3-86-89ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠤᠯᠠᠢ ᠬᠡᠷᠦᠯᠭᠡ᠂ ᠬᠥᠯ ᠦ᠋ᠨ ᠪᠠᠮ᠂ ᠠᠷᠠᠰᠤᠨ ᠡᠪᠡᠳᠴᠢᠨ ᠬᠢᠭᠡᠳ ᠰᠢᠷ᠎ᠠ ᠤᠰᠤᠨ ᠡᠪᠡᠳᠴᠢᠨ᠂ ᠴᠠᠭᠠᠨ ᠬᠤᠶᠠᠩ᠂ ᠡᠮᠡᠭᠲᠡᠢ ᠶ᠋ᠢᠨ ᠡᠪᠡᠳᠴᠢᠨ ᠊ᠢ ᠵᠠᠰᠠᠬᠤ
ᠨᠠᠶᠠᠨ ᠵᠢᠷᠭᠤᠭ᠎ᠠ᠂ ᠲᠤᠯᠠᠢ ᠬᠡᠷᠦᠯᠭᠡ᠂ ᠬᠥᠯ ᠦ᠋ᠨ ᠪᠠᠮ ᠊ᠢ ᠵᠠᠰᠠᠬᠤ
ᠲᠤᠯᠠᠢ ᠬᠡᠷᠦᠯᠭᠡ᠂ ᠬᠥᠯ ᠦ᠋ᠨ ᠪᠠᠮ ᠪᠣᠯ ᠬᠠᠯᠠᠭᠤᠨ ᠤ᠋ ᠦᠯᠡᠲᠡᠭᠲᠡᠯ ᠬᠢᠭᠡᠳ ᠴᠡᠭᠡᠵᠢᠨ ᠰᠢᠷ᠎ᠠ ᠤᠰᠤ ᠳᠣᠷᠣᠭᠰᠢ ᠪᠠᠭᠤᠭᠰᠠᠨ ᠪᠤᠶᠤ ᠪᠡᠶ᠎ᠡ ᠪᠦᠬᠦᠨ ᠳ᠋ᠦ᠍ ᠲᠦᠭᠡᠵᠦ᠂ ᠬᠥᠯ ᠭᠠᠷ ᠤ᠋ᠨ ᠦᠶᠡᠰ ᠪᠦᠬᠦᠨ ᠡᠪᠡᠳᠬᠦ ᠪᠥᠭᠡᠳ ᠵᠠᠷᠢᠮ ᠳ᠋ᠠᠭᠠᠨ ᠬᠥᠯ ᠪᠠ ᠦᠶᠡᠰ ᠢ᠋ᠶ᠋ᠡᠷ ᠬᠠᠪᠤᠳᠬᠤ ᠴᠤ᠌ ᠪᠣᠢ ᠃ ᠳᠤᠯᠠᠢ ᠬᠡᠷᠦᠯᠭᠡ ᠳ᠋ᠦ᠍ ᠨᠠᠷᠠᠨᠮᠠᠨᠲᠤᠯ ᠬᠢᠭᠡᠳ ᠵᠦᠭᠯᠦᠨ ᠳᠠᠩ ᠊ᠢ ᠥᠭ᠃ ᠡᠰᠡ ᠴᠢᠳᠠᠪᠠᠰᠤ ᠦᠯᠴᠦ —18 ᠬᠢᠭᠡᠳ ᠭᠠᠷᠤᠳᠢ —5 ᠶ᠋ᠢ ᠰᠠᠭᠠᠯᠢ ᠶ᠋ᠢᠨ ᠠᠷᠢᠬᠢ ᠪᠠᠷ ᠳᠠᠷᠤᠭᠤᠯᠪᠠᠰᠤ ᠮᠠᠭᠠᠳ ᠲᠤᠰᠠᠯᠠᠮᠤᠢ ᠃
