ᠰᠢᠭᠦᠰᠦ ᠲᠠᠯᠪᠢᠬᠤ ᠶᠣᠰᠣ- ᠤᠯᠠᠭᠠᠨ ᠢᠳᠡᠭᠡШүүс тавих ёс-улаан идээ
ᠰᠢᠭᠦᠰᠦ ᠲᠠᠯᠪᠢᠬᠤ ᠶᠣᠰᠣ
ᠰᠢᠭᠦᠰᠦ-ᠤᠯᠠᠭᠠᠨ ᠢᠳᠡᠭᠡᠨ
ᠡᠵᠡᠨ᠎ᠡ ᠲᠤᠷᠭᠤᠳ ᠤᠨ ᠰᠢᠭᠦᠰᠦ ᠲᠠᠯᠪᠢᠬᠤ ᠶᠤᠰᠤᠨ ᠳᠤ ᠵᠤᠮ᠎ᠠ ᠪᠦᠬᠦᠯᠢ ᠰᠢᠭᠦᠰᠦ᠂ ᠵᠠᠳᠠᠭᠠᠢ ᠰᠢᠭᠦᠰᠦ ᠲᠠᠯᠪᠢᠬᠤ ᠵᠡᠷᠭᠡ ᠶᠤᠰᠤᠨ ᠪᠠᠢᠵᠤ᠂ ᠰᠢᠭᠦᠰᠦ ᠲᠠᠯᠪᠢᠭᠴᠢ ᠦᠪᠡᠷᠰᠡᠳ ᠤᠨ ᠬᠦᠰᠡᠯ ᠬᠡᠷᠡᠭᠴᠡᠭᠡ ᠪᠠᠨ ᠦᠨᠳᠦᠰᠦᠯᠡᠨ ᠠᠳᠠᠯᠢ ᠪᠤᠰᠤ ᠪᠠᠷ ᠲᠠᠯᠪᠢᠵᠤ᠂ ᠰᠢᠳᠦᠭᠡᠨ ᠢ ᠬᠦᠨᠳᠦᠯᠡᠵᠦ ᠭᠡᠢᠴᠢ ᠪᠠᠨ ᠲᠤᠭᠤᠵᠤ ᠶᠤᠰᠤ ᠶᠠᠪᠤᠳᠠᠯ ᠢᠶᠠᠨ ᠭᠦᠢᠴᠡᠳᠬᠡᠳᠡᠭ ᠪᠠᠢᠵᠠᠢ᠃
ᠵᠤᠮ᠎ᠠ ᠵᠤᠭᠤᠬᠤ᠄
ᠵᠤᠮ᠎ᠠ ᠪᠤᠯ ᠮᠤᠩᠭᠤᠯ ᠶᠤᠰᠤᠨ ᠤ ᠶᠡᠭᠡ ᠲᠠᠢᠯᠠᠯᠭᠠ ᠳᠤ ᠬᠠᠮᠤᠭ ᠤᠨ ᠬᠦᠨᠳᠦᠳᠡᠢ ᠲᠠᠢᠯᠠᠯᠭᠠ ᠳᠤ ᠲᠤᠭᠠᠴᠠᠭᠳᠠᠬᠤ ᠢᠳᠡᠭᠡᠨ ᠪᠤᠯᠬᠤ ᠪᠦᠭᠡᠳ ᠡᠵᠡᠨ᠎ᠡ ᠳᠤ ᠭᠤᠤᠯᠳᠠᠭᠤ ᠪᠤᠷᠬᠠᠨ ᠰᠢᠳᠦᠭᠡᠨ ᠳᠤ ᠲᠠᠯᠪᠢᠨ᠂ ᠬᠤᠯᠠ ᠭᠠᠵᠠᠷ ᠤᠨ ᠸᠠᠩ ᠨᠤᠶᠠᠳ ᠤᠨ ᠵᠢᠯ ᠴᠠᠭ᠎ᠠ ᠶᠢᠨ ᠠᠮᠤᠷ ᠠᠮᠤᠭᠤᠯᠠᠩ ᠠᠢᠯᠠᠳᠬᠠᠬᠤ ᠳᠤ ᠬᠦᠨᠳᠦ ᠶᠢᠨ ᠪᠡᠯᠡᠭ ᠪᠤᠯᠭᠠᠨ ᠬᠦᠷᠭᠡᠳᠡᠭ ᠪᠠᠢᠵᠠᠢ᠃ ᠵᠤᠮ᠎ᠠ ᠭᠡᠵᠦ ᠢᠷᠭᠡ (ᠬᠤᠨᠢ) ᠶᠢ ᠦᠷᠦᠴᠡᠯᠡᠨ ᠨᠢᠳᠦᠯᠵᠦ ᠭᠡᠳᠡᠰᠦ ᠲᠤᠳᠤᠷ ᠢ ᠨᠢ ᠠᠭᠤᠳᠠᠯᠯᠠᠨ ᠭᠠᠷᠭᠠᠵᠤ᠂ ᠤᠰᠤ ᠪᠠᠷ ᠴᠢᠰᠤ ᠰᠢᠭᠦᠰᠦ ᠶᠢ ᠨᠢ ᠤᠭᠢᠶᠠᠨ ᠴᠡᠪᠡᠷᠯᠡᠭᠡᠳ ᠭᠡᠳᠡᠰᠦ ᠶᠢ ᠪᠤᠴᠠᠭᠠᠨ ᠤᠶᠤᠵᠤ ᠪᠤᠴᠠᠯᠤᠭᠰᠠᠨ ᠤᠰᠤ ᠲᠠᠢ ᠲᠤᠮᠤ ᠲᠤᠭᠤᠭᠠᠨ ᠳᠤ ᠬᠢᠵᠦ ᠵᠤᠮᠠᠯᠠᠨ᠂ ᠦᠰᠦ ᠨᠤᠤᠰᠤ ᠶᠢ ᠨᠢ ᠲᠤᠰᠬᠠᠢ ᠪᠡᠯᠡᠳᠦᠭᠰᠡᠨ ᠮᠤᠳᠤᠨ ᠰᠢᠨᠠᠭ᠎ᠠ ᠪᠠᠷ ᠬᠤᠰᠤᠵᠤ ᠠᠪᠤᠨ ᠲᠤᠭᠤᠭᠠᠨ ᠠᠴᠠ ᠭᠠᠷᠭᠠᠨ ᠵᠤᠭᠰᠤᠭ᠎ᠠ ᠬᠤᠨᠢ ᠶᠢᠨ ᠶᠠᠩᠵᠤ ᠪᠠᠷ ᠡᠪᠯᠡᠨ ᠲᠠᠯᠪᠢᠬᠤ ᠪᠤᠶᠤ ᠲᠤᠮᠤ ᠴᠠᠷ᠎ᠠ ᠳᠤ ᠬᠡᠪᠳᠡᠭᠦᠯᠦᠨ ᠲᠠᠯᠪᠢᠬᠤ ᠶᠢ ᠬᠡᠯᠡᠨ᠎ᠡ᠃ ᠬᠠᠯᠠᠭᠤᠨ ᠤᠰᠤ ᠪᠠᠷ ᠵᠤᠮᠠᠯᠠᠵᠤ ᠨᠤᠤᠰᠤ ᠶᠢ ᠨᠢ ᠠᠪᠳᠠᠭ ᠪᠤᠯᠬᠤᠷ ᠵᠤᠮ᠎ᠠ ᠬᠤᠨᠢ ᠪᠤᠶᠤ ᠵᠤᠮ᠎ᠠ ᠭᠡᠮᠡᠨ ᠨᠡᠷᠡᠯᠡᠭᠰᠡᠨ ᠪᠤᠯᠤᠯᠳᠠᠢ᠃ ᠰᠦᠮ᠎ᠡ ᠭᠡᠢᠳ ᠤᠨ ᠴᠠᠭᠠᠨ ᠰᠠᠷ᠎ᠠ ᠶᠢᠨ ᠪᠤᠷᠬᠠᠨ ᠰᠠᠬᠢᠭᠤᠰᠤ ᠶᠢᠨ ᠴᠤᠩᠭᠢᠷ ᠲᠤ ᠲᠡᠭᠡᠳᠦ ᠶᠢᠨ ᠢᠳᠡᠭᠡᠨ ᠪᠤᠯᠭᠠᠨ᠂ ᠵᠤᠮᠠᠯᠠᠭᠰᠠᠨ ᠬᠤᠨᠢᠨ ᠲᠤᠯᠤᠭᠠᠢ ᠶᠢᠨ ᠭᠠᠳᠠᠷ ᠡᠪᠡᠷ ᠢ ᠠᠪᠴᠤ᠂ ᠴᠢᠬᠢ ᠬᠠᠮᠠᠷ ᠡᠪᠡᠷ ᠮᠠᠩᠨᠠᠢ ᠶᠢ ᠰᠢᠷ᠎ᠠ ᠲᠤᠰᠤ ᠪᠤᠶᠤ ᠴᠠᠭᠠᠨ ᠲᠤᠰᠤ ᠪᠠᠷ ᠴᠢᠮᠡᠨ᠂ ᠲᠠᠪᠤᠨ ᠦᠩᠭᠡ ᠶᠢᠨ ᠭᠭᠢᠪ ᠢ ᠬᠦᠵᠦᠭᠦᠨ ᠳᠤᠨᠢ ᠤᠶᠠᠵᠤ᠂ ᠡᠪᠡᠷ ᠲᠡᠭᠡᠷ᠎ᠡ ᠨᠢ ᠪᠠᠰᠠ ᠨᠢᠬᠡ ᠬᠠᠳᠠᠭ ᠲᠤᠬᠤᠭᠠᠳ᠂ ᠶᠡᠭᠡ (ᠴᠤᠭᠴᠢᠨ) ᠲᠤᠭᠠᠩ ᠤᠨ ᠲᠤᠮᠤ ᠪᠤᠷᠬᠠᠳ ᠤᠨ ᠡᠮᠦᠨ᠎ᠡ ᠤᠯᠠᠭᠠᠨ ᠢᠰᠡᠭᠡᠢ ᠲᠡᠪᠢᠰᠦᠨ ᠲᠡᠭᠡᠷ᠎ᠡ ᠨᠢ ᠵᠤᠮ᠎ᠠ ᠬᠤᠨᠢ ᠪᠠᠨ ᠡᠪᠯᠡᠨ ᠵᠤᠭᠰᠤᠭᠠᠬᠤ ᠪᠦᠭᠡᠳ ᠬᠤᠷᠠᠯ ᠤᠨ ᠤᠩᠰᠢᠯᠭ᠎ᠠ ᠪᠠᠷᠠᠭᠰᠠᠨ ᠤ ᠲᠠᠷᠠᠭ᠎ᠠ ᠦᠶ᠎ᠡ ᠮᠦᠴᠢ ᠪᠠᠷ ᠨᠢ ᠰᠠᠯᠭᠠᠨ ᠴᠢᠨᠠᠵᠤ ᠪᠦᠬᠦ ᠯᠠᠮᠠ ᠳᠠᠭᠠᠨ ᠬᠤᠪᠢᠶᠠᠨ ᠦᠭᠴᠦ ᠠᠮᠰᠠᠭᠤᠯᠳᠠᠭ ᠵᠠᠩᠰᠢᠯ ᠲᠠᠢ ᠪᠠᠢᠵᠠᠢ᠃
ᠪᠦᠬᠦᠯᠢ ᠰᠢᠭᠦᠰᠦ ᠲᠠᠯᠪᠢᠬᠤ᠄
ᠪᠦᠬᠦᠯᠢ ᠰᠢᠭᠦᠰᠦ ᠭᠡᠳᠡᠭ ᠪᠤᠯ ᠤᠭᠤᠴᠠᠨ ᠤ ᠢᠪᠡᠯᠭᠡ ᠳᠤ ᠬᠠ ᠭᠤᠶ᠎ᠠ (ᠭᠤᠶ᠎ᠠ ᠶᠢᠨ ᠮᠢᠬᠠᠨ ᠤ ᠶᠡᠬᠡᠩᠬᠢ ᠨᠢ ᠤᠭᠤᠴᠠ ᠳᠤ ᠶᠠᠪᠤᠳᠠᠭ) ᠶᠢ ᠮᠥᠴᠢᠯᠡᠬᠦ ᠦᠭᠡᠢ ᠪᠦᠳᠦᠨ ᠶᠤᠰᠤ ᠪᠠᠷ ᠨᠢ ᠲᠠᠯᠪᠢᠭᠠᠳ ᠲᠡᠭᠡᠷ᠎ᠡ ᠨᠢ ᠤᠭᠤᠴᠠ ᠪᠠᠨ ᠬᠦᠮᠦᠷᠢᠵᠦ ᠲᠠᠯᠪᠢᠬᠤ ᠶᠢ ᠬᠡᠯᠡᠨ᠎ᠡ᠃ ᠲᠡᠭᠦᠨ ᠢ ᠭᠤᠤᠯᠳᠠᠭᠤ ᠰᠦᠮ᠎ᠡ ᠬᠡᠢᠳ ᠤᠨ ᠠᠯᠳᠠᠨ ᠲᠠᠯᠠᠯᠭ᠎ᠠ᠂ ᠵᠢᠯ ᠴᠠᠭ᠎ᠠ ᠶᠢᠨ ᠴᠤᠩᠭᠢᠷ ᠲᠤ ᠵᠤᠷᠢᠭᠤᠯᠵᠤ ᠡᠷᠭᠦᠬᠦ ᠶᠢᠨ ᠬᠠᠮᠳᠤ ᠬᠤᠪᠢ ᠠᠢᠯ ᠤᠨ ᠨᠠᠮᠤᠷ ᠤᠨ ᠲᠠᠯᠠᠯᠭ᠎ᠠ ᠳᠤ ᠪᠤᠷᠬᠠᠨ ᠰᠢᠳᠦᠭᠡᠨ᠂ ᠯᠠᠮᠠ ᠭᠡᠭᠡᠨ ᠳᠤ ᠵᠤᠷᠢᠭᠤᠯᠤᠨ ᠪᠠᠰᠠ ᠲᠠᠯᠪᠢᠳᠠᠭ ᠪᠠᠢᠭᠰᠠᠨ ᠪᠦᠭᠡᠳ ᠵᠤᠮᠠᠯᠠᠵᠤ ᠴᠢᠨᠠᠭᠰᠠᠨ ᠪᠤᠶᠤ ᠬᠤᠢᠬᠠᠯᠠᠵᠤ ᠴᠢᠨᠠᠭᠰᠠᠨ ᠲᠤᠯᠤᠭᠠᠢ (ᠪᠦᠬᠦᠯᠢ ᠲᠤᠯᠤᠭᠠᠢ) ᠲᠠᠢ ᠨᠢ ᠲᠠᠯᠪᠢᠨ᠎ᠠ᠃ ᠲᠡᠭᠡᠬᠦ ᠳᠡᠭᠡᠨ ᠲᠦᠷᠦ ᠶᠢᠨ ᠲᠦᠭᠡᠯ ᠲᠥᠬᠦᠷᠢᠭ᠂ ᠪᠤᠷᠬᠠᠨ ᠤ ᠲᠦᠭᠡᠯ ᠭᠤᠷᠪᠠᠯᠵᠢᠨ ᠭᠡᠳᠡᠭ ᠢᠶᠠᠷ ᠲᠦᠷᠦ ᠵᠠᠰᠠᠭ ᠤᠨ ᠨᠤᠶᠠᠳ ᠲᠦᠰᠢᠮᠡᠳ ᠲᠤ ᠵᠤᠷᠢᠭᠤᠯᠵᠤ ᠲᠠᠯᠪᠢᠭᠰᠠᠨ ᠲᠤᠯᠤᠭᠠᠢ ᠶᠢᠨ ᠮᠠᠩᠨᠠᠢ ᠳᠤ ᠲᠤᠭᠤᠢ ᠲᠡᠮᠳᠡᠭ ᠭᠠᠷᠭᠠᠵᠤ᠂ ᠪᠤᠷᠬᠠᠨ ᠱᠠᠵᠢᠨ ᠳᠤ ᠵᠤᠷᠢᠭᠤᠯᠤᠨ ᠲᠠᠯᠪᠢᠭᠰᠠᠨ ᠲᠤᠯᠤᠭᠠᠢ ᠶᠢᠨ ᠮᠠᠩᠨᠠᠢ ᠳᠤ ᠭᠤᠷᠪᠠᠯᠵᠢᠨ ᠲᠡᠮᠳᠡᠭ ᠭᠠᠷᠭᠠᠨ ᠦᠬᠡᠬᠦ ᠲᠤᠰᠤ ᠪᠠᠷ ᠴᠢᠮᠡᠭᠯᠡᠨ ᠮᠢᠯᠢᠶᠠᠵᠤ ᠲᠠᠯᠪᠢᠳᠠᠭ ᠶᠤᠰᠤ ᠲᠠᠢ᠂ ᠡᠭᠦᠨ ᠢᠶᠠᠨ ᠲᠤᠯᠤᠭᠠᠢ ᠴᠢᠮᠡᠬᠦ ᠪᠠ ᠮᠢᠯᠢᠶᠠᠬᠤ ᠭᠡᠨ᠎ᠡ᠃ ᠬᠠᠷᠢᠨ ᠪᠦᠳᠦᠨ ᠰᠢᠭᠦᠰᠦ ᠶᠢ ᠭᠦᠢᠴᠡᠳ ᠪᠤᠯᠭᠤᠬᠤ ᠪᠤᠰᠤ ᠦᠩᠭᠡ ᠶᠢ ᠨᠢ ᠲᠦᠩᠭᠡᠵᠢ ᠬᠤᠪᠢᠷᠠᠭᠠᠭᠠᠳ ᠲᠠᠯᠪᠢᠬᠤ (ᠪᠤᠷᠬᠠᠨ ᠰᠢᠳᠦᠭᠡᠨ᠂ ᠯᠠᠮᠠ ᠭᠡᠭᠡᠨ ᠳᠤ ᠵᠤᠷᠢᠭᠤᠯᠤᠨ ᠲᠠᠯᠪᠢᠭᠰᠠᠨ ᠵᠠᠳᠠᠭᠠᠢ ᠰᠢᠭᠦᠰᠦ ᠴᠤ᠌ ᠭᠡᠰᠡᠨ ᠠᠳᠠᠯᠢ) ᠪᠦᠭᠡᠳ ᠬᠤᠷᠠᠯ ᠨᠤᠮ ᠲᠠᠭᠤᠰᠤᠭᠰᠠᠨ ᠤ ᠲᠠᠷᠠᠭ᠎ᠠ ᠮᠦᠴᠢᠯᠡᠨ ᠰᠠᠯᠭᠠᠵᠤ ᠴᠢᠨᠠᠨ ᠲᠠᠬᠢᠨᠳᠠ ᠲᠠᠪᠠᠭᠯᠠᠵᠤ (ᠲᠠᠷᠤᠢ ᠵᠠᠳᠠᠭᠠᠢ ᠰᠢᠭᠦᠰᠦ ᠪᠤᠯᠭᠠᠨ) ᠯᠠᠮᠠ ᠭᠡᠭᠡᠨ ᠳᠤ ᠬᠠᠨᠳᠤᠭᠤᠯᠤᠨ ᠲᠠᠯᠪᠢᠵᠤ᠂ ᠰᠢᠭᠦᠰᠦ ᠬᠦᠨᠳᠡᠬᠦ ᠬᠦᠮᠦᠨ ᠠᠴᠠ ᠤᠭᠤᠴᠠ ᠵᠦᠰᠦᠬᠦ ᠶᠤᠰᠤ (ᠵᠠᠳᠠᠭᠠᠢ ᠰᠢᠭᠦᠰᠦᠨ ᠤ ᠵᠦᠰᠦᠯᠳᠡ ᠲᠠᠢ ᠠᠳᠠᠯᠢ) ᠭᠦᠢᠴᠡᠳᠬᠡᠨ᠂ ᠰᠡᠭᠦᠯ ᠢ ᠨᠢ ᠪᠦᠬᠦᠨ ᠢ ᠪᠤᠶᠤ ᠬᠠᠭᠠᠰ ᠢ ᠤᠭᠳᠤᠯᠤᠨ ᠠᠪᠴᠤ ᠬᠤᠶᠠᠷ ᠦᠨᠳᠦᠷ ᠬᠠᠪᠢᠰᠥ (ᠬᠠᠪᠢᠷᠭ᠎ᠠ) ᠲᠠᠢ ᠬᠠᠮᠳᠤ ᠰᠠᠬᠢᠭᠤᠰᠤ ᠰᠢᠳᠦᠭᠡᠨ ᠳᠤ ᠲᠠᠪᠠᠭᠯᠠᠨ ᠲᠠᠯᠪᠢᠵᠤ᠂ ᠪᠤᠰᠤᠳ ᠮᠢᠬ᠎ᠠ ᠶᠢ ᠴᠤᠩᠭᠢᠷ ᠤᠨ ᠤᠨᠳᠤᠤ ᠢᠳᠡᠭᠡᠨ ᠲᠠᠢ ᠬᠠᠮᠳᠤ ᠬᠤᠪᠢᠶᠠᠯᠴᠠᠨ ᠢᠳᠡᠵᠡᠭᠡᠨ᠎ᠡ᠃
ᠪᠦᠬᠦᠯᠢ ᠪᠠ ᠵᠠᠳᠠᠭᠠᠢ ᠰᠢᠭᠦᠰᠦᠨ ᠳᠤ ᠲᠠᠯᠪᠢᠬᠤ
ᠤᠭᠤᠴᠠ ᠶᠢᠨ ᠬᠡᠰᠡᠭ ᠲᠤ ᠰᠦᠪᠡᠭᠡ ᠶᠢᠨ ᠵᠢᠷᠭᠤᠭᠠᠨ ᠬᠠᠪᠢᠰᠤ (ᠨᠢᠭᠡ ᠲᠠᠯ᠎ᠠ ᠳᠤᠨᠢ ᠭᠤᠷᠪᠠ) ᠶᠢᠨ ᠬᠡᠰᠡᠭ᠂ ᠦᠭᠡᠷ᠎ᠡ ᠪᠠᠷ ᠬᠡᠯᠡᠪᠡᠯ ᠬᠠᠷ᠎ᠠ ᠨᠢᠷᠤᠭᠤᠨ ᠠᠴᠠ ᠰᠡᠭᠦᠯ ᠬᠦᠷᠳᠡᠯᠡᠬᠢ ᠬᠡᠰᠡᠭ (ᠰᠡᠭᠦᠯ ᠪᠠᠭᠳᠠᠨ᠎ᠠ) ᠪᠦᠷ ᠪᠠᠭᠳᠠᠬᠤ ᠪᠦᠭᠡᠳ ᠪᠦᠬᠦᠯᠢ ᠵᠠᠳᠠᠭᠠᠢ ᠰᠢᠭᠦᠰᠦ ᠶᠢ ᠠᠩᠬᠠᠨ ᠳᠠᠭᠠᠨ ᠵᠤᠭᠤᠴᠠ ᠵᠤᠭᠤᠨᠠ ᠭᠡᠵᠦ ᠪᠠᠢᠭᠠᠳ ᠤᠳᠤ ᠤᠯᠠᠩᠬᠢ ᠨᠢ ᠤᠭᠤᠴᠠ ᠵᠤᠭᠤᠨᠠ ᠭᠡᠳᠡᠭ ᠪᠤᠯᠵᠠᠢ᠃
ᠵᠠᠳᠠᠭᠠᠢ ᠰᠢᠭᠦᠰᠦ ᠲᠠᠯᠪᠢᠬᠤ᠄ ᠵᠠᠳᠠᠭᠠᠢ ᠰᠢᠭᠦᠰᠦ ᠭᠡᠵᠦ ᠤᠭᠤᠴᠠᠨ ᠤ ᠢᠪᠡᠯᠭᠡ ᠳᠤ ᠬᠠ ᠭᠤᠶ᠎ᠠ ᠶᠢ ᠦᠶ᠎ᠡ ᠮᠦᠴᠢ ᠪᠠᠷ ᠨᠢ ᠰᠠᠯᠭᠠᠵᠤ ᠲᠠᠯᠪᠢᠭᠠᠳ ᠲᠡᠭᠡᠷ᠎ᠡ ᠠᠴᠠ ᠨᠢ ᠤᠭᠤᠴᠠ ᠪᠠᠨ ᠬᠦᠮᠦᠷᠢᠵᠦ ᠲᠠᠯᠪᠢᠬᠤ ᠶᠢ ᠬᠡᠯᠡᠨ᠎ᠡ᠃ ᠪᠠᠰᠠ ᠡᠩ ᠤᠨ ᠤᠭᠤᠴᠠ᠂ ᠶᠡᠷᠦ ᠶᠢᠨ ᠤᠭᠤᠴᠠ ᠭᠡᠳᠡᠭ᠃ ᠡᠭᠦᠨ ᠢ ᠭᠤᠤᠯᠳᠠᠭᠤ ᠬᠤᠷᠢᠮ ᠬᠤᠢ᠂ ᠵᠢᠰᠢᠶ᠎ᠡ ᠲᠠᠯᠠᠯᠭ᠎ᠠ᠂ ᠤᠪᠤᠭᠠᠨ ᠲᠠᠬᠢᠯᠭ᠎ᠠ᠂ ᠦᠷᠡᠰ ᠨᠠᠢᠷ᠂ ᠵᠢᠯ ᠴᠠᠭ᠎ᠠ᠂ ᠨᠤᠶᠠᠳ ᠬᠡᠬᠡᠳ ᠤᠨ ᠪᠠᠶᠠᠷ᠂ ᠬᠤᠳᠠ ᠤᠷᠤᠭ ᠤᠨ ᠵᠤᠯᠭᠠᠯᠳᠠ ᠵᠡᠷᠭᠡ ᠪᠠᠶᠠᠷ ᠨᠠᠢᠷ ᠶᠤᠰᠤ ᠶᠠᠪᠤᠳᠠᠯ ᠳᠤ ᠵᠤᠷᠢᠭᠤᠯᠤᠨ ᠲᠠᠯᠪᠢᠬᠤ ᠪᠦᠭᠡᠳ ᠪᠦᠬᠦᠯᠢ ᠰᠢᠭᠦᠰᠦ ᠶᠢ ᠪᠤᠳᠤᠪᠠᠯ ᠬᠡᠷᠡᠭᠯᠡᠭᠳᠡᠬᠦ ᠬᠡᠪᠴᠢᠶ᠎ᠡ ᠪᠠᠷ ᠦᠷᠭᠡᠨ ᠪᠠᠢᠳᠠᠭ ᠪᠠᠢᠵᠠᠢ᠃ ᠵᠠᠳᠠᠭᠠᠢ ᠰᠢᠭᠦᠰᠦᠨ ᠳᠤ ᠬᠤᠨᠢᠨ ᠲᠤᠯᠤᠭᠠᠢ ᠲᠠᠭᠠᠭᠤᠯᠵᠤ ᠲᠠᠯᠪᠢᠬᠤ ᠪᠠ ᠦᠯᠦ ᠲᠠᠯᠪᠢᠬᠤ ᠬᠤᠶᠠᠷ ᠶᠠᠩᠵᠤ ᠪᠠᠢᠭᠰᠠᠨ ᠪᠠᠢᠨ᠎ᠠ᠃ ᠵᠠᠳᠠᠭᠠᠢ ᠰᠢᠭᠦᠰᠦ ᠲᠠᠪᠠᠭᠯᠠᠬᠤ ᠳᠠᠭᠠᠨ ᠬᠦᠵᠦᠭᠦᠦ ᠠᠴᠠ ᠪᠤᠰᠤ ᠮᠢᠬ᠎ᠠ (ᠵᠠᠷᠢᠮ ᠨᠢ ᠰᠡᠭᠦᠵᠢ ᠲᠠᠯᠪᠢᠳᠠᠭ ᠦᠭᠡᠢ ᠭᠡᠵᠦ ᠪᠤᠢ᠂ ᠭᠡᠶ᠎ᠡ ᠴᠦᠬᠡᠨ) ᠶᠢ ᠪᠦᠷ ᠲᠠᠯᠪᠢᠬᠤ ᠮᠦᠷᠳᠡᠭᠡᠨ ᠪᠦᠳᠦᠨ ᠰᠡᠭᠡᠷ ᠢ ᠤᠭᠤᠴᠠᠨ ᠤ ᠲᠤᠯᠤᠭᠠᠢ ᠲᠠᠯ᠎ᠠ ᠳᠤ ᠲᠡᠪᠢᠰᠭᠡᠷ ᠪᠤᠯᠭᠠᠨ ᠬᠦᠨᠳᠡᠯᠡᠨ ᠲᠠᠯᠪᠢᠵᠤ (ᠰᠡᠭᠡᠷ ᠤᠨ ᠰᠢᠯᠢ ᠶᠢ ᠲᠤᠳᠤᠭᠰᠢ ᠬᠠᠨᠳᠤᠭᠤᠯᠤᠨ ᠲᠠᠯᠪᠢᠨ᠎ᠠ)᠂ ᠪᠤᠰᠤᠳ ᠮᠢᠬ᠎ᠠ ᠶᠢ ᠮᠠᠯ ᠤᠨ ᠠᠮᠢᠳᠤ ᠪᠠᠢᠬᠤ ᠶᠠᠩᠵᠤ ᠪᠠᠷ ᠪᠠᠢᠷᠢᠰᠢᠭᠤᠯᠤᠨ ᠲᠠᠯᠪᠢᠨ᠎ᠠ᠃ ᠶᠡᠷᠦᠩᠭᠡᠢ ᠳᠡᠭᠡᠨ ᠮᠦᠴᠢ ᠪᠤᠯᠭᠠᠨ ᠤ ᠨᠠᠷᠢᠨ ᠲᠠᠯ᠎ᠠ ᠶᠢ ᠨᠢᠭᠡ ᠵᠦᠭ ᠲᠤ ᠬᠠᠨᠳᠤᠭᠤᠯᠤᠨ ᠲᠡᠰ ᠲᠠᠷᠠᠭ᠎ᠠ ᠲᠠᠢ ᠲᠠᠯᠪᠢᠳᠠᠭ ᠪᠥᠬᠡᠳ ᠲᠡᠷᠡ ᠲᠠᠯ᠎ᠠ ᠶᠢ ᠭᠡᠢᠴᠢ ᠲᠠᠯ᠎ᠠ ᠬᠠᠨᠳᠤᠭᠤᠯᠬᠤ ᠶᠤᠰᠤ ᠲᠠᠢ᠃ ᠡᠢᠮᠦᠷᠬᠦ ᠤᠭᠤᠴᠠᠨ ᠤ ᠲᠡᠪᠢᠰᠭᠡᠷ ᠮᠢᠬ᠎ᠠ ᠶᠢ ᠤᠭᠤᠴᠠᠨ ᠤ ᠢᠪᠡᠯᠭᠡ ᠶᠢᠨ ᠮᠢᠬ᠎ᠠ ᠭᠡᠳᠡᠭ᠃ ᠢᠪᠡᠯᠭᠡ ᠶᠢᠨ ᠮᠢᠬ᠎ᠠ ᠶᠢ ᠲᠠᠪᠠᠭ ᠲᠦᠭᠦᠷᠭᠡᠵᠦ ᠲᠠᠯᠪᠢᠬᠤ ᠶᠤᠰᠤ ᠲᠠᠢ᠂ ᠦᠭᠡᠢ ᠪᠤᠯ ᠤᠭᠤᠴᠠ ᠬᠦᠨᠳᠡᠢᠷᠡᠵᠦ ᠬᠦᠨᠳᠦ ᠪᠠᠨ ᠠᠯᠳᠠᠨ᠎ᠠ ᠭᠡᠳᠡᠭ᠃ ᠵᠠᠳᠠᠭᠠᠢ ᠰᠢᠭᠦᠰᠦᠨ ᠤ ᠢᠪᠡᠯᠭᠡ ᠶᠢᠨ ᠮᠢᠬ᠎ᠠ ᠳᠤ ᠵᠠᠪᠠᠯ ᠬᠤᠶᠠᠷ ᠬᠠ ᠬᠤᠶᠠᠷ ᠭᠤᠶ᠎ᠠ ᠲᠠᠯᠪᠢᠬᠤ ᠠᠯᠪᠠ ᠦᠭᠡᠢ᠂ ᠭᠡᠢᠴᠢ ᠶᠢᠨ ᠤᠯᠠᠨ ᠴᠦᠬᠡᠨ ᠢ ᠦᠨᠳᠦᠰᠦᠯᠡᠵᠦ ᠬᠤᠶᠠᠷ ᠬᠠ ᠨᠢᠭᠡ ᠭᠤᠶ᠎ᠠ᠂ ᠨᠢᠭᠡ ᠬᠠ ᠨᠢᠭᠡ ᠭᠤᠶ᠎ᠠ ᠭᠡᠬᠦ ᠮᠡᠳᠦ ᠪᠠᠷ ᠵᠤᠬᠢᠴᠠᠭᠤᠯᠤᠨ ᠲᠠᠯᠪᠢᠳᠠᠭ ᠪᠠᠢᠵᠠᠢ᠃ ᠢᠪᠡᠯᠭᠡ ᠶᠢᠨ ᠮᠢᠬ᠎ᠠ ᠳᠤ ᠪᠤᠭᠤᠨᠢ ᠬᠠᠪᠢᠰᠤ ᠲᠠᠯᠪᠢᠬᠤ ᠦᠭᠡᠢ᠂ ᠡᠪᠴᠢᠭᠦᠨ ᠤ ᠪᠦᠳᠦᠷᠬᠡᠢ᠂ ᠲᠠᠯᠤ ᠶᠢᠨ ᠮᠦᠭᠡᠷᠰᠦ᠂ ᠲᠤᠮᠳᠠ ᠴᠢᠮᠦᠭᠡᠨ ᠤ ᠬᠤᠯᠠᠭᠠᠢ ᠪᠤᠯᠴᠢᠩ᠂ ᠱᠠᠭ᠎ᠠ ᠴᠢᠮᠦᠭᠡᠨ (ᠲᠤᠰ ᠴᠢᠮᠦᠭᠡᠨ ᠤ ᠭᠠᠳᠠᠷ ᠬᠠᠯᠢᠰᠤ ᠶᠢ ᠱᠠᠭᠠᠯᠵᠤ ᠲᠠᠯᠪᠢᠬᠤ ᠶᠤᠰᠤ ᠲᠠᠢ ᠪᠠᠢᠵᠠᠢ) ᠤ ᠬᠠᠷ᠎ᠠ ᠪᠤᠷᠪᠢ ᠵᠡᠷᠭᠡ ᠶᠢ ᠠᠪᠴᠤ ᠲᠠᠯᠪᠢᠬᠤ ᠶᠤᠰᠤ ᠲᠠᠢ ᠪᠦᠭᠡᠳ ᠵᠠᠯᠠᠭ᠎ᠠ ᠴᠢᠮᠦᠭᠡ (ᠤᠯᠠᠩᠬᠢ ᠪᠠᠢᠳᠠᠯ ᠲᠤᠤᠷ᠎ᠠ ᠲᠠᠯᠪᠢᠳᠠᠭ ᠦᠭᠡᠢ ᠪᠠᠢᠭᠰᠠᠨ ᠭᠡᠳᠡᠭ) ᠶᠢᠨ ᠦᠪᠦᠷ ᠲᠠᠯ᠎ᠠ ᠶᠢᠨ ᠪᠤᠯᠴᠢᠩ ᠢ ᠵᠠᠪᠠᠯ ᠭᠤᠷᠪᠠ ᠤᠭᠳᠤᠯᠵᠤ᠂ ᠠᠷᠤ ᠲᠠᠯ᠎ᠠ ᠶᠢᠨ ᠭᠡᠵᠢᠭᠡ ᠮᠢᠬ᠎ᠠ ᠶᠢ ᠠᠪᠴᠤ ᠲᠠᠯᠪᠢᠬᠤ ᠴᠡᠭᠡᠷ ᠶᠤᠰᠤ ᠲᠠᠢ ᠪᠠᠢᠭᠰᠠᠨ᠂ ᠡᠢᠮᠦ ᠶᠤᠰᠤ ᠶᠢ ᠲᠠᠯᠤ ᠪᠠ ᠡᠪᠴᠢᠭᠦᠦ ᠪᠠᠷ ᠠᠬᠠᠯᠠᠭᠤᠯᠤᠭᠰᠠᠨ ᠲᠠᠪᠠᠭ ᠮᠢᠬ᠎ᠠ ᠳᠤ ᠴᠤ᠌ ᠭᠡᠰᠡᠨ ᠠᠳᠠᠯᠢ ᠵᠢᠷᠤᠮᠯᠠᠨ᠎ᠠ᠃ ᠤᠭᠤᠴᠠ ᠲᠠᠯᠪᠢᠬᠤ ᠲᠤᠭᠳᠠᠭᠰᠠᠨ ᠶᠤᠰᠤ ᠵᠢᠷᠤᠮ ᠢ ᠵᠦᠷᠢᠴᠡᠵᠦ ᠪᠤᠷᠤᠭᠤ ᠲᠠᠯᠪᠢᠭᠰᠠᠨ ᠪᠤᠯ ᠦᠩᠭᠡᠷᠡᠭᠰᠡᠨ ᠳᠤ ᠬᠤᠷᠢᠮ ᠨᠠᠢᠷ᠂ ᠲᠠᠭᠠᠬᠢ᠂ ᠵᠢᠰᠢᠶ᠎ᠡ ᠲᠠᠬᠢᠬᠤ ᠵᠡᠷᠭᠡ ᠳᠤ ᠠᠭᠰᠤᠮ ᠲᠠᠯᠪᠢᠬᠤ᠂ ᠬᠡᠷᠡᠭᠦᠯ ᠴᠤᠤᠭᠢᠶᠠᠨ ᠪᠤᠯᠬᠤ᠂ ᠤᠭᠤᠴᠠ ᠰᠢᠭᠦᠰᠦᠨ ᠤ ᠲᠠᠪᠠᠭ ᠢᠳᠡᠭᠡ ᠬᠦᠮᠦᠷᠢᠬᠦ ᠶᠠᠷᠰᠢᠭ ᠲᠦᠪᠡᠭ ᠲᠠᠢ ᠤᠴᠢᠷ ᠭᠠᠷᠳᠠᠭ ᠪᠠᠢᠵᠠᠢ᠃
ᠢᠪᠡᠯᠭᠡ ᠶᠢᠨ ᠮᠢᠬ᠎ᠠ ᠶᠢ ᠰᠠᠢᠳᠤᠷ ᠪᠠᠢᠷᠢᠰᠢᠭᠤᠯᠤᠭᠰᠠᠨ ᠤ ᠲᠠᠷᠠᠭ᠎ᠠ ᠤᠭᠤᠴᠠ ᠶᠢ ᠲᠡᠭᠡᠷ᠎ᠡ ᠠᠴᠠ ᠨᠢ ᠪᠦᠷᠬᠦᠵᠦ ᠦᠭᠭᠦᠨ᠎ᠡ᠂ ᠲᠡᠭᠡᠬᠦ ᠳᠡᠭᠡᠨ ᠤᠭᠤᠴᠠ ᠶᠢ ᠰᠡᠭᠦᠯ ᠲᠠᠢ ᠨᠢ ᠪᠦᠭᠦᠳᠡ ᠶᠢ ᠬᠠᠯᠢᠮᠯᠠᠵᠤ ᠲᠠᠯᠪᠢᠨ᠎ᠠ᠃ ᠤᠭᠤᠴᠠ ᠰᠡᠭᠦᠯ ᠬᠠᠯᠢᠮᠯᠠᠨᠠ ᠭᠡᠵᠦ ᠤᠭᠤᠴᠠ ᠭᠢᠭᠡᠳ ᠰᠡᠭᠦᠯ ᠤᠨ ᠬᠡᠰᠡᠭ ᠤᠨ ᠭᠠᠳᠠᠷ ᠬᠦᠷᠦᠰᠦ ᠶᠢ ᠪᠦᠬᠦᠨ ᠢ ᠱᠠᠭᠠᠯᠵᠤ ᠠᠪᠬᠤ ᠶᠢ ᠬᠡᠯᠡᠨ᠎ᠡ᠃ ᠬᠠᠯᠢᠮᠯᠠᠬᠤ ᠳᠠᠭᠠᠨ ᠤᠭᠤᠴᠠ ᠰᠡᠭᠦᠯ ᠤᠨ ᠪᠤᠰᠤᠳ ᠮᠢᠬ᠎ᠠ ᠦᠬᠡᠭᠦ ᠶᠢ ᠤᠭᠳᠤᠯᠵᠤ ᠬᠡᠮᠳᠦᠭᠡᠬᠦ ᠠᠴᠠ ᠶᠡᠬᠡᠳᠡ ᠬᠢᠴᠢᠶᠡᠨ᠎ᠡ᠃ ᠲᠤᠰ ᠦᠢᠯᠡ ᠶᠢ ᠪᠦᠬᠦᠯᠢ ᠰᠢᠭᠦᠰᠦᠨ ᠳᠤ ᠴᠤ᠌ ᠮᠦᠨ ᠭᠦᠢᠴᠡᠳᠬᠡᠨ᠎ᠡ᠃ ᠶᠠᠭᠤᠨ ᠳᠤ ᠤᠭᠤᠴᠠ ᠰᠡᠭᠦᠯ ᠬᠠᠯᠢᠮᠯᠠᠬᠤ ᠪᠤᠯᠤᠭᠰᠠᠨ ᠲᠤᠬᠠᠢ ᠨᠠᠰᠤᠳᠠᠢ ᠪᠤᠭᠤᠷᠤᠯ ᠤᠳ ᠤᠨ ᠤᠯᠠᠩᠬᠢ ᠨᠢ ᠰᠠᠬᠢᠭᠤᠰᠤ ᠪᠤᠶᠤ ᠭᠡᠢᠴᠢ ᠪᠠᠨ ᠤᠯᠠᠮ ᠬᠦᠨᠳᠦᠯᠡᠵᠦ ᠪᠠᠢᠬᠤ ᠤᠬᠠᠭ᠎ᠠ ᠲᠠᠢ ᠬᠡᠮᠡᠨ ᠬᠠᠭᠤᠴᠢᠯᠠᠵᠤ ᠪᠠᠢᠭᠰᠠᠨ᠃ ᠬᠠᠯᠢᠮᠯᠠᠭᠰᠠᠨ ᠤᠭᠤᠴᠠ ᠶᠢᠨ ᠲᠡᠭᠡᠷ᠎ᠡ ᠪᠦᠬᠦᠯᠢ ᠲᠤᠯᠤᠭᠠᠢ ᠪᠤᠶᠤ ᠵᠠᠷᠢᠮ ᠨᠢ ᠳᠠᠯᠤ ᠲᠦᠷᠪᠡᠨ ᠦᠨᠳᠦᠷ ᠲᠠᠯᠪᠢᠨ ᠭᠡᠢᠴᠢ ᠶᠢᠨ ᠭᠡᠷ ᠪᠤᠶᠤ ᠪᠤᠷᠬᠠᠨ ᠰᠠᠬᠢᠭᠤᠰᠤᠨ ᠤ ᠲᠤᠭᠠᠩ ᠳᠤ ᠤᠷᠤᠭᠤᠯᠤᠨ᠂ ᠲᠤᠮᠤ ᠰᠢᠷᠡᠭᠡᠨ ᠳᠤ ᠰᠢᠭᠦᠰᠦᠨ ᠤ ᠲᠤᠯᠤᠭᠠᠢ ᠲᠠᠯ᠎ᠠ ᠶᠢ ᠭᠤᠤᠯ ᠭᠡᠢᠴᠢ ᠡᠰᠡᠭᠦᠯ᠎ᠡ ᠰᠢᠳᠦᠭᠡᠨ ᠳᠤ ᠬᠠᠨᠳᠤᠭᠤᠯᠤᠨ ᠲᠠᠯᠪᠢᠨ᠎ᠠ᠂ ᠸᠠᠩ ᠨᠤᠶᠠᠨ᠂ ᠭᠡᠭᠡᠨ ᠬᠤᠪᠢᠯᠭᠠᠳ᠂ ᠰᠦᠮ᠎ᠡ ᠬᠡᠢᠳ ᠤᠨ ᠴᠤᠩᠬᠢᠷ ᠲᠤ ᠵᠤᠷᠢᠭᠤᠯᠤᠨ ᠲᠠᠯᠪᠢᠭᠰᠠᠨ ᠪᠤᠯ ᠤᠭᠤᠴᠠ ᠤᠷᠤᠯᠳᠤᠬᠤ ᠬᠦᠮᠦᠨ ᠵᠠᠪᠠᠯ ᠠᠮᠠ ᠪᠠᠨ ᠶᠠᠭᠤᠮ᠎ᠠ ᠪᠠᠷ ᠲᠠᠷᠤᠵᠤ ᠤᠷᠤᠭᠤᠯᠬᠤ ᠶᠤᠰᠤ ᠲᠠᠢ ᠪᠠᠢᠭᠰᠠᠨ ᠭᠡᠳᠡᠭ᠃ ᠪᠤᠷᠬᠠᠨ ᠰᠢᠳᠦᠭᠡᠨ᠂ ᠭᠡᠭᠡᠨ ᠬᠤᠪᠢᠯᠭᠠᠳ᠂ ᠤᠪᠤᠭᠠᠨ ᠲᠠᠬᠢᠯᠭ᠎ᠠ ᠠᠴᠠ ᠪᠤᠰᠤᠳ ᠨᠠᠢᠷ ᠨᠠᠭᠠᠳᠤᠮ ᠳᠤ ᠪᠤᠯ ᠤᠭᠤᠴᠠ ᠪᠠᠨ ᠭᠤᠤᠯ ᠭᠡᠢᠴᠢ ᠳᠤ ᠬᠠᠨᠳᠤᠭᠤᠯᠤᠨ ᠲᠠᠯᠪᠢᠭᠠᠳ ᠭᠡᠷ ᠤᠨ ᠡᠵᠡᠨ ᠭᠡᠢᠴᠢ ᠤᠯᠠᠨ ᠳᠠᠭᠠᠨ ᠲᠠᠷᠠᠭ᠂ ᠠᠷᠢᠬᠢ ᠪᠠᠨ ᠴᠠᠴᠤᠵᠤ ᠡᠬᠢᠯᠡᠨ᠎ᠡ᠃ ᠭᠤᠤᠯ ᠭᠡᠢᠴᠢ ᠬᠦᠮᠦᠨ ᠲᠠᠪᠠᠭ ᠲᠤ ᠭᠠᠷ ᠢᠶᠠᠨ ᠬᠦᠷᠭᠡᠬᠦ᠂ ᠰᠦᠪᠡᠭᠡ ᠶᠢᠨ ᠬᠠᠪᠢᠰᠤᠨ ᠤ ᠬᠡᠰᠡᠭ ᠠᠴᠠ ᠵᠠᠭᠠᠯ ᠮᠢᠬ᠎ᠠ ᠠᠪᠴᠤ ᠲᠠᠪᠠᠭ ᠲᠤ ᠲᠠᠯᠪᠢᠬᠤ (ᠲᠠᠪᠠᠭ ᠤᠨ ᠪᠠᠷᠠᠭᠤᠨ ᠲᠠᠯ᠎ᠠ ᠪᠠᠷ)᠂ ᠰᠡᠭᠦᠯ ᠤᠨ ᠭᠤᠤᠯ ᠠᠴᠠ ᠵᠢᠭᠠᠬᠠᠨ ᠲᠤᠭᠤᠢᠯᠠᠨ ᠠᠪᠴᠤ ᠤᠭᠤᠴᠠ ᠪᠤᠶᠤ ᠲᠤᠯᠤᠭᠠᠢ ᠲᠡᠭᠡᠷ᠎ᠡ ᠲᠠᠯᠪᠢᠬᠤ ᠵᠡᠷᠭᠡ ᠠᠴᠠ ᠠᠯᠢ ᠨᠢᠭᠡ ᠶᠢ ᠰᠤᠩᠭᠤᠨ ᠤᠭᠤᠴᠠᠨ ᠳᠤ ᠭᠠᠷ ᠬᠦᠷᠬᠦ ᠶᠤᠰᠤ ᠭᠦᠢᠴᠡᠳᠬᠡᠨ᠎ᠡ᠃ ᠲᠡᠭᠡᠬᠦ ᠳᠤ ᠤᠭᠤᠴᠠ ᠵᠥᠰᠥᠭᠴᠢ ᠶᠠᠭᠤᠨ ᠤ ᠡᠮᠦᠨ᠎ᠡ ᠰᠢᠭᠦᠰᠦᠨ ᠤ ᠪᠠᠷᠠᠭᠤᠨ ᠲᠠᠯ᠎ᠠ (ᠵᠦᠪ ᠲᠠᠯ᠎ᠠ) ᠠᠴᠠ ᠡᠬᠢᠯᠡᠨ ᠵᠦᠰᠦᠬᠦ ᠪᠦᠭᠡᠳ ᠰᠦᠪᠡᠭᠡ ᠶᠢᠨ ᠭᠤᠷᠪᠠᠨ ᠬᠠᠪᠢᠰᠤ ᠲᠠᠢ ᠨᠢ ᠬᠠᠮᠳᠤ ᠳᠤᠨᠢ ᠨᠡᠪᠳᠡ ᠵᠦᠰᠦᠵᠦ ᠰᠡᠭᠦᠯ ᠤᠨ ᠲᠡᠭᠡᠭᠡᠨ ᠬᠡᠰᠡᠭ ᠢᠶᠠᠷ ᠭᠤᠶ᠎ᠠ ᠲᠠᠭᠠᠭᠤᠯᠤᠨ ᠵᠦᠰᠦᠵᠦ ᠠᠪᠤᠭᠠᠳ ᠮᠦᠨ ᠪᠠᠷᠠᠭᠤᠨ ᠲᠠᠯ᠎ᠠ ᠳᠤ ᠲᠦᠷ ᠲᠠᠯᠪᠢᠵᠤ ᠦᠭᠭᠦᠨ᠎ᠡ᠂ ᠵᠡᠭᠦᠨ ᠲᠠᠯ᠎ᠠ ᠶᠢ ᠮᠦᠨ ᠪᠠᠷᠠᠭᠤᠨ ᠲᠠᠯ᠎ᠠ ᠶᠢ ᠵᠦᠰᠦᠭᠰᠡᠨ ᠲᠠᠢ ᠠᠳᠠᠯᠢ ᠰᠦᠪᠡᠭᠡ ᠶᠢᠨ ᠭᠤᠷᠪᠠᠨ ᠬᠠᠪᠢᠰᠤ ᠠᠴᠠ ᠡᠬᠢᠯᠡᠨ ᠵᠦᠰᠦᠭᠡᠳ᠂ ᠤᠭᠤᠴᠠᠨ ᠲᠡᠭᠡᠭᠦᠷ ᠵᠡᠭᠦᠨ ᠲᠠᠯ᠎ᠠ ᠠᠴᠠ ᠵᠦᠰᠦᠭᠰᠡᠨ ᠮᠢᠬ᠎ᠠ ᠶᠢ ᠲᠤᠤᠭᠤᠷ ᠨᠢ᠂ ᠪᠠᠷᠠᠭᠤᠨ ᠲᠠᠯ᠎ᠠ ᠠᠴᠠ ᠵᠦᠰᠦᠭᠰᠡᠨ ᠮᠢᠬ᠎ᠠ ᠶᠢ ᠲᠡᠭᠡᠭᠦᠷ ᠨᠢ ᠵᠦᠷᠢᠭᠦᠯᠦᠨ ᠲᠠᠯᠪᠢᠵᠤ ᠦᠭᠭᠦᠨ᠎ᠡ᠃ ᠰᠦᠪᠡᠭᠡ ᠶᠢᠨ ᠵᠢᠷᠭᠤᠭᠠᠨ ᠬᠠᠪᠢᠷᠭ᠎ᠠ ᠶᠢ ᠲᠠᠪᠠᠭᠯᠠᠬᠤ ᠠᠴᠠ ᠡᠮᠦᠨᠡᠬᠡᠨ ᠬᠡᠨ ᠳᠤ ᠴᠤ᠌ ᠮᠡᠳᠡᠭᠳᠡᠯ ᠦᠭᠡᠢ ᠪᠠᠷ ᠨᠢᠷᠤᠭᠤᠨ ᠤ ᠶᠠᠰᠤᠨ ᠠᠴᠠ ᠡᠪᠳᠡᠢᠬᠡᠨ ᠮᠤᠯᠳᠤᠯᠵᠤ ᠪᠡᠯᠡᠳᠦᠭᠰᠡᠨ ᠪᠠᠢᠳᠠᠭ᠃ ᠲᠠᠷᠠᠭ᠎ᠠ ᠨᠢ ᠤᠭᠤᠴᠠᠨ ᠤ ᠤᠭᠤᠷᠠᠭ ᠰᠡᠭᠦᠯ ᠢ ᠤᠭᠳᠤᠯᠤᠨ ᠠᠪᠴᠤ ᠲᠤᠯᠤᠭᠠᠢ ᠲᠠᠢ ᠬᠠᠮᠳᠤ ᠭᠡᠷ ᠤᠨ ᠡᠵᠡᠨ ᠳᠤ 《ᠪᠤᠷᠬᠠᠨ ᠳᠠᠭᠠᠨ ᠲᠡᠭᠡᠵᠢ ᠪᠠᠷᠢᠭᠳᠤᠨ!》 ᠭᠡᠪᠡᠯ ᠭᠡᠷ ᠤᠨ ᠡᠵᠡᠨ ᠲᠤᠰᠴᠤ ᠠᠪᠤᠭᠠᠳ ᠪᠤᠷᠬᠠᠨ ᠤ ᠪᠠᠨ ᠡᠮᠦᠨ᠎ᠡ ᠲᠠᠯᠪᠢᠳᠠᠭ᠃ ᠭᠤᠤᠯ ᠭᠡᠢᠴᠢ ᠰᠡᠭᠦᠯ ᠳᠤ ᠭᠠᠷ ᠬᠦᠷᠦᠭᠡ ᠦᠭᠡᠢ ᠦᠶ᠎ᠡ ᠳᠤ ᠤᠭᠤᠴᠠ ᠵᠦᠰᠦᠭᠴᠢ ᠰᠡᠭᠦᠯ ᠤᠨ ᠭᠤᠤᠯ ᠲᠤᠮᠳᠠ ᠠᠴᠠ ᠵᠢᠭᠠᠬᠠᠨ ᠲᠤᠭᠤᠢᠯᠠᠨ ᠠᠪᠴᠤ ᠤᠭᠤᠴᠠᠨ ᠤ ᠡᠬᠢᠨ ᠳᠤ ᠪᠤᠶᠤ ᠭᠤᠤᠯ ᠲᠤᠮᠳᠠ ᠲᠠᠯᠪᠢᠵᠤ ᠦᠭᠭᠦᠨ᠎ᠡ᠃ ᠠᠳᠡ ᠬᠦᠷᠬᠦ ᠳᠤ ᠤᠭᠤᠴᠠ ᠵᠦᠰᠦᠬᠦ ᠶᠤᠰᠤ ᠲᠠᠭᠤᠰᠴᠤ ᠤᠭᠤᠴᠠ ᠬᠦᠨᠳᠡᠭᠴᠢ ᠠᠴᠠ ᠰᠢᠭᠦᠰᠦᠨ ᠲᠡᠭᠡᠷ᠎ᠡ ᠰᠦ ᠲᠠᠢ ᠴᠠᠢ ᠪᠤᠶᠤ ᠬᠠᠷ᠎ᠠ ᠴᠠᠢ ᠲᠤᠰᠤᠭᠠᠭᠠᠳ᠄ 《ᠵᠠ! ᠲᠠᠶᠠᠭᠠᠷ ᠰᠢᠭᠦᠰᠦᠨ ᠠᠴᠠ ᠵᠤᠭᠤᠭᠯᠠᠵᠤ ᠬᠠᠢᠷᠠᠯᠠ!》 ᠭᠡᠮᠡᠨ ᠶᠠᠩ ᠤᠨ ᠦᠭᠡ ᠬᠡᠯᠡᠭᠡᠳ ᠭᠠᠷᠴᠤ ᠶᠠᠪᠤᠨ᠎ᠠ᠃ ᠭᠡᠷ ᠲᠠᠬᠢ ᠶᠤᠰᠤ ᠮᠡᠳᠡᠬᠦ ᠬᠦᠮᠦᠨ ᠠᠴᠠ ᠵᠦᠰᠦᠭᠰᠡᠨ ᠰᠦᠪᠡᠭᠡ ᠶᠢᠨ ᠮᠢᠬ᠎ᠠ ᠶᠢ ᠪᠠᠰᠠ ᠭᠤᠷᠪᠠ ᠭᠤᠷᠪᠠ ᠵᠦᠰᠦᠭᠡᠳ ᠵᠢᠵᠢᠭᠯᠡᠨ ᠤᠭᠳᠤᠯᠵᠤ ᠲᠠᠪᠠᠭ ᠲᠤ ᠲᠠᠯᠪᠢᠬᠤ ᠳᠤ ᠭᠤᠤᠯ ᠭᠡᠢᠴᠢ᠂ ᠨᠠᠰᠤᠳᠠᠢ ᠬᠦᠮᠦᠨ ᠠᠴᠠ ᠵᠤᠭᠤᠭᠯᠠᠵᠤ ᠡᠬᠢᠯᠡᠨ᠎ᠡ᠂ ᠲᠡᠭᠡᠬᠦ ᠲᠠᠢ ᠵᠡᠷᠭᠡ ᠪᠤᠰᠤᠳ ᠭᠡᠢᠴᠢ ᠴᠤ᠌ ᠡᠷᠡᠭᠡ ᠵᠢᠷᠤᠭ᠎ᠠ ᠦᠭᠡᠢ ᠰᠦᠪᠡᠭᠡ ᠶᠢᠨ ᠮᠢᠬ᠎ᠠ ᠪᠤᠶᠤ ᠪᠤᠰᠤᠳ ᠢᠪᠡᠯᠭᠡ ᠶᠢᠨ ᠮᠢᠬ᠎ᠠ ᠠᠴᠠ ᠠᠪᠴᠤ ᠢᠳᠡᠵᠡᠭᠡᠨ᠎ᠡ᠃ ᠶᠡᠷᠦ ᠳᠡᠭᠡᠨ ᠤᠭᠤᠴᠠ ᠶᠢ ᠬᠤᠢᠮᠤᠷ ᠲᠠᠬᠢ ᠭᠤᠤᠯ ᠭᠤᠤᠯ ᠭᠡᠢᠴᠢ ᠳᠤ ᠲᠠᠯᠪᠢᠨ᠂ ᠪᠤᠰᠤᠳ ᠵᠤᠴᠢᠳ ᠲᠤ ᠳᠠᠯᠤ ᠲᠦᠷᠪᠡᠨ ᠦᠨᠳᠦᠷ ᠪᠤᠶᠤ ᠡᠪᠴᠢᠭᠦᠦ ᠪᠠᠷ ᠠᠬᠠᠯᠠᠭᠤᠯᠤᠭᠰᠠᠨ ᠲᠠᠪᠠᠭ ᠮᠢᠬ᠎ᠠ ᠬᠡᠳᠦ ᠬᠡᠳᠦ ᠶᠢ ᠲᠠᠯᠪᠢᠵᠤ᠂ ᠬᠦᠨᠳᠦᠳᠦ ᠤᠯᠠᠨ ᠢᠶᠠᠨ ᠵᠤᠴᠢᠯᠠᠳᠠᠭ᠃ ᠬᠠᠷᠢᠨ ᠰᠡᠭᠦᠯ ᠵᠦᠰᠦᠵᠦ ᠭᠡᠢᠴᠢ ᠳᠡᠭᠡᠨ ᠰᠤᠷᠤᠭᠤᠯᠬᠤ ᠵᠠᠩᠰᠢᠯ ᠦᠭᠡᠢ ᠪᠠᠢᠭᠰᠠᠨ᠃ ᠬᠢᠳᠤᠭ᠎ᠠ ᠲᠤᠩᠭᠤᠷᠠᠭ ᠢᠶᠠᠷ ᠮᠢᠬ᠎ᠠ ᠢᠳᠡᠬᠦ ᠶᠢ ᠡᠷᠬᠢᠮᠯᠡᠬᠦ ᠪᠦᠭᠡᠳ ᠠᠪᠤᠭᠰᠠᠨ ᠮᠢᠬ᠎ᠠ ᠪᠠᠨ ᠭᠦᠢᠴᠡᠳ ᠢᠳᠡᠵᠦ ᠶᠠᠰᠤ ᠶᠢ ᠨᠢ ᠰᠠᠢᠬᠠᠨ ᠮᠦᠯᠵᠢᠵᠦ ᠲᠠᠯᠪᠢᠬᠤ ᠶᠤᠰᠤ ᠲᠠᠢ᠂ ᠠᠳᠡ ᠲᠡᠨᠳᠡ ᠠᠴᠠ ᠰᠡᠭᠯᠡᠵᠦ ᠲᠤᠳᠠᠭᠤ ᠲᠤᠷᠭᠤᠨ ᠢᠳᠡᠬᠦ ᠶᠢ ᠴᠡᠭᠡᠷᠯᠡᠨ᠎ᠡ᠂ ᠲᠠᠪᠠᠭ ᠲᠠᠢ ᠮᠢᠬ᠎ᠠ ᠶᠢ ᠪᠠᠷᠠᠳᠠᠯ᠎ᠠ ᠢᠳᠡᠬᠦ ᠶᠢ ᠴᠡᠭᠡᠷᠯᠡᠨ᠎ᠡ᠂ ᠬᠡᠷᠪᠡ ᠲᠠᠭᠤᠰᠳᠠᠯ᠎ᠠ ᠢᠳᠡᠪᠡᠯ ᠦᠯᠦᠩ ᠬᠤᠪᠳᠤᠭ ᠲᠤ ᠲᠤᠭᠠᠴᠠᠭᠳᠠᠵᠤ ᠬᠤᠴᠢᠯᠠᠭᠳᠠᠬᠤ ᠶᠤᠮ᠃
ᠳᠠᠯᠤ ᠨᠢ ᠮᠢᠬᠠᠨ ᠲᠤᠳᠤᠷ᠎ᠠ ᠬᠠᠮᠤᠭ ᠤᠨ ᠬᠦᠨᠳᠦᠳᠡᠢ ᠮᠢᠬ᠎ᠠ ᠪᠤᠯᠬᠤᠷ ᠲᠦᠷᠦᠯ ᠤᠨ ᠲᠤᠳᠤᠷ᠎ᠠ ᠠᠴᠠ ᠨᠠᠭᠠᠴᠤ᠂ ᠤᠯᠠᠨ ᠤ ᠲᠤᠳᠤᠷᠠᠬᠢ ᠬᠠᠮᠤᠭ ᠤᠨ ᠠᠬᠠᠮᠠᠳ ᠬᠦᠮᠦᠨ ᠳᠠᠯᠤ ᠳᠤ ᠭᠠᠷ ᠬᠦᠷᠳᠡᠭ ᠪᠢᠯᠡ᠂ ᠵᠢᠭᠡ ᠬᠦᠮᠦᠨ ᠨᠠᠭᠠᠴᠤ ᠶᠢᠨ ᠢᠶᠠᠨ ᠬᠠᠵᠠᠭᠤ ᠳᠤ ᠳᠠᠯᠤ ᠪᠠᠷᠢᠵᠤ ᠪᠤᠯᠬᠤ ᠦᠭᠡᠢ᠃ ᠳᠠᠯᠤ ᠶᠢ ᠠᠪᠤᠭᠰᠠᠨ ᠬᠦᠮᠦᠨ ᠡᠷᠬᠡᠪᠰᠢ ᠰᠠᠢᠬᠠᠨ ᠵᠦᠰᠦᠵᠦ ᠬᠦᠮᠦᠨ ᠪᠤᠯᠭᠠᠨ ᠳᠤ ᠳᠠᠯᠤ ᠶᠢᠨ ᠬᠠᠭᠤᠳᠠᠰᠤ ᠮᠢᠬ᠎ᠠ ᠭᠡᠵᠦ ᠬᠤᠪᠢᠶᠠᠨ ᠦᠭᠳᠡᠭ᠂ ᠳᠠᠯᠤ ᠶᠢᠨ ᠬᠠᠭᠤᠳᠠᠰᠤ ᠶᠢ ᠲᠤᠰᠴᠥ ᠠᠪᠤᠭᠰᠠᠨ ᠬᠦᠮᠦᠨ ᠨᠢ᠄ 《ᠲᠠᠭ᠎ᠠ ᠨᠢ ᠲᠠᠯ᠎ᠠ ᠬᠦᠷᠴᠦ ᠲᠡᠩᠳᠡ ᠪᠠᠨ ᠵᠢᠷᠤᠭ᠎ᠠ ᠪᠤᠯᠳᠤᠭᠠᠢ! ᠨᠠᠰᠤ ᠨᠢ ᠨᠠᠶᠠ ᠭᠠᠷᠤᠭᠠᠳ ᠨᠠᠰᠤ ᠪᠠᠷ ᠢᠶᠠᠨ ᠵᠢᠷᠭᠠᠬᠤ ᠪᠤᠯᠳᠤᠭᠠᠢ!》᠂ 《ᠤᠷᠳᠤ ᠨᠠᠰᠤᠳᠠᠢ ᠤᠳᠠᠭᠠᠨ ᠵᠢᠷᠭᠠᠵᠤ᠂ ᠮᠦᠩᠭᠡ ᠨᠠᠰᠤᠳᠠᠢ ᠮᠦᠩᠭᠦᠨ ᠲᠦᠷᠦᠭᠡ ᠲᠠᠢ ᠶᠠᠪᠤᠭᠠᠷᠠᠢ!》 ᠭᠡᠮᠡᠨ ᠠᠮᠠᠨ ᠢᠷᠦᠭᠡᠯ ᠲᠠᠯᠪᠢᠳᠠᠭ᠃ ᠳᠠᠯᠤ ᠬᠤᠪᠢᠶᠠᠭᠰᠠᠨ ᠬᠦᠮᠦᠨ ᠳᠠᠯᠤ ᠶᠢ ᠰᠠᠢᠬᠠᠨ ᠭᠡᠭᠴᠢ ᠴᠠᠢᠯᠭᠠᠨ ᠮᠦᠯᠵᠢᠭᠰᠡᠨ ᠤ ᠲᠠᠷᠠᠭ᠎ᠠ ᠨᠢᠭᠡ ᠬᠠᠳᠠᠭ ᠨᠢᠭᠡ ᠬᠤᠨᠳᠠᠭ᠎ᠠ ᠠᠷᠢᠬᠢ ᠲᠠᠢ ᠳᠠᠯᠤ ᠶᠢ ᠬᠠᠮᠳᠤ ᠳᠤᠨᠢ ᠪᠠᠷᠢᠵᠤ (ᠠᠷᠢᠬᠢ ᠶᠢ ᠳᠠᠯᠤ ᠲᠡᠭᠡᠷ᠎ᠡ ᠲᠠᠯᠪᠢᠭᠠᠳ) ᠤᠯᠠᠨ ᠤ ᠲᠤᠳᠤᠷ᠎ᠠ ᠠᠴᠠ ᠨᠢᠭᠡ ᠢᠷᠦᠭᠡᠯᠴᠢ ᠬᠦᠮᠦᠨ ᠢ 《ᠳᠠᠯᠤ ᠢᠷᠦᠭᠡᠵᠦ ᠬᠠᠢᠷᠠᠯᠠ!》 ᠭᠡᠵᠦ ᠬᠦᠰᠡᠨ ᠭᠤᠶᠤᠳᠠᠭ᠃ ᠢᠩᠬᠢᠬᠦ ᠳᠤ ᠲᠡᠷᠡ ᠬᠦᠮᠦᠨ ᠬᠠᠳᠠᠭ ᠲᠠᠢ ᠠᠷᠢᠬᠢ ᠪᠠ ᠳᠠᠯᠤ ᠶᠢ ᠲᠤᠰᠴᠤ ᠠᠪᠤᠭᠠᠳ ᠠᠷᠢᠬᠢ ᠶᠢ ᠤᠤᠭᠤᠬᠤ ᠪᠤᠶᠤ ᠠᠮᠰᠠᠭᠠᠳ᠄
《ᠤᠸ᠋ᠮ ᠰᠠᠢᠨ ᠠᠮᠤᠭᠤᠯᠠᠩ ᠪᠤᠯᠳᠤᠭᠠᠢ!
