ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠠᠷᠪᠠᠳᠤᠭᠠᠷ ᠪᠦᠯᠦᠭ Саран зэв – Зохиолч ᠂ Зураач – Т᠂ мандир ( Түүхэн тууж ) – Аравдугаар бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠠᠷᠪᠠᠳᠤᠭᠠᠷ ᠪᠦᠯᠦᠭ Саран зэв – Зохиолч ᠂ Зураач – Т᠂ мандир ( Түүхэн тууж ) – Аравдугаар бүлэг

ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠠᠷᠪᠠᠳᠤᠭᠠᠷ ᠪᠦᠯᠦᠭ Саран зэв – Зохиолч ᠂ Зураач – Т᠂ мандир ( Түүхэн тууж ) – Аравдугаар бүлэг

ᠠᠩᠭᠢᠯᠠᠯ:ᠲᠡᠦᠬᠡ ᠰᠣᠶᠣᠯ
2023-06-07

242

ᠰᠠᠷᠠᠨ ᠵᠡᠪᠡ - ᠠᠷᠪᠠᠳᠤᠭᠠᠷ ᠪᠦᠯᠦᠭ


      ᠱᠠᠮᠳᠠᠭᠠᠢ ᠥᠪᠡᠷ ᠊ᠢ ᠪᠡᠨ ᠦᠬᠦᠭᠰᠡᠨ ᠡᠴᠡ ᠲᠣᠣᠷ ‍ᠡ᠋ ᠪᠣᠳᠣᠵᠤ ᠶᠠᠪᠣᠯ ‍ᠡ᠋᠃ ᠶᠠᠭᠠᠬᠢᠭᠠᠳ ᠭᠡᠪᠡᠯ ᠲᠡᠭᠦᠨ ᠊ᠢ ᠡᠮᠡᠭᠡᠯ ᠳᠡᠭᠡᠷ ‍ᠡ᠋ ᠨᠢ ᠲᠠᠷᠣᠭᠣᠯᠡᠭᠠᠳ ᠬᠦᠯᠢᠴᠢᠭᠡᠭᠰᠡᠨ ᠠᠵᠢ᠃ ᠡᠨᠡ ᠪᠣᠯ ᠮᠡᠷᠭᠢᠳ ᠊ᠤᠨ ᠴᠡᠷᠢᠭ ᠊ᠤᠨ ᠮᠠᠩᠨᠠᠢ ᠶ᠋ᠢᠨ ᠴᠤᠪᠤᠭ᠎ᠠ᠃ ᠡᠭᠦᠨ ᠊ᠤ ᠠᠷᠤ ᠠ᠋ᠴᠠ ᠪᠣᠳᠣᠭᠤᠯ ᠂ ᠳᠠᠯᠳᠤ –– ᠬᠠᠷ ‍ᠠ᠋ ᠨᠠᠷ ᠊ᠤᠨ ᠵᠠᠬᠢᠷᠤᠭᠰᠠᠨ ᠬᠦᠴᠦᠷᠬᠡᠭ ᠲᠦᠮᠡᠨ ᠴᠡᠷᠢᠭ ᠰᠢᠯᠢ ᠳᠠᠷᠤᠨ ᠳᠠᠭᠠᠵᠤ ᠶᠠᠪᠤᠭ᠎ᠠ ᠪᠥᠭᠡᠳ ᠦᠦᠷ ᠊ᠤᠨ ᠦᠨᠡᠭᠡᠨ ᠬᠠᠷᠠᠩᠭᠤᠢ ᠪᠠᠷ ᠰᠥᠪᠡᠭᠡᠳᠡᠢ ᠶ᠋ᠢᠨ ᠬᠥᠷᠢᠶ ‍ᠠ᠋ ᠶ᠋ᠢ ᠳᠠᠭᠠᠷᠢᠨ ᠲᠡᠭᠰᠢᠯᠡᠬᠦ ᠤᠴᠢᠷᠲᠠᠢ᠃ ᠲᠡᠭᠡᠵᠦ ᠴᠢᠳᠠᠨ᠎ᠠ ᠭᠡᠳᠡᠭ ᠲᠦ ᠱᠠᠮᠳᠠᠭᠠᠢ ᠢᠲᠡᠭᠡᠬᠦ ᠡᠴᠡ ᠦᠬᠡᠷ ‍ᠡ᠋ ᠠᠷᠭ᠎ᠠ ᠪᠠᠶ᠋ᠢᠬᠰᠠᠨ ᠦᠭᠡᠢ᠃ ᠲᠠᠶ᠋ᠢᠰᠣᠨ ᠳ᠋ᠠᠭᠠᠨ ᠢᠲᠡᠭᠡᠭᠦᠯᠬᠦ ᠶ᠋ᠢᠨ ᠲᠤᠯᠠᠳᠠ ᠰᠥᠪᠡᠭᠡᠳᠡᠢ ᠪᠠᠭᠠᠲᠤᠷ ᠴᠡᠷᠢᠭ ᠢ᠋ᠶ᠋ᠡᠨ ᠵᠠᠳᠠᠯᠠᠴᠢᠬᠠᠬᠰᠠᠨ ᠪᠠᠢᠭ᠎ᠠ ᠶ᠋ᠢ ᠲᠡᠷᠡ ᠮᠡᠳᠡᠨ᠎ᠡ᠃ ᠳᠠᠭᠠᠷᠢᠬᠤ ᠡᠳᠦᠷ ᠂ ᠲᠣᠪ ᠊ᠢ ᠨᠢ ᠲᠡᠷᠡ ᠥᠪᠡᠷ ᠢ᠋ᠶ᠋ᠡᠨ ᠮᠡᠳᠡᠭᠳᠡᠬᠦ ᠤᠴᠢᠷᠲᠠᠢ ᠪᠢᠯᠡ᠃ ᠭᠡᠳᠡᠯ ‍ᠡ᠋ ᠮᠡᠳᠡᠭᠳᠡᠬᠦ ᠨᠢ ᠪᠠᠶ᠋ᠢᠳᠣᠭᠠᠢ ᠁ ᠲᠡᠷᠡ ᠥᠪᠡᠷ ᠲᠡᠭᠡᠨ ᠥᠴᠦᠬᠡᠨ ᠊ᠴᠤ ᠰᠡᠳᠬᠢᠯ ᠵᠣᠪᠠᠭᠰᠠᠨ ᠦᠭᠡᠢ ᠂ ᠶᠠᠭᠢᠷᠠᠬᠤ ᠶᠠᠰᠤ ᠂ ᠠᠰᠬᠠᠷᠠᠬᠤ ᠴᠢᠰᠤ ᠲᠡᠳᠦᠢ ᠶᠠᠭᠣᠮ ‍ᠡ᠋᠃ ᠬᠠᠷᠢᠨ ᠲᠡᠭᠦᠨ ᠳ᠋ᠤ᠌ ᠨᠠᠢᠳᠠᠭᠰᠠᠨ ᠵᠠᠩᠵᠤᠨ ᠬᠥᠭᠡᠷᠦᠬᠦᠢ ᠂ ᠵᠠᠩᠵᠤᠨ ᠳ᠋ᠠᠭᠠᠨ ᠢᠲᠡᠭᠡᠭᠡᠳ ᠨᠣᠶ᠋ᠢᠷᠰᠣᠵᠣ ᠪᠣᠢ ᠨᠢᠭᠡ ᠲᠦᠮᠡᠨ ᠬᠠᠯᠠᠭᠤᠨ ᠠᠮᠢ ᠬᠥᠭᠡᠷᠦᠬᠦᠢ᠃ ᠵᠠᠨᠤᠯᠲᠤ ᠲᠠᠶ᠋ᠢᠰᠣᠨ ᠨᠢ ᠲᠡᠭᠦᠨ ᠊ᠤ ᠬᠠᠵᠠᠭᠤ ᠳ᠋ᠤ᠌ ᠮᠥᠷᠥ ᠵᠡᠷᠭᠡᠴᠡᠨ ᠶᠠᠪᠤᠨ᠎ᠠ᠃ ᠲᠡᠷᠡ ᠪᠣᠯ ᠬᠠᠮᠣᠭ ᠊ᠤᠨ ᠡᠭᠡᠵᠢᠭᠲᠡᠢ ᠮᠥᠴᠡ ᠳ᠋ᠦ᠍ ᠢᠯᠡᠴᠢᠯᠡᠵᠦ ᠂ ᠤᠯᠠᠮ ᠢ᠋ᠶ᠋ᠠᠷ ᠲᠠᠶ᠋ᠢᠰᠣᠨ ᠳ᠋ᠤ᠌ ᠪᠠᠷᠢᠵᠤ ᠥᠭᠭᠦᠭᠰᠡᠨ ᠪᠠᠷᠲᠠᠢ ᠰᠡᠴᠡᠨ᠃ ᠣᠳᠣ ᠲᠡᠷᠡ ᠬᠥᠮᠦᠨ ᠰᠠᠨᠠᠭᠠᠨ ᠳ᠋ᠠᠭᠠᠨ ᠬᠦᠷᠬᠦ ᠳ᠋ᠦ᠍ ᠬᠡᠳᠦᠬᠡᠨ ᠴᠠᠭ ᠯᠠ ᠦᠯᠡᠳᠡᠴᠢᠬᠡᠭᠡᠳ ᠂ ᠰᠥᠪᠡᠭᠡᠳᠡᠢ ᠵᠠᠩᠵᠤᠨ ᠊ᠤ ᠬᠠᠷ ‍ᠠ᠋ ᠲᠣ᠊ᠭ ᠊ᠢ ᠪᠤᠯᠢᠶᠠᠭᠠᠳ ᠠᠪᠴᠢᠬᠠᠭᠰᠠᠨ ᠮᠡᠲᠦ ᠰᠡᠳᠬᠢᠯ ᠨᠢ ᠬᠥᠭᠡᠷᠴᠦ ᠂  ᠰᠢᠷᠬ᠎ᠠ ᠰᠣᠷᠪᠢ ᠪᠠᠨ ᠊ᠴᠤ ᠮᠠᠷᠲᠠᠴᠢᠬᠠᠭᠠᠳ ᠶᠠᠪᠤᠭ᠎ᠠ ᠨᠢ ᠡᠨᠡ᠃ ᠠ᠋ ᠬᠠᠯᠠᠭ᠃ 
      ᠰᠥᠨᠢ ᠨᠢ ᠰᠡᠷᠢᠭᠦᠨ ᠰᠡᠪᠰᠢᠶ ‍ᠡ᠋ ᠬᠥᠯᠥᠷᠦᠭᠰᠡᠨ ᠨᠢᠭᠤᠷ ᠊ᠢ ᠨᠢ ᠢᠯᠪᠢᠬᠦ ᠳ᠋ᠦ᠍ ᠱᠠᠮᠳᠠᠭᠠᠢ ᠬᠣᠷᠣᠰᠤᠨ ᠴᠥᠬᠥᠷᠡᠭᠰᠡᠨ ᠳ᠋ᠡᠭᠡᠨ ᠡᠷ ‍ᠠ᠋ ᠬᠥᠮᠦᠨ ᠊ᠤ ᠬᠠᠷᠠᠮ ᠨᠢᠯᠪᠤᠰᠤ ᠶ᠋ᠢ ᠭᠠᠷᠭᠠᠵᠤ ᠂ ᠨᠢᠳᠦ ᠪᠡᠨ ᠠᠨᠢᠪᠠ᠃
      ᠬᠠᠮᠤᠭ ᠪᠡᠶ᠎ᠡ ᠨᠢ ᠪᠠᠲᠠᠶ᠋ᠢᠷᠠᠨ ᠴᠢᠯᠡᠪᠡᠴᠦ ᠤᠷᠢᠳᠤ ᠡᠳᠦᠷ ᠦ᠋ᠨ ᠶᠠᠪᠤᠳᠠᠯ ᠨᠢᠭᠡᠳ ᠨᠢᠭᠡᠨ ᠦᠭᠡᠢ ᠦᠵᠡᠭᠳᠡᠵᠦ᠂ ᠰᠡᠳᠬᠢᠯ ᠦ᠋ᠨ ᠬᠢᠨᠢ ᠰᠢᠨᠠᠯᠠᠭ᠎ᠠ ᠶ᠋ᠢ ᠨᠡᠮᠡᠨ᠎ᠡ ᠃ ᠳᠡᠷᠡᠰᠦᠨ ᠦ᠌ ᠭᠠᠵᠠᠷ ᠲᠤ᠌ ᠱᠠᠮᠲᠠᠭᠠᠢ ᠂ ᠪᠠᠷᠳᠠᠢ ᠰᠡᠴᠡᠨ  ᠊ᠢ ᠬᠠᠷᠠᠭᠠᠳ ᠭᠠᠶ᠋ᠢᠬᠠᠭᠰᠠᠨ ᠪᠣᠯᠪᠠᠴᠤ ᠲᠡᠶ᠋ᠢᠮᠦ ᠤᠴᠢᠷ ᠶᠠᠪᠤᠳᠠᠯ ᠡᠭᠦᠳᠦᠨ᠎ᠡ ᠭᠡᠵᠦ ᠣᠭᠲᠣ ᠪᠣᠳᠣᠭᠰᠠᠨ ᠦᠭᠡᠢ ᠃ ᠰᠡᠯᠡᠭᠦᠴᠡᠭᠰᠡᠨ ᠳ᠋ᠦ᠍ ᠤᠨᠲᠤᠭᠤᠴᠠᠯ᠎ᠠ ᠭᠡᠵᠦ ᠪᠣᠳᠣᠭᠠᠳ ᠡᠮᠢᠶᠡᠵᠦ ᠪᠠᠶ᠋ᠢᠲᠠᠯ᠎ᠠ ᠪᠠᠷᠳᠠᠢ ᠰᠡᠴᠡᠨ ᠰᠡᠯᠡᠮ᠎ᠡ ᠪᠡᠨ ᠰᠤᠭᠤ ᠲᠡᠳᠡᠨ ᠤᠯᠠᠭᠠᠨ ᠨᠥᠮᠥᠷᠭᠡᠲᠦ ᠡᠷ᠎ᠡ ᠶ᠋ᠢ ᠴᠠᠪᠴᠢᠪᠠᠰᠤ ᠴᠠᠭᠠᠳᠤᠬᠢ ᠨᠢ ᠭᠠᠷ ᠊ᠢ ᠨᠢ ᠳᠠᠭᠠᠨ ᠭᠤᠯᠲᠤᠶ᠋ᠢᠨ ᠣᠶ᠋ᠢᠴᠢᠬᠤ ᠳ᠋ᠤ᠌ ᠰᠠᠶᠢ ᠰᠡᠭᠡᠭᠡ ᠠᠪᠴᠤ ᠂ ᠰᠡᠯᠡᠮ᠎ᠡ ᠪᠡᠨ ᠰᠢᠭᠦᠷᠡᠲᠡᠯ᠎ᠡ ᠬᠣᠶᠠᠷ ᠭᠤᠷᠪᠠᠨ ᠮᠡᠷᠭᠢᠳ ᠴᠡᠷᠢᠭ ᠳᠠᠭᠠᠷᠢᠵᠤ ᠢᠷᠡᠭᠡᠳ ᠠᠭᠳᠠᠯᠠᠨ ᠪᠠᠷᠢᠵᠤ ᠂ ᠠᠳᠬᠤᠵᠤ ᠶᠠᠪᠤᠭᠰᠠᠨ ᠰᠠᠬᠠᠷᠢ ᠶ᠋ᠢ ᠨᠢ ᠪᠤᠯᠢᠶᠠᠵᠤ ᠠᠪᠤᠭᠠᠳ ᠪᠠᠷᠳᠠᠢ ᠳ᠋ᠤ᠌ ᠦᠭᠴᠢᠬᠡᠯ᠎ᠡ ᠃ ᠬᠠᠷᠠᠮᠰᠠᠵᠤ ᠬᠠᠯᠬᠠᠯᠠᠬᠤ ᠶᠠᠮᠠᠷ ᠴᠤ᠌ ᠵᠠᠪ ᠭᠠᠷᠤᠭᠰᠠᠨ ᠦᠭᠡᠢ ᠃ ᠨᠥᠭᠥᠭᠡ ᠡᠷ᠎ᠡ ᠶ᠋ᠢᠨ ᠬᠦᠵᠦᠭᠦᠦ ᠬᠣᠭᠣᠯᠠᠢ ᠴᠢᠰᠤᠨ ᠳ᠋ᠤ᠌ ᠪᠣᠳᠣᠭᠳᠠᠭᠠᠳ ᠬᠥᠳᠡᠯᠭᠡᠭᠡᠨ ᠦᠭᠡᠢ ᠬᠡᠪᠲᠡᠬᠦ ᠳ᠋ᠦ᠍ ᠨᠢᠭᠡ ᠴᠡᠷᠢᠭ ᠵᠢᠳᠠ ᠪᠠᠷ ᠢ᠋ᠶ᠋ᠠᠨ ᠬᠠᠳᠬᠤᠵᠤ ᠦᠵᠡᠭᠰᠡᠨ ᠢ᠋ᠶ᠋ᠡᠨ ᠵᠣᠪᠬᠢ ᠶ᠋ᠢ ᠨᠢ ᠨᠡᠭᠡᠭᠡᠵᠦ ᠬᠠᠷᠠᠴᠢᠬᠠᠭᠠᠳ ᠄ 
