ᠮᠡᠷᠭᠡᠨ ᠭᠡᠭᠡᠨ ᠤ ᠰᠤᠷᠭᠠᠯМэргэн гэгээний сургаал ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠡᠷᠭᠡᠨ ᠭᠡᠭᠡᠨ ᠤ ᠰᠤᠷᠭᠠᠯМэргэн гэгээний сургаал

ᠮᠡᠷᠭᠡᠨ ᠭᠡᠭᠡᠨ ᠤ ᠰᠤᠷᠭᠠᠯМэргэн гэгээний сургаал

2023-06-09

599

ᠮᠡᠷᠭᠡᠨ ᠭᠡᠭᠡᠨ ᠤ ᠰᠤᠷᠭᠠᠯ

ᠠᠯᠠᠭᠠᠨ ᠴᠢᠨᠡᠭᠡᠨ ᠬᠠᠷᠠᠭᠳᠠᠬᠤ ᠨᠠᠷᠠᠨ ᠠᠯᠲᠠᠨ ᠳᠡᠯᠡᠬᠡᠢ ᠶ᠋ᠢ ᠭᠡᠢᠭᠦᠯᠵᠦ 
ᠠᠭᠤᠤ ᠪᠣᠯᠤᠭᠰᠠᠨ ᠲᠦᠮᠡᠨ ᠪᠣᠳᠠᠰ ᠳᠡᠷᠡᠨ ᠦ᠌ ᠬᠦᠴᠦᠨ ᠳ᠋ᠦ᠍ᠷ ᠠᠮᠢᠯᠠᠬᠤ  
ᠣᠷᠴᠢᠯᠠᠩ ᠳ᠋ᠤᠷ ᠲᠥᠷᠥᠭᠰᠡᠨ ᠪᠡᠶᠡᠰ ᠡᠷᠬᠢᠮ ᠳᠡᠭᠡᠳᠦ ᠲᠤᠯᠠ ᠳᠠᠭᠠᠨ  
ᠠᠯᠠᠭ ᠰᠠᠢᠬᠠᠨ ᠪᠠᠢᠭᠠᠯᠢ ᠪᠠᠨ ᠬᠠᠢᠷᠠᠯᠠᠵᠤ ᠶᠠᠪᠤᠬᠤ ᠠᠵᠢᠶᠠᠮᠤ᠃ 
 
ᠰᠠᠢᠰᠠᠨ ᠴᠢᠨᠡᠭᠡᠨ ᠬᠠᠷᠠᠭᠳᠠᠬᠤ ᠨᠠᠷᠠᠨ ᠰᠠᠪᠠ ᠶᠢᠷᠲᠢᠨᠴᠦ ᠶ᠋ᠢ ᠭᠡᠢᠭᠦᠯᠵᠦ 
ᠰᠠᠶ᠎ᠠ ᠲᠦᠮᠡᠨ ᠠᠮᠢᠲᠠᠨ ᠭᠣᠣᠯᠳᠠᠨ ᠳᠡᠷᠡᠨ ᠦ᠌ ᠬᠦᠴᠦᠨ ᠳ᠋ᠦ᠍ᠷ ᠠᠮᠢᠯᠠᠬᠤ 
ᠰᠠᠢᠵᠢᠷᠠᠵᠤ ᠶᠠᠪᠤᠬᠤ ᠬᠥᠮᠦᠨ ᠪᠡᠶᠡᠰ ᠰᠡᠴᠡᠨ ᠮᠡᠷᠭᠡᠨ ᠲᠤᠯᠠ ᠳᠠᠭᠠᠨ 
ᠰᠢᠷᠬᠡᠭ ᠨᠠᠷᠢᠨ ᠠᠮᠢᠲᠠᠨ ᠢ᠋ ᠴᠢ ᠬᠠᠢᠷᠠᠯᠠᠵᠤ ᠶᠠᠪᠤᠬᠤ ᠠᠵᠢᠶᠠᠮᠤ᠃ 

ᠭᠠᠷ ᠴᠢᠨᠢ ᠬᠡᠳᠦᠢ ᠥᠨᠳᠥᠷ ᠪᠣᠯᠪᠠᠴᠤ ᠲᠡᠭᠷᠢ ᠶᠢ ᠦᠯᠦ ᠲᠤᠯᠬᠤ 
ᠭᠠᠭᠴᠠ ᠪᠡᠶ᠎ᠡ ᠴᠢᠨᠢ ᠰᠠᠢᠨ ᠪᠣᠯᠪᠠᠴᠤ ᠭᠠᠯᠪᠠ ᠶᠢ ᠦᠯᠦ ᠰᠠᠬᠢᠬᠤ 
ᠭᠠᠰᠠᠯᠠᠩ ᠵᠣᠪᠠᠯᠠᠩ ᠵᠢᠷᠭᠠᠯ ᠪᠠᠶᠠᠷ ᠡᠭᠡᠯᠵᠢᠯᠡᠵᠦ ᠮᠡᠳᠡᠬᠦ ᠲᠤᠯᠠ ᠳᠠᠭᠠᠨ 
ᠭᠠᠢᠬᠠᠮᠰᠢᠭ ᠰᠠᠢᠬᠠᠨ ᠰᠡᠳᠬᠢᠯ ᠢ᠋ ᠳᠡᠭᠡᠵᠢᠯᠡᠵᠦ ᠶᠠᠪᠤᠬᠤ ᠠᠵᠢᠶᠠᠮᠤ᠃ 
 
ᠬᠥᠯ ᠴᠢᠨᠢ ᠬᠡᠳᠦᠢ ᠥᠨᠳᠥᠷ ᠪᠣᠯᠪᠠᠴᠤ ᠬᠥᠷᠥᠰᠥ ᠶᠢ ᠦᠯᠦ ᠨᠡᠪᠲᠡᠯᠬᠦ 
ᠬᠥᠮᠦᠨ ᠪᠡᠶ᠎ᠡ ᠴᠢᠨᠢ ᠰᠠᠢᠨ ᠪᠣᠯᠪᠠᠴᠤ ᠬᠣᠷᠸ᠋᠎ᠠ ᠶᠢ ᠦᠯᠦ ᠰᠠᠬᠢᠬᠤ 
ᠬᠠᠢᠷ᠎ᠠ ᠢᠨᠠᠭ ᠬᠣᠷᠣᠰᠤᠯ ᠵᠠᠨᠤᠯ ᠬᠣᠣᠰᠯᠠᠵᠤ ᠮᠡᠳᠡᠬᠦ ᠲᠤᠯᠠ ᠳᠠᠭᠠᠨ 
ᠬᠠᠢᠷᠠᠯᠲᠠᠢ ᠰᠠᠢᠬᠠᠨ ᠵᠢᠷᠤᠮ ᠢ᠋ ᠳᠡᠭᠡᠵᠢᠯᠡᠵᠦ ᠶᠠᠪᠤᠬᠤ ᠠᠵᠢᠶᠠᠮᠤ᠃
 
ᠠᠯᠲᠠ ᠮᠥᠩᠭᠥ ᠴᠢᠨᠢ ᠡᠯᠳᠡᠩ ᠪᠣᠯᠪᠠᠴᠤ ᠠᠪᠰᠠᠨ ᠳ᠋ᠤ᠌ ᠦᠯᠦ ᠬᠦᠨᠡᠰᠦ 
ᠠᠪᠤ ᠡᠵᠢ ᠴᠢᠨᠢ ᠪᠠᠢᠭ᠎ᠠ ᠪᠣᠯᠪᠠᠴᠤ ᠠᠰᠢᠳᠠ ᠦᠯᠦ ᠰᠠᠬᠢᠬᠤ 
ᠠᠩᠭᠢᠵᠢᠷᠠᠵᠤ ᠰᠠᠯᠬᠤ ᠶᠢᠨ ᠤᠴᠠᠷᠠᠯ ᠭᠡᠭᠴᠢ ᠠᠳᠠᠪᠠᠰᠢ ᠲᠤᠯᠠ ᠳᠠᠭᠠᠨ
ᠠᠴᠢᠯᠠᠯᠲᠤ ᠰᠠᠢᠬᠠᠨ ᠵᠢᠷᠤᠮ ᠢ᠋ ᠳᠡᠭᠡᠵᠢᠯᠡᠵᠦ ᠶᠠᠪᠤᠬᠤ ᠠᠵᠢᠶᠠᠮᠤ᠃ 

