ᠤᠶᠠᠩᠬ᠋᠎ᠠ ᠰᠠᠨᠠᠭᠠᠨ ᠪ ᠤᠬᠠᠭᠠᠷᠠᠯ - ᠲ ᠂ ᠭᠣᠮᠪᠣᠵᠠᠪ Уянга санааны ухаарал - Т ᠂ Гомбожав
ᠤᠶᠠᠩᠬ᠋᠎ᠠ ᠰᠠᠨᠠᠭᠠᠨ ᠪ ᠤᠬᠠᠭᠠᠷᠠᠯ
1
ᠶᠠᠭᠤᠨ ᠳᠦ ᠰᠢᠯᠦᠭ ᠪᠢᠴᠢᠯ᠎ᠡ ? ᠭᠡᠬᠦ ᠪᠣᠯ ᠨᠠᠲᠠ ᠤᠷᠤᠭᠤ ᠴᠢᠭᠯᠡᠬᠦ ᠮᠥᠩᠬᠡ ᠶ᠋ᠢᠨ ᠰᠢᠨ᠎ᠡ ᠠᠰᠠᠭᠤᠯᠲᠠ ᠶᠤᠮ ᠃
ᠪᠣᠲᠣᠬᠤ ᠳᠦ 《 ᠬᠠᠶ᠋ᠢᠷ᠎ᠠ ᠨᠢ ᠥᠪᠡᠷ ᠦ᠋ᠨ ᠢᠯᠡ ᠲᠣᠲᠣᠷᠬᠠᠢ ᠬᠠᠨᠲᠤᠰᠢ ᠪᠠᠨ ᠣᠯᠤᠬ᠋ᠠ ᠦᠭᠡᠢ ᠪᠤᠶᠤ ᠨᠢᠭᠡᠨᠲᠡ ᠪᠤᠰᠤᠳ ᠳᠤᠷᠠᠰᠢᠯ ᠳᠦ ᠵᠣᠷᠢᠭᠤᠯᠤᠭᠳᠠᠭᠰᠠᠨ ᠪᠠᠶ᠋ᠢᠪᠠᠯ ᠂ ᠪᠢᠲᠡ ᠳᠠᠷᠤᠢ ᠲᠡᠷᠡᠬᠦ ᠰᠥᠨᠥᠵᠦ ᠤᠨᠲᠠᠷᠠᠭᠰᠠᠨ ᠳᠣᠭᠳᠣᠯᠤᠯ ᠰᠡᠤᠠᠬᠢᠯᠭᠡᠨ ᠪ ᠬᠢᠨᠢ ᠳᠥᠷᠪᠡᠨ ᠵᠦᠭ ᠨᠠᠢ᠍ᠮᠠᠨ ᠵᠣᠪᠬᠢᠰ ᠤᠷᠤᠭᠤ ᠰᠦᠷᠴᠢᠨ ᠳᠡᠯᠪᠡᠷᠡᠬᠦ ᠶ᠋ᠢ ᠣᠯᠵᠤ ᠦᠵᠡᠬᠦ ᠪᠣᠯᠤᠨ᠎ᠠ ᠃ ᠡᠭᠦᠨ ᠳᠦ ᠵᠠᠷᠢᠮ ᠨᠢ ᠱᠠᠰᠢᠨ ᠰᠢᠲᠦᠯᠭᠡ ᠳᠦ ᠪᠡᠶ᠎ᠡ ᠪᠡᠨ ᠵᠣᠷᠢᠭᠤᠯᠵᠤ ᠂ ᠵᠠᠷᠢᠮ ᠨᠢ ᠨᠡᠶ᠋ᠢᠭᠡᠮ ᠦ᠋ᠨ ᠲᠡᠤᠠᠬᠦᠮᠵᠢ ᠲᠦᠭᠡᠮᠡᠯ ᠬᠠᠶ᠋ᠢᠷ᠎ᠠ ᠳᠦ ᠤᠷᠮᠠᠰᠢᠨ ᠂ ᠵᠠᠷᠢᠮ ᠨᠢ ᠵᠥᠭᠡᠯᠡᠨ ᠪᠠᠭᠤᠷᠠᠢ ᠠᠮᠢᠲᠠᠨ ᠊ᠢ ᠬᠠᠶ᠋ᠢᠷᠠᠯᠠᠬᠤ ᠪᠣᠯᠲᠠᠭ ᠃ ᠭᠡᠲᠡᠯ᠎ᠡ ᠂ ᠬᠠᠮᠤᠭ ᠠ᠋ᠴᠠ ᠠᠵᠠ ᠲᠠᠢ ᠪᠠᠶ᠋ᠢᠲᠠᠭ ᠨᠢ ᠬᠠᠰᠢᠯᠠ ᠪᠠᠶ᠋ᠢᠭᠠᠯᠢ ᠪᠠ ᠤᠷᠠᠯᠢᠬ ᠊ᠢ ᠬᠠᠶ᠋ᠢᠷᠠᠯᠠᠬᠤ ᠶᠠᠪᠤᠲᠠᠯ ᠪᠣᠯᠤᠨ᠎ᠠ ᠡ 》 ᠭᠡᠬᠦ C ᠰᠠᠨᠲ᠋ᠠᠶᠠᠨᠠ ᠶ᠋ᠢᠨ ᠡᠨᠡ ᠦᠭᠡ ᠠᠵᠠ ᠪᠤᠰᠤ ᠴᠠᠭ ᠦ᠋ᠨ ᠵᠣᠯ ᠪᠤᠰᠤ ᠨᠠᠮᠠᠶ᠋ᠢ ᠲᠠᠶ᠋ᠢᠯᠪᠤᠷᠢᠯᠠᠬᠤ ᠯᠡ ᠪᠢᠵᠡ ᠠ᠋ !
ᠭᠡᠶ᠎ᠡ ᠯᠠ ᠬᠣᠭᠣᠰᠲᠠᠯ ᠤᠶ᠋ᠢᠤᠠᠬᠠᠷ ᠬᠣᠷᠣᠰᠤᠯ ᠪᠢᠲᠡᠭᠦᠷᠡᠯ ᠶ᠋ᠢᠡᠨ ᠶᠡᠭᠦᠯᠡᠨ ᠰᠢᠪᠡᠨᠡᠬᠦ ᠭᠡᠵᠦ ᠴᠡᠴᠡᠷᠡᠩᠬᠡᠨ ᠰᠠᠷᠪᠠᠶ᠋ᠢᠬᠰᠠᠨ ᠮᠢᠨᠦ ᠤᠬᠠᠭᠠᠨ ᠪᠣᠲᠣᠯ ᠳᠦ ᠢᠷᠠᠭᠤ ᠨᠠᠶ᠋ᠢᠷᠠᠭ ᠦ᠋ᠨ ᠦᠵᠡᠭᠳᠡᠬᠦ ᠦᠭᠡᠢ ᠶᠣᠩᠬᠣᠷ ᠳᠣᠭᠳᠣᠯᠬᠤ ᠰᠢᠦ ᠯᠠ ᠪᠣᠯᠤᠭᠰᠠᠨ ᠨᠢ ᠦᠨᠡᠨᠲᠠᠢ ᠴᠦ᠍ ᠪᠢᠯᠡ ᠃
2