ᠬᠥᠯ ᠦ᠋ᠨ ᠪᠠᠮ ᠳ᠋ᠤ᠌ ᠭᠠᠳᠠᠨ᠎ᠠ ᠶ᠋ᠢᠨ ᠰᠢᠨᠵᠢ ᠢᠨᠤ ᠪᠤᠢᠯᠠ ᠬᠠᠪᠤᠳᠬᠤ᠂ ᠬᠥᠯ ᠳ᠋ᠦ᠍ ᠤᠯᠠᠭᠠᠨ ᠬᠠᠷ᠎ᠠ ᠲᠣᠯᠪᠣ ᠭᠠᠷᠬᠤ᠂ ᠪᠤᠶ᠋ᠢᠯᠠ ᠠ᠋ᠴᠠ ᠴᠢᠰᠤ ᠭᠠᠷᠬᠤ᠂ ᠲᠡᠭᠦᠨ ᠳ᠋ᠦ᠍ ᠮᠣᠩᠭᠣᠯ ᠬᠡᠯᠡ ᠪᠡᠷ ᠬᠠᠯᠠᠭᠠᠢ ᠯᠤᠭ᠎ᠠ ᠨᠣᠭᠣᠭᠠᠨ ᠰᠣᠩᠭᠢᠨ᠎ᠠ ᠶ᠋ᠢ ᠰᠠᠴᠤᠭᠤ ᠪᠤᠴᠠᠯᠭᠠᠭᠰᠠᠨ ᠱᠥᠯᠦᠨ ᠳ᠋ᠦ᠍ ᠮᠣᠷᠢᠨ ᠮᠢᠬ᠎ᠠ ᠪᠤᠶᠤ ᠬᠠᠷ᠎ᠠ ᠦᠬᠡᠷ ᠦ᠋ᠨ ᠰᠢᠭᠡᠰᠦ ᠶ᠋ᠢ ᠬᠣᠯᠢᠵᠤ ᠣᠯᠠᠨᠲᠠ ᠤᠤᠭᠤᠯᠭᠠᠪᠠᠰᠤ ᠮᠠᠭᠠᠳ ᠡᠳᠡᠭᠡᠷᠡᠮᠦᠢ᠂ ᠪᠠᠰᠠ ᠬᠠᠷ᠎ᠠ ᠭᠠᠬᠠᠢ ᠶ᠋ᠢᠨ ᠡᠯᠢᠭᠡ᠂ ᠰᠣᠩᠭᠢᠨ᠎ᠠ ᠶ᠋ᠢ ᠰᠠᠴᠤᠭᠤ ᠨᠦᠳᠦᠵᠦ ᠂ ᠢᠮᠠᠭᠠᠨ ᠴᠢᠰᠤ ᠲᠠᠢ ᠢᠳᠡᠪᠡᠰᠦ ᠰᠠᠢᠨ᠃ ᠡᠮ ᠳ᠋ᠦ᠍ ᠸᠠᠩᠯᠠᠭ᠂ ᠪᠠᠰᠪᠦᠢ᠍ᠷᠦ᠂ ᠯᠢᠳᠡᠷᠢ᠂ ᠯᠤᠤᠪᠠᠩ᠂ ᠪᠡᠷᠢᠶᠡᠩᠭᠦ᠂ ᠵᠦᠷᠦᠷ᠎ᠠ᠂ ᠮᠠᠨᠴᠢᠨ᠂ ᠠᠷᠤᠷ᠎ᠠ᠂ ᠬᠠᠷ᠎ᠠ ᠬᠥᠬᠥᠯ ᠂ ᠪᠣᠶ᠋ᠢᠭᠠᠷ ᠲᠡᠷᠢᠭᠦᠲᠡᠨ ᠊ᠢ ᠬᠤᠪᠢ ᠳᠠᠭᠱᠠ ᠨᠠᠶ᠋ᠢᠷᠠᠭᠤᠯᠵᠤ᠂ ᠬᠠᠷ᠎ᠠ ᠦᠬᠡᠷ ᠦ᠋ᠨ ᠰᠢᠭᠡᠰᠦᠨ ᠳ᠋ᠦ᠍ ᠳᠡᠪᠲᠦᠭᠡᠵᠦ ᠮᠦᠬᠦᠯᠢᠭ᠌ᠯᠡᠭᠡᠳ ᠰᠣᠩᠭᠢᠨ᠎ᠠ ᠶ᠋ᠢ ᠴᠢᠨᠠᠭᠰᠠᠨ ᠱᠥᠯᠥ ᠪᠤᠶᠤ ᠢᠮᠠᠭᠠᠨ ᠬᠠᠯᠠᠭᠤᠨ ᠴᠢᠰᠤ ᠪᠠᠷ ᠳᠠᠷᠤᠭᠤᠯᠪᠠᠰᠤ ᠭᠠᠶ᠋ᠢᠬᠠᠮᠰᠢᠬᠲᠤ᠌᠃
