ᠲᠡᠷᠭᠡᠯ ᠰᠠᠷᠠ - ᠴᠡᠩᠬᠡᠯᠲᠦ Тэргэл сар - Цэнхэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠷᠭᠡᠯ ᠰᠠᠷᠠ - ᠴᠡᠩᠬᠡᠯᠲᠦ Тэргэл сар - Цэнхэлт

ᠲᠡᠷᠭᠡᠯ ᠰᠠᠷᠠ - ᠴᠡᠩᠬᠡᠯᠲᠦ Тэргэл сар - Цэнхэлт

2023-06-07

260

ᠲᠡᠷᠭᠡᠯ ᠰᠠᠷᠠ


            1 

     ᠲᠡᠷᠭᠡᠯ ᠰᠠᠷᠠ ᠂ ᠲᠡᠨᠢᠭᠡᠷ ᠣᠷᠴᠢᠯᠠᠩ ᠤ᠋ᠨ ᠡᠩ ᠦ᠋ᠨ ᠵᠢᠮ᠎ᠡ ᠬᠠᠤᠯᠢ ᠪᠠᠷ ᠢ᠋ᠶ᠋ᠠᠨ ᠲᠡᠨᠦᠭᠰᠡᠭᠡᠷ ᠯᠡ ᠪᠠᠢᠭᠠᠳ ᠲᠡᠷᠭᠡᠯᠡᠬᠦ ᠶᠦ᠍ᠮ ᠃ 
     ᠮᠥᠭᠡᠷᠡᠬᠦ ᠲᠤᠭᠤᠯ ᠤ᠋ᠨ ᠳᠠᠭᠤ ᠨᠠᠮᠳᠠᠵᠤ ᠂ ᠮᠦᠰᠢᠶᠡᠬᠦ ᠴᠡᠴᠡᠭ ᠦ᠋ᠨ ᠳᠡᠯᠪᠢ ᠪᠠᠯᠠᠷᠳᠠᠵᠤ ᠂ ᠮᠥᠷᠥᠭᠡᠳᠦᠯ ᠦ᠋ᠨ ᠵᠠᠯᠠᠭᠤᠰ ᠤ᠋ᠨ ᠰᠡᠳᠬᠢᠯ ᠣᠪᠣᠯᠵᠠᠵᠤ ᠂ ᠮᠥᠴᠢᠷᠯᠡᠬᠦ ᠤᠳᠠ ᠶ᠋ᠢᠨ ᠴᠢᠮᠡᠭᠡ ᠠᠨᠢᠷᠲᠤᠨ᠎ᠠ ᠃ 
     ᠲᠡᠨᠢᠭᠦᠨ ᠠᠮᠢᠰᠬᠤᠬᠠᠭᠰᠠᠭᠠᠷ ᠪᠢ ᠂ ᠲᠡᠷᠢᠭᠦᠨ ᠡᠷᠭᠦᠵᠦ ᠬᠠᠷᠠᠪᠠᠯ ᠄ 
     ᠲᠡᠭᠦᠰ ᠰᠠᠢᠬᠠᠨ ᠰᠢᠩᠬᠤᠨ ᠤᠯᠠᠭᠠᠨ ᠲᠤᠶᠠᠭ᠎ᠠ ᠲᠡᠭᠷᠢ ᠶ᠋ᠢᠨ ᠲᠡᠷᠲᠡᠭᠡ ᠬᠠᠶᠠᠭ᠎ᠠ ᠶ᠋ᠢ ᠪᠢᠯᠳᠠᠵᠤ ᠂ ᠰᠢᠷᠭᠠᠯ ᠨᠠᠷᠠ ᠮᠠᠨᠳᠤᠭᠰᠠᠨ ᠣᠷᠣᠨ ᠠᠴᠠ ᠲᠡᠷᠭᠡᠯ ᠰᠠᠷᠠ ᠳᠡᠭᠳᠡᠯ᠎ᠡ ᠃ 
     ᠲᠡᠭᠦᠨ ᠢ᠋ ᠪᠢ ᠪᠠᠬᠠᠷᠬᠠᠨ ᠬᠠᠷᠠᠭᠰᠠᠭᠠᠷ ᠂ ᠲᠡᠰᠬᠡᠯ ᠦᠭᠡᠢ ᠢᠩᠭᠢᠵᠦ ᠳᠦᠳᠦᠨᠡᠯ᠎ᠡ ᠁ 
     ᠦᠳᠡᠰᠢ ᠶ᠋ᠢᠨ ᠪᠦᠷᠦᠢ ᠶ᠋ᠢᠨ ᠦᠨᠡᠨᠴᠢ ᠱᠠᠷ ᠤ᠋ᠨ ᠬᠡᠪᠢᠬᠦ ᠴᠢᠮᠡᠭᠡ ᠶ᠋ᠢ ᠦᠷ ᠦ᠋ᠨ ᠡᠮᠦᠨᠡᠬᠢ ᠲᠠᠬᠢᠶᠠᠨ ᠳᠠᠭᠤ ᠲᠠᠷ ᠵᠦᠢᠷᠯᠡᠪᠡᠯ ᠶᠠᠭᠠᠬᠢᠳᠠᠭ ᠪᠢᠯᠡ? 