ᠡᠰᠢᠳᠥ ᠲᠡᠭᠷᠢ ᠠᠴᠠ ᠡᠵᠡᠨ ᠲᠠᠢ
ᠡᠵᠡᠨ ᠪᠤᠭᠳᠠ ᠠᠴᠠ ᠵᠠᠷᠯᠢᠭ ᠲᠠᠢ
ᠬᠠᠪᠤᠳᠤ ᠬᠠᠰᠠᠷ ᠰᠥᠪᠡᠬᠡᠳᠡᠢ
ᠬᠤᠶᠠᠷ ᠮᠡᠷᠬᠡᠨ ᠲᠥᠰᠢᠮᠡᠯ ᠤᠨ ᠵᠤᠬᠢᠶᠠᠯ᠄
ᠬᠠᠭᠤᠳᠠᠮ ᠤᠨ ᠮᠢᠬ᠎ᠠ ᠶᠢ ᠲᠠᠨᠢ
ᠬᠤᠷᠠᠭᠰᠨ ᠪᠥᠬᠦᠨ ᠠᠮᠰᠠᠵᠤ
ᠬᠤᠪᠠᠨ ᠴᠠᠭᠠᠨ ᠶᠠᠰᠤ ᠶᠢ ᠲᠠᠨᠢ
ᠬᠤᠶᠠᠷ ᠭᠠᠷ ᠲᠠᠭᠠᠨ ᠰᠢᠨᠵᠢᠨ ᠢᠷᠥᠬᠡᠪᠡᠰᠥ᠄
ᠲᠠᠯᠤᠨ ᠳᠠᠭᠠᠨ ᠪᠠᠢᠬᠤ ᠳᠤ
ᠬᠠᠭᠤᠳᠠᠮ ᠲᠥᠬᠦᠷᠡᠩ ᠮᠢᠬ᠎ᠠ ᠲᠠᠢ
ᠲᠠᠨ ᠳᠠᠭᠠᠨ ᠪᠠᠷᠢᠬᠤ ᠳᠤ
ᠬᠤᠷᠤᠭᠤ ᠵᠤᠵᠠᠭᠠᠨ ᠥᠬᠡᠬᠦ ᠲᠠᠢ
ᠬᠠ ᠳᠠᠭᠠᠨ ᠪᠠᠢᠬᠤ ᠳᠤ
ᠬᠠᠪᠳᠠᠭᠠᠢ ᠵᠥᠬᠡᠯᠡᠨ ᠮᠢᠬ᠎ᠠ ᠲᠠᠢ
ᠲᠠᠨ ᠳᠠᠭᠠᠨ ᠪᠠᠷᠢᠬᠤ ᠳᠤ
ᠠᠯᠠᠭ᠎ᠠ ᠲᠥᠬᠦᠷᠡᠩ ᠥᠬᠡᠬᠦ ᠲᠠᠢ
ᠲᠤᠭᠤᠭ᠎ᠠ ᠲᠠᠯ᠎ᠠ ᠠᠴᠠ ᠨᠢ ᠰᠢᠨᠵᠢᠬᠦ ᠳᠤ
ᠲᠤᠷᠭ᠎ᠠ ᠲᠤᠷᠳᠤᠮ ᠢᠶᠠᠷ ᠪᠠᠶᠠᠨ ᠰᠢᠨᠵᠢ ᠲᠠᠢ
ᠲᠤᠭᠤᠷᠢᠭᠤᠯᠵᠤ ᠡᠷᠬᠢᠬᠦᠯᠵᠤ ᠰᠢᠨᠵᠢᠬᠦ ᠳᠤ
ᠲᠥᠷᠥᠯ ᠰᠠᠳᠤᠨ ᠢᠶᠠᠷ ᠢᠶᠠᠨ ᠵᠢᠷᠭᠠᠵᠤ ᠶᠠᠪᠤᠬᠤ ᠰᠢᠨᠵᠢ ᠲᠠᠢ᠃
ᠬᠠᠮᠠᠷ ᠤᠨ ᠶᠠᠰᠤ ᠶᠢ ᠨᠢ ᠰᠢᠨᠵᠢᠪᠠᠯ
ᠬᠠᠨ ᠠᠭᠤᠯᠠ ᠰᠢᠭ᠋ ᠰᠥᠷᠯᠢᠭ
ᠬᠠᠵᠠᠭᠤ ᠲᠠᠯ᠎ᠠ ᠠᠴᠠ ᠨᠢ ᠰᠢᠨᠵᠢᠪᠠᠯ
ᠬᠠᠳᠤᠨ ᠭᠤᠤᠯ ᠤᠷᠤᠰᠴᠥ ᠪᠠᠢᠬᠤ ᠰᠢᠭ᠋
ᠬᠤᠷᠮᠤᠢ ᠲᠠᠯ᠎ᠠ ᠠᠴᠠ ᠨᠢ ᠰᠢᠨᠵᠢᠬᠦ ᠳᠤ
ᠬᠤᠳᠠ ᠲᠠᠢ ᠮᠠᠯ ᠨᠢ ᠲᠥᠮᠡ ᠬᠥᠷᠥᠮᠤᠢ᠃
ᠬᠠᠪᠳᠠᠭᠠᠢ ᠲᠠᠯ᠎ᠠ ᠠᠴᠠ ᠨᠢ ᠰᠢᠨᠵᠢᠬᠦ ᠳᠤ
ᠬᠠᠭᠠᠨᠳᠤ ᠲᠥᠷᠥ ᠮᠠᠨᠳᠤᠨ ᠬᠥᠭᠵᠢᠮᠤᠢ᠃
ᠡᠯ᠎ᠡ ᠲᠠᠯ᠎ᠠ ᠠᠴᠠ ᠨᠢ ᠥᠵᠡᠬᠦ ᠳᠤ
ᠡᠳ᠋ ᠬᠥᠷᠥᠩᠬᠡ ᠪᠠᠷ ᠪᠠᠶᠠᠵᠢᠮᠤᠢ᠃
ᠢᠷᠮᠡᠭ ᠲᠠᠯ᠎ᠠ ᠠᠴᠠ ᠨᠢ ᠥᠵᠡᠬᠦ ᠳᠤ
ᠡᠵᠡᠨ ᠬᠥᠮᠤᠨ ᠨᠢ ᠵᠠᠭᠤᠨ ᠨᠠᠰᠤᠯᠠᠮᠤᠢ᠃
ᠲᠠᠯᠤ ᠶᠢ ᠲᠠᠭᠠᠳᠬᠠᠭᠰᠠᠨ ᠬᠥᠮᠤᠨ
ᠲᠠᠯ᠎ᠠ ᠠᠴᠠ ᠵᠠᠭᠤᠨ ᠨᠠᠰᠤᠯᠠᠵᠤ
ᠲᠠᠭᠠᠳᠬᠠᠭᠰᠠᠨ ᠬᠥᠰᠡᠯ ᠪᠥᠬᠦᠨ
ᠲᠠᠪᠳᠠᠯ ᠦᠭᠡᠢ ᠪᠡᠶᠡᠯᠡᠭᠳᠡᠮᠤᠢ᠃》
ᠬᠡᠮᠡᠨ ᠢᠷᠥᠬᠡᠵᠤ ᠪᠠᠷᠠᠭᠠᠳ ᠬᠠᠳᠠᠭ ᠢ ᠠᠪᠴᠤ ᠡᠪᠦᠷᠳᠦᠯᠡᠬᠦ ᠪᠤᠶᠤ ᠬᠠᠳᠠᠭ ᠢᠶᠠᠷ ᠳᠠᠯᠤ ᠶᠢ ᠪᠤᠭᠤᠭᠠᠳ ᠤᠨᠢᠨ ᠳᠤ ᠬᠠᠪᠴᠢᠭᠤᠯᠵᠤ ᠲᠠᠯᠪᠢᠳᠠᠭ ᠪᠠᠢᠵᠠᠢ᠃
ᠭᠡᠢᠴᠢᠳ ᠰᠢᠭᠦᠰᠦ ᠶᠢ ᠵᠤᠭᠤᠭᠯᠠᠵᠤ ᠪᠠᠷᠠᠭᠰᠠᠨ ᠤ ᠲᠠᠷᠠᠭ᠎ᠠ᠂ ᠲᠠᠷᠤᠢ ᠱᠦᠯᠦ ᠲᠠᠢ ᠬᠤᠭᠤᠯᠠ ᠤᠷᠤᠭᠤᠯᠬᠤ ᠠᠴᠠ ᠡᠮᠦᠨᠡᠬᠡᠨ ᠭᠡᠢᠴᠢ ᠶᠢᠨ ᠠᠬ᠎ᠠ ᠪᠤᠯᠬᠤ ᠬᠦᠮᠦᠨ ᠠᠴᠠ ᠨᠢᠭᠡ ᠨᠢ ᠪᠤᠰᠴᠤ ᠰᠢᠭᠦᠰᠦ ᠶᠢ ᠵᠠᠰᠠᠵᠤ ᠡᠪᠯᠡᠭᠦᠯᠦᠨ ᠲᠠᠯᠪᠢᠭᠠᠳ ᠲᠠᠪᠠᠭ ᠲᠠᠢ ᠰᠢᠭᠦᠰᠦ ᠶᠢ ᠠᠪᠴᠤ ᠵᠦᠪ ᠭᠤᠷᠪᠠ ᠡᠷᠭᠢᠭᠦᠯᠦᠭᠡᠳ ᠭᠡᠷ ᠤᠨ ᠡᠵᠡᠨ ᠳᠤ ᠭᠠᠷᠳᠠᠭᠤᠯᠤᠨ᠎ᠠ᠃ ᠨᠤᠶᠠᠨ ᠭᠡᠭᠡᠨ ᠰᠠᠭᠠᠳᠠᠭᠰᠠᠨ ᠦᠶ᠎ᠡ ᠳᠤ ᠰᠢᠭᠦᠰᠦ ᠲᠤᠰᠤᠭᠴᠢ ᠲᠠᠪᠠᠭ ᠲᠠᠢ ᠤᠭᠤᠴᠠ ᠠᠪᠤᠭᠠᠳ ᠭᠡᠷ ᠠᠴᠠ ᠤᠬᠤᠷᠢᠨ ᠭᠠᠷᠴᠤ ᠶᠠᠪᠤᠬᠤ ᠶᠤᠰᠤ ᠲᠠᠢ ᠪᠠᠢᠭᠰᠠᠨ᠃ ᠵᠠᠷᠢᠮ ᠭᠡᠷ ᠤᠨ ᠡᠵᠡᠨ ᠪᠤᠶᠤ ᠭᠡᠷ ᠤᠨ ᠪᠤᠰᠤᠳ ᠬᠦᠮᠦᠨ ᠤᠭᠤᠴᠠ ᠶᠢ ᠲᠤᠰᠤᠨ ᠠᠪᠴᠤ ᠭᠠᠯ ᠤᠨ ᠲᠡᠭᠡᠭᠦᠷ ᠪᠠᠰᠠ ᠵᠦᠪ ᠭᠤᠷᠪᠠ ᠡᠷᠭᠢᠭᠦᠯᠦᠭᠡᠳ ᠲᠠᠭ ᠲᠡᠭᠡᠷ᠎ᠡ ᠪᠠᠨ ᠲᠠᠯᠪᠢᠵᠤ ᠴᠤ᠌ ᠪᠠᠢᠳᠠᠭ᠂ ᠡᠭᠦᠨ ᠢ ᠰᠢᠭᠦᠰᠦ ᠲᠡᠪᠰᠢᠭᠦᠯᠬᠦ ᠶᠤᠰᠤ ᠭᠡᠳᠡᠭ᠃
ᠵᠤᠮ᠎ᠠ᠂ ᠪᠦᠬᠦᠯᠢ ᠵᠠᠳᠠᠭᠠᠢ ᠰᠢᠭᠦᠰᠦᠨ ᠠᠴᠠ ᠭᠠᠳᠠᠨ᠎ᠠ ᠳᠠᠯᠤ ᠲᠦᠷᠪᠡᠨ ᠦᠨᠳᠦᠷ ᠪᠠ ᠡᠪᠴᠢᠭᠦᠦ ᠪᠠᠷ ᠠᠬᠠᠯᠠᠭᠤᠯᠤᠭᠰᠠᠨ ᠰᠢᠭᠦᠰᠦ ᠮᠢᠬ᠎ᠠ ᠶᠢ ᠴᠤ᠌ ᠬᠤᠷᠢᠮ ᠨᠠᠢᠷ᠂ ᠵᠢᠯ ᠴᠠᠭ᠎ᠠ᠂ ᠵᠢᠰᠢᠶ᠎ᠡ ᠲᠠᠯᠠᠯᠭ᠎ᠠ᠂ ᠲᠦᠷᠦᠯ ᠰᠠᠳᠤᠨ ᠤ ᠵᠤᠯᠭᠠᠯᠳᠠ ᠵᠡᠷᠭᠡ ᠳᠤ ᠨᠡᠢᠳᠡᠮ ᠬᠡᠷᠡᠭᠯᠡᠵᠦ ᠪᠠᠢᠭᠰᠠᠨ ᠮᠦᠷᠳᠡᠭᠡᠨ ᠨᠡᠯᠢᠶᠡᠳ ᠬᠦᠨᠳᠦᠳᠡᠢ ᠬᠤᠭᠤᠯᠠᠨ ᠳᠤ ᠲᠤᠭᠠᠴᠠᠭᠳᠠᠳᠠᠭ᠃ 《ᠲᠠᠯᠤ》 ᠶᠢ ᠦᠪᠡᠷ ᠤᠨ ᠡᠪᠦᠭᠡ ᠡᠯᠦᠨᠴᠡ᠂ ᠨᠠᠰᠤᠳᠠᠢ ᠡᠪᠦᠭᠡᠳ ᠵᠡᠷᠭᠡ ᠬᠦᠮᠦᠰ ᠢ ᠬᠦᠨᠳᠦᠳᠬᠡᠨ ᠲᠠᠪᠠᠭ ᠮᠢᠬ᠎ᠠ ᠶᠢ ᠨᠢ ᠠᠬᠠᠯᠠᠭᠤᠯᠤᠨ ᠲᠠᠯᠪᠢᠳᠠᠭ᠂ 《ᠡᠪᠴᠢᠭᠦᠦ》 ᠶᠢ ᠭᠤᠤᠯᠳᠠᠭᠤ ᠠᠬᠠᠮᠠᠳ ᠨᠠᠰᠤᠨ ᠤ ᠡᠮᠡᠭᠳᠡᠢ᠂ ᠦᠪᠡᠷ ᠤᠨ ᠰᠠᠳᠤᠨ ᠲᠦᠷᠦᠯ ᠤᠨ ᠬᠡᠦᠬᠡᠨ ᠪᠠᠷᠢᠶᠠᠳ ᠲᠤ ᠮᠦᠨ ᠲᠠᠪᠠᠭ ᠮᠢᠬ᠎ᠠ ᠠᠬᠠᠯᠠᠭᠤᠯᠤᠨ ᠲᠠᠯᠪᠢᠳᠠᠭ᠃ ᠲᠡᠷᠡ ᠨᠢ ᠤᠭᠤᠴᠠ ᠲᠠᠢ ᠮᠦᠷᠦ ᠵᠡᠷᠭᠡᠴᠡᠬᠦ ᠬᠦᠨᠳᠦ ᠶᠢᠨ ᠬᠤᠭᠤᠯᠠ ᠪᠤᠯᠬᠤ ᠶᠤᠮ᠃ ᠵᠢᠱᠢᠶᠡᠯᠡᠵᠦ ᠬᠡᠯᠡᠬᠦ ᠳᠤ ᠨᠢᠭᠡ ᠤᠳᠠᠭᠠᠨ ᠤ ᠨᠠᠢᠷ ᠲᠤ ᠸᠠᠩ ᠨᠤᠶᠠᠨ ᠬᠠᠳᠤᠨ ᠲᠠᠢ ᠪᠠᠨ ᠵᠠᠯᠠᠷᠠᠵᠤ ᠰᠠᠭᠠᠳᠠᠭᠰᠠᠨ ᠪᠤᠯ ᠨᠤᠶᠠᠨ ᠳᠤ ᠤᠭᠤᠴᠠ ᠵᠤᠭᠤᠵᠤ᠂ ᠬᠠᠳᠤᠨ ᠳᠤ ᠲᠤᠰᠬᠠᠢ ᠲᠠᠪᠠᠭ ᠲᠤ ᠡᠪᠴᠢᠭᠦᠦ ᠠᠬ᠎ᠠ ᠲᠠᠢ ᠰᠢᠭᠦᠰᠦ ᠭᠠᠷᠭᠠᠨ ᠬᠦᠨᠳᠦᠯᠡᠨ ᠲᠠᠢᠯᠠᠳᠠᠭ ᠪᠠᠢᠭᠰᠠᠨ ᠪᠦᠭᠡᠳ ᠨᠤᠶᠠᠨ ᠬᠠᠳᠤᠨ ᠰᠠᠭᠠᠳᠠᠭᠰᠠᠨ ᠦᠭᠡᠢ ᠡᠩ ᠤᠨ ᠠᠢᠯ ᠤᠨ ᠬᠤᠷᠢᠮ ᠲᠠᠯᠠᠯᠭ᠎ᠠ ᠳᠤ ᠴᠤ᠌ ᠡᠮᠡᠭᠳᠡᠢᠴᠦᠳ ᠢ ᠭᠡᠷ ᠤᠨ ᠵᠡᠭᠦᠨ ᠲᠠᠯ᠎ᠠ ᠪᠠᠷ ᠭᠤᠤᠯᠴᠠᠭᠤ ᠰᠠᠭᠤᠯᠭᠠᠨ᠂ ᠡᠮᠦᠨ᠎ᠡ ᠨᠢ ᠡᠪᠴᠢᠭᠦᠦ ᠪᠠᠷ ᠠᠬᠠᠯᠠᠭᠤᠯᠤᠭᠰᠠᠨ ᠲᠠᠪᠠᠭ ᠮᠢᠬ᠎ᠠ ᠲᠠᠯᠪᠢᠨ ᠬᠦᠨᠳᠦᠳᠡᠢ ᠪᠠᠷ ᠵᠤᠴᠢᠯᠠᠨ ᠲᠠᠢᠯᠳᠠᠭ ᠪᠠᠢᠭᠰᠠᠨ ᠶᠤᠮ᠃ ᠡᠪᠴᠢᠭᠦᠦ ᠶᠢ ᠪᠤᠰᠤᠳ ᠮᠢᠬ᠎ᠠ ᠲᠠᠢ ᠬᠠᠮᠳᠤ ᠪᠦᠳᠦᠨ ᠢᠶᠠᠷ ᠨᠢ ᠴᠢᠨᠠᠵᠤ ᠡᠪᠴᠢᠭᠦᠨ ᠤ ᠬᠤᠩᠬᠤᠷ ᠲᠠᠯ᠎ᠠ ᠶᠢ ᠲᠡᠭᠡᠭᠰᠢ ᠬᠠᠷᠠᠭᠤᠯᠤᠨ ᠲᠠᠪᠠᠭᠯᠠᠭᠠᠳ ᠭᠡᠷ ᠲᠤ ᠤᠷᠤᠭᠤᠯᠤᠨ ᠭᠤᠤᠯ ᠭᠡᠢᠴᠢ ᠳᠡᠭᠡᠨ ᠬᠠᠨᠳᠤᠭᠤᠯᠤᠨ ᠲᠠᠯᠪᠢᠬᠤ ᠳᠤ ᠲᠡᠷᠡᠬᠦ ᠭᠤᠤᠯ ᠬᠦᠮᠦᠨ ᠨᠢᠭᠡ ᠪᠤᠯ ᠦᠪᠡᠷ ᠢᠶᠠᠨ ᠡᠪᠴᠢᠭᠦᠦ ᠵᠦᠰᠦᠬᠦ ᠶᠤᠰᠤ ᠭᠦᠢᠴᠡᠳᠬᠡᠨ᠂ ᠨᠢᠭᠡ ᠪᠤᠯ ᠦᠪᠡᠷ ᠢᠶᠠᠨ ᠲᠠᠪᠠᠭ ᠲᠤ ᠭᠠᠷ ᠢᠶᠠᠨ ᠬᠦᠷᠭᠡᠭᠡᠳ ᠤᠨᠳᠤᠤ ᠡᠮᠡᠭᠳᠡᠢ ᠳᠤ ᠨᠠᠢᠳᠠᠨ ᠲᠤᠰ ᠦᠢᠯᠡ ᠶᠢ ᠭᠦᠢᠴᠡᠳᠬᠡᠯᠭᠡᠳᠡᠭ᠃ ᠡᠪᠴᠢᠭᠦᠦ ᠵᠦᠰᠦᠬᠦ ᠬᠦᠮᠦᠨ ᠡᠪᠴᠢᠭᠦᠨ ᠤ ᠬᠦᠳᠦᠭᠦᠷ ᠲᠠᠯ᠎ᠠ ᠶᠢ ᠲᠡᠭᠡᠭᠰᠢ ᠬᠠᠷᠠᠭᠤᠯᠤᠨ ᠪᠠᠷᠢᠵᠤ ᠤᠷᠢᠤᠨ ᠢᠶᠠᠷ ᠡᠪᠴᠢᠭᠦᠨ ᠤ ᠬᠠᠨᠴᠢᠷ ᠮᠢᠬ᠎ᠠ ᠶᠢ ᠤᠭᠳᠤᠯᠤᠨ ᠠᠪᠴᠤ ᠲᠠᠪᠠᠭ ᠲᠤ ᠲᠠᠯᠪᠢᠭᠠᠳ᠂ ᠲᠠᠷᠠᠭ᠎ᠠ ᠨᠢ ᠡᠪᠴᠢᠭᠦᠨ ᠤ ᠬᠡᠷᠰᠡᠩ ᠤᠨ ᠬᠡᠰᠡᠭ ᠢ ᠭᠤᠷᠪᠠ ᠬᠤᠪᠢᠶᠠᠨ ᠵᠥᠰᠥᠬᠡᠳ ᠡᠪᠴᠢᠭᠦᠨ ᠤ ᠬᠤᠩᠬᠤᠷ ᠲᠠᠯ᠎ᠠ ᠳᠤ ᠤᠷᠳᠤ ᠪᠠᠷ ᠨᠢ ᠲᠠᠯᠪᠢᠵᠤ ᠲᠡᠭᠡᠷ᠎ᠡ ᠠᠴᠠ ᠨᠢ ᠬᠠᠨᠴᠢᠷ ᠤᠨ ᠮᠢᠬ᠎ᠠ ᠶᠢ ᠵᠦᠷᠢᠭᠦᠯᠦᠨ ᠲᠠᠯᠪᠢᠭᠠᠳ ᠡᠪᠴᠢᠭᠦᠦ ᠵᠦᠰᠦᠬᠦ ᠠᠵᠢᠯ ᠢ ᠲᠠᠭᠤᠰᠬᠠᠨ᠎ᠠ᠃ ᠡᠨᠡ ᠦᠶ᠎ᠡ ᠳᠤ ᠭᠤᠤᠯ ᠭᠡᠢᠴᠢ ᠡᠪᠴᠢᠭᠦᠨ ᠤ ᠮᠢᠬ᠎ᠠ ᠠᠴᠠ ᠠᠪᠴᠤ ᠠᠮᠰᠠᠬᠤ ᠪᠤᠶᠤ ᠢᠳᠡᠬᠦ ᠶᠢᠨ ᠲᠠᠭᠠᠤ ᠪᠤᠰᠤᠳ ᠡᠵᠡᠭᠳᠡᠢ ᠳᠤ ᠴᠤ᠌ ᠬᠤᠪᠢᠶᠠᠨ ᠦᠭᠴᠦ ᠬᠠᠮᠳᠤ ᠪᠠᠷ ᠬᠤᠭᠤᠯᠠᠯᠠᠨ᠎ᠠ᠃ ᠤᠭ ᠲᠠᠭᠠᠨ ᠮᠠᠯ ᠠᠯᠠᠵᠤ ᠲᠦᠭᠦᠭᠡᠷᠡᠬᠦ ᠳᠡᠭᠡᠨ ᠡᠪᠴᠢᠭᠦᠨ ᠤ ᠭᠡᠷᠰᠡᠩ ᠤᠨ ᠭᠡᠰᠡᠭ ᠢ ᠠᠷᠠᠰᠤ ᠲᠠᠢ ᠨᠢ ᠦᠯᠡᠳᠡᠭᠡᠨ ᠠᠪᠴᠤ ᠠᠷᠤ ᠳᠤᠨᠢ ᠨᠤᠤᠰᠤ ᠶᠢ ᠨᠢ ᠬᠠᠢᠴᠢᠯᠠᠨ ᠬᠤᠢᠬᠠᠯᠠᠨ ᠴᠢᠨᠠᠳᠠᠭ ᠲᠠᠳᠬᠠᠯ ᠲᠠᠢ ᠪᠠᠢᠭᠠᠳ ᠬᠤᠷᠢᠳᠤᠭᠠᠷ ᠵᠠᠭᠤᠨ ᠤ ᠨᠠᠶᠠᠭᠠᠳ ᠤᠨ ᠠᠴᠠ ᠬᠤᠢᠰᠢ ᠤᠯᠠᠩᠬᠢ ᠨᠢ ᠠᠷᠠᠰᠤ ᠶᠢ ᠨᠢ ᠬᠠᠭᠤᠯᠵᠤ ᠢᠳᠡᠬᠦ ᠪᠤᠯᠤᠭᠰᠠᠨ᠃
ᠡᠵᠡᠨ᠎ᠡ ᠲᠤᠷᠭᠤᠳ ᠠᠩᠬᠠᠨ ᠳᠠᠭᠠᠨ ᠲᠡᠪᠭᠡᠨ ᠤᠭᠤᠴᠠ ᠭᠡᠭᠴᠢ ᠶᠢ ᠮᠡᠳᠡᠳᠡᠭ ᠦᠭᠡᠢ ᠪᠠᠢᠭᠰᠠᠨ᠂ ᠬᠤᠷᠢᠳᠤᠭᠠᠷ ᠵᠠᠭᠤᠨ ᠤ ᠬᠤᠷᠢ ᠭᠤᠴᠢᠭᠠᠳ ᠤᠨ ᠳᠤ ᠮᠤᠩᠭᠤᠯ ᠤᠯᠤᠰ ᠤᠨ ᠭᠤᠪᠢ ᠨᠤᠳᠤᠭ ᠠᠴᠠ ᠨᠡᠭᠦᠳᠡᠯᠯᠡᠨ ᠢᠷᠡᠭᠰᠡᠨ ᠬᠠᠯᠬ᠎ᠠ ᠨᠠᠷ ᠲᠡᠪᠬᠡᠨ ᠤᠭᠤᠴᠠ ᠲᠠᠯᠪᠢᠳᠠᠭ ᠪᠠᠢᠭᠰᠠᠨ ᠭᠡᠮᠡᠨ ᠨᠤᠳᠤᠭ ᠤᠨ ᠪᠤᠭᠤᠷᠤᠯ ᠤᠳ ᠮᠢᠨᠢ ᠬᠦᠦᠨᠢᠳᠡᠵᠦ ᠪᠠᠢᠭ᠎ᠠ᠃ ᠲᠡᠪᠬᠡᠨ ᠤᠭᠤᠴᠠ ᠭᠡᠵᠦ ᠤᠭᠤᠴᠠᠨ ᠤ ᠰᠦᠪᠡᠭᠡ ᠶᠢᠨ ᠭᠤᠷᠪᠠᠨ ᠬᠠᠪᠢᠰᠤ ᠶᠢᠨ ᠬᠡᠰᠡᠭ ᠢ ᠡᠪᠳᠡᠨ ᠰᠠᠯᠭᠠᠵᠤ ᠠᠪᠤᠭᠠᠳ ᠦᠯᠡᠳᠡᠭᠰᠡᠨ ᠬᠡᠰᠡᠭ ᠢ ᠰᠡᠭᠦᠯ ᠲᠠᠢ ᠨᠢ ᠲᠠᠯᠪᠢᠬᠤ ᠶᠢ ᠬᠡᠯᠡᠳᠡᠭ ᠪᠠᠢᠵᠠᠢ᠃ ᠡᠭᠦᠨ ᠢᠶᠠᠨ ᠪᠠᠰᠠ ᠬᠠᠭᠠᠰ ᠤᠭᠤᠴᠠ᠂ ᠲᠠᠯ᠎ᠠ ᠤᠭᠤᠴᠠ᠂ ᠰᠦᠭᠡᠮ ᠤᠭᠤᠴᠠ ᠭᠡᠳᠡᠭ ᠪᠠᠢᠵᠠᠢ᠃ ᠡᠢᠮᠦᠷᠬᠦ ᠤᠭᠤᠴᠠ ᠶᠢ 1958 ᠤᠨ ᠪᠤᠯᠳᠠᠯ᠎ᠠ ᠨᠠᠢᠷ ᠨᠠᠭᠠᠳᠤᠮ ᠳᠤ ᠲᠡᠮᠡᠢ ᠬᠡᠷᠡᠭᠯᠡᠵᠦ ᠦᠭᠡᠢ ᠪᠠᠢᠭᠠᠳ ᠲᠡᠭᠡᠳᠦ ᠵᠠᠭᠤᠨ ᠤ ᠨᠠᠶᠠᠭᠠᠳ ᠤᠨ ᠠᠴᠠ ᠬᠠᠶᠠ ᠵᠠᠷᠢᠮ ᠠᠢᠯ ᠨᠠᠮᠤᠷ ᠤᠨ ᠲᠠᠯᠠᠯᠭ᠎ᠠ (ᠵᠢᠰᠢᠶ᠎ᠡ)᠂ ᠬᠡᠦᠬᠡᠳ ᠤᠨ ᠲᠠᠭᠠᠬᠢ ᠵᠡᠷᠭᠡ ᠳᠤ ᠲᠠᠯᠪᠢᠳᠠᠭ ᠪᠤᠯᠤᠭᠰᠠᠨ ᠭᠡᠰᠡᠨ ᠮᠡᠳᠡᠭᠡ ᠪᠤᠢ᠃