ᠨᠠᠶᠠᠨ ᠳᠣᠯᠣᠭ᠎ᠠ᠂ ᠠᠷᠠᠰᠤᠨ ᠡᠪᠡᠳᠴᠢᠨ ᠬᠢᠭᠡᠳ ᠰᠢᠷ᠎ᠠ ᠤᠰᠤᠨ ᠡᠪᠡᠳᠴᠢᠨ ᠊ᠢ ᠵᠠᠰᠠᠬᠤ
ᠠᠷᠠᠰᠤᠨ ᠡᠪᠡᠳᠴᠢᠨ ᠤᠶᠠᠮᠠᠨ ᠬᠢᠭᠡᠳ ᠰᠢᠷ᠎ᠠ ᠤᠰᠤᠨ ᠤ᠋ ᠵᠦᠢᠯ ᠳ᠋ᠦ᠍ ᠰᠦᠷᠴᠢᠬᠦ ᠡᠮ ᠮᠦᠽᠢ᠂ ᠪᠣᠶ᠋ᠢᠭᠠᠷ ᠂ ᠮᠣᠷᠢᠨ ᠲᠤᠭᠤᠷᠠᠢ ᠶ᠋ᠢᠨ ᠦᠨᠡᠰᠦ᠂ ᠮᠠᠨᠴᠢᠨ᠂ ᠪᠦᠯᠲᠦᠬ ᠂ ᠦᠯᠴᠦ᠂ ᠶᠦᠩᠭᠠᠷ᠂ ᠲᠠᠷᠨᠤ ᠶ᠋ᠢ ᠨᠠᠷᠢᠨ ᠲᠠᠯᠬᠠᠳᠠᠵᠤ᠂ ᠭᠠᠬᠠᠢ ᠶ᠋ᠢᠨ ᠥᠭᠡᠬᠦ ᠪᠤᠶᠤ ᠮᠣᠷᠢᠨ ᠥᠭᠡᠬᠦᠨ ᠳ᠋ᠦ᠍ ᠵᠢᠭᠤᠷᠠᠵᠤ ᠰᠦᠷᠴᠢ᠃ ᠳᠣᠲᠣᠷ ᠠ᠋ᠴᠠ ᠲᠣᠭᠰᠢᠨ ᠲᠤᠭᠤᠯᠪᠤᠷᠢ ᠦᠭᠪᠡᠰᠦ ᠰᠠᠢᠨ᠃ ᠡᠭᠦᠪᠡᠷ ᠡᠰᠡ ᠠᠷᠢᠯᠪᠠᠰᠤ ᠮᠦᠽᠢ᠂ ᠦᠯᠴᠦ ᠳ᠋ᠣᠩᠷᠣᠢ᠂ ᠲᠡᠮᠡᠭᠡᠨ ᠬᠣᠷᠭᠣᠯ ᠤ᠋ᠨ ᠦᠨᠡᠰᠦ ᠶ᠋ᠢ ᠨᠢᠭᠡ ᠡᠳᠦᠷ ᠨᠤᠬᠤᠨ ᠦᠢᠯᠡᠳᠦᠭᠡᠳ ᠬᠥᠬᠡ ᠶᠣᠷᠣᠭ ᠲᠤ᠌ ᠴᠤᠭᠯᠠᠵᠤ ᠰᠢᠲᠠᠭᠠᠭᠠᠳ᠂ ᠤᠲᠤᠭ᠎ᠠ ᠶ᠋ᠢ ᠨᠢ ᠭᠠᠷᠭᠠᠯ ᠦᠭᠡᠢ ᠭᠤᠷᠪᠠᠨᠲᠠ ᠤᠲᠤᠪᠠᠰᠤ ᠮᠠᠭᠠᠳ ᠴᠢᠳᠠᠬᠤ ᠶ᠋ᠢ ᠠᠮᠲᠠᠯᠠᠨ ᠪᠦᠲᠦᠭᠡᠪᠡᠢ᠃
ᠨᠠᠶᠠᠨ ᠨᠠᠢ᠍ᠮᠠ᠂ ᠴᠠᠭᠠᠨ ᠬᠤᠶᠠᠩ ᠡᠪᠡᠳᠴᠢᠨ ᠊ᠢ ᠵᠠᠰᠠᠬᠤ