ᠰᠢᠯᠦᠭ ᠪᠢᠴᠢᠬᠦ ᠰᠠᠨ ᠭᠡᠵᠦ ᠰᠥᠨᠢ ᠬᠠᠭᠠᠰ ᠪᠣᠯᠲᠠᠯ᠎ᠠ ᠰᠠᠭᠤᠲᠠᠭ ᠯᠡ ᠪᠠᠶ᠋ᠢᠭᠰᠠᠨ ᠮᠢᠨᠢ ᠭᠠᠯ ᠵᠠᠯᠠᠭᠤ ᠠᠷᠪᠠᠨ ᠨᠠᠢ᠍ᠮᠠ ᠶ᠋ᠢᠨ ᠠᠲᠠ ᠲᠠᠢ ᠰᠠᠶ᠋ᠢᠬᠠᠨ ᠴᠠᠭ ᠯᠡ ᠪᠠᠶ᠋ᠢᠵᠠᠢ ᠰᠢᠦ ᠃ ᠭᠠᠭᠴᠠᠬᠦ ᠂ ᠲᠡᠲᠡᠭᠡᠷ ᠡᠲᠦᠷ ᠦ᠋ᠳ ᠦ᠋ᠨ ᠥᠯ ᠬᠣᠭᠣᠯᠠ ᠠ᠋ᠴᠠ ᠪᠦᠱᠦᠭᠦᠷᠬᠡᠵᠦ ᠶᠠᠪᠤᠭᠰᠠᠨ ᠤᠶᠠᠩᠭᠠᠷᠠᠯ ᠂ ᠤᠨᠲᠠᠬᠤ ᠨᠣᠶ᠋ᠢᠷ ᠶ᠋ᠢᠠᠨ ᠮᠠᠷᠲᠠᠵᠤ ᠰᠠᠭᠤᠭᠰᠠᠨ ᠪᠤᠬᠢᠨᠢᠲᠤᠯ ᠦ᠋ᠳ ᠮᠢᠨᠢ ᠪᠣᠷᠣᠭᠠᠯᠠᠵᠤ ᠴᠢᠲᠠᠬ᠋ᠠ ᠦᠭᠡᠢ ᠡᠭᠦᠯᠡ ᠂ ᠨᠢᠰᠴᠦ ᠳᠡᠶ᠋ᠢᠯᠦᠭᠡ ᠦᠭᠡᠢ ᠳᠡᠪᠳᠡᠷᠢᠯ ᠪᠣᠯᠤᠭᠰᠠᠨ ᠨᠢ ᠬᠠᠷᠠᠮᠰᠠᠯᠲᠠᠢ ᠡ ᠃ ᠲᠡᠷᠡ ᠨᠢ ᠶᠣᠰᠣᠲᠠᠢ ᠯᠠ ᠤᠰᠤ ᠦᠵᠡᠭᠡ ᠦᠭᠡᠢ ᠬᠡᠦᠬᠡᠳ ᠦ᠋ᠨ ᠪᠡᠶ᠎ᠡ ᠨᠤᠷᠠᠬᠤ ᠦᠭᠡᠢ ᠤᠮᠪᠠᠯᠲᠠ ᠪᠠᠶ᠋ᠢᠬᠰᠠᠨ ᠶ᠋ᠢᠠᠷ ᠪᠢ ᠰᠠᠢᠢ ᠦᠭᠡ ᠶ᠋ᠢᠨ ᠲᠡᠭᠦᠪᠦᠷᠢ ᠶ᠋ᠢᠨ ᠡᠭᠦᠳᠡᠨ ᠨᠦᠬᠡ ᠪᠡᠷ ᠭᠤᠯᠭᠤᠵᠤ ᠭᠠᠷᠤᠭᠠᠳ ᠦᠯᠢᠭᠡᠷ ᠨᠣᠮ ᠦ᠋ᠨ ᠬᠠᠭᠤᠲᠠᠰᠤᠨ ᠵᠠᠪᠰᠠᠷ ᠤᠷᠤᠭᠤ ᠪᠠᠲᠢᠷ ᠦ᠋ᠨ ᠠᠶᠠᠬ᠋᠎ᠠ ᠪᠠᠨ ᠰᠣᠩᠭᠣᠵᠤ ᠪᠢᠯᠡ ᠃ ᠲᠡᠭᠡᠬᠦ ᠳᠦ ᠪᠣᠶ᠋ᠢᠲᠠ ᠬᠥᠲᠡᠭᠡ ᠶ᠋ᠢᠨ ᠪᠣᠷᠣ ᠬᠦᠦ ᠨᠠᠲᠠ ᠴᠠᠭ ᠦᠶ᠎ᠡ ᠳᠠᠩᠴᠤ ᠬᠠᠬᠢᠷ ᠬᠠᠷᠠᠮᠴᠢ ᠪᠠᠶ᠋ᠢᠵᠤ ᠂ ᠵᠥᠪᠬᠡᠨ ᠥᠪᠡᠷ ᠊ᠢ ᠪᠡᠨ ᠥᠨᠲᠥᠷ ᠡᠷᠭᠦᠭᠦᠯᠦᠭᠰᠡᠨ ᠦᠨ᠎ᠡ ᠬᠢᠮᠲᠠᠬᠠᠨ ᠨᠤᠮ ᠰᠡᠳᠬᠦᠯ ᠢᠶ᠋ᠡᠨ ᠪᠠᠷᠢᠭᠤᠯᠵᠤ ᠪᠢᠯᠡ ᠃ ᠭᠠᠯ ᠤᠯᠠᠭᠠᠨ ᠨᠠᠷᠠ ᠪᠠ ᠲᠤᠭ ᠤᠨ ᠳᠠᠭᠤᠯᠠᠯ ᠢᠶ᠋ᠠᠷ ᠳᠥᠭᠥᠷᠥᠭᠰᠡᠨ ᠲᠡᠳᠡᠭᠡᠷ ᠴᠥᠭᠡᠪᠦᠷᠢ ᠬᠡᠳᠦᠨ ᠨᠣᠮ ᠰᠡᠤᠠᠬᠦᠯ ᠦ᠋ᠳ ᠨᠢ ᠤᠶᠠᠩᠬ᠋᠎ᠠ ᠰᠠᠨᠠᠭᠠᠨ ᠪ ᠮᠢᠨᠢ ᠥᠷᠪᠥᠭᠡᠷ ᠰᠢᠷ᠎ᠠ ᠭᠡᠵᠢᠭᠡ ᠶ᠋ᠢ ᠬᠤᠶ᠋ᠢᠬᠠᠯᠠᠵᠤ ᠪᠠᠶ᠋ᠢᠬᠰᠠᠨ ᠊ᠢ ᠨᠢ ᠪᠢ ᠮᠡᠲᠡᠵᠦ ᠴᠢᠲᠠᠬ᠋ᠠ ᠦᠭᠡᠢ ᠂ ᠬᠠᠷᠢᠨ ᠲᠡᠭᠦᠨ ᠊ᠢ ᠡᠨᠡ ᠳᠡᠯᠡᠬᠡᠢ ᠶ᠋ᠢᠨ ᠣᠶᠤᠨ ᠪᠣᠯᠪᠠᠰᠤᠨ ᠪ ᠬᠤᠷᠢᠶᠠᠩᠭᠤᠢ ᠂ ᠤᠬᠠᠭᠠᠨ ᠪᠣᠲᠣᠯ ᠦ᠋ᠨ ᠳᠠᠷᠳᠠᠩ ᠴᠢᠭᠯᠡᠯ ᠭᠡᠵᠦ ᠡᠨᠲᠡᠭᠦᠷᠡᠭᠰᠡᠨ ᠨᠢ ᠬᠥᠭᠡᠷᠦᠬᠦᠢ ᠡ ᠃ ᠪᠢ ᠲᠡᠭᠡᠭᠡᠳ ᠯᠡ ᠲᠦᠮᠡᠨ ᠪ ᠬᠥᠯ ᠊ᠢ ᠲᠤᠱᠠᠨ ᠪᠣᠭᠣᠭᠰᠠᠨ ᠮᠣᠲᠣᠨ ᠱᠠᠬᠠᠢ ᠶ᠋ᠢ ᠣᠷᠴᠢᠯᠠᠩ ᠠᠶᠠᠯᠠᠬᠤ ᠶ᠋ᠢᠨ ᠳᠥᠷᠥᠭᠡ ᠭᠡᠵᠦ ᠰᠠᠨᠠᠨ ᠂ ᠤᠯᠠᠮ ᠶᠠᠪᠤᠬᠤ ᠳ᠋ᠤᠨᠢ ᠡᠵᠡᠭᠦᠶ᠋ᠢᠷᠡᠬᠦ ᠨᠢᠭᠡ ᠵᠠᠮ ᠢ ᠣᠷᠭᠢᠯ ᠳᠦ ᠠᠪᠠᠴᠢᠬᠤ ᠰᠣᠯᠣᠩᠬ᠋᠎ᠠ ᠭᠡᠵᠦ ᠢᠲᠡᠭᠡᠨ ᠂ ᠰᠤᠷ ᠦᠭᠡᠢ ᠪᠡᠯᠴᠢᠭᠡᠷ ᠳᠡᠭᠡᠷ᠎ᠡ ᠰᠦᠷᠦᠭ ᠶ᠋ᠢᠡᠨ ᠬᠣᠷᠢᠵᠤ ᠯᠡ ᠰᠠᠭᠤᠭᠰᠠᠨ ᠶᠤᠮ ᠡ !
