3-90-93ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠨᠠᠶ᠋ᠢᠷᠠᠭᠤᠯᠤᠭᠰᠠᠨ᠂ ᠭᠠᠯᠵᠠᠭᠤ ᠨᠣᠬᠠᠢ ᠶ᠋ᠢᠨ ᠬᠣᠣᠷ᠂ ᠲᠡᠮᠪᠦᠦ ᠡᠪᠡᠳᠴᠢᠨ ᠊ᠢ ᠵᠠᠰᠠᠬᠤ᠂ ᠳᠠᠭᠤᠨ ᠊ᠢ ᠢᠷᠠᠭᠤ ᠬᠦᠩᠭᠢᠨᠡᠮ᠎ᠡ ᠪᠣᠯᠭᠠᠬᠤ ᠠᠷᠭ᠎ᠠ
ᠶᠡᠷᠡ᠂ ᠨᠠᠶ᠋ᠢᠷᠠᠭᠤᠯᠤᠭᠰᠠᠨ ᠬᠣᠣᠷ ᠊ᠢ ᠵᠠᠰᠠᠬᠤ
ᠨᠠᠶ᠋ᠢᠷᠠᠭᠤᠯᠤᠭᠰᠠᠨ ᠬᠣᠣᠷ ᠲᠡᠷᠢᠭᠦᠲᠡᠨ ᠳ᠋ᠦ᠍ ᠬᠣᠨᠢᠨ ᠰᠦ ᠳ᠋ᠦ᠍ ᠠᠷᠤᠷ᠎ᠠ᠂ ᠳ᠋ᠦ᠋ᠮᠪᠦᠷᠸᠷᠠᠯ ᠂ ᠯᠠᠷᠽᠢ ᠲᠡᠷᠢᠭᠦᠲᠡᠨ ᠊ᠢ ᠨᠠᠶ᠋ᠢᠷᠠᠭᠤᠯᠵᠤ ᠪᠤᠴᠠᠯᠭᠠᠭᠠᠳ ᠬᠥᠷᠥᠭᠡᠵᠦ ᠤᠤᠭᠤᠪᠠᠰᠤ ᠮᠠᠰᠢ ᠲᠤᠰᠠᠲᠠᠢ ᠃ ᠡᠭᠦᠨ ᠢ᠋ᠶ᠋ᠡᠷ ᠡᠰᠡ ᠴᠢᠳᠠᠪᠠᠰᠤ ᠲᠤᠭᠤᠯᠭ᠎ᠠ ᠶ᠋ᠢᠨ ᠡᠮ ᠊ᠢ ᠬᠣᠶᠠᠷ ᠤᠳᠠᠭ᠎ᠠ ᠥᠭ ᠃ ᠰᠡᠭᠦᠯ ᠳ᠋ᠦ᠍ᠨᠢ ᠪᠤᠴᠠᠯᠤᠭᠰᠠᠨ ᠰᠦ ᠪᠡᠷ ᠡᠮ ᠊ᠢ ᠣᠯᠠᠨᠲᠠ ᠤᠤᠭᠤᠯᠭ᠎ᠠ ᠃ ᠪᠦᠲᠦᠭᠡᠭᠰᠡᠨ ᠬᠣᠣᠷ ᠠ᠋ᠴᠠ ᠪᠤᠰᠤᠳ ᠊ᠢ ᠠᠨᠠᠭᠠᠬᠤ ᠰᠡᠵᠢᠭ ᠦᠭᠡᠢ ᠪᠣᠯᠠᠢ᠃
ᠶᠡᠷᠡᠨ ᠨᠢᠭᠡ᠂ ᠭᠠᠯᠵᠠᠭᠤ ᠨᠣᠬᠠᠢ ᠶ᠋ᠢᠨ
ᠬᠣᠣᠷ ᠊ᠢ ᠵᠠᠰᠠᠬᠤ
ᠭᠠᠯᠵᠠᠭᠤ ᠨᠣᠬᠠᠢ ᠶ᠋ᠢᠨ ᠬᠣᠣᠷ ᠲᠤ᠌ ᠂ ᠰᠢᠷᠬ᠎ᠠ ᠪᠠᠶ᠋ᠢᠪᠠᠰᠤ ᠮᠣᠷᠢᠨ ᠨᠣᠶ᠋ᠢᠲᠠᠨ ᠪᠠᠭᠠᠰᠤ ᠶ᠋ᠢ ᠨᠠᠭᠠᠨ ᠦᠢᠯᠡᠳ᠃ ᠤᠤᠭᠤᠬᠤ ᠡᠮ᠄ ᠯᠠᠷᠽᠢ1 ᠴᠢᠨ᠂ ᠠᠷᠤᠷ᠎ᠠ1 ᠴᠢᠨ᠂ ᠬᠠᠷ᠎ᠠ ᠬᠥᠬᠥᠯ1 ᠴᠢᠨ᠂ ᠰᠣᠯᠣᠩᠭ᠎ᠠ ᠶ᠋ᠢᠨ ᠮᠢᠬ᠎ᠠ2 ᠴᠢᠨ᠂ ᠲᠠᠷᠨᠤ1 ᠴᠢᠨ᠂ ᠬᠠᠴᠸ ᠭᠦᠷᠭᠦᠮ1 ᠴᠢᠨ᠂ ᠪᠠᠷᠰ ᠤ᠋ᠨ ᠮᠢᠬ᠎ᠠ2 ᠴᠢᠨ᠂ ᠪᠦᠵᠣᠭ2 ᠴᠢᠨ᠂ ᠵᠠᠩᠷᡁᠠ3 ᠴᠢᠨ᠂ ᠰᠸᠮ᠎ᠠ3 ᠴᠢᠨ᠂ ᠭᠣᠣᠵᠢᠯᠠ5 ᠴᠢᠨ ᠊ᠢ ᠰᠠᠶ᠋ᠢᠲᠤᠷ ᠨᠠᠶ᠋ᠢᠷᠠᠭᠤᠯᠵᠤ ᠠᠯᠢ ᠵᠣᠬᠢᠰᠲᠠᠢ ᠪᠠᠷ ᠳᠠᠷᠤᠭᠤᠯᠵᠤ ᠥᠭ ᠃ ᠡᠮ᠎ᠡ ᠪᠠᠷᠰ —11 ᠳᠡᠭᠡᠳᠦ᠃ ᠲᠤᠭᠤᠯᠪᠤᠷᠢ ᠡᠮ ᠊ᠢ ᠰᠢᠲᠦᠬᠦ ᠬᠡᠷᠡᠭᠲᠡᠢ ᠃ ᠨᠣᠬᠠᠢ ᠶ᠋ᠢᠨ ᠳᠠᠭᠤᠨ ᠪᠠ ᠲᠣᠯᠢ ᠶ᠋ᠢ ᠴᠡᠭᠡᠷᠯᠡ᠃ ᠪᠠᠰᠠ ᠬᠠᠬᠢᠯᠢᠭ ᠤ᠋ᠨ ᠮᠢᠬ᠎ᠠ ᠪᠠᠶ᠋ᠢᠪᠠᠯ ᠳᠡᠭᠡᠷ᠎ᠡ ᠨᠢ ᠨᠡᠮᠡ᠃
ᠶᠡᠷᠡᠨ ᠬᠣᠶᠠᠷ᠂ ᠲᠡᠮᠪᠦᠦ ᠡᠪᠡᠳᠴᠢᠨ
᠊ᠢ ᠵᠠᠰᠠᠬᠤ
ᠰᠸᠲᠤᠢ᠍ᠭ᠌ ᠡᠪᠡᠳᠴᠢᠨ ᠦ᠌ ᠮᠣᠩᠭᠣᠯ ᠨᠡᠷ᠎ᠡ ᠲᠡᠮᠪᠦᠦ ᠬᠡᠮᠡᠬᠦ ᠢᠨᠤ ᠬᠦᠰᠡᠯ ᠶᠠᠪᠤᠳᠠᠯ ᠂ ᠳᠤᠰᠤᠯ᠂ ᠶᠠᠷ᠎ᠠ ᠶ᠋ᠢᠨ ᠤᠰᠤ ᠨᠠᠭᠠᠯᠳᠤᠭᠰᠠᠨ ᠠ᠋ᠴᠠ ᠬᠠᠯᠳᠠᠪᠤᠷᠢᠯᠠᠮᠤᠢ ᠃ ᠲᠡᠭᠦᠨ ᠳ᠋ᠦ᠍ ᠰᠦᠷᠴᠢᠬᠦ ᠡᠮ᠄ ᠼᠠᠯᠭᠠᠷ ᠂ ᠬᠣᠩ ᠹᠧᠩ ᠂ ᠭᠠᠪᠤᠷ᠂ ᠳ᠋ᠤᠵᠠ ᠂ ᠰᠢᠩᠬᠤ ᠨᠤᠭᠤᠳ ᠊ᠢ ᠨᠠᠶ᠋ᠢᠷᠠᠭᠤᠯᠵᠤ ᠬᠠᠭᠤᠷᠠᠢ ᠳᠡᠯᠪᠢ ᠃ ᠤᠤᠭᠤᠬᠤ ᠡᠮ᠄ ᠼᠠᠯᠭᠠᠷ2 ᠴᠢᠨ᠂ ᠫᠣᠸᠠᠷᠢ3 ᠮᠥᠬᠥᠯᠢᠭ ᠊ᠢ ᠨᠢᠭᠲᠠ ᠲᠠᠯᠬᠠᠳᠠᠵᠤ ᠪᠠᠯ ᠳ᠋ᠤ᠌ ᠮᠦᠬᠦᠯᠢᠭ᠌ᠯᠡᠭᠡᠳ ᠥᠯᠥᠨ ᠴᠠᠭ ᠲᠤ᠌ ᠪᠤᠴᠠᠯᠤᠭᠰᠠᠨ ᠤᠰᠤ ᠪᠠᠷ ᠳᠠᠷᠤᠭᠤᠯᠵᠤ ᠤᠤᠭᠤᠮᠠᠭᠴᠠ21 ᠠᠯᠬᠤᠮ ᠶᠠᠪᠤᠭᠤᠯᠵᠤ᠂ ᠠᠯᠭᠤᠷ ᠢ᠋ᠶ᠋ᠠᠷ ᠰᠠᠭᠤᠯᠭ᠎ᠠ ᠃ ᠳᠣᠭᠣᠯᠭᠠᠬᠤ ᠪᠥᠭᠡᠯᠵᠢᠬᠦ ᠮᠠᠭᠠᠳ ᠦᠭᠡᠢ ᠪᠣᠢ᠃21 ᠬᠣᠨᠣᠭ ᠰᠦ ᠂ ᠰᠢᠬᠢᠷ᠂ ᠮᠢᠬ᠎ᠠ ᠲᠣᠰᠣ ᠶ᠋ᠢ ᠰᠠᠶ᠋ᠢᠲᠤᠷ ᠴᠡᠭᠡᠷᠯᠡᠪᠡᠯ ᠮᠠᠭᠠᠳ ᠡᠳᠡᠭᠡᠷᠡᠬᠦ ᠶᠦ᠍ᠮ ᠃
ᠶᠡᠷᠡᠨ ᠭᠤᠷᠪᠠ᠂ ᠳᠠᠭᠤᠨ ᠊ᠢ ᠢᠷᠠᠭᠤ ᠬᠦᠩᠭᠢᠨᠡᠮ᠎ᠡ ᠪᠣᠯᠭᠠᠬᠤ ᠠᠷᠭ᠎ᠠ
ᠳᠠᠭᠤᠨ ᠊ᠢ ᠢᠷᠠᠭᠤ ᠰᠠᠢᠬᠠᠨ
᠂ ᠬᠦᠩᠬᠢᠨᠡᠮ᠎ᠡ ᠲᠣᠳᠣ ᠪᠣᠯᠭᠠᠬᠤ ᠶ᠋ᠢᠨ ᠠᠷᠭ᠎ᠠ ᠳ᠋ᠤᠷ ᠰᠢᠩ ᠠᠷ᠂ ᠠᠷᠤᠨᠠᠭᠴᠤᠢ᠍ᠩ ᠂ ᠰᠣᠷᠣᠯᠣ ᠂ ᠸᠠᠩᠯᠠᠭ᠂
ᠡᠯᠵᠢᠭᠡᠨ ᠴᠠᠭᠠᠨ ᠬᠣᠭᠣᠯᠠᠢ᠂ ᠪᠠᠩᠵᠠᠨ ᠤ᠋ ᠴᠡᠴᠡᠭ᠂ ᠯᠢᠰᠢ᠂ ᠲᠣᠰᠣᠨ ᠳ᠋ᠤ᠌ ᠬᠠᠭᠤᠷᠤᠭᠰᠠᠨ ᠱᠠᠩᠱᠠᠩ —10 ᠶ᠋ᠢ
ᠶᠠᠰᠤᠨ ᠱᠥᠯᠥ ᠪᠡᠷ ᠳᠠᠷᠤᠭᠤᠯ᠃ ᠡᠨᠡ ᠨᠢ ᠳᠠᠭᠤᠨ ᠢᠷᠠᠭᠤ ᠰᠠᠢᠬᠠᠨ ᠪᠣᠯᠬᠤ ᠶ᠋ᠢᠨ ᠭᠠᠶ᠋ᠢᠬᠠᠮᠰᠢᠬᠲᠤ ᠶᠣᠰᠣᠨ
ᠪᠣᠯᠠᠢ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ᠎ᠠ᠂ ᠰᠡᠬᠡᠭᠡᠷᠡᠯ