ᠡᠳ᠋ ᠮᠥᠩᠭᠥ ᠴᠢᠨᠢ ᠡᠯᠳᠡᠩ ᠪᠣᠯᠪᠠᠴᠤ ᠡᠷᠯᠢᠭ ᠲᠦ᠍ ᠦᠯᠦ ᠬᠦᠨᠡᠰᠦ
ᠡᠵᠢ ᠠᠪᠤ ᠴᠢᠨᠢ ᠪᠠᠢᠭ᠎ᠠ ᠪᠣᠯᠪᠠᠴᠤ ᠡᠷᠯᠢᠭ ᠲᠦ᠍ ᠦᠯᠦ ᠳᠠᠭᠠᠬᠤ 
ᠡᠰᠡᠨᠢᠵᠦ ᠰᠠᠯᠬᠤ ᠶ᠋ᠢᠨ ᠤᠴᠠᠷᠠᠯ ᠭᠡᠭᠴᠢ ᠡᠷᠬᠡᠪᠰᠢ ᠦᠨᠡᠨ ᠲᠤᠯᠠ ᠳᠠᠭᠠᠨ 
ᠡᠯᠪᠡᠷᠢᠯᠲᠦ ᠰᠠᠢᠬᠠᠨ ᠵᠢᠷᠤᠮ ᠢ᠋ ᠳᠡᠭᠡᠵᠢᠯᠡᠵᠦ ᠶᠠᠪᠤᠬᠤ ᠠᠵᠢᠶᠠᠮᠤ᠃

ᠪᠠᠶᠠᠨ ᠨᠣᠶᠠᠨ ᠶᠠᠪᠤᠯ᠎ᠠ ᠭᠡᠳ ᠪᠠᠷᠳᠠᠮ ᠪᠢᠲᠡᠭᠡᠢ ᠠᠭᠠᠰᠢᠯᠠ 
ᠪᠠᠬᠠᠨ ᠲᠣᠣᠷᠲᠤ ᠶᠠᠪᠤᠯ᠎ᠠ ᠭᠡᠳ ᠪᠠᠰᠠᠴᠤ ᠪᠢᠲᠡᠭᠡᠢ ᠭᠤᠳᠤᠷᠠ 
ᠪᠠᠶᠠᠨ ᠪᠣᠯᠣᠨ ᠶᠠᠳᠠᠭᠤ ᠭᠡᠭᠴᠢ ᠬᠡᠨ ᠦ ᠪᠡᠶᠡᠰ ᠲᠦ ᠮᠠᠭᠠᠳ ᠲᠤᠯᠠ ᠳᠠᠭᠠᠨ
ᠪᠠᠷᠤᠭᠲᠠᠢᠬᠠᠨ ᠳᠠᠷᠤᠤ ᠵᠠᠩ ᠢ᠋ ᠪᠠᠷᠢᠵᠤ ᠶᠠᠪᠤᠬᠤ ᠴᠢᠬᠤᠯᠠ᠃ 