ᠡᠨᠡ ᠨᠢᠯᠬᠠᠬᠠᠨ ᠣᠰᠣᠯ ᠪᠣᠯ ᠮᠢᠨᠦ ᠪᠠᠷᠠᠭᠤᠨ ᠨᠢᠲᠦᠨ ᠪ ᠵᠣᠪᠬᠢᠨ ᠳᠣᠣᠷᠠᠬᠢ ᠬᠠᠷ᠎ᠠ ᠮᠡᠩᠭᠡ ᠶᠤᠮ ᠃
ᠬᠣᠷᠸ᠋᠎ᠠ ᠶ᠋ᠢᠨ ᠵᠢᠷᠦᠬᠡ ᠰᠠᠪᠠᠴᠢᠨ ᠴᠣᠬᠢᠯᠵᠤ ᠂ ᠬᠣᠨᠣᠭ ᠡᠲᠦᠷ ᠥᠩᠭᠡᠷᠡᠬᠦ ᠳᠣᠳᠣᠮ ᠮᠢᠨᠦ 《 ᠥᠪᠡᠷ ᠪᠢ 》 ᠶ᠋ᠢᠨ ᠤᠶᠠᠩᠬ᠋᠎ᠠ ᠰᠠᠨᠠᠬ᠋᠎ᠠ ᠤᠯᠠᠮ ᠤᠯᠠᠮ ᠶ᠋ᠢᠠᠷ ᠨᠠᠲᠠ ᠠ᠋ᠴᠠ ᠰᠡᠭᠦᠷᠡᠰᠦᠯᠡᠨ ᠵᠠᠶ᠋ᠢᠲᠠᠵᠤ ᠂ ᠰᠦᠭ ᠰᠦᠨᠡᠰᠦ ᠦᠭᠡᠢ ᠪᠠᠶ᠋ᠢᠭᠠᠯᠢ ᠶ᠋ᠢᠨ ᠪᠣᠲᠠᠰ ᠦᠵᠡᠭᠳᠡᠯ ᠦ᠋ᠳ ᠂ ᠨᠠᠲᠠ ᠲᠠᠮᠤᠯᠠᠭᠲᠠᠬᠤ ᠳᠤᠷ᠎ᠠ ᠦᠭᠡᠢ ᠡᠬᠡ ᠪᠢᠴᠢᠭ᠋ ᠦ᠋ᠨ ᠮᠢᠨᠢ ᠴᠠᠭᠠᠰᠤ ᠶ᠋ᠢ ᠰᠥᠨᠢ ᠪᠣᠯᠭᠠᠨ ᠣᠬᠢᠯᠠᠭᠤᠯᠵᠤ ᠯᠡ ᠪᠠᠶ᠋ᠢᠯ᠎ᠠ ᠃ ᠡᠨᠡᠬᠦ ᠨᠢᠭᠦᠯ ᠬᠢᠯᠢᠨᠴᠡ ᠲᠡᠢ ᠪᠢ ᠬᠡᠲᠦᠨ ᠵᠢᠯ ᠶ᠋ᠢᠡᠷ ᠡᠶᠡᠷᠡᠵᠦ ᠂ ᠤᠷᠲᠤ ᠬᠤᠭᠤᠴᠠᠬ᠋᠎ᠠ ᠪᠠᠷ ᠬᠠᠷ᠎ᠠ ᠳᠠᠷᠤᠵᠤ ᠂ ᠵᠡᠭᠦᠲᠦ ᠣᠯᠠᠨ ᠲᠠᠢ ᠵᠠᠯᠠᠭᠤ ᠨᠠᠰᠤ ᠬᠢᠭᠡᠳ ᠵᠡᠷᠭᠡᠯᠭᠡᠨ ᠮᠡᠲᠦᠬᠡᠨ ᠤᠶᠠᠩᠬ᠋᠎ᠠ ᠰᠠᠨᠠᠬ᠋᠎ᠠ ᠪᠠᠨ ᠨᠥᠬᠥᠵᠦ ᠴᠢᠲᠠᠮᠠ ᠦᠭᠡᠢ ᠳᠡᠯᠭᠡᠵᠦ ᠪᠢᠯᠡ ᠃
3
ᠬᠠᠷ᠎ᠠ ᠳᠠᠷᠤᠭᠰᠠᠨ ᠤ ᠳᠠᠷᠠᠭᠠᠬᠢ ᠰᠡᠷᠢᠯ ᠨᠢ ᠲᠥᠢᠯᠪᠥᠷᠢ ᠦᠭᠡᠢ ᠪᠠᠶ᠋ᠢᠳᠠᠭ ᠰᠠᠨᠵᠠᠢ᠃ ᠠᠬᠤᠢ ᠪᠠ ᠵᠡᠭᠥᠳᠥᠨ ᠦ ᠵᠠᠪᠬᠠᠶ᠋ᠢᠷᠠᠯ ᠢᠶ᠋ᠠᠷ ᠶᠢᠯᠸᠢᠲᠤ ᠤᠷᠤᠰᠢᠬᠤᠢ ᠵᠢᠷᠮᠥᠰᠥᠯᠡᠨ᠂ ᠡᠵᠡᠨ ᠪᠡᠶ᠎ᠡ ᠪᠡᠨ ᠡᠷᠢᠯ ᠪᠠ ᠲᠦᠭᠡᠷᠢᠯ ᠦᠨ ᠲᠠᠨᠢᠯ ᠪᠤᠰᠤ ᠬᠤᠷᠤ᠎ᠠ ᠳ᠋ᠤ᠌ ᠲᠡᠨᠥᠭᠥᠯᠥᠨ ᠵᠢᠳᠬᠥᠭᠥᠯᠳᠡᠭ ᠨᠢ ᠨᠡᠷ᠎ᠡ ᠪᠡᠨ ᠤᠯᠤᠭ᠎ᠠ ᠦᠭᠡᠢ ᠵᠢᠮ᠎ᠠ ᠶᠤᠰᠤ ᠴᠦ᠍ ᠮᠠᠭᠠᠳ ᠦᠭᠡᠢ ᠡ !
ᠡᠨᠳᠡ ᠭᠠᠶ᠋ᠢᠬᠠᠮᠰᠢᠭ᠋ ᠪᠦᠳᠦᠬᠦ ᠶᠢᠨ ᠪᠤᠯᠤᠮᠵᠢ ᠨᠤᠭᠤᠳ ᠵᠢᠭᠠᠰᠤᠨ ᠠᠮᠠ ᠪᠠᠨ ᠠᠩᠭᠠᠯᠵᠠᠵᠤ ᠪᠠᠶ᠋ᠢᠭᠰᠠᠨ ᠶᠤᠮ᠃ ᠭᠡᠲᠡᠯ᠎ᠡ᠂ ᠨᠠᠳᠠ ᠦᠭᠶᠦᠭᠡ ᠪᠠᠶ᠋ᠢᠭᠰᠠᠨ ᠦᠭᠡᠢ᠂ ᠪᠠᠶ᠋ᠢᠭᠰᠠᠨ ᠨᠢ ᠵᠦᠪᠬᠡᠨ ᠬᠠᠷ᠎ᠠ ᠳᠠᠷᠤᠭᠰᠠᠨ ᠤ ᠳᠠᠷᠠᠭᠠᠬᠢ ᠶᠢᠯᠸᠢᠲᠦ ᠤᠷᠤᠰᠢᠬᠤᠢ ᠶᠢᠨ ᠲᠡᠳᠦᠢ ᠯᠠ ᠶᠤᠮ᠃ ᠪᠢ ᠤᠶᠤᠨᠴᠢ ᠪᠤᠳᠤᠯ ᠤᠨ ᠰᠡᠷᠡᠭᠦᠨ ᠴᠡᠯᠮᠡᠭ᠂ ᠤᠶᠠᠩᠭ᠎ᠠ ᠰᠠᠨᠠᠭᠠᠨ ᠤ ᠨᠦᠰᠡᠷ ᠨᠣᠶ᠋ᠢᠷᠮᠤᠭ ᠢᠶ᠋ᠠᠷ ᠢᠶ᠋ᠠᠨ ᠳᠠᠯᠳᠠᠷᠭᠢᠯᠠᠨ ᠠᠯᠬᠤᠵᠤ᠂ ᠪᠦᠳᠦᠭᠡᠵᠤ ᠶᠠᠪᠤᠭᠰᠠᠳ ᠤᠨ ᠬᠥᠯ ᠦᠨ ᠮᠦᠷ ᠳᠡᠭᠡᠷ᠎ᠡ ᠪᠤᠷᠪᠢ ᠪᠠᠷ ᠢᠶ᠋ᠠᠨ ᠡᠬᠢᠯᠡᠭᠰᠡᠨ ᠪᠢᠯᠡ᠃ ᠲᠡᠭᠡᠬᠦᠯᠡᠷ ᠨᠢ ᠡᠨᠡ ᠳᠡᠯᠡᠬᠡᠢ ᠨᠠᠳᠠ ᠪᠡᠯᠡᠳᠬᠡᠯ ᠪᠥᠷᠢᠨ ᠳᠤᠭᠤᠭᠠᠨ ᠭᠡᠷ ᠰᠢᠭ᠌ ᠯᠠ ᠰᠠᠨᠠᠭᠳᠠᠵᠤ᠂ ᠪᠢ ᠵᠦᠪᠬᠡᠨ ᠳᠤᠰᠤ ᠳᠠᠪᠤᠰᠤ ᠬᠢᠭᠡᠳ ᠲᠤᠭᠤᠭ᠎ᠠ ᠰᠢᠨᠠᠭᠠᠨ ᠤ ᠬᠤᠭᠤᠷᠤᠨᠳᠤᠬᠢ ᠮᠸᠬᠠᠨᠢᠭ ᠭᠦᠳᠡᠯᠭᠡᠭᠡᠨ ᠪᠤᠯᠪᠠ᠃ ᠡᠭᠦᠨ ᠦ ᠳ᠋ᠥᠩ ᠳ᠋ᠤ᠌ 《 ᠤᠷᠭᠤᠵᠤ ᠭᠦᠢᠴᠡᠭᠡ ᠦᠭᠡᠢ ᠰᠡᠳᠬᠢᠯ ᠦᠨ ᠵᠡᠯ᠎ᠡ ᠳᠦ᠂ ᠤᠰᠤᠩᠲᠠᠨ ᠳᠡᠭᠦᠵᠢᠯᠡᠭᠰᠡᠨ ᠬᠡᠳᠦᠨ ᠵᠢᠮᠢᠰ ᠁ 》 ᠮᠢᠨᠢ ᠤᠯᠠᠷᠢᠯ ᠢᠶ᠋ᠠᠨ ᠳᠠᠭᠠᠨ ᠪᠤᠯᠪᠠᠰᠤᠷᠠᠵᠤ ᠴᠢᠳᠠᠭ᠎ᠠ ᠦᠭᠡᠢ᠂ ᠤᠳᠠᠭᠠᠨ ᠡᠳᠦᠷ ᠢᠶ᠋ᠠᠷ ᠬᠦᠬᠡᠷᠡᠵᠤ ᠯᠠ ᠪᠠᠶ᠋ᠢᠯ᠎ᠠ᠃
ᠢᠷᠠᠭᠤ ᠨᠠᠶ᠋ᠢᠷᠠᠭ ᠤᠨ ᠰᠡᠳᠬᠢᠯ ᠨᠢᠯᠬᠠᠷᠠᠮᠠ ᠬᠤᠷᠤ᠎ᠠ ᠳ᠋ᠤ᠌ ᠬᠡᠷᠡᠮ ᠳᠦᠰᠢᠬᠦ ᠨᠢ ᠬᠥᠯ ᠳᠦ ᠤᠷᠤᠬᠤ ᠶᠢᠨ ᠡᠷᠬᠡᠪᠰᠢ ᠁ ᠭᠡᠯᠡ ᠴᠦ᠍ ᠲᠡᠷᠡ ᠨᠢ ᠭ᠌ᠱᠠᠨ ᠵᠠᠭᠤᠷ᠎ᠠ ᠯᠠ ᠪᠠᠶ᠋ᠢᠬᠤ ᠤᠴᠢᠷ ᠲᠠᠢ᠂ ᠡᠰᠡ ᠲᠡᠭᠡᠪᠡᠯ᠂ ᠲᠡᠷᠡ ᠨᠢ ᠬᠡᠷᠡᠮ ᠳᠦᠰᠢᠭᠰᠡᠨ ᠳᠥᠷᠢ ᠳᠡᠳᠦᠢ ᠪᠡᠷ ᠢᠶ᠋ᠠᠨ ᠴᠠᠷᠴᠠᠨ᠂ ᠬᠡᠷᠡᠮ ᠳᠡᠭᠡᠷᠡᠬᠢ ᠵᠢᠷᠤᠭ ᠪᠤᠶᠤ ᠨᠦᠬᠦᠭᠡᠰᠦ ᠪᠤᠯᠵᠤ ᠳᠠᠭᠤᠰᠳᠠᠭ᠃ ᠡᠨᠡ ᠨᠢ ᠲᠤᠷᠤᠢ ᠲᠦᠷᠦᠵᠤ ᠤᠷᠤᠢ ᠤᠬᠠᠭᠠᠷᠠᠭᠰᠠᠨ ᠨᠠᠳᠠ ᠢᠷᠡᠭᠡᠳᠦᠢ ᠶᠢᠨ ᠭᠢᠴᠢᠶᠡᠯ ᠪᠠᠶ᠋ᠢᠭᠰᠠᠨ ᠲᠤᠯᠠ ᠪᠢ ᠮᠦᠨ ᠯᠠ ᠳᠤᠰᠤ ᠳᠠᠪᠤᠰᠤ ᠬᠢᠭᠡᠳ ᠲᠤᠭᠤᠭ᠎ᠠ ᠰᠢᠨᠠᠭᠠᠨ ᠤ ᠬᠤᠭᠤᠷᠤᠨᠳᠤᠬᠢ ᠮᠸ᠋ᠬᠠᠨᠢᠭ ᠬᠦᠳᠡᠯᠭᠡᠭᠡᠨ ᠳᠡᠬᠡᠨ ᠰᠡᠷᠢᠰᠢ ᠦᠭᠡᠢ ᠤᠨᠲᠠᠨ 《 ᠬᠠᠮᠤᠭ ᠬᠠᠯᠠᠭᠤᠨ ᠬᠠᠶ᠋ᠢᠷ᠎ᠠ ᠭᠥᠰᠡᠯᠡᠩ ᠦᠨ ᠳᠠᠭᠤᠤ ᠪᠠᠨ/ ᠬᠠᠩᠭᠢᠨᠠᠲᠠᠯ᠎ᠠ ᠳᠠᠭᠤᠯᠠᠭᠠᠳ ᠠᠮᠢᠳᠤᠷᠠᠯ ᠤᠨ ᠦᠭᠡᠳᠡ ᠡᠴᠡ ᠠᠯᠬᠤᠵᠤ ᠪᠠᠶ᠋ᠢᠨ᠎ᠠ 》 ᠯᠠ ᠭᠡᠵᠤ ᠲᠥᠷᠥ᠂ ᠨᠡᠶ᠋ᠢᠭᠡᠮ᠂ ᠠᠮᠢᠳᠤᠷᠠᠯ ᠭᠤᠷᠪᠠ ᠳᠠᠭᠠᠨ ᠳᠤᠩ ᠲᠥᠭᠥᠬᠡᠢ ᠴᠠᠯᠭᠢᠵᠤ ᠶᠠᠪᠤᠵᠠᠢ᠃
ᠡᠨᠳᠡ ᠡᠴᠡ ᠪᠢ ᠦᠷᠪᠦᠭᠡᠷ ᠰᠢᠷ᠎ᠠ ᠭᠡᠵᠢᠭᠡᠨ ᠳᠡᠬᠡᠨ ᠰᠡᠮ ᠤᠯᠤᠬᠰᠠᠨ ᠲᠡᠳᠦᠢ ᠯᠠ ᠪᠤᠶᠤ !
4
ᠤᠬᠠᠭᠠᠨ ᠪᠤᠳᠤᠯ ᠳᠠᠭᠠᠨ ᠡᠵᠡᠨ ᠰᠠᠭᠤᠬᠤ ᠰᠠᠶ᠋ᠢᠬᠠᠨ ᠴᠠᠭ ᠪᠠ ᠤᠶᠠᠩᠭ᠎ᠠ ᠰᠠᠨᠠᠭᠠᠨ ᠳᠠᠭᠠᠨ ᠡᠷᠬᠡ ᠮᠡᠳᠡᠬᠦ ᠰᠠᠷᠠᠭᠤᠯᠬᠠᠨ ᠶᠢᠷᠳᠢᠨᠴᠤ ᠲᠠᠢ ᠨᠠᠮᠠᠢ᠍ᠢ ᠠᠭᠤᠯᠵᠠᠭᠤᠯᠤᠭᠰᠠᠨ ᠨᠢ ᠮᠢᠨᠤ ᠶᠡᠬᠡ ᠰᠤᠷᠭᠠᠭᠤᠯᠢ᠂ ᠨᠤᠮ ᠤᠨ ᠰᠠᠩ ᠬᠢᠭᠡᠳ ᠨᠠᠮᠠᠢ᠍ᠢ ᠥᠷᠬᠥᠢ ᠰᠢᠭᠦᠨ ᠲᠤᠶᠠᠴᠢᠳᠠᠭ ᠪᠠᠭᠰᠢ ᠨᠠᠷ ᠨᠦᠬᠦᠳ ᠨᠠᠷ ᠮᠢᠨᠢ ᠶᠤᠮ᠃ ᠡᠬᠡ ᠤᠷᠤᠨ ᠤ ᠮᠢᠨᠢ ᠴᠤᠤᠵᠢ ᠪᠠᠨ ᠠᠯᠳᠠᠷᠠᠭᠠᠭᠰᠠᠨ ᠡᠭᠦᠳᠡ ᠪᠡᠷ ᠰᠡᠪᠡᠯᠵᠡᠨ ᠢᠷᠡᠭᠰᠡᠨ ᠠᠯᠤᠰ ᠳᠠᠯᠠᠢ ᠶᠢᠨ ᠰᠠᠯᠬᠢ᠂ ᠤᠯᠤᠰ ᠳᠠᠶᠠᠭᠠᠷ ᠤᠨ ᠤᠷᠲᠤ ᠬᠤᠭᠤᠴᠠᠭ᠎ᠠ ᠪᠠᠷ ᠲᠡᠨᠡᠭᠰᠢᠷᠡᠭᠰᠡᠨ ᠤᠶᠠᠩᠭ᠎ᠠ ᠰᠠᠨᠠᠭᠠᠨ ᠤ ᠰᠡᠷᠢᠭᠡᠯ ᠦᠨ ᠴᠢᠮᠡᠭᠡ ᠨᠢ ᠮᠢᠨᠤ ᠬᠦᠷᠦᠰᠦᠨ ᠦ ᠳᠤᠤᠷᠠᠬᠢ ᠵᠡᠭᠦᠳᠦ ᠶᠢ ᠬᠦᠭᠡᠷᠡᠬᠦ ᠶᠢᠨ ᠠᠲᠠᠭᠠᠷᠬᠠᠯ ᠢᠶ᠋ᠠᠷ ᠳᠥᠭᠥᠷᠬᠡᠨ᠂ ᠨᠠᠮᠠᠢ᠍ᠢ ᠠᠮᠢᠳᠤᠷᠠᠯ ᠂ ᠠᠬᠤᠢ᠂ ᠲᠡᠤᠬᠡ᠂ ᠢᠷᠡᠭᠡᠳᠥᠢ ᠶᠢᠨ ᠠᠭᠤᠯᠵᠠᠭᠠᠨ ᠳᠡᠭᠡᠷ᠎ᠡ ᠵᠤᠭᠰᠤᠴᠠ ᠪᠠᠨ ᠤᠯᠬᠤ ᠶᠢ ᠰᠢᠬᠠᠮᠳᠠᠭᠤᠯᠵᠤ᠂ 《 ᠠᠯᠢᠪᠠ ᠪᠦᠬᠦᠨ ᠢᠶ᠋ᠠᠨ/ ᠠᠬᠢᠭᠠᠳ ᠨᠢᠭᠡ ᠤᠳᠠᠭ᠎ᠠ/ ᠠᠰᠠᠭᠤᠯᠲᠠ ᠶᠢᠨ ᠲᠡᠮᠳᠡᠭ ᠢᠶ᠋ᠠᠷ ᠴᠡᠭᠴᠡᠯᠡᠬᠦ 》ᠠᠵᠢᠯ ᠤᠷᠤᠭᠤ ᠤᠷᠮᠠᠲᠠᠶ᠋ᠢᠬᠠᠨ ᠤᠴᠢᠷᠯᠠᠭᠤᠯᠵᠤ ᠪᠢᠯᠡ᠃ ᠡᠨᠡ ᠬᠢᠷᠢ ᠳᠦ ᠪᠢ ᠰᠠᠶᠢ ᠠᠯᠤᠰ ᠲᠢᠪ ᠢ ᠳᠤᠩᠰᠤᠯᠭᠠᠵᠤ ᠶᠠᠪᠤᠬᠤ ᠠᠭᠲᠠ ᠶᠢᠨ ᠨᠢᠷᠤᠭᠤᠨ ᠳᠡᠭᠡᠷ᠎ᠡ ᠢᠰᠬᠡᠷᠴᠤ ᠪᠤᠶ᠋ᠢᠵᠢᠬᠰᠠᠨ ᠤᠮᠠᠷᠠᠳᠠᠬᠢᠨ ᠤ ᠤᠶᠠᠩᠭ᠎ᠠ ᠰᠠᠨᠠᠭ᠎ᠠ ᠮᠢᠨᠢ ᠮᠠᠨᠳᠤᠯ ᠪᠠᠭᠤᠷᠠᠯ ᠤᠨ ᠬᠤᠶᠠᠷ ᠲᠤᠶ᠋ᠢᠯ ᠢ ᠳᠠᠮᠵᠢᠭᠠᠳ ᠬᠤᠨ ᠤ ᠠᠮᠢᠰᠬᠤᠭ᠎ᠠ ᠨᠢ ᠬᠥᠷᠲᠡᠯ᠎ᠡ ᠭᠠᠵᠠᠷ ᠳᠠᠷᠤᠨ ᠴᠢᠯᠠᠭᠤᠵᠢᠬᠤ ᠶᠢ ᠰᠡᠷᠢᠭᠰᠡᠨ ᠰᠢᠭ᠌ ᠢᠶ᠋ᠠᠨ ᠬᠠᠷᠠᠵᠤ᠂ ᠡᠨᠡ ᠴᠠᠭ ᠤᠨ ᠮᠤᠩᠭᠤᠯ ᠬᠥᠮᠥᠨ ᠡᠷᠬᠡᠪᠰᠢ ᠦᠩᠭᠡᠷᠡᠭᠰᠡᠨ᠂ ᠤᠳᠤ᠂ ᠢᠷᠡᠭᠡᠳᠦᠢ ᠶᠢᠨ ᠴᠠᠭ ᠵᠠᠢ ᠳᠤᠮᠳᠠ ᠬᠥᠨ ᠪᠤᠳᠤᠯᠭᠠᠰᠢᠷᠠᠯ᠂ ᠰᠦᠭᠡᠷᠬᠡᠭ ᠲᠤᠩᠭᠠᠯᠲᠠ᠂ ᠬᠤᠯᠠᠴᠢ ᠰᠠᠨᠠᠭᠠᠰᠢᠷᠠᠯ ᠢᠶ᠋ᠠᠷ ᠥᠨᠳᠥᠰᠥᠲᠡᠨ ᠦ ᠪᠡᠨ ᠥᠵᠡᠯ ᠰᠠᠨᠠᠭ᠎ᠠ᠂ ᠦᠪ ᠰᠤᠶᠤᠯ᠂ ᠬᠤᠪᠢ ᠵᠠᠶᠠᠭᠠᠨ ᠳᠤ ᠬᠠᠷᠢᠭᠤᠴᠠᠬᠤ ᠶᠢᠨ ᠤᠴᠢᠷ ᠢ ᠬᠠᠭᠵᠠᠷᠠᠬᠤ ᠴᠠᠰᠤᠨ ᠤ ᠳᠤᠤᠷᠠᠬᠢ ᠡᠬᠡ ᠭᠠᠵᠠᠷ ᠰᠢᠭ᠋ ᠢᠶ᠋ᠠᠨ ᠢᠳᠡᠭ ᠢᠳᠡᠭ ᠢᠶ᠋ᠠᠷ ᠲᠠᠨᠢᠯ᠎ᠠ᠃ ᠮᠦᠨ᠂ ᠠᠷᠢᠰᠲ᠋ᠤᠲ᠋ᠸᠯ ᠤᠨ᠄ 《 ᠵᠤᠬᠢᠬᠤ ᠤᠳᠬᠠᠨ ᠠᠴᠠ ᠶᠠᠷᠢᠪᠠᠯ᠂ ᠵᠦᠪᠬᠡᠨ ᠬᠦᠭᠵᠢᠮ ᠬᠢᠭᠡᠳ ᠢᠷᠠᠭᠤ ᠨᠠᠶ᠋ᠢᠷᠠᠭ ᠯᠠ ᠰᠠᠶᠢ ᠤᠷᠮ᠎ᠠ ᠰᠡᠳᠬᠢᠯᠭᠡᠨ ᠦ ᠵᠥᠢᠯᠡᠰ ᠢ ᠢᠯᠡᠳᠬᠡᠵᠤ ᠴᠢᠳᠠᠳᠠᠭ 》 ᠭᠡᠳᠡᠭ ᠥᠭᠡ ᠲᠠᠢ ᠲᠠᠨᠢᠮᠠᠷᠬᠠᠨ ᠣᠶ᠋ᠢᠷᠠᠳᠴᠤ᠂ ᠤᠶᠠᠩᠭ᠎ᠠ ᠰᠠᠨᠠᠭᠠᠨ ᠤ ᠭᠤᠤ᠎ᠠ ᠴᠠᠭᠠᠨ ᠪᠡᠶ᠎ᠡ ᠡᠴᠡ ᠥᠶ᠎ᠡ ᠥᠶ᠎ᠡ ᠶᠢᠨ ᠬᠥᠮᠥᠰ ᠦᠨ ᠡᠮᠥᠰᠬᠡᠵᠤ ᠤᠷᠬᠢᠭᠰᠠᠨ ᠬᠤᠶᠠᠭ ᠲᠤᠭᠤᠯᠭ᠎ᠠ᠂ ᠬᠤᠪᠴᠠᠰᠤ ᠵᠡᠮᠰᠡᠭ ᠢ ᠨᠢᠭᠡ ᠨᠢᠭᠡ ᠪᠡᠷ ᠱᠠᠭᠠᠯᠵᠤ ᠡᠬᠢᠯᠡᠭᠰᠡᠨ ᠶᠤᠮ᠃ ᠲᠡᠭᠡᠬᠦ ᠳᠦ᠂ ᠢᠷᠠᠭᠤ ᠨᠠᠶ᠋ᠢᠷᠠᠭ ᠤᠨ ᠤᠭ ᠴᠢᠨᠠᠷ ᠨᠢ ᠤᠶᠠᠩᠭ᠎ᠠ ᠰᠠᠨᠠᠭ᠎ᠠ ᠯᠠ ᠪᠠᠶ᠋ᠢᠵᠢ ᠳ᠋ᠠ ᠭᠡᠬᠦ ᠪᠤᠳᠤᠯ ᠬᠠᠶᠠᠬᠠᠨ ᠪᠢᠰᠢ ᠭᠢᠯᠠᠰᠬᠤ ᠪᠤᠯᠵᠤ᠂ ᠨᠠᠮᠠᠢ᠍ᠢ ᠂ ᠤᠷᠲᠤ ᠤᠳᠠᠭᠠᠨ ᠡᠳᠦᠷ ᠬᠤᠨᠤᠭ ᠤᠨ ᠴᠠᠭᠠᠨ᠎ᠠ ᠮᠠᠷᠲᠠᠵᠤ ᠤᠷᠬᠢᠭᠰᠠᠨ 《 ᠦᠪᠡᠷ ᠪᠢ 》ᠪᠡᠨ ᠡᠷᠢᠬᠦ ᠶᠢᠨ ᠪᠡᠷᠬᠡ ᠠᠶᠠᠨ ᠤᠷᠤᠭᠤ ᠴᠡᠯ ᠨᠤᠭᠤᠭᠠᠨ ᠬᠡᠶ᠋ᠢᠷᠬᠡᠭᠦᠯᠵᠦ ᠪᠢᠯᠡ᠃ ᠲᠡᠭᠡᠭᠡᠳ ᠯᠠ ᠪᠢ ᠄《 ᠮᠠᠨᠠᠨ ᠲᠠᠢ ᠤᠨᠢᠰᠤᠭ᠎ᠠ ᠲᠠᠭᠠᠯᠴᠠᠨ/ ᠮᠢᠨᠤ ᠨᠢᠳᠦ/ ᠤᠨᠠᠭᠰᠠᠨ ᠰᠢᠭᠥᠳᠡᠷᠢ ᠶᠢᠨ ᠨᠣᠶ᠋ᠢᠲᠠᠨ ᠰᠤᠷᠠᠭ ᠢᠶ᠋ᠠᠷ / ᠬᠥᠰᠡᠯ ᠦᠨ ᠲᠦᠭᠦᠷᠢᠭᠬᠢᠨ ᠨᠠᠷᠠ ᠨᠦᠬᠦᠵᠤ/ ᠬᠤᠯᠠ ᠶᠢᠨ ᠬᠤᠯᠠ ᠳᠤ/ ᠬᠣᠯᠠ ᠶ᠋ᠢᠨ ᠬᠣᠯᠠ ᠳ᠋ᠤ᠌ / ᠬᠠᠷᠠᠴᠠ/ ᠲᠦᠮᠡᠨ ᠭᠠᠷ ᠢᠶ᠋ᠠᠨ ᠰᠤᠩᠭᠠᠨ/ ᠬᠠᠮᠤᠭ ᠤᠨ ᠬᠥᠨᠳᠥ ᠨᠢᠭᠡ ᠢᠨᠢᠶᠡᠳᠥ ᠶᠢᠨ ᠳᠦᠯᠦᠭᠡ/ ᠬᠠᠲᠠᠭᠤ ᠪᠤᠳᠤᠯ/ ᠠᠭᠤᠯᠠᠨ ᠤᠷᠤᠢ ᠳᠠᠪᠠᠯ᠎ᠠ ᠁ 》 ᠭᠡᠵᠤ ᠡᠰᠢᠨ ᠡᠴᠡ ᠪᠡᠨ ᠳᠠᠰᠤᠷᠠᠨ ᠱᠤᠤᠭᠢᠭᠰᠠᠨ ᠶᠤᠮ ᠠ᠋ !
5
《 ᠥᠪᠡᠷ ᠲᠡᠢ ᠪᠡᠨ ᠪᠢ \ ᠲᠢᠪ ᠠᠯᠤᠰᠯᠠᠨ ᠵᠠᠶ᠋ᠢᠲᠠᠵᠤ \ ᠲᠩ ᠵᠢᠵᠢᠭᠷᠡᠭᠦᠯᠦᠨ ᠤᠶ᠋ᠢᠷᠠᠤᠠᠬᠤ 》 ᠳᠣᠳᠣᠮ ᠶ᠋ᠢᠠᠨ ᠪᠣᠲᠠᠰ ᠦ᠋ᠨ ᠬᠢᠵᠠᠭᠠᠷᠲᠤ ᠶᠢᠷᠲᠢᠨᠴᠤ ᠠ᠋ᠴᠠ ᠤᠶᠠᠩᠬ᠋᠎ᠠ ᠰᠠᠨᠠᠭᠠᠨ ᠪ ᠬᠢᠵᠠᠭᠠᠷ ᠦᠭᠡᠢ ᠬᠣᠷᠸ᠋᠎ᠠ ᠤᠷᠤᠭᠤ ᠪᠠᠬᠠᠲᠠᠢ ᠭᠡᠭᠴᠢ ᠵᠢᠭᠤᠲᠠᠭᠰᠠᠨ ᠶᠤᠮ ᠃ ᠮᠢᠨᠦ ᠬᠡᠪᠷᠡᠩᠬᠡᠨ ᠪᠡᠬᠢᠯᠡᠯᠲᠡ ᠡᠴᠡ ᠣᠷᠣᠰᠢᠬᠤᠢ ᠶ᠋ᠢᠨ ᠬᠡᠯᠪᠡᠷᠢ ᠣᠨᠴᠠᠯᠢᠬ ᠢᠯᠠᠭᠲᠠᠨ ᠤᠬᠤᠷᠢᠬᠤ ᠶ᠋ᠢᠨ ᠵᠡᠷᠭᠡᠪᠡᠷ ᠲᠡᠭᠦᠨ ᠪ ᠥᠨᠢ ᠮᠥᠩᠬᠡ ᠶ᠋ᠢᠨ ᠠᠭᠤᠯᠬ᠋᠎ᠠ ᠴᠢᠨᠠᠷ ᠨᠢ ᠤᠯᠠᠮ ᠴᠠᠭᠠᠨ᠎ᠠ ᠠ᠋ᠴᠠ ᠪᠠᠨ ᠴᠤᠬᠤᠯᠵᠠᠵᠤ ᠂ ᠨᠠᠮᠠᠶ᠋ᠢ ᠂ ᠢᠷᠠᠭᠤ ᠨᠠᠶ᠋ᠢᠷᠠᠭ ᠪᠣᠯ ᠤᠶᠠᠩᠬ᠋᠎ᠠ ᠰᠠᠨᠠᠭᠠᠨ ᠤ ᠲᠡᠭᠰᠢᠳᠬᠡᠯ ᠪᠢᠯᠡ ᠭᠡᠬᠦ ᠵᠥᠪ ᠡᠨᠲᠡᠭᠦᠷᠡᠯ ᠤᠷᠤᠭᠤ ᠢᠲᠡ ᠨᠤᠲᠤᠷᠤᠭᠰᠠᠨ ᠪᠢᠯᠡ ᠃ ᠪᠢ ᠲᠡᠭᠡᠭᠡᠳ ᠯᠡ ᠣᠷᠣᠨ ᠴᠠᠭᠲᠤ ᠬᠣᠷᠸ᠋᠎ᠠ ᠬᠢᠭᠡᠳ ᠣᠷᠣᠨ ᠴᠠᠭ ᠦᠭᠡᠢ ᠬᠣᠷᠸ᠋᠎ᠠ ᠶ᠋ᠢᠨ ᠲᠤᠶ᠋ᠢᠯ ᠦᠭᠡᠢ ᠴᠢᠯᠥᠭᠡᠨ ᠳ᠋ᠦ᠍ ᠣᠷᠣᠰᠢᠬᠤᠢ ᠶ᠋ᠢᠨ ᠬᠠᠷᠠᠮᠴᠢ ᠬᠢᠵᠠᠭᠠᠷ ᠂ ᠠᠮᠢ ᠠᠮᠢᠳᠤᠷᠠᠯ ᠤᠨ ᠬᠦᠰᠡᠯ ᠬᠥᠭᠡᠭᠡᠴᠡᠯᠲᠦᠯ ᠂ ᠠᠯᠤᠰ ᠬᠣᠵᠢᠮ ᠦ᠋ᠨ ᠪᠦᠷᠦᠭ᠋ ᠪᠠᠯᠠᠷᠬᠠᠢ ᠪᠠᠷ ᠵᠢᠷᠮᠦᠰᠦᠯᠡᠭᠰᠡᠨ ᠭᠤᠨᠢᠬ ᠤᠶ᠋ᠢᠰᠤᠯ ᠂ ᠢᠨᠢᠶᠡᠯ ᠬᠥᠭᠰᠦᠯ᠂ ᠢᠲᠡᠭᠡᠯ ᠬᠥᠭᠡᠭᠡᠴᠡᠯᠲᠦᠯ ᠂ ᠮᠤᠬᠤᠷᠲᠠᠯ ᠪᠣᠲᠣᠯᠭᠠᠰᠢᠷᠠᠯ ᠶ᠋ᠢᠠᠨ ᠦᠨᠢ ᠮᠥᠩᠬᠡ ᠶ᠋ᠢᠨ ᠦᠨ᠎ᠡ ᠴᠠᠨ᠎ᠠ ᠪᠣᠯᠭᠠᠬᠤ ᠪᠠᠷ ᠪᠦᠲᠦᠨ ᠪᠦᠲᠦᠨ ᠡᠲᠦᠷ ᠰᠥᠨᠢ ᠶ᠋ᠢ ᠪᠡᠨ ᠨᠠᠷᠠ ᠰᠠᠷ᠎ᠠ ᠲᠠᠢ ᠨᠢ ᠰᠢᠬᠡᠤᠠᠬᠡᠯᠡ ᠃
