ᠨᠠᠶᠠ᠂ ᠬᠢᠲᠠᠳ ᠡᠪᠡᠳᠴᠢᠨ ᠨᠢᠳᠦ
ᠰᠢᠷᠠᠯᠠᠬᠤ ᠶ᠋ᠢ ᠵᠠᠰᠠᠬᠤ
ᠬᠢᠲᠠᠳ ᠡᠪᠡᠳᠴᠢᠨ ᠦ᠌ ᠨᠢᠳᠦ ᠰᠢᠷᠠᠯᠠᠬᠤ᠂ ᠭᠤᠷᠮᠤᠰᠤᠨ ᠬᠠᠷ᠎ᠠ
ᠡᠪᠡᠳᠴᠢᠨ ᠪᠣᠯ ᠬᠦᠴᠦ ᠶᠡᠬᠡ᠂ ᠨᠢᠶᠠᠨ ᠬᠠᠯᠠᠭᠤᠨ ᠬᠠᠮᠢᠭ᠎ᠠ ᠪᠠᠶ᠋ᠢᠬᠤ ᠮᠠᠭᠠᠳ ᠦᠭᠡᠢ ᠪᠣᠯᠪᠠᠴᠤ᠂ ᠰᠢᠷ᠎ᠠ ᠶ᠋ᠢᠨ
ᠬᠠᠯᠠᠭᠤᠨ ᠮᠥᠨ ᠲᠤᠯᠠ ᠮᠢᠬ᠎ᠠ᠂ ᠠᠷᠠᠰᠤ ᠰᠢᠷᠠᠯᠠᠬᠤ᠂ ᠰᠢᠭᠡᠰᠦᠨ ᠥᠩᠭᠡ ᠬᠠᠷ᠎ᠠ ᠲᠣᠰᠣ ᠯᠤᠭ᠎ᠠ ᠠᠳᠠᠯᠢ ᠪᠣᠯᠳᠠᠭ᠃
ᠰᠠᠭᠤᠯᠭᠠᠬᠤ᠂ ᠪᠥᠭᠡᠯᠵᠢᠬᠦ᠂ ᠬᠠᠳᠬᠤᠯᠠᠬᠤᠢ ᠳ᠋ᠤᠷ ᠶᠡᠷᠦ ᠶ᠋ᠢᠨ ᠡᠮ ᠳ᠋ᠣᠮᠷᡁᠢ᠂ ᠪᠠᠷᠠᠭᠱᠦᠢ᠍ᠨ᠂ ᠫᠠᠭᠷᠢᠯ᠂
ᠪᠣᠩᠭᠠᠷ᠂ ᠭᠠᠪᠠᠯᠠ᠂ ᠬᠤᠩᠯᠸᠨ ᠂ ᠶᠦᠩᠸ᠋᠎ᠠ ᠂ ᠳ᠋ᠢᠭᠳᠡ ᠂ ᠪᠠᠱᠠᠭ᠎ᠠ ᠂ ᠽᠢᠮᠪᠠ ᠂ ᠬᠥᠬᠥᠯ᠂ ᠠᠷᠤᠷ᠎ᠠ᠂ ᠰᠸᠪᠦᠢ᠍ᠷᠦ᠂
ᠮᠠᠨᠴᠢᠨ᠂ ᠵᠤᠭᠠᠩ᠂ ᠭᠦᠷᠭᠦᠮ᠂ ᠠᠷᠨᠠᠭ᠂ ᠭᠢᠸᠠᠩ᠂ ᠯᠠᠷᠽᠢ ᠲᠡᠷᠢᠭᠦᠲᠡᠨ ᠡᠴᠡ ᠫᠠᠭᠷᠢᠯ ᠊ᠢ ᠡᠷᠬᠢᠯᠡᠨ ᠪᠤᠰᠤᠳ
᠊ᠢ ᠬᠤᠪᠢ ᠲᠠᠭᠰᠢ ᠠᠷᠪᠠ ᠶᠢᠰᠦ ᠪᠡᠷ ᠭᠤᠷᠮᠤᠰᠤᠨ ᠬᠠᠷ᠎ᠠ ᠬᠢᠵᠢᠭ᠂ ᠨᠢᠳᠦ ᠰᠢᠷᠠᠯᠠᠬᠤ᠂ ᠴᠢᠰᠤ ᠰᠢᠷ᠎ᠠ ᠶ᠋ᠢᠨ
ᠡᠪᠡᠳᠴᠢᠨ ᠳ᠋ᠦ᠍ ᠰᠢᠭᠡᠰᠦ ᠪᠤᠶᠤ ᠤᠰᠤ ᠲᠡᠷᠢᠭᠦᠲᠡᠨ ᠊ᠢ ᠤᠬᠠᠭᠠᠨ ᠢ᠋ᠶ᠋ᠠᠷ ᠤᠴᠠᠷᠠᠭᠤᠯ᠃
ᠨᠠᠶᠠᠨ ᠨᠢᠭᠡ᠂ ᠠᠷᠭᠠᠴᠠᠭᠠᠯ
ᠦᠭᠡᠢ ᠨᠢᠶᠠᠨ ᠡᠪᠡᠳᠴᠢᠨ ᠊ᠢ ᠵᠠᠰᠠᠬᠤ
