ᠡᠵᠢ ᠳ᠋ᠦ᠍ ᠪᠡᠨ ᠪᠢ ᠲᠠᠯᠠᠷᠬᠠᠵᠤ ᠪᠠᠢᠨᠠᠮ- ᠬᠠᠷᠬᠠᠳᠠᠨ ᠷ · ᠴᠢᠷᠮᠠᠢᠯᠳᠤЭэждээ би талархаж байнам-хархтан р · чармайлт
ᠡᠵᠢ ᠳ᠋ᠦ᠍ ᠪᠡᠨ ᠪᠢ ᠲᠠᠯᠠᠷᠬᠠᠵᠤ ᠪᠠᠢᠨᠠᠮ
ᠬᠠᠷᠬᠠᠳᠠᠨ ᠷ · ᠴᠢᠷᠮᠠᠢᠯᠳᠤ
ᠠᠷᠴᠠᠨ ᠪᠠᠯᠠᠷ ᠲᠤ᠌ ᠪᠠᠨ ᠦᠨᠳᠦᠰᠦ ᠭᠦᠨ ᠬᠠᠳᠬᠤᠭᠰᠠᠨ
ᠠᠮᠢᠯᠠᠯ ᠦ᠋ᠨ ᠰᠠᠬᠢᠭᠤᠰᠤ ᠨᠢ ᠭᠠᠭᠴᠠ ᠬᠥᠪᠥᠩ ᠮᠣᠳᠣ ᠮᠢᠨᠢ ᠰᠢᠦ
ᠠᠭᠢᠲᠤ ᠲᠣᠯᠣᠭᠠᠢ ᠳ᠋ᠤ᠌ ᠪᠠᠨ ᠬᠠᠶ᠋ᠢᠷ᠎ᠠ ᠵᠤᠵᠠᠭᠠᠨ ᠰᠢᠩᠭᠡᠭᠡᠭᠰᠡᠨ
ᠠᠷᠢᠭᠤᠨ ᠤ᠋ ᠪᠦᠷᠢᠯᠸ᠋ᠠ
ᠨᠢ ᠨᠠᠰᠤᠲᠠᠨ ᠪᠤᠭᠤᠷᠤᠯ ᠡᠵᠢ ᠮᠢᠨᠢ ᠰᠢᠦ
ᠦᠷ᠎ᠡ ᠴᠢᠨᠢ ᠪᠢ ᠲᠠᠨ ᠳ᠋ᠤ᠌ ᠪᠠᠨ ᠲᠠᠯᠠᠷᠬᠠᠨ
ᠲᠠᠯᠠᠷᠬᠠᠵᠤ ᠪᠠᠶ᠋ᠢᠨ᠎ᠠ
ᠥᠷᠭᠡᠨ ᠬᠠᠩᠭᠠᠢ ᠶ᠋ᠢ ᠤᠶᠠᠷᠠᠲᠠᠯ᠎ᠠ ᠳᠠᠭᠤᠯᠠᠨ ᠳᠠᠭᠤᠯᠠᠮᠠᠷ ᠪᠠᠶ᠋ᠢᠨ᠎ᠠ
ᠠᠴᠢᠷ ᠦᠷ᠎ᠡ ᠪᠣᠯᠤᠭᠰᠠᠨ ᠲᠠᠪᠤᠨ ᠬᠦᠦ ᠪᠡᠨ ᠲᠠ ᠮᠢᠨᠢ
ᠠᠯᠢᠨ ᠠ᠋ᠴᠠ ᠴᠤ᠌ ᠳᠣᠣᠷ᠎ᠠ ᠦᠭᠡᠢ ᠮᠡᠨᠳᠦ ᠥᠰᠬᠡᠭᠰᠡᠨ ᠰᠢᠦ
ᠠᠯᠵᠢᠶᠠᠯ ᠵᠦᠳᠡᠷᠡᠯ ᠊ᠢ ᠥᠪᠡᠷ ᠢ᠋ᠶ᠋ᠡᠨ ᠬᠠᠷᠢᠨ ᠲᠠ ᠮᠢᠨᠢ