             2     

     ᠲᠡᠷᠭᠡᠯ ᠰᠠᠷᠠ ᠂ ᠲᠡᠨᠢᠭᠡᠷ ᠣᠷᠴᠢᠯᠠᠩ ᠤ᠋ᠨ ᠡᠩ ᠦ᠋ᠨ ᠵᠢᠮ᠎ᠡ ᠬᠠᠤᠯᠢ ᠪᠠᠷ ᠢ᠋ᠶ᠋ᠠᠨ ᠲᠡᠨᠦᠭᠰᠡᠭᠡᠷ ᠯᠡ ᠪᠠᠢᠭᠠᠳ ᠲᠡᠷᠭᠡᠯᠡᠬᠦ ᠶᠦ᠍ᠮ᠃ 
     ᠴᠣᠮᠣᠷᠯᠢᠭ ᠢ᠋ᠶ᠋ᠠᠨ ᠵᠠᠳᠠᠯᠤᠭ᠎ᠠ ᠨᠢ ᠴᠡᠴᠡᠭ ᠦ᠋ᠨ ᠰᠠᠢᠬᠠᠨ ᠠᠩᠬᠢᠯᠤᠭ᠎ᠠ ᠶᠤᠮ᠃ ᠬᠣᠩᠭᠣᠷ ᠢ᠋ᠶ᠋ᠠᠨ ᠲᠠᠯᠠᠯᠤᠭ᠎ᠠ ᠨᠢ ᠢᠨᠠᠭ ᠤ᠋ᠨ ᠬᠠᠯᠠᠭᠤᠨ ᠰᠢᠪᠡᠨᠡᠭᠡ ᠶᠦ᠍ᠮ ᠃ ᠰᠠᠷᠠ ᠲᠠᠢ ᠰᠥᠨᠢ ᠮᠢᠨᠢ ᠡᠢᠮᠦ ᠯᠡ ᠠᠶᠠᠲᠠᠢ ᠂ ᠰᠠᠯᠤᠭᠠᠳ ᠠᠭᠤᠯᠵᠠᠬᠤ ᠮᠢᠨᠢ ᠡᠢᠮᠦ ᠯᠡ ᠵᠢᠷᠭᠠᠯᠲᠠᠢ ᠃ 
     ᠭᠡᠪᠡᠴᠦ ᠂ ᠭᠡᠷᠡᠯ ᠲᠤᠰᠬᠠᠭᠰᠠᠨ ᠨᠠᠷᠠᠨ ᠤ᠋ ᠲᠤᠶᠠᠭ᠎ᠠ ᠶ᠋ᠢ ᠤᠶᠠᠩᠭᠠᠯᠠᠭᠰᠠᠨ ᠨᠢ ᠣᠯᠠᠨ ᠭᠡᠬᠦ ᠳ᠋ᠦ᠍ ᠭᠡᠰᠡᠷ ᠳᠡᠯᠭᠡᠷᠡᠭᠦᠯᠦᠭᠰᠡᠨ ᠰᠠᠷᠠᠨ ᠤ᠋ ᠠᠴᠢ ᠶ᠋ᠢ ᠤᠮᠠᠷᠲᠠᠭᠰᠠᠨ ᠨᠢ ᠨᠢ ᠴᠦ᠍ ᠴᠥᠭᠡᠨ ᠪᠤᠰᠤ ᠶᠤᠮ ᠃  
     ᠬᠡᠩᠭᠡᠷᠭᠡ ᠬᠡᠳᠡᠷᠭᠡ ᠬᠣᠶᠠᠷ ᠠ᠋ ! ᠠᠮᠠᠷᠠᠭᠯᠠᠨ ᠰᠠᠨᠠᠯᠴᠠᠵᠤ ᠬᠡᠴᠢᠨᠡᠨ ᠬᠦᠯᠢᠭᠡᠯᠵᠡᠭᠰᠡᠨ ᠢ᠋ ᠴᠢᠨᠢ ᠲᠣᠳᠣᠷᠬᠠᠢ ᠦᠵᠡᠭᠰᠡᠳ ᠦᠭᠡᠢ ᠪᠣᠯᠪᠠᠴᠤ ᠂ ᠠᠨᠢᠪᠠᠯᠵᠠᠨ ᠭᠤᠨᠢᠭᠯᠠᠯᠴᠠᠭᠠᠳ ᠬᠡᠵᠢᠶᠡᠳᠡ ᠬᠥᠳᠡᠯᠦᠭᠰᠡᠨ ᠦᠭᠡᠢ ᠶ᠋ᠢ ᠴᠢᠨᠢ ᠬᠡᠨ ᠴᠦ᠍ ᠪᠦᠷ ᠮᠡᠳᠡᠬᠦ ᠶᠦ᠍ᠮ ᠃
     ᠬᠡᠰᠢᠩᠭᠡ ᠭᠠᠷᠮ᠎ᠠ ᠬᠣᠶᠠᠷ ᠠ᠋ ! ᠠᠮᠢᠳᠤᠷᠠᠯ ᠤ᠋ᠨ ᠪᠡᠷᠬᠡ ᠶ᠋ᠢ ᠠᠷᠠᠭ᠎ᠠ ᠪᠠᠷ ᠢ᠋ᠶ᠋ᠠᠨ ᠵᠠᠭᠤᠭᠠᠳ ᠲᠤᠭᠤᠯᠤᠭᠰᠠᠨ ᠢ᠋ ᠴᠢᠨᠢ ᠬᠡᠯᠡ ᠲᠡᠢ ᠪᠦᠭᠦᠳᠡ ᠮᠠᠭᠲᠠᠬᠤ ᠪᠥᠭᠡᠳ ᠠᠮᠢᠵᠢᠷᠠᠯ ᠤ᠋ᠨ ᠡᠷᠡᠨ ᠳ᠋ᠦ᠍ ᠮᠥᠷᠥ ᠪᠡᠨ ᠵᠡᠷᠭᠡᠴᠡᠭᠦᠯᠦᠭᠡᠳ ᠭᠢᠯᠠᠯᠵᠠᠬᠤ ᠶ᠋ᠢ ᠴᠢᠨᠢ ᠂ ᠬᠠᠷᠠᠴᠠ ᠲᠠᠢ ᠪᠦᠬᠦᠨ ᠠᠲᠠᠭᠠᠷᠬᠠᠬᠤ ᠶᠤᠮ ᠃ 
     ᠲᠡᠷᠢᠭᠦᠨ ᠦ᠌ ᠡᠷᠭᠦᠵᠦ ᠂ ᠲᠡᠷᠭᠡᠯ ᠰᠠᠷᠠ ᠶ᠋ᠢ ᠪᠠᠷᠠᠯᠠᠪᠠᠯ ᠂ ᠲᠡᠭᠡᠵᠦ ᠬᠠᠷᠢᠨ ᠥᠭᠦᠯᠡᠬᠦ ᠶᠦ᠍ᠮ ––
     ᠨᠣᠮᠢᠨ ᠣᠭᠲᠠᠷᠭᠤᠢ ᠳ᠋ᠠᠬᠢ ᠥᠨᠥᠴᠢᠨ ᠭᠠᠰᠢᠭᠤᠨ ᠳ᠋ᠤ᠌ ᠤᠢᠳᠬᠠᠷᠯᠠᠳᠠᠭ ᠪᠣᠯᠪᠠᠴᠤ ᠂ ᠨᠣᠭᠣᠭᠠᠨ ᠲᠠᠯ᠎ᠠ ᠳ᠋ᠠᠬᠢ ᠲᠡᠭᠰᠢ ᠵᠢᠷᠭᠠᠯ ᠳ᠋ᠤ᠌ ᠰᠣᠭᠲᠣᠭᠤᠷᠠᠬᠤ ᠶᠤᠮ ᠃

             3 

     ᠲᠡᠷᠭᠡᠯ ᠰᠠᠷᠠ ᠂ ᠲᠡᠨᠢᠭᠡᠷ ᠣᠷᠴᠢᠯᠠᠩ ᠤ᠋ᠨ ᠡᠩ ᠦ᠋ᠨ ᠵᠢᠮ᠎ᠡ ᠬᠠᠤᠯᠢ ᠪᠠᠷ ᠢ᠋ᠶ᠋ᠠᠨ ᠲᠡᠨᠦᠭᠰᠡᠭᠡᠷ ᠯᠡ ᠪᠠᠢᠭᠠᠳ ᠲᠡᠷᠡ ᠨᠢᠭᠡᠨ ᠰᠥᠨᠢ ᠳ᠋ᠡᠭᠡᠨ ᠯᠡ ᠲᠡᠷᠭᠡᠯᠡᠬᠦ ᠶᠦ᠍ᠮ ᠃ 
     ᠠᠭᠤᠯᠠᠨ ᠭᠣᠷᠣᠬ᠎ᠠ ᠤᠶᠠᠬᠠᠨ ᠬᠣᠭᠣᠯᠠᠢ ᠪᠠᠷ 《ᠡᠷᠬᠡ ᠴᠢᠯᠥᠭᠡ ᠡᠨᠳᠡ ᠪᠣᠢ 》 ᠭᠡᠵᠦ ᠳᠠᠭᠤᠯᠠᠬᠤ ᠳ᠋ᠤ᠌ ᠡᠪᠡᠰᠦᠨ ᠦ᠌ ᠵᠢᠷᠭᠢᠭᠡ ᠠᠶᠠᠲᠠᠢ ᠬᠥᠭᠵᠢᠮ ᠢ᠋ᠶ᠋ᠡᠷ ( ᠡᠭᠡᠰᠢᠭ ᠬᠥᠷ ᠠᠳᠠ ᠪᠣᠢ 》 ᠭᠡᠵᠦ ᠬᠠᠪᠰᠤᠷᠤᠨ᠎ᠠ ᠃ 
     ᠦᠯᠦ ᠲᠠᠨᠢᠭᠳᠠᠭᠴᠢ ᠨᠤᠲᠤᠭ᠂ ᠥᠪᠴᠢ ᠨᠠᠮᠵᠢᠭᠤᠨ ᠰᠥᠨᠢ᠃ 
     ᠪᠠᠭ᠎ᠠ ᠨᠠᠰᠤᠨ ᠤ᠋ ᠨᠢᠭᠤᠯᠴᠠᠭ᠎ᠠ ᠶ᠋ᠢᠨ ᠪᠠᠷ᠎ᠠ ᠬᠠᠮᠢᠭ᠎ᠠ ᠳᠠᠯᠳᠠᠯᠠᠭᠳᠠᠪᠠ ? ᠪᠠᠽᠠᠷ ᠡᠪᠦᠭᠡ ᠶ᠋ᠢᠨ ᠪᠠᠷᠬᠢᠷᠠᠭ᠎ᠠ ᠳᠠᠭᠤ ᠬᠠᠮᠢᠭ᠎ᠠ ᠰᠢᠷᠭᠤᠴᠢᠪᠠ ? ᠭᠠᠢᠬᠠᠰᠢ ᠠᠯᠲᠠᠨ ᠭᠠᠭᠴᠠᠭᠠᠷ ᠭᠡᠶᠦᠷᠡᠭᠰᠡᠭᠡᠷ ᠭᠡᠳᠡᠷᠭᠦ ᠬᠠᠷᠠᠪᠠᠯ ᠄ 
      ᠬᠣᠯᠠ ᠲᠢᠪ ᠦ᠋ᠨ ᠰᠣᠨᠢᠨ ᠰᠠᠢᠬᠠᠨ ᠢ᠋ ᠳᠠᠮᠵᠢᠭᠤᠯᠳᠠᠭ  ᠬᠣᠭᠣᠯᠠᠢ 》 ᠨᠤᠭᠤᠳ ᠬᠤᠯᠠᠩ ᠤ᠋ᠨ ᠣᠷᠣᠢ ᠳ᠋ᠤ᠌ ᠬᠡ ᠤᠭᠠᠯᠵᠠ ᠰᠢᠭ᠋ ᠣᠷᠢᠶᠠᠯᠳᠤᠨ ᠰᠦᠯᠵᠢᠯᠳᠦᠭᠡᠳ ᠂ ᠲᠢᠶᠠᠲ᠋ᠷ ᠭᠠᠵᠠᠷ ᠯᠠ ᠴᠤᠤᠷᠢᠶᠠᠲᠤᠳᠠᠭ ᠲᠠᠨᠼ ᠤ᠋ᠨ ᠨᠤᠭᠤᠯᠠᠭᠠᠳᠤ ᠠᠶᠠᠯᠭᠤ ᠶ᠋ᠢ ᠴᠦ᠍ ᠲᠠᠷᠢᠶᠠᠨ ᠵᠠᠬ᠎ᠠ ᠶ᠋ᠢᠨ ᠴᠠᠭᠠᠨ᠎ᠠ᠎ ᠠᠴᠠ ᠮᠡᠷ ᠰᠡᠷ ᠰᠣᠨᠣᠰᠳᠠᠭᠣᠯᠣᠨ᠎ᠠ ᠃
      ᠭᠤᠲᠤᠯ ᠯᠠ ᠰᠢᠷᠢᠬᠦ ᠡᠵᠢ ᠶ᠋ᠢᠨ ᠭᠠᠷ 《ᠮᠠᠰᠢᠨ 》 ᠤ᠋ ᠲᠣᠪᠣᠷᠤᠤ ᠶ᠋ᠢ ᠲᠣᠪᠬᠢᠵᠤ ᠪᠣᠢ ᠂ ᠭᠤᠷᠮᠤᠰᠤᠨ ᠯᠠ ᠡᠯᠳᠡᠬᠦ ᠠᠪᠤ ᠶ᠋ᠢᠨ ᠠᠯᠠᠭ᠎ᠠ ᠰᠢᠩᠭᠡᠭᠡᠯᠲᠡ ᠶ᠋ᠢᠨ ᠲᠣᠪᠴᠢ ᠶ᠋ᠢ ᠳᠠᠷᠤᠵᠤ ᠪᠣᠢ ᠃ ᠁
      ᠲᠡᠭᠡᠭᠡᠳ ᠯᠡ ᠲᠡᠷᠭᠡᠯ ᠰᠠᠷᠠ ᠮᠢᠨᠢ ᠲᠡᠷᠡ ᠨᠢᠭᠡᠨ ᠠᠢᠯ ᠤ᠋ᠨ ᠲᠣᠭᠣᠨᠣᠨ ᠠ᠋ᠴᠠ ᠭᠠᠷᠴᠤ ᠂ ᠲᠡᠭᠷᠢ ᠶ᠋ᠢᠨ ᠣᠶᠣᠳᠠᠯ ᠰᠢᠭ᠋ ᠴᠠᠢᠷᠠᠭᠰᠠᠨ ᠭᠡᠷᠡᠯ ᠳ᠋ᠦ᠍ ᠢᠴᠢᠭᠰᠡᠨ ᠰᠢᠭ ᠪᠣᠯᠬᠤ ᠳ᠋ᠠᠭᠠᠨ ᠲᠡᠭᠡᠵᠦ ᠯᠡ ᠪᠠᠰᠠ ᠶᠠᠷᠢᠬᠤ ᠶᠤᠮ ––
      ᠲᠡᠷᠭᠡᠯ ᠭᠡᠭᠴᠢ ᠪᠢ ᠭᠠᠭᠴᠠᠭᠠᠷ ᠪᠢᠰᠢ ᠂ ᠲᠡᠭᠡᠬᠦ ᠳ᠋ᠡᠭᠡᠨ ᠬᠣᠷᠣᠮᠬᠠᠨ ᠵᠠᠭᠤᠷ᠎ᠠ ᠶᠤᠮ ᠂ ᠳᠡᠭᠳᠡᠵᠦ ᠪᠠᠢᠭ᠎ᠠ ᠨᠢ ᠪᠢ ᠲᠡᠷᠭᠡᠯ ᠴᠦ᠍ ᠂ ᠳᠡᠯᠭᠡᠷᠡᠵᠦ ᠪᠠᠢᠭ᠎ᠠ ᠨᠢ ᠠᠮᠢᠳᠤᠷᠠᠵᠤ ᠦᠨᠡᠳᠡ ᠲᠥᠭᠥᠷᠢᠭ ᠶᠦ᠍ᠮ ᠃