ᠴᠠᠭᠠᠨ ᠰᠤᠳᠠᠰᠤ ᠤᠷᠤᠭᠤ ᠬᠠᠳᠬᠤᠵᠤ᠂ ᠬᠠᠷ᠎ᠠ ᠰᠤᠳᠠᠰᠤ ᠳᠡᠭᠡᠭᠰᠢ ᠬᠠᠳᠬᠤᠬᠤ ᠪᠣᠯᠠᠢ᠃ ᠳᠣᠲᠣᠷ ᠰᠤᠳᠠᠰᠤ ᠴᠤᠯᠤ ᠰᠠᠪᠠ ᠬᠢᠭᠡᠳ ᠭᠠᠳᠠᠷ ᠰᠤᠳᠠᠰᠤ ᠦᠶ᠎ᠡ ᠭᠡᠰᠢᠭᠦᠦ ᠳ᠋ᠦ᠍ ᠬᠡᠰᠦᠬᠦᠢ ᠳ᠋ᠦ᠍ᠷ ᠵᠠᠰᠠᠬᠤ ᠠᠷᠭ᠎ᠠ᠄ ᠬᠣᠨᠢᠨ ᠬᠣᠷᠭᠣᠯ ᠊ᠢ ᠠᠷᠢᠬᠢᠨ ᠳ᠋ᠤ᠌ ᠴᠢᠨᠠᠵᠤ᠂ ᠯᠠᠷᠽᠢ᠂ ᠪᠣᠶ᠋ᠢᠭᠠᠷ ᠂ ᠪᠦᠯᠲᠦᠬ ᠊ᠢ ᠲᠠᠯᠪᠢᠵᠤ ᠵᠢᠭᠤᠷᠠᠭᠠᠳ ᠮᠣᠷᠢᠨ ᠤ᠋ ᠨᠣᠶ᠋ᠢᠲᠠᠨ ᠠᠷᠠᠰᠤᠨ ᠳ᠋ᠤ᠌ ᠲᠦᠭᠡᠭᠡᠨ ᠰᠦᠷᠴᠢᠵᠦ ᠪᠡᠶ᠎ᠡ ᠶ᠋ᠢ ᠨᠢ ᠣᠷᠢᠶ᠎ᠠ᠃
ᠤᠤᠭᠤᠬᠤ ᠡᠮ᠄ ᠦᠯᠴᠦ3 ᠴᠢᠨ᠂ ᠮᠦᠽᠢ4 ᠴᠢᠨ ᠲᠡᠢ ᠨᠣᠮᠣᠬᠠᠳᠬᠠᠨ᠎ᠠ᠃ ᠥᠩᠭᠡ ᠲᠡᠭᠦᠯᠳᠡᠷ ᠨᠢᠶᠠᠴᠢ5 ᠴᠢᠨ ᠊ᠢ ᠬᠣᠨᠢᠨ ᠰᠦ ᠳ᠋ᠦ᠍ ᠴᠢᠨᠠᠨ᠎ᠠ᠃ ᠤᠯᠠᠭᠠᠨ ᠰᠥᠷᠥ2 ᠴᠢᠨ ᠊ᠢ ᠬᠡᠮᠬᠡᠯᠦᠭᠡᠳ ᠭᠠᠩᠭᠠᠴᠦᠢ᠍ᠩ ᠦ᠋ᠨ ᠤᠰᠤᠨ ᠳ᠋ᠤ᠌ ᠨᠢᠭᠡ ᠡᠳᠦᠷ ᠴᠢᠨᠠ᠃ ᠬᠠᠭᠤᠴᠢᠨ ᠣᠭ᠌ᠶᠤ1 ᠴᠢᠨ ᠊ᠢ ᠨᠤᠷᠮᠠᠨ ᠳ᠋ᠤ᠌ ᠥᠴᠦᠬᠡᠨ ᠲᠦᠯᠡ᠃ ᠠᠭᠠᠷᠤ3 ᠴᠢᠨ᠂ ᠷᠦᠳᠠ2 ᠴᠢᠨ᠂ ᠮᠠᠨᠤ2 ᠴᠢᠨ᠂ ᠬᠠᠷ᠎ᠠ ᠬᠥᠬᠥᠯ2 ᠴᠢᠨ᠂ ᠪᠣᠶ᠋ᠢᠭᠠᠷ2 ᠴᠢᠨ᠂ ᠵᠣᠩᠰᠢ3 ᠴᠢᠨ ᠰᠦ ᠳ᠋ᠦ᠍ ᠵᠢᠭᠤᠷᠠᠵᠤ ᠭᠠᠯ ᠳ᠋ᠤ᠌ ᠲᠦᠯᠡ᠃ ᠱᠸᠷᠦ1 ᠴᠢᠨ ᠊ᠢ ᠥᠴᠦᠬᠡᠨ ᠲᠦᠯᠡ᠃ ᠠᠷᠤᠷ᠎ᠠ3 ᠴᠢᠨ᠂ ᠮᠠᠨᠴᠢᠨ3 ᠴᠢᠨ᠂ ᠽᠠᠳᠢ2 ᠴᠢᠨ᠂ ᠰᠦᠭᠮᠸᠯ2 ᠴᠢᠨ᠂ ᠰᠢᠩᠼᠠ2 ᠴᠢᠨ᠂ ᠭᠦᠷᠭᠦᠮ3 ᠴᠢᠨ ᠲᠡᠷᠢᠭᠦᠲᠡᠨ ᠊ᠢ ᠨᠠᠶ᠋ᠢᠷᠠᠭᠤᠯᠤᠭᠠᠳ ᠨᠢᠭᠡ ᠡᠳᠦᠷ ᠨᠤᠬᠤ᠃ ᠴᠡᠷᠢᠭ ᠦ᠋ᠨ ᠨᠣᠶᠠᠨ —18 ᠪᠠᠷ ᠬᠤᠶᠠᠩ ᠡᠪᠡᠳᠴᠢᠨ ᠊ᠢ ᠤᠭ ᠠ᠋ᠴᠠ ᠭᠠᠷᠭᠠᠬᠤ ᠶ᠋ᠢᠨ ᠳᠡᠭᠡᠳᠦ᠃ ᠡᠭᠦᠨ ᠢ᠋ᠶ᠋ᠡᠷ ᠦᠯᠦ ᠴᠢᠳᠠᠬᠤ ᠶᠡᠷᠦ ᠦᠭᠡᠢ᠂ ᠣᠯᠳᠠᠰᠢ ᠦᠭᠡᠢ ᠡᠷᠳᠡᠨᠢ ᠪᠣᠯᠠᠢ᠃
ᠨᠠᠶᠠ ᠶᠢᠰᠦ᠂ ᠡᠮᠡᠭᠲᠡᠢ ᠶ᠋ᠢᠨ ᠡᠪᠡᠳᠴᠢᠨ ᠊ᠢ ᠵᠠᠰᠠᠬᠤ
ᠡᠮᠡᠭᠲᠡᠢ ᠶ᠋ᠢᠨ ᠡᠪᠡᠳᠴᠢᠨ ᠢᠨᠤ ᠬᠦᠰᠡᠯ ᠲᠠᠴᠢᠶᠠᠯ ᠠᠷᠪᠢᠳᠤᠭᠠᠳ ᠡᠳᠦᠷ ᠰᠥᠨᠢ ᠦᠷᠭᠦᠯᠵᠢᠳᠡ ᠬᠦᠰᠡᠯ ᠡᠲᠯᠡᠭᠰᠡᠨ ᠢ᠋ᠶ᠋ᠡᠷ ᠤᠯᠠᠭᠠᠨ ᠴᠠᠭᠠᠨ ᠬᠣᠶᠠᠷ ᠳᠤᠰᠤᠯ ᠬᠡᠪᠡᠯᠢ ᠶ᠋ᠢᠨ ᠳᠣᠲᠣᠷ᠎ᠠ ᠶᠡᠬᠡᠳᠡ ᠬᠤᠷᠢᠶᠠᠭᠳᠠᠵᠤ ᠂ ᠡᠮᠡᠭᠲᠡᠢ ᠶ᠋ᠢᠨ ᠡᠪᠡᠳᠴᠢᠨ ᠶᠡᠬᠡ ᠳᠠᠶ᠋ᠢᠯᠦᠩᠬᠢ ᠨᠢ ᠲᠡᠭᠦᠨ ᠡᠴᠡ ᠡᠭᠦᠰᠦᠮᠦᠢ᠃ ᠲᠡᠭᠦᠨ ᠦ᠌ ᠶᠡᠷᠦ ᠶ᠋ᠢᠨ ᠡᠮ᠄ ᠭᠠᠵᠠ᠂ ᠪᠦᠯᠲᠦᠬ ᠂ ᠵᠠᠼᠤᠸᠠ ᠂ ᠰᠢᠩᠼᠠ᠂ ᠰᠸᠼᠤᠸᠠ ᠂ ᠳ᠋ᠠᠷᠪᠤ᠂ ᠷᠦᠳᠠ ᠂ ᠵᠦᠮᠽᠠ ᠂ ᠵᠦᠷᠦᠷ᠎ᠠ᠂ ᠰᠸᠪᠦᠢ᠍ᠷᠦ ᠂ ᠰᠥᠭᠮᠸᠯ ᠂ ᠭᠦᠷᠭᠦᠮ ᠊ᠢ ᠨᠠᠶ᠋ᠢᠷᠠᠭᠤᠯᠤᠭᠰᠠᠨ ᠡᠮᠡᠭᠲᠡᠢ ᠶ᠋ᠢᠨ ᠡᠪᠡᠳᠴᠢᠨ ᠪᠦᠬᠦᠨ ᠊ᠢ ᠳᠠᠷᠤᠭᠴᠢ ᠢᠨᠠᠭ ᠨᠥᠬᠥᠷ —13 ᠶ᠋ᠢ ᠬᠡᠷᠡᠭᠯᠡᠨ᠎ᠡ᠃ ᠴᠢᠰᠤᠨ ᠪᠡᠲᠡᠭᠢ ᠳ᠋ᠦ᠍ ᠢᠪᠠᠤᠬᠠᠢ ᠶ᠋ᠢᠨ ᠦᠨᠡᠰᠦ᠂ ᠵᠠᠩᠷᡁᠠ ᠶ᠋ᠢ ᠨᠡᠮᠡ᠃ ᠭᠠᠷ ᠤ᠋ᠨ ᠠᠪᠤᠯᠭ᠎ᠠ ᠶ᠋ᠢᠨ ᠴᠢᠨᠳᠠᠮᠤᠨᠢ ᠡᠷᠳᠡᠨᠢ ᠯᠤᠭᠡ ᠰᠠᠴᠤᠭᠤ᠃
ᠰᠠᠷ᠎ᠠ ᠶ᠋ᠢᠨ ᠬᠬᠢᠷ ᠬᠠᠭᠠᠭᠳᠠᠪᠠᠰᠤ ᠫᠦᠷᠨᠠᠭ᠂ ᠪᠦᠯᠲᠦᠬ ᠊ᠢ ᠴᠢᠨᠠᠵᠤ ᠤᠤᠭᠤᠪᠠᠰᠤ ᠮᠠᠭᠠᠳ ᠪᠠᠭᠤᠮᠤᠢ᠃
ᠰᠠᠷ᠎ᠠ ᠶ᠋ᠢᠨ ᠬᠬᠢᠷ ᠬᠤᠶ᠋ᠢᠯᠠᠷᠠᠪᠠᠰᠤ ᠬᠠᠴᠸ ᠭᠦᠷᠭᠦᠮ᠂ ᠳ᠋ᠣᠮᠷᡁᠢ᠂ ᠵᠦᠷᠦᠷ᠎ᠠ ᠶ᠋ᠢ ᠨᠠᠶ᠋ᠢᠷᠠᠭᠤᠯᠵᠤ ᠬᠦᠢᠲᠡᠨ ᠤᠰᠤ ᠪᠠᠷ ᠳᠠᠷᠤᠭᠤᠯᠪᠠᠰᠤ ᠴᠠᠭᠠᠨ ᠢ᠋ᠶ᠋ᠠᠷ ᠪᠠᠭᠤᠬᠤ ᠪᠠ ᠬᠤᠶ᠋ᠢᠯᠠᠷᠠᠬᠤ ᠶ᠋ᠢ ᠮᠠᠭᠠᠳ ᠲᠠᠰᠤᠯᠬᠤ᠃ ᠶᠡᠷᠦ ᠳ᠋ᠡᠭᠡᠨ ᠰᠢᠮᠰᠢᠩ —6 ᠪᠦᠬᠦᠨ ᠳ᠋ᠦ᠍ ᠲᠤᠰᠠᠲᠠᠢ ᠃ ᠡᠮᠡᠭᠲᠡᠢ ᠶ᠋ᠢᠨ ᠡᠪᠡᠳᠴᠢᠨ ᠪᠦᠬᠦᠨ ᠳ᠋ᠦ᠍ ᠲᠠᠪᠤᠨ ᠷᠠᠰᠢᠶᠠᠨ ᠤ᠋ ᠳᠡᠪᠲᠦᠭᠡᠯᠭᠡ ᠰᠠᠢᠨ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ᠎ᠠ