ᠪᠠᠷᠰ ᠪᠠᠷᠢᠳᠠᠭ ᠨᠣᠬᠠᠢ ᠪᠣᠯᠪᠠᠴᠤ ᠭᠥᠯᠥᠭᠡ ᠪᠠᠢᠮᠠᠨ ᠥᠰᠴᠦ 
ᠪᠠᠭᠠᠲᠤᠷ ᠬᠦᠴᠦᠲᠡᠢ ᠠᠪᠤᠷᠭᠤ ᠪᠣᠯᠪᠠᠴᠤ ᠬᠡᠦᠬᠡᠳ ᠪᠠᠢᠮᠠᠨ ᠪᠣᠢᠵᠢᠵᠤ 
ᠪᠠᠭᠠᠲᠤᠷ ᠪᠣᠯᠤᠨ ᠪᠠᠭᠤᠷᠠᠢ ᠭᠡᠭᠴᠢ ᠬᠡᠨ ᠦ᠌ ᠪᠡᠶᠡᠰ ᠲᠦ᠍ ᠮᠠᠭᠠᠳ ᠲᠤᠯᠠ ᠳᠠᠭᠠᠨ
ᠪᠢᠰᠢᠷᠡᠯᠲᠡᠢ ᠳᠠᠷᠤᠤ ᠵᠠᠩ ᠢ ᠡᠷᠬᠢᠮᠯᠡᠵᠦ ᠶᠠᠪᠤᠬᠤ ᠴᠢᠬᠤᠯᠠ᠃
 
ᠥᠩᠭᠡ ᠭᠡᠭᠴᠢ ᠳ᠋ᠦ᠍ ᠰᠢᠨᠤᠪᠠᠰᠤ ᠶᠠᠰᠤ ᠶ᠋ᠢ ᠬᠤᠰᠤᠬᠤ ᠬᠢᠲᠤᠭ᠎ᠠ 
ᠠᠷᠢᠬᠢ ᠭᠡᠭᠴᠢ ᠠᠬᠠᠳᠠᠪᠠᠰᠤ ᠤᠬᠠᠭᠠᠨ ᠢ᠋ ᠲᠥᠭᠡᠷᠢᠭᠦᠯᠬᠦ ᠢᠳᠡᠭᠡᠨ 
ᠠᠯᠲᠠᠨ ᠪᠡᠶ᠎ᠡ ᠭᠡᠭᠡᠨ ᠨᠠᠰᠤ ᠠᠷᠢᠭᠤᠨ ᠳᠡᠭᠡᠷ᠎ᠡ ᠪᠡᠨ ᠬᠡᠪᠡᠷᠡᠭ ᠲᠤᠯᠠ 
ᠠᠨᠳᠠᠭᠤ ᠪᠣᠯᠤᠨ ᠣᠰᠣᠯ ᠭᠠᠷᠬᠤ ᠶ᠋ᠢ ᠰᠡᠷᠡᠮᠵᠢᠯᠡᠨ ᠶᠠᠪᠤᠬᠤ ᠠᠵᠢᠶᠠᠮᠤ᠃
 
ᠰᠠᠨᠠᠭ᠎ᠠ ᠭᠡᠭᠴᠢ ᠳᠠᠪᠰᠢᠭᠤᠷᠠᠪᠠᠰᠤ ᠦᠨᠡᠨ ᠢ᠋ ᠠᠯᠳᠠᠭᠤᠯᠬᠤ ᠨᠦᠬᠡ
ᠰᠠᠨᠠᠯ ᠭᠡᠭᠴᠢ ᠠᠬᠠᠳᠠᠪᠠᠰᠤ ᠵᠠᠨᠤᠯ ᠪᠣᠯᠬᠤ ᠶ᠋ᠢᠨ ᠤᠷᠢᠲᠠᠯ᠎ 
ᠵᠢᠷᠭᠠᠯ ᠭᠡᠭᠴᠢ ᠬᠡᠲᠦᠷᠡᠪᠡᠰᠦ ᠵᠣᠪᠠᠯᠠᠩ ᠢᠷᠡᠬᠦ ᠶ᠋ᠢᠨ ᠪᠡᠯᠭᠡ 
ᠽᠠᠮᠪᠤᠯᠢᠩ ᠤᠨ ᠰᠠᠢᠨ ᠰᠠᠢᠬᠠᠨ ᠢ᠋ ᠡᠷᠬᠢᠮᠯᠡᠵᠦ ᠶᠠᠪᠤᠬᠤ ᠠᠵᠢᠶᠠᠮᠤ᠃
 