ᠰᠢᠷᠠᠭᠰᠠᠨ ᠪᠦᠬᠦᠯᠢ ᠬᠤᠨᠢ᠄ ᠪᠦᠬᠦᠯᠢ ᠰᠢᠷᠠᠭᠰᠠᠨ ᠬᠤᠨᠢ ᠶᠢ ᠴᠢᠯᠦᠭᠡᠯᠡᠬᠦ ᠠᠴᠠ ᠡᠮᠦᠨ᠎ᠡ ᠡᠵᠡᠨ᠎ᠡ ᠳᠤ ᠶᠡᠷᠦ ᠲᠠᠯᠪᠢᠵᠤ ᠦᠭᠡᠢ ᠪᠠᠢᠭᠰᠠᠨ ᠭᠡᠳᠡᠭ ᠪᠦᠭᠡᠳ ᠯᠾᠠᠸᠠᠩᠵᠠᠪ ᠨᠤᠶᠠᠨ ᠲᠡᠭᠡᠳᠦ ᠵᠠᠭᠤᠨ ᠤ ᠲᠠᠪᠢᠭᠠᠳ ᠤᠨ ᠳᠤ ᠵᠠᠷᠯᠢᠭ ᠪᠠᠭᠤᠯᠭᠠᠨ ᠲᠡᠭᠦᠨ ᠤ ᠲᠤᠭᠤᠭᠠᠴᠢ ᠪᠤᠯᠵᠤ ᠪᠠᠢᠭᠰᠠᠨ ᠵᠤᠳᠪᠠ ᠭᠡᠳᠡᠭ ᠬᠦᠮᠦᠨ ᠢ ᠠᠯᠠᠱᠠ ᠬᠤᠱᠤᠳ ᠲᠤ ᠲᠤᠮᠢᠯᠠᠨ ᠲᠠᠯᠠᠵᠠᠶᠠᠭᠠ ᠨᠤᠶᠠᠨ ᠤ ᠭᠠᠯᠴᠢ ᠳᠤ ᠱᠠᠪᠢ ᠤᠷᠤᠭᠤᠯᠤᠨ ᠰᠢᠷᠠᠭᠰᠠᠨ ᠬᠤᠨᠢ ᠲᠠᠯᠪᠢᠬᠤ ᠮᠡᠷᠭᠡᠵᠢᠯ ᠰᠤᠷᠭᠠᠭᠰᠠᠨ ᠭᠡᠳᠡᠭ᠃ ᠵᠢᠷᠠ ᠲᠠᠯᠠᠭᠠᠳᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠳᠤᠷᠢᠳᠤᠯᠭ᠎ᠠ ᠠᠵᠢᠯ ᠪᠠᠢᠴᠠᠭᠠᠨ ᠡᠵᠡᠨ᠎ᠡ ᠬᠤᠰᠢᠭᠤᠨ ᠳᠤ ᠢᠷᠡᠭᠰᠡᠨ ᠳᠤ ᠡᠪᠦᠭᠡᠨ ᠵᠤᠳᠪᠠ ᠶᠢ ᠵᠠᠯᠠᠵᠤ ᠪᠦᠬᠦᠯᠢ ᠬᠤᠨᠢ ᠰᠢᠷᠠᠭᠤᠯᠵᠤ ᠲᠠᠯᠪᠢᠭᠰᠠᠨ ᠭᠡᠵᠦ ᠪᠠᠢᠭ᠎ᠠ᠃ ᠰᠢᠷᠠᠭᠰᠠᠨ ᠬᠤᠨᠢ ᠳᠤ ᠭᠤᠤᠯ ᠭᠡᠢᠴᠢ ᠭᠠᠷ ᠬᠦᠷᠴᠦ ᠶᠤᠰᠤ ᠬᠢᠬᠦ ᠳᠡᠭᠡᠨ ᠤᠷᠢᠳ ᠢᠶᠠᠷ ᠮᠠᠩᠨᠠᠢ ᠲᠡᠭᠡᠷ᠎ᠡ ᠨᠢ ᠬᠢᠳᠤᠭ᠎ᠠ ᠪᠠᠷ ᠰᠠᠷᠠᠭᠠᠯᠵᠢᠨ ᠲᠡᠮᠳᠡᠭ ᠭᠠᠷᠭᠠᠨ᠂ ᠲᠠᠷᠠᠭ᠎ᠠ ᠨᠢ ᠤᠭᠤᠴᠠᠨ ᠤ ᠬᠤᠶᠠᠷ ᠲᠠᠯ᠎ᠠ ᠪᠠᠷ ᠲᠤᠰ ᠪᠦᠷᠢ ᠨᠢᠭᠡ ᠲᠦᠭᠡ ᠭᠠᠷᠤᠢ ᠵᠢᠷᠤᠵᠤ ᠦᠭᠬᠦ ᠶᠤᠰᠤ ᠲᠠᠢ᠃
ᠡᠳᠦᠭᠡ ᠪᠤᠯᠬᠤ ᠳᠤ ᠵᠤᠮ᠎ᠠ ᠬᠤᠨᠢ ᠶᠢ ᠰᠦᠮ᠎ᠡ ᠬᠡᠢᠳ ᠲᠤ ᠴᠤ᠌ ᠭᠡᠰᠡᠨ ᠲᠠᠯᠪᠢᠬᠤ ᠪᠠᠨ ᠪᠤᠯᠢᠭᠰᠠᠨ᠂ ᠪᠦᠬᠦᠯᠢ ᠰᠢᠷᠠᠭᠰᠠᠨ ᠬᠤᠨᠢ ᠶᠢ ᠨᠠᠮ ᠵᠠᠰᠠᠭ ᠤᠨ ᠲᠠᠢᠯᠠᠯᠭᠠ ᠳᠤ ᠶᠡᠬᠡᠳᠡ ᠬᠡᠷᠡᠭᠯᠡᠵᠦ᠂ ᠵᠠᠳᠠᠭᠠᠢ ᠰᠢᠭᠦᠰᠦ — ᠤᠭᠤᠴᠠ ᠬᠢᠭᠡᠳ 《ᠳᠠᠯᠤ》᠂ 《ᠡᠪᠴᠢᠭᠦᠦ》 ᠪᠠᠷ ᠠᠬᠠᠯᠠᠭᠤᠯᠤᠭᠰᠠᠨ ᠰᠢᠭᠦᠰᠦ ᠶᠢ ᠬᠤᠰᠢᠭᠤ ᠲᠡᠰ ᠤᠨ ᠵᠤᠴᠢᠯᠠᠭ᠎ᠠ ᠠᠴᠠ ᠭᠠᠳᠠᠨ᠎ᠠ ᠰᠦᠮ᠎ᠡ ᠬᠡᠢᠳ᠂ ᠠᠯᠪᠠᠨ ᠪᠠᠢᠭᠤᠯᠭ᠎ᠠ᠂ ᠬᠤᠪᠢ ᠠᠢᠯ ᠤᠨ ᠴᠠᠢ ᠲᠠᠢᠯᠠᠯᠭᠠ ᠳᠤ ᠴᠤ᠌ ᠦᠷᠭᠡᠨ ᠢᠶᠠᠷ ᠬᠡᠷᠡᠭᠯᠡᠵᠦ ᠪᠠᠢᠭ᠎ᠠ᠃ ᠬᠡᠭᠦ ᠳᠡᠭᠡᠨ ᠰᠢᠷᠠᠭᠰᠠᠨ ᠬᠤᠨᠢ ᠪᠠ ᠰᠢᠭᠦᠰᠦ ᠵᠦᠰᠦᠬᠦ ᠤᠯᠠᠮᠵᠢᠯᠠᠯᠳᠤ ᠰᠠᠢᠬᠠᠨ ᠶᠤᠰᠤ ᠶᠢ ᠬᠦᠨᠳᠦᠳᠦ ᠤᠳᠤᠷᠢᠳᠤᠯᠭ᠎ᠠ᠂ ᠭᠡᠢᠴᠢ ᠳᠡᠭᠡᠨ ᠵᠦᠪ ᠲᠠᠭᠠᠭᠤᠯᠤᠨ ᠶᠤᠰᠤ ᠭᠦᠢᠴᠡᠳᠬᠡᠬᠦ ᠲᠠᠯ᠎ᠠ ᠪᠠᠷ ᠲᠤᠩ ᠬᠥᠷᠥᠯᠴᠡᠬᠦ ᠦᠭᠡᠢ᠂ ᠬᠢᠳᠤᠭ᠎ᠠ ᠪᠠᠷᠢᠭᠤᠯᠤᠨ ᠬᠠᠮᠢᠭ᠎ᠠ ᠠᠴᠠ ᠴᠤ᠌ ᠬᠠᠮᠢᠶ᠎ᠠ ᠦᠭᠡᠢ ᠬᠦᠳᠡᠯᠭᠡᠵᠦ ᠬᠦᠨᠳᠡᠭᠦᠯᠵᠦ ᠪᠤᠢ᠃ ᠡᠭᠦᠨ ᠤ ᠤᠯᠠᠮ ᠠᠴᠠ ᠨᠢᠭᠡ ᠲᠠᠯ᠎ᠠ ᠪᠠᠷ ᠮᠤᠷᠢᠯᠠᠵᠤ ᠰᠠᠭᠠᠳᠠᠭᠰᠠᠨ ᠭᠡᠢᠴᠢᠳᠵᠤᠴᠢᠳ ᠲᠠᠭᠠᠨ ᠥᠨᠳᠥᠰᠥᠳᠡᠨ ᠤᠭᠰᠠᠭᠠᠳᠠᠨ ᠤ ᠪᠠᠨ ᠶᠡᠭᠡ ᠲᠠᠢᠯᠠᠯᠭᠠ ᠶᠢᠨ ᠵᠢᠩᠬᠢᠨᠢ ᠶᠤᠰᠤ ᠶᠠᠪᠤᠳᠠᠯ ᠢ ᠮᠡᠳᠡᠬᠦᠯᠬᠦ ᠵᠤᠷᠢᠯᠭ᠎ᠠ ᠳᠠᠭᠠᠨ ᠬᠦᠷᠴᠦ ᠡᠰᠡ ᠴᠢᠳᠠᠨ᠂ ᠨᠦᠭᠦᠭᠡ ᠲᠠᠯ᠎ᠠ ᠪᠠᠷ ᠬᠦᠨᠳᠦᠳᠦ ᠲᠠᠢᠯᠠᠯᠭᠠ ᠶᠢᠨ ᠡᠷᠬᠢᠮ ᠶᠤᠰᠤ ᠶᠢ ᠴᠢᠨᠠᠭᠰᠢᠳᠠ ᠦᠪᠯᠡᠨ ᠵᠠᠯᠭᠠᠮᠵᠢᠯᠠᠵᠤ ᠰᠤᠳᠤᠯᠤᠨ ᠰᠢᠨᠵᠢᠯᠡᠬᠦ ᠳᠤ ᠪᠤᠳᠤᠯᠢᠶᠠᠨ ᠲᠠᠢ ᠵᠦᠢᠯᠡᠰ ᠢ ᠠᠪᠴᠢᠷᠠᠵᠤ ᠪᠤᠢ᠃ ᠮᠤᠩᠭᠤᠯᠴᠤᠳ ᠪᠤᠯ ᠮᠠᠯ ᠤᠨ ᠪᠦᠬᠦᠯᠢ ᠶᠠᠰᠤ ᠶᠢ ᠦᠶᠡᠴᠢᠯᠡᠨ ᠰᠠᠯᠭᠠᠳᠠᠭ ᠤᠨᠴᠨᠭᠠᠢ ᠵᠠᠩᠰᠢᠯ ᠤᠨ ᠤᠯᠠᠮᠵᠢᠯᠠᠯ ᠲᠠᠢ ᠪᠢᠯᠡ᠃ ᠭᠡᠳᠡᠯ᠎ᠡ ᠤᠳᠤ ᠪᠤᠯᠬᠤ ᠳᠤ ᠵᠠᠯᠠᠭᠤᠴᠤᠳ ᠨᠢ ᠦᠶᠡᠴᠢᠯᠡᠬᠦ ᠶᠢ ᠴᠢᠳᠠᠬᠤ ᠦᠭᠡᠢ ᠪᠤᠶᠤ ᠰᠤᠷᠬᠤ ᠴᠤ᠌ ᠦᠭᠡᠢ ᠪᠤᠯᠵᠤ ᠬᠦᠮᠦᠨ ᠬᠦᠯᠦᠰᠦᠯᠡᠵᠦ ᠮᠠᠯ ᠭᠠᠷᠭᠠᠭᠤᠯᠳᠠᠭ ᠴᠤ᠌ ᠪᠤᠯᠤᠯ᠎ᠠ᠂ ᠴᠢᠨᠠᠭᠰᠢᠯᠠᠨ ᠮᠢᠬᠠᠨ ᠤ ᠮᠠᠢᠮᠠᠢᠴᠤᠳ ᠮᠠᠯ ᠠᠯᠠᠬᠤ᠂ ᠮᠦᠴᠢᠯᠡᠬᠦ ᠲᠠᠯ᠎ᠠ ᠪᠠᠷ ᠤᠯᠠᠮᠵᠢᠯᠠᠯᠳᠤ ᠵᠠᠩᠰᠢᠯ ᠢ ᠦᠯᠦ ᠬᠠᠢᠬᠤᠷᠤᠨ᠂ ᠬᠤᠭᠤᠯᠠᠢ ᠶᠢ ᠨᠢ ᠭᠡᠷᠴᠢᠨ᠂ ᠠᠮᠢᠨ ᠴᠢᠰᠤ ᠶᠢ ᠨᠢ ᠲᠠᠯᠪᠢᠨ᠂ ᠶᠠᠰᠤ ᠶᠢ ᠨᠢ ᠴᠠᠪᠴᠢᠨ᠂ ᠮᠢᠬᠠᠨ ᠳᠤᠨᠢ ᠭᠡᠢ ᠴᠤᠬᠢᠨ ᠬᠤᠳᠠᠯᠳᠤᠵᠤ ᠪᠤᠢ᠃ ᠵᠤᠴᠢᠯᠠᠭ᠎ᠠ ᠲᠠᠢᠯᠠᠯᠭᠠ ᠳᠤ ᠭᠠᠷᠭᠠᠵᠤ ᠪᠤᠯᠬᠤ᠂ ᠦᠯᠦ ᠪᠤᠯᠬᠤ ᠮᠢᠬ᠎ᠠ ᠶᠢ ᠡᠰᠡ ᠬᠠᠮᠢᠶᠠᠷᠤᠨ ᠲᠠᠪᠠᠭᠯᠠᠨ ᠲᠠᠯᠪᠢᠬᠤ᠂ ᠮᠢᠬ᠎ᠠ ᠰᠡᠭᠯᠡᠵᠦ ᠢᠳᠡᠬᠦ᠂ ᠲᠤᠳᠠᠭᠤ ᠮᠦᠯᠵᠢᠬᠦ ᠵᠡᠷᠭᠡ ᠡᠮᠬᠢ ᠵᠠᠮᠪᠠᠷᠠᠭ᠎ᠠ ᠪᠠᠨ ᠠᠯᠳᠠᠭᠰᠠᠨ ᠦᠵᠡᠭᠳᠡᠯ ᠤᠳ ᠵᠦᠩᠳᠡᠭᠡᠨ ᠬᠠᠷᠠᠭᠳᠠᠵᠤ ᠪᠠᠢᠭ᠎ᠠ᠃ ᠡᠳᠡᠭᠡᠷ ᠢ ᠲᠠᠷᠤᠢ ᠲᠦᠷᠭᠡᠨ ᠵᠠᠰᠠᠨ ᠵᠠᠯᠠᠷᠠᠭᠤᠯᠵᠤ ᠲᠦᠷᠢᠮᠵᠢᠭᠦᠯᠦᠨ ᠵᠢᠷᠤᠮᠵᠢᠭᠤᠯᠬᠤ ᠠᠵᠢᠯ ᠤᠳᠤᠬᠠᠨ ᠳᠤ ᠲᠤᠯᠭᠠᠮ᠎ᠠ ᠱᠠᠭᠠᠷᠳᠠᠭᠳᠠᠵᠤ ᠪᠠᠢᠭ᠎ᠠ ᠶᠤᠮ᠃ ᠲᠤᠬᠠᠢᠯᠠᠪᠠᠯ᠂ ᠮᠤᠩᠭᠤᠯ ᠶᠤᠰᠤ ᠵᠠᠩᠰᠢᠯ ᠤᠨ ᠮᠡᠳᠡᠯᠭᠡ ᠤᠬᠠᠭᠠᠨ ᠤ ᠬᠦᠮᠦᠵᠢᠯ ᠬᠢᠵᠦ᠂ ᠥᠵᠡᠬᠦᠯᠥᠯᠬᠡ ᠤᠷᠤᠯᠳᠤᠭᠠᠨ ᠬᠢᠬᠦ᠂ ᠱᠠᠩᠨᠠᠬᠤ ᠵᠡᠷᠭᠡ ᠠᠷᠭ᠎ᠠ ᠬᠡᠮᠵᠢᠶ᠎ᠡ ᠠᠪᠴᠤ ᠪᠤᠯᠤᠨ᠎ᠠ᠃
ᠡᠬᠢ ᠰᠤᠷᠪᠤᠯᠵᠢ᠄ ᠣᠷᠳᠣᠰ ᠬᠣᠲᠠ ᠶᠢᠨ ᠡᠵᠡᠨ᠎ᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ
