ᠠᠯᠲᠠᠨ ᠰᠢᠷᠭᠠᠯ ᠨᠠᠮᠤᠷ - ᠴᠡᠩᠬᠡᠯᠲᠦ Алтан шаргал намар - Цэнхэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠰᠢᠷᠭᠠᠯ ᠨᠠᠮᠤᠷ - ᠴᠡᠩᠬᠡᠯᠲᠦ Алтан шаргал намар - Цэнхэлт

ᠠᠯᠲᠠᠨ ᠰᠢᠷᠭᠠᠯ ᠨᠠᠮᠤᠷ - ᠴᠡᠩᠬᠡᠯᠲᠦ Алтан шаргал намар - Цэнхэлт

2023-06-08

312

ᠠᠯᠲᠠᠨ ᠰᠢᠷᠭᠠᠯ ᠨᠠᠮᠤᠷ


              1

     ᠥᠷᠯᠥᠭᠡ ᠂ ᠨᠢᠮᠭᠡᠨ ᠱᠠ ᠢᠷᠠᠯᠵᠠᠨ ᠲᠠᠳᠠᠯᠳᠠᠬᠤ ᠰᠢᠭ᠋ ᠰᠡᠩᠰᠡᠨ ᠪᠣᠷᠣᠭᠠᠨ ᠰᠢᠪᠡᠷᠡᠵᠦ ᠪᠠᠢᠯ᠎ᠠ ᠃ 
     ᠪᠢ ᠡᠮᠦᠨᠡᠰᠢ ᠪᠤᠴᠠᠬᠤ ᠠᠶᠠᠨ ᠤ᠋ ᠰᠢᠪᠠᠭᠤ ᠶ᠋ᠢ ᠭᠡᠭᠡᠪᠴᠢ ᠪᠡᠨ ᠰᠡᠬᠦᠨ ᠪᠠᠷᠠᠯᠠᠵᠤ ᠪᠠᠢᠲᠠᠯ᠎ᠠ ᠂ ᠳᠡᠭᠡᠷ᠎ᠡ ᠡᠴᠡ ᠤᠨᠠᠭᠰᠠᠨ ᠮᠣᠳᠣᠨ ᠨᠠᠪᠴᠢ ᠂ ᠳᠡᠷᠭᠡᠳᠡ ᠮᠢᠨᠢ ᠪᠠᠭᠤᠯ᠎ᠠ᠃ ᠠᠪᠤᠭᠠᠳ ᠦᠵᠡᠭᠰᠡᠨ ᠴᠢᠨᠢ ᠪᠣᠯᠪᠠᠰᠤᠷᠠᠭᠰᠠᠨ ᠰᠠᠢᠬᠠᠨ ᠦᠨᠦᠷ ᠲᠡᠢ ᠂ ᠰᠢᠷᠠᠪᠲᠤᠷ ᠤᠯᠠᠭᠠᠨ ᠨᠠᠪᠴᠢ ᠪᠠᠢᠯ᠎ᠠ ᠃ 
     ᠠ ᠂ ᠪᠠᠢᠭᠠᠯᠢ ᠡᠬᠡ ᠨᠠᠳᠠ ᠨᠠᠮᠤᠷ ᠤ᠋ᠨ ᠵᠠᠬᠢᠳᠠᠯ ᠢ᠋ ᠠᠪᠴᠢᠷᠠᠵᠤ ᠦᠭᠬᠦᠯ᠎ᠡ ᠃  