ᠬᠤᠯᠠᠭᠠᠢᠴᠢ ᠪᠣᠯᠤᠨ ᠬᠤᠳᠠᠯᠴᠢ ᠭᠡᠭᠴᠢ ᠪᠤᠷᠤᠭᠤ ᠪᠣᠳᠣᠯ ᠤᠨ ᠬᠢᠳᠡᠯ 
ᠬᠤᠶᠠᠯᠢᠴᠢ ᠪᠣᠯᠤᠨ ᠲᠠᠩᠬᠠᠢ ᠭᠡᠭᠴᠢ ᠵᠥᠷᠢᠭᠦᠦ ᠪᠣᠳᠣᠯ ᠤᠨ ᠪᠠᠷᠢᠲᠠᠯ᠎ 
ᠬᠡᠷᠡᠭᠦᠯᠴᠢ ᠪᠠ ᠶᠣᠷᠤᠯᠠᠯ ᠣᠯᠠᠨ ᠭᠡᠭᠴᠢ ᠠᠨᠳᠠᠭᠤ ᠪᠣᠳᠣᠯ ᠤᠨ ᠠᠪᠲᠠᠯ 
ᠬᠣᠷᠸ᠋᠎ᠠ ᠶ᠋ᠢᠨ ᠮᠠᠭᠤ ᠮᠠᠭᠤᠬᠠᠢ ᠶ᠋ᠢ ᠰᠡᠷᠡᠮᠵᠢᠯᠡᠵᠦ ᠶᠠᠪᠤᠬᠤ ᠠᠵᠢᠶᠠᠮᠤ᠃
 
ᠲᠦᠮᠡ ᠶ᠋ᠢᠨ ᠲᠣᠭ᠎ᠠ ᠴᠢᠨᠢ ᠡᠯᠳᠡᠩ ᠪᠣᠯᠪᠠᠴᠤ ᠨᠢᠭᠡ ᠡᠴᠡ ᠡᠬᠢᠯᠡᠨ ᠲᠣᠭᠠᠯᠠᠬᠤ 
ᠲᠠᠷᠢᠶ᠎ᠠ ᠮᠠᠯ ᠴᠢᠨᠢ ᠴᠥᠭᠡᠨ ᠪᠣᠯᠪᠠᠴᠤ ᠡᠷᠲᠡᠯᠡᠵᠦ ᠣᠷᠣᠢᠯᠠᠨ ᠴᠢᠷᠮᠠᠢᠬᠤ 
ᠲᠠᠷᠢᠵᠤ ᠲᠡᠵᠢᠭᠡᠬᠦ ᠦᠢᠯᠡᠰ ᠲᠦ᠍ ᠴᠤ᠌ ᠳᠠᠮ ᠤᠬᠠᠭᠳᠠ ᠬᠡᠷᠡᠭᠲᠡᠢ 
ᠳᠡᠯᠭᠡᠷᠡᠩᠭᠦᠢ ᠢᠷᠠᠭᠤ ᠰᠤᠷᠲᠠᠯ ᠢ᠋ ᠳᠡᠭᠡᠵᠢᠯᠡᠵᠦ ᠶᠠᠪᠤᠬᠤ ᠠᠵᠢᠶᠠᠮᠤ᠃
 