      –– ᠦᠬᠦᠴᠢᠬᠡᠵᠡᠢ ᠭᠡᠵᠦ ᠬᠡᠯᠡᠭ᠍ᠰᠡᠨ ᠊ᠢ ᠰᠠᠨᠠᠨ᠎ᠠ ᠃ ᠲᠡᠭᠡᠬᠦ ᠳ᠋ᠦ᠍ ᠯᠡ ᠶᠠᠮᠠᠷ ᠰᠢᠦ ᠠᠶᠤᠯᠲᠠᠢ ᠠᠯᠳᠠᠭ᠎ᠠ ᠬᠢᠭ᠍ᠰᠡᠨ ᠢ᠋ᠶ᠋ᠡᠨ ᠤᠬᠠᠭᠠᠷᠠᠵᠤ ᠪᠣᠰᠤᠨ ᠬᠠᠷᠠᠶ᠋ᠢᠬᠤ ᠳ᠋ᠤ᠌ ᠪᠠᠷᠲᠠᠢ ᠰᠡᠴᠡᠨ ᠬᠦᠢᠲᠡᠨ ᠢ᠋ᠶ᠋ᠡᠷ ᠢᠨᠢᠶᠡᠵᠦ ᠄ 
     –– ᠪᠤᠤ ᠰᠠᠨᠳᠤᠷ ᠃  ᠰᠦᠪᠡᠭᠡᠳᠡᠢ ᠳ᠋ᠦ᠍ ᠥᠭᠡᠷ᠎ᠡ ᠡᠯᠴᠢ ᠣᠯᠳᠠᠨ᠎ᠠ ᠭᠡᠵᠦ ᠲᠣᠬᠣᠭᠤᠷᠬᠠᠵᠤ ᠪᠢᠯᠡ ᠃ ᠱᠠᠮᠲᠠᠭᠠᠢ ᠶ᠋ᠢ ᠠᠪᠤᠭᠠᠳ ᠭᠠᠷᠬᠤ ᠳ᠋ᠤ᠌ ᠳᠠᠷᠠᠰᠤ  ᠵᠥᠭᠡᠭᠡᠭᠴᠢ ᠂ ᠡᠵᠡᠨ ᠦ᠌ ᠪᠡᠨ ᠬᠠᠮᠲᠤ ᠤᠯᠠᠭᠠᠨ ᠨᠥᠮᠥᠷᠭᠡᠲᠦ ᠦᠬᠦᠳᠡᠯ ᠊ᠢ ᠬᠥᠯ ᠡᠴᠡ ᠨᠢ ᠴᠢᠷᠦᠭᠡᠳ ᠴᠠᠭᠠᠱᠢ ᠪᠠᠨ ᠣᠷᠣᠵᠤ ᠪᠠᠶ᠋ᠢᠬᠰᠠᠨ ᠃ ᠬᠣᠲᠣ ᠨᠠᠷ ᠤ᠋ᠨ ᠬᠤᠪᠢ ᠳ᠋ᠤ᠌ ᠱᠠᠮᠲᠠᠭᠠᠢ ᠶ᠋ᠢ ᠪᠠᠶ᠋ᠢᠴᠠᠭᠠᠬᠤ ᠂ ᠥᠴᠢᠭ ᠠᠪᠬᠤ ᠬᠡᠷᠡᠭ ᠪᠠᠶ᠋ᠢᠬᠰᠠᠨ ᠦᠭᠡᠢ ᠃ ᠪᠠᠷᠲᠠᠢ ᠰᠡᠴᠡᠨ ᠪᠦᠭᠦᠳᠡ ᠶ᠋ᠢ ᠨᠢ ᠨᠢᠭᠡ ᠨᠢᠭᠡᠨ ᠦᠭᠡᠢ ᠳᠡᠯᠭᠡᠭᠡᠳ ᠥᠭᠪᠡ᠃ ᠱᠠᠮᠲᠠᠭᠠᠢ ᠶ᠋ᠢ ᠵᠣᠷᠢᠭᠤᠳᠠ ᠪᠠᠭᠠᠨ᠎ᠠ ᠠ᠋ᠴᠠ ᠤᠶᠠᠭᠰᠠᠨ ᠲᠤᠯᠠ ᠡᠨᠡ ᠪᠦᠬᠦ ᠶᠠᠷᠢᠶ᠎ᠠ ᠶ᠋ᠢ ᠠᠷᠭ᠎ᠠ ᠪᠤᠶᠤ ᠰᠣᠨᠣᠰᠴᠤ ᠲᠡᠰᠴᠦ ᠶᠠᠳᠠᠬᠤ ᠳ᠋ᠠᠭᠠᠨ ᠪᠠᠷᠲᠠᠢ ᠰᠡᠴᠡᠨ ᠊ᠢ ᠬᠠᠷᠢᠶᠠᠵᠤ ᠵᠦᠬᠡᠨ ᠴᠠᠮᠨᠠᠵᠤ ᠪᠠᠶ᠋ᠢᠪᠠ ᠃  ᠡᠨᠡ ᠨᠢ ᠲᠤᠰᠠ ᠪᠣᠯᠬᠤ ᠠ᠋ᠴᠠ ᠪᠠᠨ ᠤᠰᠤ ᠪᠣᠯᠤᠭᠰᠠᠨ ᠪᠣᠯᠤᠯᠲᠠᠢ ᠂ ᠪᠠᠷᠲᠠᠢ ᠰᠡᠴᠡᠨ ᠲᠠᠴᠢᠭᠢᠨᠠᠲᠠᠯ᠎ᠠ ᠢᠨᠢᠶᠡᠵᠦ ᠄  
     –– ᠮᠢᠨᠦ ᠦᠨᠡᠨ ᠬᠡᠯᠡᠭᠰᠡᠨ ᠡᠰᠡᠬᠦ ᠶᠢ ᠡᠨᠡ ᠲᠤᠭᠴᠢ ᠨᠤᠲᠠᠯᠠᠭᠠᠳ ᠥᠭᠴᠦ ᠪᠠᠢᠭ᠎ᠠ ᠪᠢᠵᠠ ᠳ᠋ᠠ ᠭᠡᠨ᠎ᠡ᠃ ᠦᠨᠡᠬᠡᠷ ᠱᠠᠮᠳᠠᠭᠠᠢ ᠶᠢᠨ ᠬᠠᠷᠠᠭᠤᠰᠠᠯ ᠬᠣᠷᠤᠰᠤᠯ ᠳᠤ ᠡᠷᠡᠭᠡᠯᠵᠡᠬᠦ ᠬᠥᠮᠦᠨ ᠪᠠᠢᠭᠰᠠᠨ ᠦᠭᠡᠢ ᠡ᠃
     –– ᠰᠦᠪᠡᠭᠡᠳᠡᠢ ᠲᠠ ᠨᠠᠷ ᠢ ᠳᠣᠪᠲᠤᠯᠬᠤ ᠶᠢ ᠬᠦᠰᠡᠵᠦ ᠴᠡᠷᠢᠭ ᠢᠶᠡᠨ ᠵᠠᠳᠠᠯᠤᠭᠰᠠᠨ᠃ ᠲᠡᠭᠦᠨ ᠦ ᠡᠴᠦᠰ ᠦᠨ ᠨᠠᠢᠳᠠᠯᠭ᠎ᠠ ᠪᠣᠯ ᠵᠥᠪᠬᠡᠨ ᠪᠢ ᠪᠠᠢᠭ᠎ᠠ ᠶᠤᠮ᠃ ᠡᠨᠡ ᠲᠤᠭᠴᠢ ( ᠪᠠᠷᠲᠠᠢ ᠲᠡᠭᠦᠨ ᠢ ᠶᠡᠷᠦ ᠨᠡᠷ᠎ᠡ ᠪᠡᠷ ᠨᠢ ᠬᠡᠯᠡᠬᠦ ᠦᠭᠡᠢ ᠪᠠᠢᠭ᠎ᠠ ᠶᠢ ᠦᠰᠢᠷᠬᠡᠯ ᠭᠡᠵᠦ ᠱᠠᠮᠲᠠᠭᠠᠢ ᠦᠵᠡᠵᠦ ᠪᠠᠢᠯ᠎ᠠ᠃) ᠨᠠᠮᠠᠢ᠍ᠢ ᠥᠲᠦᠭᠡᠬᠦ ᠪᠠᠢᠭᠰᠠᠨ᠃ ᠲᠡᠭᠡᠬᠦ ᠳ᠋ᠡᠭᠡᠨ ᠣᠳᠣ ᠲᠡᠭᠦᠨ ᠢ ᠶᠡᠷᠦ ᠳ᠋ᠡᠭᠡᠨ ᠡᠨᠡ ᠰᠥᠨᠢ ᠯᠡ ᠳᠣᠪᠲᠤᠯᠬᠤ ᠬᠡᠷᠡᠭ ᠲᠠᠢ᠃ ᠲᠠᠬᠢᠭᠠᠳ ᠵᠢᠭᠠᠬᠠᠨ ᠤᠳᠠᠪᠠᠯ ᠲᠣᠭᠣᠴᠠᠷ ᠤᠨ ᠴᠡᠷᠢᠭ ᠬᠦᠷᠦᠭᠡᠳ ᠢᠷᠡᠨ᠎ᠡ ᠭᠡᠵᠦ ᠪᠠᠷᠲᠠᠢ ᠠᠭᠠᠭᠳᠠᠨ ᠥᠭᠦᠯᠡᠵᠦ ᠪᠠᠢᠯ᠎ᠠ᠃
