷᠢᠯᠭᠠᠨ᠎ᠠ᠃
ᠪᠠᠷᠠᠭᠱᠦᠢ᠍ᠨ ᠦ᠌ ᠭᠠᠭᠴᠠ ᠳᠠᠩ ᠨᠢ ᠪᠠᠰᠠ ᠰᠢᠭᠡᠰᠦ ᠬᠠᠭᠠᠭᠳᠠᠭᠰᠠᠨ ᠊ᠢ ᠠᠷᠢᠯᠭᠠᠨ᠎ᠠ᠃
ᠦᠵᠦᠮ ᠦ᠋ᠨ ᠭᠠᠭᠴᠠ ᠳᠠᠩ ᠢ᠋ᠶ᠋ᠠᠷ ᠪᠠᠳᠬᠠᠨ ᠬᠠᠨᠢᠶᠠᠳᠤ ᠶ᠋ᠢ ᠳᠠᠷᠤᠨ᠎ᠠ᠃
ᠵᠦᠷᠦᠷ᠎ᠠ ᠶ᠋ᠢᠨ ᠭᠠᠭᠴᠠ ᠳᠠᠩ ᠢ᠋ᠶ᠋ᠠᠷ ᠬᠠᠯᠠᠭᠤᠨ ᠬᠠᠪᠤᠩ ᠊ᠢ ᠬᠦᠢᠲᠡᠨ ᠳ᠋ᠦ᠍ ᠤᠷᠪᠠᠭᠤᠯᠤᠨ᠎ᠠ᠃
ᠬᠣᠨᠢᠨ ᠥᠭᠡᠬᠦ ᠶ᠋ᠢ ᠪᠤᠴᠠᠯᠭᠠᠭᠰᠠᠨ ᠱᠥᠯᠥ ᠪᠡᠷ ᠪᠠᠭᠠᠰᠤ ᠬᠠᠭᠠᠭᠳᠠᠬᠤ ᠶ᠋ᠢ ᠠᠷᠢᠯᠭᠠᠨ᠎ᠠ᠃
ᠬᠥᠬᠡ ᠳᠠᠪᠤᠰᠤᠨ ᠤ᠋ ᠭᠠᠭᠴᠠ ᠳᠠᠩ ᠨᠢ ᠴᠠᠩᠬ᠎ᠠ ᠡᠪᠡᠳᠴᠢᠨ ᠳ᠋ᠦ᠍ ᠲᠤᠰᠠᠲᠠᠢ᠃
ᠶᠡᠬᠡ ᠳᠠᠩ ᠬᠡᠮᠡᠬᠦ᠄ ᠬᠠᠴᠸ ᠭᠦᠷᠭᠦᠮ2 ᠴᠢᠨ᠂ ᠠᠷᠤᠷ᠎ᠠ5 ᠴᠢᠨ᠂ ᠪᠠᠷᠤᠷ᠎ᠠ3 ᠴᠢᠨ᠂ ᠵᠦᠷᠦᠷ᠎ᠠ3 ᠴᠢᠨ᠂ ᠮᠠᠨᠤ1 ᠴᠢᠨ᠂ ᠷᠦᠳᠠ1 ᠴᠢᠨ᠂ ᠳ᠋ᠢᠭᠳᠡ2 ᠴᠢᠨ᠂ ᠬᠤᠩᠯᠸᠨ2 ᠴᠢᠨ᠂ ᠵᠢᠯᠵᠸ2 ᠴᠢᠨ᠂ ᠪᠣᠩᠭᠠᠷ2 ᠴᠢᠨ᠂ ᠦᠰᠥ᠋2 ᠴᠢᠨ᠂ ᠪᠠᠷᠪᠠᠲᠠ1 ᠴᠢᠨ᠂ ᠯᠦᠭᠮᠢᠭ1 ᠴᠢᠨ᠂ ᠷᡁᠢ᠍ᠱᠢᠩ3 ᠴᠢᠨ᠂ ᠠᠯᠲᠠᠨᠴᠡᠴᠡᠭ1 ᠴᠢᠨ᠂ ᠳ᠋ᠦ᠋ᠮᠪᠦᠷᠸᠷᠡᠯ6 ᠴᠢᠨ᠂ ᠭᠠᠬᠠᠢ ᠶ᠋ᠢᠨ ᠴᠢᠰᠤ8 ᠴᠢᠨ᠂ ᠭᠠᠩᠭᠠᠴᠦᠢ᠍ᠩ2 ᠴᠢᠨ᠂ ᠤᠳᠪᠠᠯᠠ2 ᠴᠢᠨ᠂ ᠪᠠᠱᠠᠭ᠎ᠠ1 ᠴᠢᠨ᠂ ᠪᠡᠷᠢᠶᠡᠩᠭᠦ2 ᠴᠢᠨ᠂ ᠪᠠᠷᠠᠭᠱᠦᠢ᠍ᠨ5 ᠴᠢᠨ᠂ ᠰᠸᠪᠦᠢ᠍ᠷᠦ1 ᠴᠢᠨ᠂ ᠰᠦᠭᠮᠸᠯ8 ᠴᠢᠨ᠂ ᠰᠸᠶᠡᠪ5 ᠴᠢᠨ ᠊ᠢ ᠨᠡᠶ᠋ᠢᠷᠠᠭᠤᠯᠤᠭᠰᠠᠨ ᠢ᠋ᠶ᠋ᠠᠷ ᠬᠣᠣᠷ ᠬᠢᠭᠡᠳ ᠪᠣᠷᠣ᠂ ᠪᠠᠳᠬᠠᠨ ᠰᠢᠷ᠎ᠠ ᠶ᠋ᠢ ᠠᠷᠢᠯᠭᠠᠨ᠂ ᠪᠥᠭᠡᠷᠡᠨ ᠡᠪᠡᠳᠴᠢᠨ᠂ ᠬᠠᠯᠠᠭᠤᠨ ᠤ᠋ ᠦᠯᠡᠲᠡᠭᠲᠡᠯ᠂ ᠬᠠᠭᠤᠴᠢᠨ ᠬᠠᠯᠠᠭᠤᠨ ᠲᠠᠷᠬᠠᠵᠤ᠂ ᠴᠢᠰᠤ ᠬᠢᠮᠤᠷᠠᠭᠰᠠᠨ ᠪᠦᠬᠦᠨ ᠳ᠋ᠦ᠍ ᠰᠠᠶ᠋ᠢᠰᠢᠶᠠᠭᠲᠠᠪᠠᠢ᠃
ᠮᠢᠲ᠋ᠣᠳ᠂ ᠪᠦᠷᠦᠭᠷᠦᠢ᠂ ᠳ᠋ᠢᠭᠳᠡ ᠭᠤᠷᠪᠠ ᠶ᠋ᠢᠨ ᠳᠠᠩ ᠢ᠋ᠶ᠋ᠠᠷ ᠲᠣᠯᠣᠭᠠᠢ ᠶ᠋ᠢᠨ ᠡᠪᠡᠳᠴᠢᠨ᠂ ᠬᠠᠳᠬᠤᠯᠠᠭ᠎ᠠ ᠶ᠋ᠢ ᠳᠠᠷᠤᠬᠤ ᠳ᠋ᠤ᠌ ᠲᠤᠰᠠᠲᠠᠢ ᠭᠡᠮᠡᠨ ᠨᠣᠮᠯᠠᠪᠠᠢ᠃
ᠵᠠᠼᠤᠸᠠ᠂ ᠭᠠ᠂ ᠠᠷᠤᠷ᠎ᠠ᠂ ᠪᠢᠪᠢᠯᠢᠩ ᠦ᠋ᠨ ᠳᠠᠩ ᠨᠢ ᠪᠠᠳᠬᠠᠨ ᠪᠣᠷᠣ᠂ ᠡᠰᠡ ᠰᠢᠩᠭᠡᠬᠦ᠂ ᠳᠣᠲᠣᠷ ᠤ᠋ᠨ ᠡᠪᠡᠳᠴᠢᠨ ᠪᠦᠬᠦᠨ ᠳ᠋ᠦ᠍ ᠲᠤᠰᠠᠯᠠᠨ᠎ᠠ᠃
ᠽᠠᠳᠢ᠂ ᠦᠰᠥ᠋᠂ ᠫᠣᠸᠠᠷᠢ᠂ ᠪᠢᠪᠢᠯᠢᠩ ᠦ᠋ᠨ ᠳᠠᠩ ᠨᠢ ᠬᠦᠢᠲᠡᠨ ᠬᠡᠢ ᠶ᠋ᠢ ᠠᠷᠢᠯᠭᠠᠬᠤ ᠪᠥᠭᠡᠳ ᠢᠳᠡᠭᠡᠨ ᠡᠰᠡ ᠰᠢᠩᠭᠡᠬᠦ ᠳ᠋ᠦ᠍ ᠲᠤᠰᠠᠯᠠᠮᠤᠢ᠃
ᠬᠠᠴᠸ ᠭᠦᠷᠭᠦᠮ ᠊ᠢ ᠱᠠᠭᠠᠵᠠᠩ ᠤ᠋ᠨ ᠳᠣᠲᠣᠷ ᠪᠦᠷᠬᠦᠨ ᠴᠢᠨᠠᠭᠰᠠᠨ ᠳᠠᠩ ᠢ᠋ᠶ᠋ᠠᠷ ᠡᠮᠡᠭᠲᠡᠢ ᠶ᠋ᠢᠨ ᠡᠪᠡᠳᠴᠢᠨ ᠴᠢᠰᠤ ᠪᠦᠷᠢᠯᠲᠦᠭᠰᠡᠨ ᠊ᠢ ᠠᠷᠢᠯᠭᠠᠬᠤ ᠶ᠋ᠢ ᠠᠮᠲᠠᠯᠠᠨ ᠪᠦᠲᠦᠭᠡᠪᠡᠢ᠃

   ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
   ᠬᠢᠨᠠᠭᠰᠠᠨ ᠨᠢ᠄ ᠣᠤᠠᠬᠠᠨᠰᠣ᠎ᠠ