ᠠᠮᠰᠠᠬᠤ ᠶ᠋ᠢᠨ ᠶᠡᠬᠡ ᠪᠡᠷ ᠠᠮᠰᠠᠭᠰᠠᠨ ᠰᠢᠦ ᠳᠡ ᠬᠦᠢ
ᠬᠦᠦ ᠴᠢᠨᠢ ᠪᠢ ᠲᠠᠨ ᠳ᠋ᠤ᠌ ᠪᠠᠨ ᠪᠠᠶᠠᠷᠯᠠᠨ
ᠪᠠᠶᠠᠷᠯᠠᠵᠤ ᠪᠠᠶ᠋ᠢᠨ᠎ᠠ
ᠬᠥᠮᠦᠨ ᠦ᠌ ᠵᠡᠷᠭᠡ ᠲᠡᠢ ᠶᠠᠪᠤᠭᠰᠠᠨ ᠳ᠋ᠤ᠌ ᠪᠠᠨ ᠣᠮᠣᠭᠰᠢᠨ ᠣᠮᠣᠭᠰᠢᠵᠤ ᠪᠠᠶ᠋ᠢᠨ᠎ᠠ
ᠣᠨ ᠵᠢᠯ ᠦ᠋ᠨ ᠡᠯᠡᠭᠲᠡᠯ ᠳ᠋ᠦ᠍ ᠨᠠᠰᠤᠨ ᠥᠯᠵᠡᠢ ᠨᠡᠮᠡᠭᠲᠡᠨ
ᠣᠷᠴᠢᠬᠤ ᠬᠣᠷᠸ᠋᠎ᠠ ᠶ᠋ᠢᠨ ᠲᠣᠭᠣᠰᠣᠨ ᠳ᠋ᠤ᠌ ᠮᠥᠩᠭᠥᠨ ᠪᠤᠭᠤᠷᠤᠯ ᠪᠣᠯᠤᠭᠰᠠᠨ ᠴᠤ᠌
ᠣᠭᠣᠰᠣᠷ ᠦᠭᠡᠢ ᠣᠷᠴᠢᠯᠠᠩ ᠳ᠋ᠤ᠌ ᠡᠵᠢ ᠶ᠋ᠢᠨ ᠬᠠᠶ᠋ᠢᠷ᠎ᠠ ᠯᠠ ᠮᠥᠩᠬᠡ ᠶ᠋ᠢᠨ ᠮᠥᠩᠬᠡ ᠠ᠋ ᠂
ᠣᠳᠣᠳ ᠲᠦᠭᠡᠬᠦ ᠨᠠᠮᠤᠷ ᠤ᠋ᠨ ᠰᠥᠨᠢ ᠪᠡᠷ ᠰᠢᠭᠦᠳᠡᠷᠢ ᠲᠡᠭᠦᠭᠰᠡᠨ ᠴᠦ᠍ ᠲᠡᠩᠴᠡᠬᠦ ᠦᠭᠡᠢ ᠰᠢᠦ
ᠦᠨᠡᠨ ᠰᠡᠳᠬᠢᠯ ᠡᠴᠡ ᠡᠵᠢ ᠲᠠᠨ ᠊ᠢ ᠪᠡᠨ ᠪᠢᠰᠢᠷᠡᠨ ᠪᠢᠰᠢᠷᠡᠵᠦ ᠪᠠᠶ᠋ᠢᠨ᠎ᠠ
ᠥᠨᠳᠥᠷᠯᠢᠭ ᠦ᠋ᠨ ᠴᠠᠰᠤ ᠶ᠋ᠢ ᠬᠠᠶ᠋ᠢᠯᠲᠠᠯᠠ ᠤᠶᠠᠩᠭᠠᠯᠠᠨ ᠤᠶᠠᠩᠭᠠᠯᠠᠮᠠᠷ ᠪᠠᠶ᠋ᠢᠨ᠎ᠠ
ᠦᠰᠦᠭ ᠬᠠᠲᠠᠵᠤ ᠠᠮᠢᠯᠠᠭᠰᠠᠨ ᠨᠢ᠄ ᠬᠠᠷᠬᠠᠲᠠᠨ ᠷ · ᠴᠢᠷᠮᠠᠶ᠋ᠢᠯᠲᠤ
ᠬᠢᠨᠠᠭᠴᠢ᠄ ᠠᠯᠲᠠᠠᠠᠭᠤᠯᠠ