ᠬᠣᠶᠠᠷ ᠡᠷᠭᠢ ᠪᠡᠨ ᠲᠤᠷᠰᠢᠵᠤ ᠪᠠᠢᠮᠠᠨ ᠨᠢᠭᠡᠨ ᠭᠣᠣᠯ ᠪᠦᠳᠦᠭᠦ 
ᠬᠣᠨᠵᠢᠶ᠎ᠠ ᠣᠯᠬᠤ ᠪᠠᠨ ᠢᠲᠡᠭᠡᠵᠦ ᠪᠠᠢᠮᠠᠨ ᠨᠢᠭᠡᠨ ᠮᠠᠢᠮᠠᠢ ᠪᠦᠳᠦᠭᠦ
ᠬᠡᠮᠵᠢᠶ᠎ᠡ ᠪᠣᠯᠤᠨ ᠬᠢᠵᠠᠭᠠᠷ ᠭᠡᠭᠴᠢ ᠬᠡᠵᠢᠶ᠎ᠡ ᠦᠶᠡᠰ ᠲᠦ᠍ ᠴᠤ᠌ ᠪᠠᠢᠬᠤ ᠲᠤᠯᠠ ᠳ᠋ᠠᠭᠠᠨ 
ᠬᠦᠨᠳᠦᠳᠬᠡᠯᠲᠦ ᠳᠠᠷᠤᠤᠬᠠᠨ ᠸᠠᠩ ᠢ᠋ ᠳᠡᠭᠡᠵᠢᠯᠡᠵᠦ ᠶᠠᠪᠤᠬᠤ ᠠᠵᠢᠶᠠᠮᠤ᠃
 
ᠠᠶᠠᠨ ᠤ᠋ ᠵᠠᠮ ᠴᠠᠢ ᠬᠣᠯᠠ ᠪᠣᠯᠪᠠᠴᠤ ᠠᠶᠠᠯᠠᠵᠤ ᠪᠠᠢᠮᠠᠨ ᠬᠦᠷᠬᠦ 
ᠠᠵᠢᠯ ᠬᠢᠬᠦ ᠳᠦ ᠠᠯᠵᠢᠶᠠᠬᠤ ᠪᠣᠯᠪᠠᠴᠤ ᠠᠰᠢᠭ ᠢ ᠨᠢ ᠳᠠᠷᠠᠭ᠎ᠠ ᠣᠯᠬᠤ
ᠠᠮᠢᠳᠤᠷᠠᠯ ᠪᠣᠯᠤᠨ ᠶᠠᠪᠤᠳᠠᠯ ᠭᠡᠭᠴᠢ ᠠᠷᠰᠠᠷ ᠪᠠᠢᠳᠠᠭ ᠲᠤᠯᠠ ᠳᠠᠭᠠᠨ 
ᠠᠵᠢᠯᠴᠢ ᠪᠣᠷᠣᠭᠵᠢᠭᠤᠨ ᠰᠤᠷᠲᠠᠯ ᠢ᠋ ᠡᠷᠬᠢᠮᠯᠡᠵᠦ ᠶᠠᠪᠤᠬᠤ ᠠᠵᠢᠶᠠᠮᠤ᠃
 
ᠠᠨᠠᠪᠠᠳ ᠶᠡᠬᠡ ᠳᠠᠯᠠᠢ ᠶ᠋ᠢ ᠣᠩᠭᠣᠴᠠ ᠪᠠᠢᠮᠠᠨ ᠭᠡᠲᠦᠯᠬᠦ 
ᠤᠴᠠᠷᠠᠭᠰᠠᠨ ᠬᠦᠴᠢᠷ ᠪᠡᠷᠬᠡ ᠶᠢ ᠡᠳ᠋ᠯᠡᠵᠦ ᠪᠠᠢᠮᠠᠨ ᠥᠩᠭᠡᠷᠡᠬᠦ
ᠡᠷᠳᠡᠮ ᠴᠢᠳᠠᠪᠤᠷᠢ ᠦᠢᠯᠡᠰ ᠪᠦᠲᠦᠭᠡᠬᠦ ᠬᠡᠨ ᠤ ᠪᠡᠶᠡᠰ ᠲᠦ᠍ ᠴᠤ᠌ ᠡᠷᠬᠢᠮ
ᠤᠬᠠᠭᠠᠨ ᠵᠣᠷᠢᠭ ᠢ᠋ᠶ᠋ᠠᠷ ᠪᠡᠶ᠎ᠡ ᠪᠡᠨ ᠵᠠᠰᠠᠵᠤ ᠥᠭᠡᠳᠡᠯᠡᠵᠦ ᠶᠠᠪᠤᠬᠤ ᠠᠵᠢᠶᠠᠮᠤ᠃