      –– ᠪᠢᠳᠡ ᠤᠷᠠᠬᠠᠨ ᠳᠤ ᠣᠷᠤᠨ᠎ᠠ ᠰᠢᠦ ᠳ᠋ᠡ ᠭᠡᠵᠦ ᠬᠣᠲᠤ ᠶᠢ ᠬᠠᠰᠢᠷᠯᠠᠬᠤ ᠳᠤ᠂
      –– ᠤᠷᠠᠬᠠᠨ ᠳᠤ ᠣᠷᠤᠭᠤᠯᠬᠤ ᠶᠢᠨ ᠲᠤᠯᠠᠳᠠ ᠤᠷᠠᠬ᠎ᠠ ᠪᠠᠢᠬᠤ ᠬᠡᠷᠡᠭᠲᠡᠢ ᠭᠡᠵᠦ ᠪᠠᠷᠲᠠᠢ ᠰᠡᠴᠡᠨ ᠬᠠᠰᠭᠢᠷᠤᠭᠠᠳ᠂
      –– ᠲᠤᠭᠴᠢ ᠶᠢᠨ ᠬᠡᠯᠡ ᠢᠷᠡᠭᠰᠡᠨ ᠦᠶ᠎ᠡ ᠳᠦ ᠯᠠ ᠤᠷᠠᠬ᠎ᠠ ᠶᠢ ᠪᠡᠯᠡᠳᠭᠡᠨ᠎ᠡ᠃ ᠡᠰᠡ ᠲᠡᠭᠡᠪᠡᠯ ᠮᠠᠨ ᠤ ᠬᠠᠷᠠᠭᠤᠯ ᠠᠵᠢᠭᠯᠠᠨ᠎ᠠ ᠰᠢᠤ ᠳ᠋ᠠ ᠭᠡᠵᠡᠢ᠃
      –– ᠪᠠᠷᠲᠠᠢ ᠰᠡᠴᠡᠨ ᠤ ᠵᠥᠪ᠃ ᠡᠢᠮᠦ ᠵᠠᠪᠰᠢᠶᠠᠨ ᠢ ᠠᠯᠳᠠᠵᠤ ᠪᠣᠯᠬᠤ ᠦᠭᠡᠢ ᠭᠡᠵᠦ ᠭᠠᠯ ᠬᠡᠯᠡᠵᠡᠢ᠃ ᠭᠠᠩᠰᠠᠷᠠᠨ ᠳᠣᠭᠰᠢᠷᠠᠬᠤ ᠱᠠᠮᠲᠠᠭᠠᠢ ᠶᠢᠨ ᠳᠡᠷᠭᠡᠳᠡ ᠴᠢᠨᠠᠭᠰᠢ ᠶᠠᠷᠢᠯᠴᠠᠬᠤ ᠳᠤ ᠬᠡᠴᠡᠭᠦᠦ ᠪᠣᠯᠤᠭᠰᠠᠨ ᠲᠤᠯᠠ ᠬᠣᠲᠤ ᠲᠡᠭᠦᠨ ᠢ ᠬᠠᠵᠠᠭᠤ ᠶᠢᠨ ᠥᠷᠭᠦᠭᠡᠨ ᠳᠦ ᠣᠷᠤᠭᠤᠯᠵᠤ ᠪᠠᠨᠳᠠᠩ ᠰᠢᠷᠡᠭᠡᠨ ᠳᠡᠭᠡᠷ᠎ᠡ ᠬᠦᠯᠢᠬᠦ ᠶᠢ ᠲᠤᠰᠢᠶᠠᠵᠠᠢ᠃ ᠰᠢᠨ᠎ᠡ ᠭᠢᠨᠳᠠᠨ ᠤ ᠬᠢᠨᠢ ᠬᠠᠨ᠎ᠠ ᠣᠷᠢᠶᠠᠩᠭᠤ ᠰᠦᠯᠵᠢᠮᠡᠯ ᠪᠠᠢᠭᠰᠠᠨ ᠪᠣᠯᠬᠤ ᠪᠡᠷ ᠲᠡᠳᠡᠨ ᠤ ᠶᠠᠷᠢᠶ᠎ᠠ ᠱᠠᠮᠲᠠᠭᠠᠢ ᠳᠤ ᠲᠣᠳᠤᠬᠠᠨ ᠰᠣᠨᠤᠰᠳᠠᠵᠤ ᠪᠠᠢᠪᠠ᠃
      –– ᠠᠯᠠᠭᠳᠠᠭᠰᠠᠨ ᠡᠯᠴᠢ ᠬᠡᠳᠦᠢ ᠳᠦ ᠰᠦᠪᠡᠭᠡᠳᠡᠢ ᠳᠡᠭᠡᠷ᠎ᠡ ᠣᠴᠢᠬᠤ ᠪᠠᠢᠭᠰᠠᠨ ᠪᠣᠯ ᠭᠡᠵᠦ ᠬᠣᠲᠤ ᠠᠰᠠᠭᠤᠯ᠎ᠠ᠃ ᠪᠠᠷᠲᠠᠢ ᠰᠡᠴᠡᠨ ᠤ ᠬᠦᠩᠭᠢᠨᠡᠭᠰᠡᠨ ᠳᠠᠭᠤ ᠰᠣᠨᠤᠰᠳᠠᠬᠤ ᠨᠢ᠄
      –– ᠮᠢᠨᠦ ᠶᠠᠪᠤᠵᠤ ᠢᠷᠡᠭᠰᠡᠨ ᠢᠶᠡᠷ ᠪᠣᠯ ᠮᠠᠷᠭᠠᠰᠢ ᠥᠷᠯᠦᠭᠡ ᠦᠦᠷ ᠢᠶᠡᠷ ᠪᠣᠯᠪᠠ ᠤᠤ᠂ ᠭᠡᠪᠡᠴᠦ ᠲᠡᠷᠡ ᠠᠷᠠᠢ ᠬᠤᠷᠳᠤᠨ ᠳᠣᠪᠲᠤᠯᠤᠨ᠎ᠠ ᠭᠡᠪᠡᠯ ᠰᠥᠨᠢ ᠳᠦᠯᠢ ᠶᠢᠨ ᠨᠠᠭᠠᠨ᠎ᠠ ᠣᠴᠢᠵᠤ ᠪᠣᠯᠬᠤ ᠶᠤᠮ᠃ 
      –– ᠲᠡᠭᠡᠬᠦ ᠪᠡᠷ ᠰᠦᠪᠡᠭᠡᠳᠡᠢ ᠶᠠᠮᠠᠷ ᠪᠣᠯᠪᠠᠴᠤ ᠡᠨᠡ ᠰᠥᠨᠢ ᠤᠷᠠᠬ᠎ᠠ ᠵᠠᠩᠬ᠎ᠠ ᠪᠡᠯᠡᠳᠭᠡᠵᠦ ᠠᠮᠵᠢᠬᠤ ᠦᠭᠡᠢ ᠭᠡᠵᠦ ᠦᠵᠡᠵᠦ ᠪᠣᠯᠬᠤ ᠤᠤ ?
      –– ᠪᠡᠯᠡᠳᠬᠡᠬᠦ ᠰᠠᠨᠠᠭ᠎ᠠ ᠴᠤ᠌ ᠳᠥᠷᠥᠭᠡ ᠦᠭᠡᠢ ᠪᠡᠶ᠋ᠢᠬ᠋᠎ᠠ ᠃ ᠲᠡᠶ᠋ᠢᠮᠤ ᠣᠳᠤᠯᠲᠠ ᠬᠢᠬᠦ ᠳ᠋ᠦ᠍ ᠴᠠᠭ ᠬᠤᠭᠤᠴᠠᠭᠠᠨ ᠠ᠋ᠴᠠ ᠭᠠᠳᠠᠨ᠎ᠠ ᠢᠲᠡᠭᠡᠯᠲᠢ ᠮᠡᠳᠡᠭᠡ ᠬᠡᠷᠡᠭᠲᠡᠢ ᠰᠢᠦ ᠳᠡ ᠃ ᠬᠡᠰᠡᠭ ᠪᠡᠶ᠋ᠢᠵᠠᠨᠠᠭᠠᠳ ᠬᠣᠲᠣ ᠶ᠋ᠢᠨ ᠪᠣᠳᠣᠯᠭᠠᠰᠢᠷᠠᠭᠰᠠᠨ ᠨᠠᠮᠤᠭᠤᠬᠠᠨ ᠳᠠᠭᠤ ᠰᠣᠨᠣᠰᠤᠭᠳᠠᠯ᠎ᠠ ᠃ 
      –– ᠡᠨᠡ ᠪᠣᠯ ᠪᠢᠳᠡᠨ ᠦ᠌ ᠬᠤᠪᠢ ᠵᠢᠶᠠᠭᠠᠨ ᠤ᠋ ᠡᠷᠭᠢᠯᠲᠡ ᠶ᠋ᠢᠨ ᠰᠥᠨᠢ ᠪᠣᠯᠵᠤ ᠮᠡᠳᠡᠨ᠎ᠡ ᠃ ᠪᠣᠯᠬᠤ ᠴᠤ᠌ ᠪᠡᠶ᠋ᠢᠬ᠎ᠠ ᠃ ᠡᠷᠬᠢᠮ ᠳᠡᠭᠦᠦ ᠨᠠᠷ ᠮᠢᠨᠢ ᠥᠴᠦᠬᠡᠨ ᠴᠦ᠍ ᠡᠷᠡᠭᠡᠯᠵᠡᠭᠡ ᠪᠢᠳᠡᠨ ᠳ᠋ᠦ᠍ ᠦᠯᠡᠳᠡᠬᠦ ᠶᠣᠰᠣ ᠦᠭᠡᠢ ᠃ 