              2   

     ᠨᠠᠮᠤᠷ ᠭᠡᠭᠴᠢ ᠰᠠᠢᠬᠠᠨ ᠤᠯᠠᠷᠢᠯ ᠶᠤᠮ –– 
     ᠤᠷᠢᠨ ᠬᠠᠪᠤᠷ ᠨᠢ ᠬᠤᠸᠠᠷ ᠴᠡᠴᠡᠭ ᠦ᠋ᠨ ᠬᠠᠩᠬᠤᠯᠤᠮ᠎ᠠ ᠦᠨᠦᠷ ᠢ᠋ ᠬᠥᠮᠦᠰ ᠲᠦ᠍ ᠠᠪᠴᠢᠷᠠᠵᠤ ᠥᠭᠬᠦ ᠪᠡᠷ ᠦᠯᠦ ᠪᠠᠷᠠᠨ ᠂ ᠨᠡᠩ ᠴᠢᠬᠤᠯᠠ ᠨᠢ ᠨᠠᠬᠢᠶ᠎ᠠ ᠰᠣᠶᠣᠭ᠎ᠠ ᠬᠦᠪᠦᠷᠡᠨ ᠤᠷᠭᠤᠬᠤ ᠤᠯᠠᠷᠢᠯ ᠪᠣᠯᠬᠤ ᠶᠤᠮ᠃ ᠭᠡᠲᠡᠯ᠎ᠡ ᠂ ᠬᠢᠷᠠᠭᠤᠲᠤ ᠨᠠᠮᠤᠷ ᠨᠢ ᠨᠠᠢᠭᠤᠨ ᠬᠡᠢᠰᠬᠦ ᠨᠠᠪᠴᠢ ᠴᠡᠴᠡᠭ ᠢ᠋ ᠵᠤᠯᠭᠠᠷᠠᠭᠤᠯᠵᠤ ᠂ ᠨᠠᠩᠵᠢᠳ ᠰᠠᠢᠬᠠᠨ ᠦᠷ᠎ᠡ ᠵᠢᠮᠢᠰ ᠪᠣᠯᠪᠠᠰᠤᠷᠠᠭᠤᠯᠳᠠᠭ ᠬᠤᠸᠠᠷ ᠴᠡᠴᠡᠭ ᠦ᠋ᠨ ᠬᠣᠭᠣᠰᠣᠨ ᠦᠵᠡᠮᠵᠢ ᠶ᠋ᠢ ᠭᠠᠢᠬᠠᠭᠤᠯᠬᠤ ᠠ᠋ᠴᠠ ᠂ ᠬᠣᠷᠣᠭ᠎ᠠ ᠪᠢᠯᠬᠠᠮ᠎ᠠ ᠦᠷ᠎ᠡ ᠵᠢᠮᠢᠰ ᠣᠪᠣᠭᠠᠯᠠᠭᠰᠠᠨ ᠨᠢ ᠬᠤᠪᠢ ᠦᠭᠡᠢ ᠰᠠᠢᠬᠠᠨ ! 
     ᠬᠥᠮᠦᠰ ᠦ᠋ᠨ ᠠᠮᠢ ᠨᠠᠰᠤ ᠭᠡᠭᠴᠢ ᠮᠥᠨ ᠬᠠᠪᠤᠷ ᠲᠠᠢ ᠨᠠᠮᠤᠷ ᠲᠠᠢ ᠠᠵᠢ ᠃ ᠠᠮᠢ ᠨᠠᠰᠤᠨ ᠤ᠋ ᠬᠠᠪᠤᠷ ᠲᠤ᠌ ᠨᠠᠬᠢᠶ᠎ᠠ ᠰᠣᠶᠣᠭ᠎ᠠ ᠰᠠᠭᠤᠯᠭᠠᠨ ᠲᠠᠷᠢᠪᠠᠯ ᠂ ᠠᠮᠢ ᠨᠠᠰᠤᠨ ᠤ᠋ ᠪᠠᠨ ᠬᠢᠷᠠᠭᠤᠲᠤ ᠨᠠᠮᠤᠷ ᠲᠤ᠌ ᠪᠣᠯᠪᠠᠰᠤᠷᠠᠭᠰᠠᠨ ᠰᠠᠢᠬᠠᠨ ᠦᠷ᠎ᠡ ᠵᠢᠮᠢᠰ ᠣᠯᠵᠤ ᠪᠣᠯᠳᠠᠭ ᠶᠤᠮ ᠃ 
     ᠲᠡᠭᠡᠬᠦ ᠳ᠋ᠡᠭᠡᠨ ᠪᠢ ᠤᠷᠢᠨ ᠬᠠᠪᠤᠷ ᠴᠡᠴᠡᠷᠯᠢᠭ ᠲᠦ᠍ ᠵᠤᠭᠠᠴᠠᠨ ᠦᠵᠡᠮᠵᠢ ᠰᠣᠨᠢᠷᠬᠠᠨ ᠴᠡᠴᠡᠭ ᠲᠡᠭᠦᠭᠰᠡᠨ ᠡᠴᠡ ᠬᠢᠷᠠᠭᠤᠲᠤ ᠨᠠᠮᠤᠷ ᠠᠲᠠᠷ ᠬᠡᠭᠡᠷ᠎ᠡ ᠦᠷ᠎ᠡ ᠠᠷᠢᠯᠭᠠᠵᠤ ᠵᠢᠮᠢᠰ ᠲᠡᠭᠦᠬᠦ ᠨᠢ ᠰᠠᠢᠬᠠᠨ ᠭᠡᠵᠦ  ᠪᠣᠳᠣᠳᠠᠭ ᠃ 

              3  

     ᠨᠠᠮᠤᠷ ᠭᠡᠭᠴᠢ ᠮᠥᠨ ᠡᠬᠢᠯᠡᠯᠲᠡ ᠶ᠋ᠢᠨ ᠤᠯᠠᠷᠢᠯ ᠶᠤᠮ — 
     ᠬᠢᠷᠠᠭᠤᠲᠤ ᠨᠠᠮᠤᠷ ᠤ᠋ᠨ ᠡᠷᠬᠢᠮ ᠨᠢ ᠴᠡᠴᠡᠭ ᠢ᠋ ᠵᠤᠯᠭᠠᠷᠠᠭᠤᠯᠵᠤ ᠨᠠᠪᠴᠢ ᠶ᠋ᠢ ᠬᠡᠢᠰᠬᠡᠭᠡᠳ ᠦᠷ᠎ᠡ ᠵᠢᠮᠢᠰ ᠢ᠋ ᠪᠣᠯᠪᠠᠰᠤᠷᠠᠭᠤᠯᠬᠤ ᠳ᠋ᠤ᠌ ᠯᠠ ᠪᠠᠢᠬᠤ ᠪᠢᠰᠢ ᠂ ᠨᠡᠩ ᠴᠢᠬᠤᠯᠠ ᠨᠢ ᠬᠠᠷᠢᠨ ᠦᠷ᠎ᠡ ᠵᠢᠮᠢᠰ ᠢ᠋ ᠬᠥᠷᠥᠰᠥᠨ ᠳ᠋ᠦ᠍ ᠤᠨᠠᠭᠠᠵᠤ ᠂ ᠤᠷᠢᠨ ᠬᠠᠪᠤᠷ ᠰᠢᠨ᠎ᠡ ᠰᠦᠶ᠎ᠡ ᠶ᠋ᠢ ᠠᠮᠢᠯᠠᠭᠤᠯᠬᠤ  ᠳ᠋ᠤ᠌ ᠪᠠᠢᠳᠠᠭ᠃ ᠡᠭᠦᠨᠴᠡ ᠨᠢᠭᠡ ᠮᠥᠬᠥᠯᠢᠭ ᠦᠷ᠎ᠡ ᠰᠢᠨ᠎ᠡ ᠠᠮᠢᠳᠤᠷᠠᠯ ᠢ᠋ᠶ᠋ᠠᠨ ᠡᠭᠡᠯᠡᠵᠦ ᠰᠢᠨᠲᠠᠷᠠᠰᠢ ᠦᠭᠡᠢ ᠲᠡᠮᠡᠴᠡᠳᠡᠭ ᠃ 
     ᠠᠮᠢᠳᠤᠷᠠᠯ ᠭᠡᠵᠦ ᠡᠢᠮᠦ ᠯᠡ ᠶᠦ᠍ᠮ ᠂ ᠠᠮᠵᠢᠯᠲᠠ ᠣᠯᠤᠭᠰᠠᠨ ᠨᠢ ᠰᠢᠨ᠎ᠡ ᠡᠬᠢᠯᠡᠯᠲᠡ ᠶ᠋ᠢ ᠲᠤᠩᠬᠠᠯᠠᠵᠦ ᠪᠠᠢᠬᠤ ᠶᠤᠮ ᠃ 

              4 

     ᠨᠠᠮᠤᠷ ᠭᠡᠭᠴᠢ ᠠᠯᠲᠠᠨ ᠰᠢᠷᠭᠠᠯ ᠬᠥᠭᠵᠢᠶᠡᠨᠲᠦ ᠤᠯᠠᠷᠢᠯ ᠶᠤᠮ –– 
     ᠮᠠᠨ ᠤ᠋ ᠨᠤᠲᠤᠭ ᠲᠤ᠌ ᠨᠠᠮᠤᠷ ᠪᠣᠯᠤᠭᠰᠠᠭᠠᠷ ᠯᠠ ᠡᠪᠡᠰᠦ ᠰᠢᠷᠠᠯᠵᠢ ᠴᠤ᠌ ᠦᠵᠡᠮᠵᠢ ᠪᠡᠨ ᠰᠣᠯᠢᠭᠠᠳ ᠠᠯᠲᠠᠨ ᠰᠢᠷᠭᠠᠯ ᠥᠩᠭᠡᠲᠡᠢ ᠃ ᠦᠷ᠎ᠡ ᠵᠢᠮᠢᠰ ᠴᠦ᠍ ᠪᠣᠯᠪᠠᠰᠤᠷᠠᠵᠤ ᠬᠦᠢᠴᠡᠭᠡᠳ ᠠᠯᠲᠠᠨ ᠰᠢᠷᠭᠠᠯ ᠥᠩᠭᠡᠲᠡᠢ ᠃  ᠦᠷᠢᠶ᠎ᠡ ᠬᠦᠯᠦᠭ ᠴᠦ᠍ ᠰᠡᠭᠦᠯ ᠢ᠋ᠶ᠋ᠡᠨ ᠭᠤᠳᠤᠢᠯᠭᠠᠪᠠᠯ ᠠᠯᠲᠠᠨ ᠰᠢᠷᠭᠠᠯ ᠥᠩᠭᠡᠲᠡᠢ᠃  ᠥᠷᠥᠮ᠎ᠡ ᠵᠥᠭᠡᠬᠡᠢ ᠴᠦ᠍ ᠨᠠᠷᠠᠨ ᠳ᠋ᠤ᠌ ᠡᠭᠡᠭᠡᠳᠡᠭᠳ ᠠᠯᠲᠠᠨ ᠰᠢᠷᠭᠠᠯ ᠥᠩᠭᠡᠲᠡᠢ ᠃ ᠦᠷ᠎ᠡ ᠲᠠᠷᠢᠳᠠᠭ ᠲᠠᠷᠢᠶᠠᠴᠢᠳ ᠦᠲᠦᠷᠮ᠎ᠡ ᠠᠪᠤᠭᠠᠳ ᠶᠠᠭᠠᠷᠠᠯᠲᠠᠢ ᠪᠥᠭᠡᠳ ᠬᠥᠭᠵᠢᠶᠡᠨᠲᠡᠢ᠃ ᠥᠷᠥᠮ᠎ᠡ ᠬᠥᠭᠡᠷᠦᠭᠦᠯᠳᠡᠭ ᠮᠠᠯᠴᠢᠳ ᠴᠤ᠌ ᠡᠪᠡᠰᠦ ᠬᠤᠷᠢᠶᠠᠭᠠᠳ ᠪᠠᠶᠠᠷᠲᠠᠢ ᠪᠥᠭᠡᠳ ᠪᠠᠴᠢᠮᠳᠠᠭᠤ ᠃ ᠠᠯᠲᠠᠨ ᠲᠠᠯ᠎ᠠ ᠶ᠋ᠢᠨ ᠥᠷᠥᠴᠡᠨ ᠳ᠋ᠦ᠍ ᠲᠡᠷᠭᠡᠴᠢᠳ ᠦ᠋ᠨ ᠳᠠᠭᠤᠤ ᠬᠠᠩᠭᠢᠨᠠᠭᠠᠳ ᠃ ᠠᠯᠤᠰ ᠨᠤᠲᠤᠭ ᠤ᠋ᠨ ᠭᠣᠪᠢ ᠳ᠋ᠤ᠌ ᠠᠭᠲᠠᠨ ᠤ᠋ ᠲᠦᠪᠦᠷᠭᠡᠨ ᠲᠠᠴᠢᠭᠢᠨᠠᠭᠠᠳ ᠃ 

              5 

     ᠨᠠᠮᠤᠷ ᠭᠡᠭᠴᠢ ᠡᠯᠪᠡᠭ ᠬᠤᠷᠢᠶᠠᠯᠲᠠ ᠶ᠋ᠢᠨ ᠤᠯᠠᠷᠢᠯ ᠶᠤᠮ –– 
     ᠪᠤᠷᠴᠠᠭ ᠲᠠᠷᠢᠭᠰᠠᠨ ᠨᠢ ᠪᠤᠯᠲᠠᠷᠠᠵᠤ ᠬᠠᠭᠠᠷᠠᠭᠰᠠᠨ ᠦᠷ᠎ᠡ ᠶ᠋ᠢ ᠨᠢ ᠡᠭᠦᠷᠬᠦ ᠪᠠᠨ ᠯᠠ ᠮᠡᠳᠡ᠃ ᠡᠭᠡᠵᠡᠭᠡᠢ ᠬᠢᠭᠰᠡᠳ ᠨᠢ ᠡᠬᠡᠭᠦᠨ ᠠᠮᠲᠠᠲᠠᠢ ᠠᠢᠷᠠᠭ ᠢ᠋ᠶ᠋ᠠᠨ ᠨᠠᠢᠷᠠᠬᠤ ᠪᠠᠨ ᠯᠠ ᠮᠡᠳᠡ ᠃ 
     ᠨᠠᠮᠤᠷ ᠭᠡᠭᠴᠢ ᠮᠥᠨ ᠱᠠᠩᠨᠠᠯ ᠣᠯᠭᠣᠬᠤ ᠤᠯᠠᠷᠢᠯ ᠶᠤᠮ –– 
     ᠰᠢᠷᠭᠠᠭᠤ ᠬᠥᠳᠡᠯᠮᠦᠷᠢᠯᠡᠭᠰᠡᠳ ᠪᠦᠬᠦᠨ ᠢᠷᠡᠵᠦ ᠱᠠᠩᠨᠠᠯ ᠢ᠋ᠶ᠋ᠠᠨ ᠠᠪᠤᠭᠠᠴᠢ –– ᠭᠡᠵᠦ ᠠᠯᠲᠠᠨ ᠰᠢᠷᠭᠠᠯ ᠲᠠᠷᠢᠶ᠎ᠠ ᠂ ᠥᠭᠡᠬᠦᠨ ᠪᠥᠮᠪᠥᠭᠡᠯᠢᠭ ᠰᠦᠷᠦᠭ ᠂ ᠥᠨᠳᠥᠷ ᠳᠠᠭᠤᠨ ᠢ᠋ᠶ᠋ᠠᠷ ᠬᠠᠰᠬᠢᠷᠴᠤ ᠪᠠᠢᠬᠤ ᠰᠢᠭ᠋ ᠦᠵᠡᠭᠰᠡᠨ ᠪᠣᠯᠭᠠᠨ ᠤ᠋ ᠬᠣᠷᠣᠬᠠᠢ ᠶ᠋ᠢ ᠬᠥᠳᠡᠯᠭᠡᠨ᠎ᠡ ᠃ 
     ᠭᠡᠪᠡᠴᠦ ᠂ ᠰᠢᠷᠭᠠᠯ ᠨᠠᠮᠤᠷ ᠪᠤᠰᠤᠳ ᠤ᠋ᠨ ᠦᠷ᠎ᠡ ᠵᠢᠮᠢᠰ ᠢ᠋ ᠪᠠᠬᠠᠷᠬᠠᠨ ᠬᠠᠷᠠᠬᠤ ᠪᠠᠷ ᠢ᠋ᠶ᠋ᠠᠨ ᠤᠷᠢᠨ ᠬᠠᠪᠤᠷ ᠰᠢᠷᠭᠠᠭᠤ ᠬᠥᠳᠡᠯᠮᠦᠷᠢᠯᠡᠬᠦ ᠨᠢ ᠳᠡᠭᠡᠷ᠎ᠡ ᠭᠡᠵᠦ ᠪᠣᠳᠣᠳᠠᠭ ᠃ 
     ᠠ ! ᠠᠯᠲᠠ ᠰᠢᠷᠭᠠᠯ ᠨᠠᠮᠤᠷ ᠥᠩᠭᠡᠪᠴᠢ ᠭᠣᠶᠣ ᠴᠡᠴᠡᠭ ᠬᠤᠸᠠᠷ ᠢ᠋ ᠵᠤᠯᠭᠠᠷᠠᠭᠤᠯᠵᠤ ᠂ ᠦᠨᠡᠨᠬᠦ ᠰᠠᠢᠬᠠᠨ ᠦᠷ᠎ᠡ ᠵᠢᠮᠢᠰ ᠢᠯᠡᠷᠡᠭᠦᠯᠳᠡᠭ ᠶᠣᠰᠣᠲᠠᠢ ᠠᠯᠲᠠᠨ ᠰᠢᠷᠭᠠᠯ ᠤᠯᠠᠷᠢᠯ ᠠ᠋ !