ᠠᠯᠲᠠᠨ ᠤᠷᠲᠤ ᠤᠯᠤᠰ ᠢ᠋ ᠦᠨᠳᠦᠰᠦᠯᠡᠭᠴᠢ ᠵᠥᠴᠢ ᠬᠠᠭᠠᠨАлтан Орд-ны улсыг үндэслэгч Зүчи хаан
ᠵᠥᠴᠢ (1180 ᠣᠨ ᠤ᠋ ᠣᠷᠴᠢᠮ – 1227) ᠨᠢ ᠶᠡᠬᠡ ᠮᠣᠩᠭᠣᠯ ᠤᠯᠤᠰ ᠢ᠋ ᠦᠨᠳᠦᠰᠦᠯᠡᠭᠴᠢ ᠴᠢᠩᠭᠢᠰ ᠬᠠᠭᠠᠨ ᠪᠣᠯᠤᠨ ᠶᠡᠬᠡ ᠬᠠᠲᠤᠨ ᠪᠥᠷᠲᠡ ᠡᠴᠡ ᠲᠥᠷᠥᠭᠰᠡᠨ ᠳᠥᠷᠪᠡᠨ ᠬᠦᠦ ᠶ᠋ᠢᠨ ᠠᠬᠠᠮᠠᠳ ᠬᠦᠦ ᠃ ᠲᠡᠷᠡ ᠪᠡᠷ ᠠᠩᠬ᠎ᠠ 1207 ᠣᠨ ᠳ᠋ᠤ᠌ ᠪᠠᠷᠠᠭᠤᠨ ᠭᠠᠷ ᠤ᠋ᠨ ᠴᠡᠷᠢᠭ ᠢ᠋ ᠤᠳᠤᠷᠢᠳᠤᠨ ᠣᠢ ᠶ᠋ᠢᠨ ᠢᠷᠭᠡᠨ᠂ ᠺᠢᠷᠭᠢᠽ᠂ ᠬᠣᠷᠢ ᠲᠦᠮᠡᠨ ᠳ᠋ᠦ᠍ ᠵᠡᠷᠭᠡ ᠪᠠᠢᠭᠠᠯᠢ ᠨᠠᠭᠤᠷ ᠠ᠋ᠴᠠ ᠪᠠᠷᠠᠭᠤᠨ ᠲᠡᠰᠢ ᠣᠷᠣᠰᠢᠬᠤ ᠤᠯᠤᠰ ᠠᠢᠮᠠᠭ ᠤ᠋ᠳ ᠢ᠋ ᠪᠠᠢᠯᠳᠤᠨ ᠳᠠᠭᠠᠭᠤᠯᠤᠭᠰᠠᠨ᠃ 1211-1217 ᠣᠨ ᠤ᠋ ᠣᠷᠴᠢᠮ ᠳ᠋ᠤ᠌ ᠠᠯᠲᠠᠨ ᠤᠯᠤᠰ ᠲᠠᠢ ᠬᠢᠭᠰᠡᠨ ᠠᠶᠠᠨ ᠲᠡᠢᠨ ᠳ᠋ᠦ᠍ ᠣᠷᠣᠯᠴᠠᠵᠤ ᠶᠠᠪᠤᠭᠰᠠᠨ᠃ 1218 ᠣᠨ ᠳ᠋ᠤ᠌ ᠺᠢᠷᠭᠢᠽ᠂ ᠬᠣᠷᠢ ᠲᠦᠮᠡᠳ ᠦ᠋ᠨ ᠪᠣᠰᠤᠯᠭ᠎ᠠ ᠶ᠋ᠢ ᠳᠠᠷᠤᠭᠰᠠᠨ᠃ 1219-1225 ᠣᠨ ᠤ᠋ ᠬᠣᠭᠣᠷᠣᠨᠳᠣ ᠬᠣᠷᠧᠽᠮ ᠢ᠋ ᠳᠠᠢᠯᠠᠬᠤ ᠳ᠋ᠤ᠌ ᠣᠷᠣᠯᠴᠠᠵᠠᠢ᠃ ᠴᠢᠩᠭᠢᠰ ᠬᠠᠭᠠᠨ ᠲᠡᠭᠦᠨ ᠳ᠋ᠦ᠍ ᠴᠡᠷᠢᠭ ᠲᠠᠰᠤᠯᠤᠨ ᠥᠭᠭᠦᠭᠡᠳ ᠡᠷᠴᠢᠰ ᠮᠥᠷᠡᠨ ᠡᠴᠡ ᠪᠠᠷᠠᠭᠤᠨ ᠲᠡᠰᠢ ᠪᠦᠬᠦ ᠭᠠᠵᠠᠷ ᠢ᠋ ᠥᠭᠴᠦ᠂ ᠳᠠᠢᠯᠠᠭᠤᠯᠬᠤ ᠵᠠᠷᠯᠢᠭ ᠪᠠᠭᠤᠯᠭᠠᠭᠰᠠᠨ ᠪᠠᠢᠳᠠᠭ᠃ ᠡᠪᠡᠳᠴᠢᠨ ᠢ᠋ᠶ᠋ᠡᠷ1225-1226 ᠣᠨ ᠤ᠋ ᠣᠷᠴᠢᠮ ᠳ᠋ᠤ᠌ ᠨᠠᠰᠤ ᠨᠥᠭᠴᠢᠵᠡᠢ᠃