      –– ᠲᠡᠶ᠋ᠢᠮᠤ ᠠ᠋ ᠃ ᠡᠨᠡ ᠤᠳᠠᠭ᠎ᠠ ᠭᠠᠯ ᠶᠠᠷᠢᠪᠠ ᠃ ᠲᠡᠭᠦᠨ ᠦ᠌ ᠡᠷᠡᠮᠡᠭᠡᠢ ᠳᠠᠭᠤ ᠬᠣᠶᠠᠷ ᠠᠬ᠎ᠠ ᠶ᠋ᠢᠨ ᠬᠢ ᠡᠴᠡ ᠡᠷᠡᠰ ᠢᠯᠭᠠᠷᠠᠵᠤ ᠪᠡᠶ᠋ᠢᠪᠠ ᠃ ᠪᠢᠳᠡ ᠡᠨᠡ ᠭᠠᠵᠠᠷ ᠢᠷᠡᠭᠡᠳ ᠶᠠᠭ ᠠᠷᠪᠠᠨ ᠨᠢᠭᠡᠨ ᠵᠢᠯ ᠪᠣᠯᠵᠤ ᠪᠠᠶ᠋ᠢᠨ᠎ᠠ ᠃ ᠭᠡᠲᠡᠯ᠎ᠡ ᠲᠣᠭᠲᠠᠨᠢᠨ ᠰᠠᠭᠤᠷᠢᠰᠢᠬᠤ ᠬᠥᠷᠥᠰᠥ ᠣᠯᠳᠠᠬᠤ ᠦᠭᠡᠢ ᠬᠡᠪ ᠢ᠋ᠶ᠋ᠡᠷ ᠃ ᠬᠡᠳᠦᠢ ᠪᠣᠯᠲᠠᠯ᠎ᠠ ᠬᠦᠴᠦᠯᠦᠭ ᠊ᠢ ᠴᠢᠷᠡᠶ᠋ᠢᠴᠢᠯᠠᠬᠤ ᠶᠤᠮ ᠪᠣᠢ ? ᠬᠡᠷᠪᠡ ᠪᠢᠳᠡ ᠰᠦᠪᠡᠭᠡᠲᠡᠢ ᠶ᠋ᠢᠨ ᠴᠡᠷᠢᠭ ᠊ᠢ ᠳᠠᠷᠤᠵᠤ ᠴᠢᠳᠠᠪᠠᠯ ᠣᠢ ᠶ᠋ᠢᠨ ᠢᠷᠭᠡᠳ ᠲᠦ᠍ ᠢᠲᠡᠭᠡᠯ ᠲᠥᠷᠥᠨ᠎ᠡ ᠃ ᠲᠡᠨᠳᠡ ᠳᠠᠬᠢᠨ ᠪᠣᠰᠤᠯᠭ᠎ᠠ ᠳᠡᠭᠳᠡᠭᠡᠵᠦ ᠪᠣᠯᠤᠨ᠎ᠠ ᠃ ᠡᠷᠴᠢᠰ ᠮᠥᠷᠡᠨ ᠡᠴᠡ ᠢᠨᠠᠭᠰᠢ ᠴᠢᠯᠤᠭᠡᠲᠢ ᠵᠣᠷᠴᠢᠬᠤ ᠵᠠᠮ ᠨᠡᠬᠡᠬᠡᠭᠲᠡᠨ᠎ᠠ ᠃ ᠳᠣᠪᠲᠣᠯᠬᠤ ᠬᠡᠷᠡᠭᠲᠡᠢ᠃ 
      –– ᠰᠦᠪᠡᠭᠡᠲᠡᠢ ᠶ᠋ᠢᠨ ᠪᠣᠳᠣᠯ ᠲᠣᠳᠣᠷᠠᠭᠰᠠᠨ ᠨᠢ ᠬᠠᠮᠤᠭ ᠤ᠋ᠨ ᠭᠣᠣᠯ ᠶᠤᠮ ᠃ ( ᠴᠢᠯᠠᠭᠤᠨ ᠦᠭᠡ ᠪᠡᠨ ᠵᠥᠭᠡᠭᠡᠵᠦ ᠂ ᠲᠤᠩ ᠤᠳᠠᠭᠠᠬᠢ ᠶᠠᠷᠢᠬᠤ  ᠠᠵᠠᠢ ) ᠲᠡᠷᠡ ᠨᠤᠲᠤᠭ ᠤ᠋ᠨ ᠬᠢᠨ ᠊ᠢ ᠥᠳᠥᠭᠡᠬᠦ ᠡᠴᠡ ᠡᠮᠢᠶᠡᠭᠡᠳ ᠪᠢᠳᠡᠨ ᠊ᠢ ᠳᠣᠪᠲᠣᠯᠵᠤ ᠵᠢᠷᠦᠬᠡᠯᠡᠬᠦ ᠦᠭᠡᠢ ᠪᠡᠶ᠋ᠢᠨ᠎ᠠ ᠃ ᠬᠡᠷᠪᠡ ᠲᠤᠭᠤᠴᠡᠷ ᠶᠦ᠍ᠮ ‍ᠤᠤ ᠂ ᠵᠡᠪᠡ ᠶ᠋ᠢᠨ ᠴᠡᠷᠢᠭ ᠢᠷᠡᠪᠡᠯ ᠲᠡᠷᠡ ᠠᠷᠠᠢ ᠰᠡᠶ᠋ᠢᠤᠠᠮᠩ ᠬᠥᠳᠡᠯᠬᠦ ᠪᠡᠶ᠋ᠢᠬ᠎ᠠ ᠃ ᠲᠡᠷᠡ ᠴᠠᠭ ᠲᠤ᠌ ᠪᠢᠳᠡᠨ ᠦ᠌ ᠬᠦᠴᠦ ᠮᠡᠬᠦᠰᠳᠡᠨ᠎ᠡ ᠃ ᠲᠡᠭᠡᠬᠦ ᠪᠡᠷ ᠠᠳᠠ ᠲᠡᠭᠦᠨ ᠦ᠌ ᠵᠠᠩᠰᠢᠯᠠᠭᠠᠴᠢ ᠰᠦᠢᠷᠡᠭᠰᠡᠨ ᠊ᠢ ᠠᠰᠢᠭᠯᠠᠬᠤ ᠠ᠋ᠴᠠ ᠳᠡᠭᠡᠷ᠎ᠡ ᠵᠠᠮ ᠦᠯᠡᠳᠡᠬᠦ ᠦᠭᠡᠢ ᠯᠡ ᠪᠣᠯᠤᠯ᠎ᠠ ᠳᠠ ᠃ ᠳᠠᠬᠢᠭᠠᠳ ᠬᠡᠰᠡᠭ ᠴᠢᠮᠡᠭᠡ ᠦᠭᠡᠢ ᠪᠣᠯᠪᠠ ᠃ ᠪᠠᠷᠳᠠᠢ ᠪᠡᠶ᠎ᠡ ᠪᠡᠨ ᠪᠠᠷᠢᠵᠤ ᠴᠨᠡᠭᠰᠡᠨ ᠪᠣᠯᠤᠯᠲᠠᠢ ᠂  ᠬᠥᠨᠳᠡᠢ ᠳᠦᠩᠰᠦᠭᠡᠷᠬᠡᠨ ᠳᠠᠭᠤ ᠪᠠᠷ ᠄  
     –– ᠪᠢ ᠵᠥᠪᠬᠡᠨ ᠥᠪᠡᠷ ᠦ᠋ᠨ ᠰᠠᠨᠠᠭᠠᠨ ᠳ᠋ᠤ᠌ ᠯᠠ ᠲᠤᠯᠭᠠᠭᠤᠷᠢᠯᠠᠪᠠ ᠃ ᠠᠪᠬᠤ ᠂ ᠡᠰᠡᠬᠦ ᠨᠢ ᠲᠠ ᠪᠦᠬᠦᠨ ᠦ᠌ ᠬᠡᠷᠡᠭ ᠃ ᠰᠦᠪᠡᠬᠡᠲᠡᠢ ᠤᠳᠠᠲᠠᠯ᠎ᠠ ᠢᠩᠭᠢᠵᠦ ᠵᠠᠳᠠᠭᠠᠢ ᠪᠡᠶ᠋ᠢᠬᠤ ᠦᠭᠡᠢ ᠃ ᠪᠢᠳᠡᠨ ᠢ᠋ ᠬᠥᠳᠡᠯᠭᠡᠵᠦ ᠴᠢᠳᠠᠬᠤ ᠦᠭᠡᠢ ᠪᠣᠯ ᠬᠦᠷᠢᠶ᠎ᠡ ᠪᠡᠨ ᠴᠡᠭᠴᠡᠯᠡᠵᠦ ᠣᠷᠬᠢᠨ᠎ᠠ ᠃ ᠲᠡᠷᠡ ᠴᠠᠭ ᠲᠤ᠌ ᠠᠷᠠᠢ ᠯᠠ ᠬᠡᠴᠡᠭᠦᠦ ᠪᠡᠶ᠋ᠢᠬᠤ ᠪᠣᠯᠪᠠ ‍ᠦᠦ ᠃   
       ᠲᠡᠭᠡᠲᠡᠯ᠎ᠡ ᠲᠡᠳᠡᠨ ᠳᠡᠭᠡᠷ᠎ᠡ ᠥᠭᠡᠷ᠎ᠡ ᠬᠥᠮᠦᠨ ᠢᠷᠡᠪᠡ ᠪᠣᠯᠤᠯᠲᠠᠢ᠂ ᠮᠡᠨᠳᠦ ᠠᠮᠤᠷ ᠢ᠋ᠶ᠋ᠠᠨ ᠮᠡᠳᠡᠯᠴᠡᠬᠦ ᠨᠢ ᠳᠤᠭᠤᠯᠳᠠᠬᠤ ᠳ᠋ᠤ᠌ ᠱᠠᠮᠳᠠᠭᠠᠢ  ᠴᠢᠬᠢ ᠲᠠᠯᠪᠢᠨ ᠰᠣᠨᠣᠰᠤᠯ᠎ᠠ᠃ ᠡᠮᠡᠭᠲᠡᠢ ᠬᠥᠮᠦᠨ ᠳᠤᠤᠭᠠᠷᠤᠯ᠎ᠠ᠃ ᠲᠡᠷᠡ ᠳᠠᠭᠤ  ᠲᠤᠩ ᠲᠠᠨᠢᠯ᠂ ᠲᠡᠷᠡ ᠲᠣᠰᠤᠮ ᠥᠴᠥᠭᠡᠳᠦᠷᠬᠡᠨ ᠰᠣᠨᠣᠰᠤᠭᠰᠠᠨ  ᠮᠡᠲᠦ  ᠰᠠᠨᠠᠭᠳᠠᠭᠠᠳ ᠱᠠᠮᠳᠠᠭᠠᠢ  ᠭᠠᠢᠬᠠᠯ᠎ᠠ᠃ 
     –– ᠪᠠᠷᠳᠠᠢ ᠰᠡᠴᠡᠨ ᠳ᠋ᠦ᠍ ᠢᠲᠡᠭᠡᠬᠦ ᠦᠭᠡᠢ ᠪᠣᠯ ᠲᠠ ᠪᠦᠬᠦᠨ ᠦ᠌  ᠮᠥᠬᠥᠯ ᠦ᠋ᠨ ᠰᠢᠷᠣᠢ  ᠫᠤᠷᠭᠢᠭᠦ ᠨᠢ ᠲᠡᠷᠡ ᠳᠠ᠃  ᠡᠭᠦᠯᠡᠰ ᠬᠤᠷᠠᠯᠳᠤᠵᠤ ᠠᠭᠠᠳᠠᠷ ᠵᠥᠩᠨᠡᠪᠡᠴᠦ ᠲᠡᠭᠦᠨ ᠢ᠋ ᠬᠥᠭᠡᠭᠡᠬᠦ ᠰᠠᠯᠬᠢ ᠬᠡᠵᠢᠶᠡᠳᠡ ᠪᠠᠢᠳᠠᠭ᠃ ᠱᠠᠮᠳᠠᠭᠠᠢ ᠰᠣᠴᠢᠨ ᠴᠡᠴᠡᠷᠡᠪᠡ᠃  ᠡᠨᠡ ᠪᠣᠯ ᠨᠥᠭᠥᠭᠡ ᠶᠸᠯᠸᠢᠪᠴᠢ ᠡᠮ᠎ᠡ ᠶ᠋ᠢᠨ ᠳᠠᠭᠤ ᠪᠠᠢᠯ᠎ᠠ᠃《  ᠬᠥᠪᠡᠭᠦᠨ ᠴᠢ ᠶᠡᠷᠦ ᠪᠤᠰᠤ ᠶ᠋ᠢᠨ ᠬᠥᠮᠦᠨ ᠪᠠᠢᠨ᠎ᠠ᠃ ᠴᠢᠮ᠎ᠠ ᠳ᠋ᠤ᠌ ᠡᠨᠡ ᠳᠡᠷᠡᠰᠦᠨ ᠦ᠌ ᠭᠠᠵᠠᠷ ᠪᠠᠭᠠᠳᠠᠬᠤ ᠶᠤᠮ᠃ ᠴᠢᠨᠦ ᠵᠡᠭᠦᠨ ᠭᠠᠷ ᠲᠤ᠌ ᠦᠬᠦᠯ ᠦ᠋ᠨ ᠪᠤᠭᠤᠢᠯᠢ᠂ ᠪᠠᠷᠠᠭᠤᠨ ᠭᠠᠷ ᠲᠤ᠌ ᠭᠠᠯ ᠰᠠᠴᠤᠷᠠᠭᠰᠠᠨ ᠢᠯᠳᠦ ᠪᠠᠢᠳᠠᠭ ᠶᠤᠮ ᠪᠠᠢᠨ᠎ᠠ》 ᠥᠴᠥᠭᠡᠳᠦᠷ ᠳᠡᠷᠡᠰᠦᠨ ᠦ᠌ ᠭᠠᠵᠠᠷ ᠲᠤ᠌ ᠰᠠᠭᠤᠵᠤ ᠪᠠᠢᠬᠤ ᠳ᠋ᠤ᠌ ᠶᠸᠯᠸᠢᠪᠴᠢ  ᠡᠮ᠎ᠡ ᠲᠡᠭᠦᠨ ᠳ᠋ᠦ᠍ ᠢᠩᠭᠢᠵᠦ ᠬᠡᠯᠡᠭᠰᠡᠨ ᠪᠢᠯᠡ᠃ 
     –– ᠵᠠ ᠶᠠᠭᠠᠬᠢᠬᠤ  ᠪᠣᠢ᠃ ᠠᠷᠭ᠎ᠠ ᠶ᠋ᠢ ᠠᠷᠭ᠎ᠠ ᠪᠠᠷ᠃ ᠲᠡᠳᠡᠨ ᠪᠢᠳᠡᠨ ᠢ᠋ ᠳᠣᠪᠲᠣᠯᠤᠭᠤᠯᠬᠤ ᠭᠡᠵᠦ ᠬᠦᠰᠡᠭᠰᠡᠨ ᠪᠣᠯ ᠳᠣᠪᠲᠣᠯᠤᠶ᠎ᠠ᠃ ᠴᠡᠷᠢᠭ ᠢ᠋ ᠬᠡᠨ ᠵᠠᠬᠢᠷᠬᠤ ᠪᠣᠢ? ᠭᠡᠵᠦ ᠬᠣᠲᠣ ᠬᠡᠯᠡᠯ᠎ᠡ᠃ 
     –– ᠪᠢ ᠣᠳᠰᠤᠭᠠᠢ ᠭᠡᠵᠦ ᠭᠠᠯ ᠬᠡᠯᠡᠪᠡ᠃ 
     –– ᠪᠢ ᠬᠣᠰᠢᠭᠤᠴᠢ ᠪᠣᠯᠬᠤ ᠶ᠋ᠢ ᠬᠦᠰᠡᠨ᠎ᠡ᠃ ( ᠡᠨᠡ ᠪᠠᠷᠲᠠᠢ ᠰᠡᠴᠡᠨ ᠪᠠᠢᠪᠠ᠃) 
     –– ᠪᠣᠯᠲᠤᠭᠠᠢ᠂ ᠲᠠ ᠬᠣᠶᠠᠷ ᠲᠤ᠌ ᠨᠠᠢ᠍ᠮᠠᠨ ᠮᠢᠩᠭᠠᠨ ᠴᠡᠷᠢᠭ ᠥᠭᠬᠦᠶ᠎ᠡ᠃ ᠴᠢᠮᠡᠭᠡ ᠦᠭᠡᠢ ᠪᠣᠯᠴᠢᠬᠠᠯ᠎ᠠ᠃ ᠭᠠᠯ᠂ ᠪᠠᠷᠲᠠᠢ ᠰᠡᠴᠡᠨ ᠨᠠᠷ ᠵᠥᠪᠯᠡᠵᠦ ᠪᠠᠢᠬᠤ ᠮᠡᠲᠦ᠃ ᠴᠢᠩᠭᠢᠲᠡᠯ᠎ᠡ ᠴᠢᠯᠠᠭᠤᠨ᠄ 
     –– ᠡᠨᠳᠡ ᠴᠡᠷᠢᠭ ᠪᠠᠷᠢᠬᠤ ᠨᠢ ᠠᠰᠢᠭ ᠦᠭᠡᠢ᠃ ᠪᠦᠬᠦ ᠬᠦᠴᠦ ᠪᠡᠨ ᠵᠠᠩᠭᠢᠳᠴᠤ ᠳᠣᠪᠲᠣᠯᠤᠭᠰᠠᠨ ᠨᠢ ᠳᠡᠭᠡᠷ᠎ᠡ᠃ ᠦᠭᠡᠢ ᠪᠣᠯ ᠪᠣᠯᠢᠶ᠎ᠠ᠃ 
     –– ᠪᠢ ᠥᠪᠡᠷ ᠢ᠋ ᠪᠡᠨ ᠬᠠᠮᠠᠭᠠᠯᠠᠬᠤ ᠭᠡᠰᠡᠨ ᠦᠭᠡᠢ᠃  ᠶᠠᠮᠠᠷ ᠴᠤ᠌ ᠦᠶ᠎ᠡ ᠳ᠋ᠦ᠍ ᠪᠡᠯᠡᠳᠬᠡᠯ ᠬᠦᠴᠦ ᠬᠡᠷᠡᠭᠲᠡᠢ᠃ 
     ––  ᠭᠡᠨᠡᠳᠲᠡ ᠶ᠋ᠢᠨ ᠳᠠᠭᠠᠷᠢᠯᠲᠠ ᠰᠢᠦ ᠳᠡ᠃ ᠪᠦᠬᠦ ᠴᠡᠷᠢᠭ ᠮᠣᠷᠢ ᠶ᠋ᠢ ᠭᠠᠵᠠᠷ ᠳᠡᠭᠡᠷ᠎ᠡ ᠡᠴᠡ ᠨᠢ ᠤᠯᠠᠷᠢᠭᠤᠯᠤᠨ ᠬᠡᠷᠡᠭᠯᠡᠬᠦ ᠡᠴᠡ ᠪᠢᠰᠢ ᠡᠨᠳᠡ ᠡᠴᠡ ᠢᠯᠡᠭᠡᠬᠦ ᠠᠷᠭ᠎ᠠ ᠪᠠᠢᠬᠤ ᠦᠭᠡᠢ᠃ 
     ––  ᠵᠠ ᠲᠡᠭᠡᠪᠡᠯ ᠪᠦᠬᠦ ᠴᠡᠷᠢᠭ ᠢ᠋ ᠠᠪᠴᠤ ᠮᠣᠷᠳᠠ᠃ 
     –– ᠬᠠᠷᠠᠭᠤᠯ ᠬᠢᠭᠡᠳ ᠰᠢᠳᠠᠷ ᠣᠲᠣᠭ ᠤ᠋ᠨ ᠮᠢᠩᠭᠠᠨ ᠴᠡᠷᠢᠭ ᠊ᠢ ᠦᠯᠡᠳᠡᠭᠡ ᠃ ᠨᠥᠭᠥᠭᠡ ᠮᠢᠩᠭᠠᠲᠤ ᠶ᠋ᠢ ᠪᠠᠷᠲᠠᠢ ᠰᠡᠴᠡᠨ ᠠᠪᠴᠤ ᠮᠠᠩᠨᠠᠢ ᠳ᠋ᠤ᠌ ᠭᠠᠷᠤᠭᠲᠤᠨ ᠃  
      ᠱᠠᠮᠲᠠᠭᠠᠢ ᠬᠣᠷᠣᠰᠤᠨ ᠪᠠᠴᠢᠮᠳᠠᠭᠰᠠᠨ ᠳ᠋ᠠᠭᠠᠨ ᠪᠠᠨᠲᠠᠩ ᠊ᠢ ᠲᠣᠯᠣᠭᠠᠢ ᠪᠠᠷ ᠢ᠋ᠶ᠋ᠠᠨ ᠨᠦᠳᠦᠪᠡ ᠃ ᠡᠨᠡ ᠴᠢᠮᠡᠭᠡ ᠶ᠋ᠢ ᠠᠩᠵᠠᠭᠠᠷᠠᠭᠰᠠᠨ ᠪᠣᠯᠤᠯᠲᠠᠢ ᠬᠠᠨᠠᠨ ᠤ᠋ ᠴᠠᠭᠠᠨ᠎ᠠ ᠮᠡᠷᠭᠢᠳ ᠦ᠋ᠳ ᠢᠨᠢᠶᠡᠯᠳᠦᠪᠡ ᠃  ᠡᠨᠡ ᠲᠤᠭᠴᠢ ᠶ᠋ᠢ ᠪᠢ ᠠᠪᠴᠤ ᠶᠠᠪᠤᠶ᠎ᠠ ᠃ ᠳᠣᠪᠲᠣᠯᠤᠨ ᠣᠷᠣᠬᠤ ᠶ᠋ᠢᠨ ᠡᠮᠦᠨ᠎ᠡ ᠲᠤᠭᠴᠢ ᠶ᠋ᠢᠨ ᠬᠢᠨᠢ ᠲᠡᠷᠢᠭᠦᠨ ᠢ᠋ᠶ᠋ᠡᠷ ᠲᠤᠭ ᠢ᠋ᠶ᠋ᠠᠨ ᠳᠠᠬᠢᠪᠠᠯ ᠮᠡᠷᠭᠢᠳ ᠦ᠋ᠨ ᠣᠩᠭᠣᠨ ᠪᠠᠶᠠᠰᠬᠤ ᠪᠣᠢ ᠊ᠢ᠎ᠡ ᠭᠡᠬᠦ ᠨᠢ ᠪᠠᠷᠳᠠᠢ ᠰᠡᠴᠡᠨ ᠦ᠌ ᠳᠠᠭᠤ ᠮᠥᠨ ᠪᠠᠶ᠋ᠢᠯ᠎ᠠ ᠃  ᠲᠡᠭᠡᠭᠡᠳ ᠲᠡᠳᠡ ᠭᠠᠷᠴᠤ ᠣᠳᠴᠠᠭᠠᠵᠠᠢ ᠃ 
      ᠱᠠᠮᠲᠠᠭᠠᠢ ᠶ᠋ᠢ ᠪᠠᠨᠲᠠᠩ ᠠ᠋ᠴᠠ ᠰᠤᠯᠠᠯᠠᠨ ᠠᠪᠴᠤ ᠭᠠᠷᠬᠤ ᠳ᠋ᠤ᠌ ᠶᠡᠬᠡ ᠴᠡᠷᠢᠭ ᠬᠡᠲᠦᠶ᠋ᠢᠨ᠎ᠡ ᠵᠢᠭᠳᠡᠷᠡᠨ ᠵᠢᠭᠰᠠᠭᠰᠠᠨ ᠪᠠᠶ᠋ᠢᠪᠠ ᠃ ᠨᠠᠷᠠ ᠪᠠᠷᠠᠭᠤᠨᠰᠢ ᠶᠠᠯᠢᠭ ᠦᠭᠡᠢ ᠲᠣᠩᠭᠣᠶ᠋ᠢᠵᠤ ᠂ ᠴᠡᠯᠮᠡᠭ ᠰᠠᠶᠢᠬᠠᠨ ᠮᠡᠷᠭᠢᠳ ᠦ᠋ᠨ ᠲᠤᠭ ᠬᠤᠸᠠᠷ ᠰᠡᠷᠡᠯᠵᠡᠵᠦ ᠳᠠᠪᠲᠠᠮᠠᠯ ᠬᠤᠶᠠᠭ ᠢ᠋ᠶ᠋ᠠᠨ ᠵᠡᠭᠦᠭᠰᠡᠨ ᠪᠠᠷᠲᠠᠢ ᠰᠡᠴᠡᠨ ᠣᠮᠣᠭ ᠪᠠᠷᠳᠠᠮ ᠬᠥᠨᠳᠡᠯᠢᠳᠦᠨ᠎ᠡ ᠃ ᠬᠣᠣᠰ ᠢᠯᠳᠦ ᠵᠡᠭᠦᠴᠢᠭᠡᠵᠡᠢ ᠃ ᠮᠥᠨ ᠭᠠᠶ᠋ᠢᠬᠠᠭᠤᠯᠪᠠ ᠠ᠋ ᠃ ᠨᠢᠭᠡ ᠨᠢ ᠥᠪᠡᠷ ᠦ᠋ᠨ ᠬᠢᠨᠢ ᠮᠥᠨ ᠪᠠᠶ᠋ᠢᠬᠤ ᠶ᠋ᠢ ᠱᠠᠮᠲᠠᠭᠠᠢ ᠲᠠᠨᠢᠵᠤ ᠂ ᠡᠰᠡᠨ ᠮᠡᠨᠳᠦ ᠠᠲᠠᠯ᠎ᠠ ᠵᠡᠪᠰᠡᠭ ᠢ᠋ᠶ᠋ᠡᠨ ᠠᠯᠳᠠᠭᠰᠠᠨ ᠳ᠋ᠠᠭᠠᠨ ᠭᠤᠳᠤᠷᠠᠭᠰᠠᠨ ᠨᠢ ᠲᠣᠢᠮᠣ ᠦᠭᠡᠢ ᠃ ᠣᠴᠢᠵᠤ ᠂ ᠣᠴᠢᠵᠤ ᠥᠪᠡᠷ ᠦ᠋ᠨ ᠢ᠋ᠶ᠋ᠡᠨ ᠢᠯᠳᠦᠨ ᠳ᠋ᠦ᠍ ᠬᠣᠷᠣᠭᠠᠭᠳᠠᠬᠤ ᠨᠢ ᠠ᠋ ᠃ ᠨᠢᠷᠤᠭᠤᠨ ᠤ᠋ ᠬᠢᠨᠢ ᠰᠢᠷᠬ᠎ᠠ ᠶ᠋ᠢ ᠡᠳᠡᠭᠡᠬᠦ ᠭᠡᠵᠦ ᠱᠠᠮᠲᠠᠭᠠᠢ ᠦᠨᠡᠨ ᠭᠣᠣᠯ ᠠ᠋ᠴᠠ ᠪᠠᠨ ᠬᠢᠴᠢᠶᠡᠭᠰᠡᠨ ᠶᠤᠮᠰᠠᠨ ᠃ ᠢᠩᠭᠢᠬᠦ ᠯᠡ ᠭᠡᠵᠦ ᠬᠢᠴᠢᠶᠡᠵᠡᠢ ᠳᠡ ᠃ ᠶᠠᠭ ᠬᠥᠳᠡᠯᠬᠦ ᠶ᠋ᠢᠨ ᠡᠮᠦᠨ᠎ᠡ ᠭᠠᠯ ᠳᠠᠪᠬᠢᠵᠤ ᠢᠷᠡᠭᠡᠳ ᠪᠠᠷᠲᠠᠢ ᠰᠡᠴᠡᠨ ᠳ᠋ᠦ᠍ ᠄  