ᠣᠶᠤᠨ ᠪᠣᠯᠪᠠᠰᠤᠨ ᠠ᠋ᠴᠠ ᠪᠠᠨ ᠬᠠᠪᠢ ᠦᠭᠡᠢ ᠠᠬᠢᠮᠠᠭ ᠬᠥᠮᠦᠨ ᠲᠥᠷᠥᠯᠬᠢᠲᠡᠨ ᠪ ᠤᠶᠠᠩᠬ᠋᠎ᠠ ᠰᠠᠨᠠᠬ᠋᠎ᠠ ᠪᠣᠯ ᠬᠠᠷᠢᠴᠠᠯᠠᠰᠢ ᠦᠭᠡᠢ ᠦᠨᠢ ᠮᠥᠩᠬᠡ ᠶ᠋ᠢᠨ ᠬᠡᠢ ᠠᠭᠠᠷ ᠶᠤᠮ ᠃ ᠲᠡᠭᠡᠬᠦ ᠪᠡᠷ ᠨᠢ ᠬᠠᠮᠠᠷ ᠲᠣᠬᠢᠶᠠᠬᠤ ᠮᠡᠲᠦ ᠶ᠋ᠢᠨ ᠠᠯᠢᠪᠠ ᠬᠦᠴᠤᠷᠬᠡᠭᠯᠡᠯ ᠲᠡᠨᠡᠭᠯᠡᠯ ᠪᠦᠬᠦᠨ ᠨᠢ ᠬᠠᠨ᠎ᠠ ᠦᠭᠡᠢ ᠠᠭᠠᠷ ᠳᠤᠮᠳᠠᠬᠢ ᠴᠣᠩᠬᠣ ᠯᠠ ᠲᠡᠲᠦᠢ ᠱᠣᠭ ᠲᠠᠢ ᠶᠤᠮ ᠃ ᠲᠡᠭᠦᠨ ᠊ᠢ ᠲᠠᠨᠢᠨ ᠮᠡᠲᠡᠷᠡᠬᠦ ᠶ᠋ᠢᠨ ᠬᠠᠮᠲᠤ ᠲᠠᠨᠢᠨ ᠮᠡᠳᠡᠷᠡᠭᠳᠡᠬᠦ ᠪᠣᠯ ᠢᠷᠠᠭᠤ ᠨᠠᠶ᠋ᠢᠷᠠᠭᠴᠢ ᠶ᠋ᠢᠨ ᠵᠣᠯ ᠪᠤᠶᠤ !
6
ᠡᠨᠡ ᠵᠠᠭᠤᠨ ᠪ ᠰᠢᠷᠣᠢ ᠪᠦᠷᠦᠢ ᠬᠢᠭᠡᠳ ᠢᠷᠡᠬᠦ ᠵᠠᠭᠤᠨ ᠤ ᠶᠠᠭᠠᠨ ᠲᠤᠶᠠᠬ᠋᠎ᠠ ᠪᠣᠯ ᠨᠠᠮᠠᠶ᠋ᠢ ᠰᠠᠭᠤᠷᠢ ᠦᠭᠡᠢ ᠥᠨᠲᠡᠯᠵᠡᠭᠦᠯᠬᠦ ᠬᠣᠣᠰ ᠳᠥᠷᠥᠭᠡ ᠶᠤᠮ ᠃ ᠪᠦᠬᠦᠯᠢ ᠪᠦᠬᠦᠯᠢ ᠤᠯᠠᠷᠢᠯ ᠶ᠋ᠢᠠᠷ ᠨᠠᠷᠠ ᠬᠣᠯᠠᠲᠠᠬᠤ ᠤᠮᠠᠷᠠᠲᠤ ᠶ᠋ᠢᠨ ᠮᠢᠨᠢ ᠮᠠᠨᠠᠨ ᠳᠤᠮᠳᠠᠬᠢ ᠦᠨᠳᠦᠷᠯᠢᠭ ᠪᠣᠯ ᠮᠢᠨᠦ ᠦᠨ᠎ᠡ ᠥᠷᠲᠡᠭ ᠦ᠋ᠨ ᠣᠷᠣᠰᠢᠬᠤᠢ ᠪᠢᠯᠡ ᠃ ᠡᠬᠡ ᠣᠷᠣᠨ ᠂ ᠦᠨᠲᠦᠰᠦᠲᠡᠨ ᠪ ᠪᠡᠨ ᠳᠣᠲᠣᠭᠰᠢᠯᠠᠵᠤ ᠦᠯᠦ ᠬᠠᠩᠬᠤ ᠡᠪᠦᠷ ᠤᠷᠤᠭᠤ ᠲᠤᠶ᠋ᠢᠯ ᠦᠭᠡᠢ ᠰᠢᠷᠭᠤᠬᠤ ᠳᠣᠳᠣᠮ ᠶ᠋ᠢᠠᠨ ᠥᠪᠡᠷ ᠦ᠋ᠨ ᠶ᠋ᠢᠡᠨ ᠶᠠᠯᠢᠮ ᠦᠭᠡᠢ ᠶ᠋ᠢ ᠪᠢ ᠭᠤᠨᠢᠬᠲᠠᠶ᠋ᠢᠬᠠᠨ ᠮᠡᠳᠡᠷᠡᠭᠰᠡᠨ ᠶᠤᠮ ᠃ ᠲᠡᠨᠲᠡ ᠴᠠᠭᠠᠨ ᠰᠠᠷ᠎ᠠ ᠶ᠋ᠢᠨ ᠠᠮᠤᠷ ᠠᠶ᠋ᠢᠯᠠᠤᠠᠬᠠᠯ ᠂ ᠴᠡᠴᠡᠭ ᠦ᠋ᠨ ᠪᠠᠭᠴᠠ ᠂ ᠠᠮᠲᠠᠲᠤ ᠠᠷᠢᠬᠢ ᠬᠡᠷᠩ ᠦᠭᠡᠢ ᠂ ᠬᠠᠷᠠᠮᠨᠠᠬᠤ ᠦᠭᠡᠢ ᠰᠦ᠋ ᠶ᠋ᠢ ᠨᠢ ᠬᠠᠨᠲᠠᠯ᠎ᠠ ᠰᠢᠮᠡᠭᠡᠳ ᠮᠠᠩᠰᠢᠭᠤᠷᠠᠲᠠᠭ ᠰᠢᠲᠤᠷᠭᠤ ᠬᠠᠱᠠᠩ ᠴᠦ᠍ ᠬᠡᠷᠩ ᠦᠭᠡᠢ ᠂ ᠬᠠᠷᠢᠨ ᠂ ᠲᠤᠯᠬ᠋ᠠ ᠪᠠᠨ ᠬᠥᠭᠵᠢᠭᠡᠬᠦ ᠭᠠᠯ ᠂ ᠲᠤᠭᠤᠷᠬ᠋ᠠ ᠪᠠᠨ ᠡᠷᠭᠦᠬᠦ ᠣᠨᠢ ᠂ ᠲᠤᠩᠭᠠᠯᠠᠭ ᠴᠣᠩᠬᠣ ᠂ ᠲᠤᠶᠠᠭᠠᠨ ᠡᠭᠦᠲᠡ ᠳᠤᠲᠠᠭᠳᠠᠵᠤ ᠪᠠᠶ᠋ᠢᠨ᠎ᠠ ᠃ ᠭᠡᠲᠡᠯ᠎ᠡ ᠂ ᠮᠢᠨᠦ ᠶᠠᠯᠢᠮ ᠦᠭᠡᠢ ᠶ᠋ᠢ ᠡᠨᠡ ᠴᠠᠭ ᠦ᠋ᠨ ᠤᠷᠲᠤᠷᠢᠬ ᠥᠷᠭᠡᠷᠢᠭ ᠨᠢᠭᠡᠨᠲᠡ ᠭᠡᠷᠡᠴᠢᠯᠡᠵᠦ ᠣᠷᠬᠢᠬᠰᠠᠨ ᠪᠣᠯᠬᠣᠷ ᠪᠢ ᠵᠥᠪᠬᠡᠨ ᠪᠤᠭᠤᠷᠤᠯ ᠬᠣᠷᠸ᠋᠎ᠠ ᠶ᠋ᠢᠨ ᠪᠣᠷᠣᠭᠠᠨ ᠰᠠᠯᠬᠢᠨ ᠳ᠋ᠦ᠍ ᠶᠣᠣᠯᠠᠨ ᠤᠷᠭᠤᠬᠤ ᠠᠪᠤᠷᠭᠤ ᠱᠠᠩᠰᠢᠨ ᠪ ᠪᠠᠨ ᠬᠠᠮᠤᠭ ᠥᠨᠲᠥᠷ ᠰᠠᠯᠠᠭᠠᠨ ᠳᠡᠭᠡᠷ᠎ᠡ ᠨᠢ ᠭᠠᠩᠭᠢᠨᠠᠨ ᠱᠤᠤᠭᠢᠬᠤ ᠪᠦᠷᠢᠨ ᠭᠦᠢᠴᠡᠳ ᠮᠡᠲᠡᠷᠡᠯ ᠨᠢ ᠪᠣᠯᠬᠤ ᠬᠤᠪᠢ ᠵᠠᠶᠠᠬ᠋᠎ᠠ ᠪᠠᠨ ᠵᠣᠪᠠᠭᠤᠷᠢᠲᠠᠶ᠋ᠢᠬᠠᠨ ᠤᠬᠠᠯ᠎ᠠ ᠃ ᠡᠶ᠋ᠢᠮᠦ ᠪᠣᠯᠬᠣᠷ ᠶ᠋ᠢᠠᠨ ᠪᠢ ᠲᠤᠶ᠋ᠢᠯ ᠦᠭᠡᠢ ᠵᠢᠵᠢᠭᠷᠡᠬᠦ ᠳᠣᠳᠣᠮ ᠶ᠋ᠢᠠᠨ ᠲᠤᠶ᠋ᠢᠯ ᠦᠭᠡᠢ ᠲᠣᠮᠣᠷᠠᠨ᠎ᠠ ᠃ ᠮᠢᠨᠦ ᠲᠥᠪ ᠡᠴᠡ ᠵᠠᠶ᠋ᠢᠲᠠᠬᠤ ᠬᠦᠴᠦᠨ ᠪ ᠰᠤᠮᠤᠨ ᠤᠯᠠᠭᠠᠨ ᠦᠵᠦᠭᠦᠷ ᠢᠷᠡᠵᠦ ᠣᠣᠨᠬᠤ ᠬᠣᠶᠠᠷ ᠮᠥᠷᠡᠨ ᠪ ᠲᠠᠲᠠᠮᠠᠯ ᠰᠤᠪᠠᠭ ᠪᠣᠯᠤᠨ᠎ᠠ ᠃ ᠮᠢᠨᠦ ᠬᠡᠯᠡᠭᠡᠳ ᠪᠠᠷᠠᠬᠤ ᠦᠭᠡᠢ ᠦᠭᠡ ᠬᠡᠵᠢᠶᠡᠲᠡ ᠡᠬᠡ ᠣᠷᠣᠨ ᠂ ᠦᠨᠲᠦᠰᠦᠲᠡᠨ ᠂ ᠬᠥᠮᠦᠨ ᠳᠡᠯᠡᠬᠡᠢ ᠶ᠋ᠢᠨ ᠮᠢᠨᠢ ᠡᠪᠦᠷ ᠪᠢᠲᠡᠭᠦᠦ ᠰᠢᠷᠬᠠᠨ ᠪ ᠬᠢᠨᠢ ᠨᠢᠭᠤᠴᠠᠬᠠᠨ ᠡᠮᠵᠡᠭᠯᠡᠯ ᠂ ᠡᠲᠦᠷ ᠦ᠋ᠨ ᠴᠠᠭᠠᠨ ᠵᠡᠭᠦᠲᠦᠨ ᠪ ᠬᠢᠨᠢ ᠱᠤᠤᠭᠢᠶ᠎ᠠ ᠪᠠᠶ᠋ᠢᠬᠤ ᠤᠴᠢᠷ ᠲᠠᠢ ᠡ !
7
ᠤᠬᠠᠭᠠᠨ ᠪᠣᠯᠪᠠᠰᠤᠨ ᠪ ᠣᠲᠣᠬᠢ ᠤᠷᠤᠭᠤ ᠪᠠᠨ ᠱᠤᠩᠭᠤᠬᠤ ᠳᠤᠰᠤᠮ ᠤᠶᠠᠩᠬ᠋᠎ᠠ ᠰᠠᠨᠠᠭᠠᠨ ᠪ ᠪᠠᠨ ᠪᠠᠯᠠᠷ ᠰᠢᠭᠤᠢ ᠤᠷᠤᠭᠤ ᠪᠤᠴᠠᠬᠤ ᠪᠣᠯ ᠮᠢᠨᠦ ᠬᠡᠵᠢᠶᠡᠲᠡ ᠨᠢᠯᠬ᠎ᠠ ᠪᠠᠷ ᠶ᠋ᠢᠠᠨ ᠪᠠᠶ᠋ᠢᠬᠤ ᠶ᠋ᠢᠨ ᠬᠡᠦᠬᠡᠨ ᠬᠡᠪᠲᠡᠰᠢ ᠶᠤᠮ ᠃ ᠲᠡᠷᠡ ᠪᠣᠯ ᠠᠯᠢᠪᠠ ᠠ᠋ᠴᠠ ᠬᠣᠯᠠ ᠣᠷᠣᠨ ᠵᠠᠢ ᠮᠥᠷᠲᠡᠭᠡᠨ ᠠᠯᠢᠪᠠ ᠪᠦᠬᠦᠨ ᠪ ᠠᠮᠢᠰᠬᠤᠯ ᠠᠪᠬᠤ ᠣᠷᠣᠨ ᠵᠠᠢ ᠪᠢᠯᠡ ᠃ ᠢᠷᠠᠭᠤ ᠨᠠᠶ᠋ᠢᠷᠠᠭ ᠲᠤ ᠲᠠᠶ᠋ᠢᠯᠪᠤᠷᠢ ᠬᠢᠬᠦ ᠶ᠋ᠢᠨ ᠭᠤᠨᠢᠬᠲᠤ ᠴᠢᠯᠥᠭᠡ ᠶ᠋ᠢ ᠤᠰᠠᠤᠠᠬᠠᠨ ᠂ ᠤᠬᠠᠭᠠᠷᠠᠨ ᠮᠡᠲᠡᠷᠡᠬᠦ ᠶ᠋ᠢᠨ ᠴᠡᠩᠬᠡᠷ ᠬᠣᠷᠸ᠋᠎ᠠ ᠶ᠋ᠢ ᠨᠡᠭᠡᠭᠡᠬᠦ ᠶ᠋ᠢᠨ ᠶᠡᠬᠡ ᠪᠣᠯᠤᠮᠵᠢ ᠶ᠋ᠢᠨ ᠡᠷᠬᠡᠪᠰᠢ ᠶᠤᠮ ᠡ !
ᠥᠨᠥᠴᠢᠷᠡᠬᠦ ᠡᠴᠡ ᠪᠡᠨ ᠪᠢ ᠥᠨᠥᠴᠢᠨ ᠭᠠᠯᠠᠭᠤᠨ ᠤ ᠰᠡᠭᠦᠳᠡᠷ ᠰᠢᠭ᠌ ᠠᠶᠤᠳᠠᠭ ᠃ ᠭᠡᠲᠡᠯ᠎ᠡ ᠂ ᠥᠨᠥᠴᠢᠨ ᠳᠠᠭᠤᠤ ᠶ᠋ᠢᠨ ᠭᠠᠵᠠᠷ ᠤᠨᠠᠬᠤ ᠡᠭᠡᠰᠢᠭ ᠊ᠢ ᠤᠶᠠᠷᠠᠩᠬᠠᠨ ᠲᠤᠰᠬᠤ ᠠᠯᠠᠬ᠋᠎ᠠ ᠨᠤᠭᠤᠳ ᠪᠣᠯ ᠣᠢ ᠲᠠᠶ᠋ᠢᠬ᠋ᠠ ᠂ ᠠᠯᠢᠪᠠ ᠪᠦᠬᠦᠨ ᠪᠢᠯᠡ ᠡ !
1988 ᠂10 ᠂27 ᠬᠦᠬᠡᠬᠣᠲᠠᠨ᠎ᠠ
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠪᠦᠬᠦ ᠨᠤᠮ ᠡᠭᠦᠪᠡᠷ ᠳᠠᠭᠤᠰᠪᠠ ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ ᠂ ᠪᠠᠭᠠᠲᠤᠷ ᠂ ᠴᠣᠯᠮᠣᠨᠲᠦᠶᠠᠭ᠎ᠠ
ᠬᠢᠨᠠᠭᠴᠢ ᠄ ᠴᠣᠯᠮᠣᠨᠲᠦᠶᠠᠭ᠎ᠠ
2023᠂ 5᠂ 30 ᠪ ᠡᠲᠦᠷ