     –– ᠠᠪᠵᠠᠢ ᠬᠠᠲᠤᠨ ᠲᠠᠨ ᠲᠠᠢ ᠬᠠᠮᠲᠤ ᠲᠡᠷᠢᠭᠦᠨ ᠡᠩᠨᠡᠭᠡᠨ ᠳ᠋ᠦ᠍ ᠳᠠᠶ᠋ᠢᠳᠤᠬᠤ ᠶ᠋ᠢ ᠬᠦᠰᠡᠵᠡᠢ ᠃ ᠠᠷᠤ ᠳ᠋ᠠᠭᠠᠨ ᠠᠪᠤᠭᠲᠤᠨ ᠭᠡᠬᠦ ᠳ᠋ᠦ᠍ ᠪᠠᠷᠲᠠᠢ ᠶᠣᠰᠣᠯᠠᠭᠠᠳ ᠄
     –– ᠬᠦᠴᠦᠯᠦᠭ ᠬᠠᠨ ᠤ᠋ ᠬᠠᠲᠤᠨ ᠳᠠᠶ᠋ᠢᠴᠢᠨ ᠬᠥᠮᠦᠨ ᠭᠡᠵᠦ ᠰᠣᠨᠣᠰᠤᠭᠰᠠᠨ ᠃ ᠨᠠᠳᠠ ᠳ᠋ᠤ᠌ ᠲᠦᠰᠢᠭ ᠪᠣᠯᠬᠤ ᠪᠣᠢ ᠵᠧ ᠭᠡᠵᠡᠢ ᠃ ᠱᠠᠮᠲᠠᠭᠠᠢ ᠲᠡᠷᠡ ᠬᠥᠮᠦᠨ ᠊ᠢ ᠬᠠᠷᠠᠪᠠᠯ ᠵᠡᠭᠵᠡᠭᠡᠷ ᠭᠤᠸᠠᠯᠢᠭ ᠪᠡᠶ᠎ᠡ ᠶ᠋ᠢ ᠨᠢ ᠶᠠᠭ ᠪᠠᠷᠢᠭᠰᠠᠨ ᠭᠣᠶᠣᠮᠰᠣᠭ ᠵᠤᠶ᠋ᠢᠮᠡᠯ ᠬᠤᠶᠠᠭ ᠲᠠᠢ ᠠᠭᠠᠳ ᠤᠷᠠᠨ ᠴᠤᠭᠤᠯᠪᠤᠷᠢ ᠲᠠᠢ ᠠᠯᠲᠠᠨ ᠰᠢᠷᠠᠮᠠᠯ ᠲᠣᠭᠣᠯᠭᠠᠨ ᠤ᠋ ᠪᠠᠨ ᠰᠠᠷᠠᠪᠴᠢ ᠶ᠋ᠢ ᠨᠢᠭᠤᠷ ᠢ᠋ᠶ᠋ᠠᠨ ᠪᠢᠲᠡᠭᠦᠯᠡᠨ ᠪᠠᠭᠤᠯᠭᠠᠭᠰᠠᠨ ᠲᠤᠯᠠ ᠦᠯᠦ ᠲᠠᠨᠢᠭᠳᠠᠬᠤ ᠂ ᠭᠡᠬᠦ ᠳ᠋ᠡᠭᠡᠨ ᠡᠮ᠎ᠡ ᠬᠥᠮᠦᠨ ᠭᠡᠳᠡᠭ ᠨᠢ ᠮᠡᠳᠡᠭᠳᠡᠬᠦ ᠨᠢᠭᠡᠨ ᠠᠵᠤᠭᠤ ᠃
      ᠮᠠᠩᠨᠠᠢ ᠶ᠋ᠢᠨ ᠰᠣᠳᠣᠨ ᠤᠷᠲᠤ ᠡᠰᠢ ᠲᠡᠢ ᠬᠥᠬᠡ ᠬᠢᠭᠢᠷᠢ ᠶ᠋ᠢ ᠨᠢᠭᠡᠨᠲᠡ ᠰᠠᠵᠢᠯᠠᠬᠤ ᠳ᠋ᠤ᠌ ᠬᠤᠶ᠋ᠢᠰᠢ ᠬᠤᠶ᠋ᠢᠰᠢ ᠪᠠᠨ ᠮᠢᠩᠭᠠᠲᠤ ᠪᠦᠷᠢ ᠶ᠋ᠢᠨ ᠡᠬᠢᠨ ᠳ᠋ᠦ᠍ ᠪᠠᠶ᠋ᠢᠬᠤ ᠢᠵᠢᠯ ᠬᠢᠭᠢᠷᠢ ᠬᠥᠳᠡᠯᠵᠦ ᠂ ᠤᠯᠠᠮ ᠢ᠋ᠶ᠋ᠠᠷ ᠶᠡᠬᠡ ᠴᠡᠷᠢᠭ ᠵᠠᠮ ᠳ᠋ᠠᠭᠠᠨ ᠭᠠᠷᠤᠯ᠎ᠠ ᠃ 
      ᠁ ᠬᠠᠷᠠᠩᠭᠤᠢ ᠪᠣᠯᠬᠤ ᠶ᠋ᠢᠨ ᠡᠮᠦᠨ᠎ᠡ ᠯᠡ ᠨᠢᠭᠡ ᠤᠳᠠᠭ᠎ᠠ ᠭᠠᠭᠴᠠ ᠮᠥᠴᠡ ᠶ᠋ᠢᠨ ᠲᠡᠳᠦᠢ ᠵᠣᠭᠰᠣᠵᠤ ᠂ ᠡᠮᠡᠭᠡᠯ ᠢ᠋ᠶ᠋ᠡᠨ ᠠᠪᠴᠤ ᠮᠣᠷᠢᠳ ᠤ᠋ᠨ ᠨᠢᠷᠤᠭᠤ ᠶ᠋ᠢ ᠠᠮᠠᠷᠠᠭᠠᠭᠰᠠᠨ ᠠ᠋ᠴᠠ ᠥᠭᠡᠷ᠎ᠡ ᠪᠡᠷ ᠰᠠᠭᠠᠲᠠᠭᠰᠠᠨ ᠦᠭᠡᠢ ᠶ᠋ᠢ ᠪᠣᠳᠣᠪᠠᠯ ᠣᠳᠣ  ᠬᠥᠪᠥᠭᠡ ᠭᠣᠣᠯ ᠳ᠋ᠤ᠌ ᠲᠤᠩ ᠲᠥᠬᠥᠭᠰᠡᠨ ᠊ᠢ ᠭᠠᠳᠠᠷᠯᠠᠵᠤ ᠂ ᠱᠠᠮᠲᠠᠭᠠᠢ ᠶ᠋ᠢᠨ ᠨᠢᠷᠤᠭᠤ ᠪᠠᠷ ᠬᠦᠢᠲᠡᠨ ᠳᠠᠭᠠᠭᠠᠯ᠎ᠠ ᠃ ᠬᠣᠲᠠᠯᠠ ᠬᠠᠭᠠᠨ ᠰᠢᠭ᠋ ᠬᠣᠭᠣᠯᠠᠢ ᠲᠠᠢ ᠪᠣᠯ ᠬᠠᠰᠬᠢᠷᠬᠤ ᠰᠠᠨ ᠳᠠ ᠃  ᠲᠡᠭᠦᠨ ᠦ᠌ ᠵᠣᠪᠠᠨᠢᠯ ᠊ᠢ ᠭᠠᠳᠠᠷᠯᠠᠭᠰᠠᠨ ᠠᠶᠠᠲᠠᠢ ᠬᠡᠨ ᠨᠢᠭᠡᠨ ᠨᠢ ᠱᠦᠷᠭᠦᠨ ᠬᠦᠷᠴᠦ ᠢᠷᠡᠭᠡᠳ ᠣᠷᠣᠭᠰᠢ ᠨᠢ ᠲᠠᠰᠤᠯᠤᠨ ᠬᠥᠭᠡᠭᠡᠬᠦ ᠰᠢᠭ ᠪᠣᠯᠪᠠ ᠃ ᠬᠠᠷᠠᠩᠭᠤᠢ ᠳ᠋ᠤ᠌ ᠪᠠᠷᠲᠠᠢ ᠰᠡᠴᠡᠨ ᠦ᠌ ᠲᠤᠭᠤᠯᠠᠭᠠᠨ ᠤ᠋ ᠬᠢᠯᠪᠠᠷ  ᠊ᠢ ᠪᠦᠷᠦᠭ ᠪᠠᠷᠤᠭ ᠲᠠᠨᠢᠭᠰᠠᠨ ᠲᠤᠭᠴᠢ ᠴᠡᠷᠢᠭ ᠲᠡᠷᠡ ᠬᠣᠷᠣᠮ ᠳ᠋ᠤ᠌ ᠥᠪᠡᠷ ᠦ᠋ᠨ ᠡᠷᠬᠡ ᠦᠭᠡᠢ ᠴᠣᠴᠢᠵᠤ 《 ᠢᠩᠭᠢᠭᠡᠳ ᠳᠠᠭᠤᠰᠬᠤ ᠨᠢ ᠭᠡᠵᠦ ‍ᠤᠤ 》 ᠭᠡᠰᠡᠨ ᠬᠣᠭᠣᠯᠠᠢ ᠬᠣᠷᠣᠰᠬᠠᠮ᠎ᠠ ᠵᠢᠬᠡᠭᠦᠨ ᠪᠣᠳᠣᠯ ᠬᠠᠷᠪᠤᠨ ᠣᠷᠣᠵᠤ ᠢᠷᠡᠵᠡᠢ ᠃ ᠲᠡᠭᠡᠲᠡᠯ᠎ᠡ ᠁