ᠨᠢᠶᠠᠨ ᠡᠪᠡᠳᠴᠢᠨ ᠠᠷᠭ᠎ᠠ ᠦᠭᠡᠢ ᠬᠡᠮᠡᠬᠦ ᠢᠨᠤ ᠪᠥᠭᠡᠷᠡᠨ ᠰᠤᠳᠠᠰᠤ
ᠬᠠᠳᠬᠤᠯᠠᠬᠤ᠂ ᠭᠠᠳᠠᠭᠰᠢ ᠳᠣᠪᠣᠶ᠋ᠢᠵᠤ ᠬᠠᠪᠤᠳᠬᠤ ᠪᠠᠶ᠋ᠢᠲᠠᠭ᠂ ᠡᠭᠦᠨ ᠊ᠢ ᠵᠠᠰᠠᠬᠤ ᠳ᠋ᠤ᠌ ᠭᠠᠷᠤᠳᠢ —5 ᠤ᠋
ᠳᠡᠭᠡᠷ᠎ᠡ ᠬᠠᠷ᠎ᠠ ᠬᠥᠬᠥᠯ ᠊ᠢ ᠨᠡᠮᠡᠵᠦ ᠥᠭ᠃ ᠡᠰᠡ ᠴᠢᠳᠠᠪᠠᠰᠤ ᠲᠤᠭᠤᠯᠭ᠎ᠠ ᠪᠠᠷ ᠠᠷᠢᠯᠭ᠎ᠠ᠃
ᠨᠠᠶᠠᠨ ᠬᠣᠶᠠᠷ᠂ ᠮᠤᠬᠤᠷ ᠮᠣᠭᠲᠤᠰ
᠊ᠢ ᠵᠠᠰᠠᠬᠤ
ᠮᠤᠬᠤᠷ ᠮᠣᠭᠲᠤᠰ ᠬᠡᠮᠡᠬᠦ ᠶᠠᠷ᠎ᠠ ᠠᠨᠤ ᠲᠣᠯᠣᠭᠠᠢ᠂ ᠰᠢᠯᠢ ᠶ᠋ᠢᠨ
ᠬᠦᠵᠦᠭᠦᠦ᠂ ᠬᠣᠭᠣᠯᠠᠢ ᠲᠡᠷᠢᠭᠦᠲᠡᠨ ᠳ᠋ᠦ᠍ ᠥᠨᠳᠡᠭᠡ ᠠᠳᠠᠯᠢ ᠬᠠᠪᠤᠳᠴᠤ ᠭᠠᠷᠤᠭᠠᠳ ᠶᠡᠬᠡᠳᠡ ᠬᠠᠳᠬᠤᠯᠠᠮᠤᠢ᠃
ᠡᠭᠦᠨ ᠊ᠢ ᠵᠠᠰᠠᠬᠤ ᠳ᠋ᠤ᠌ ᠭᠠᠷᠤᠳᠢ —5 ᠤ᠋ ᠳᠡᠭᠡᠷ᠎ᠡ ᠬᠠᠷ᠎ᠠ ᠬᠥᠬᠥᠯ ᠨᠡᠮᠡᠵᠦ ᠣᠯᠠᠨᠲᠠ ᠥᠭᠪᠡᠰᠦ ᠮᠠᠭᠠᠳ
ᠡᠳᠡᠭᠡᠷᠡᠮᠦᠢ᠃
ᠨᠠᠶᠠᠨ ᠭᠤᠷᠪᠠ᠂ ᠴᠢᠬᠢᠨ ᠰᠤᠳᠠᠰᠤ
ᠦᠯᠢᠶᠡᠭᠲᠡᠬᠦ ᠬᠡᠮᠡᠬᠦ ᠡᠪᠡᠳᠴᠢᠨ ᠊ᠢ ᠵᠠᠰᠠᠬᠤ
ᠴᠢᠬᠢᠨ ᠰᠤᠳᠠᠰᠤ ᠦᠯᠢᠶᠡᠭᠲᠡᠬᠦ ᠬᠡᠮᠡᠬᠦ ᠴᠢᠬᠢᠨ ᠨᠦᠬᠡ ᠬᠠᠳᠬᠤᠯᠠᠬᠤ ᠳ᠋ᠤ᠌
ᠰᠦᠷᠴᠢᠬᠦ ᠡᠮ᠄ ᠴᠦᠷᠽᠠ᠂ ᠪᠠᠷᠠᠭᠱᠦᠢ᠍ᠨ᠂ ᠬᠤᠩᠯᠸᠨ᠂ ᠳ᠋ᠠᠭᠱᠠ ᠶ᠋ᠢ ᠰᠢᠭᠡᠰᠦᠨ ᠳ᠋ᠦ᠍ ᠵᠢᠭᠤᠷᠠᠵᠤ ᠰᠥᠷᠴᠢ ᠃
ᠤᠤᠭᠤᠬᠤ ᠡᠮ᠄ ᠭᠠᠷᠤᠳᠢ —5᠂ ᠪᠠᠩᠽᠢ —12 ᠢ᠋ ᠰᠣᠯᠢᠯᠴᠠᠭᠤᠯᠤᠨ ᠥᠭ ᠃
ᠨᠠᠶᠠᠨ ᠳᠥᠷᠪᠡ᠂ ᠨᠢᠶᠠᠨ ᠬᠢᠵᠢᠭ
ᠲᠠᠩᠭᠠᠷᠢᠭ ᠤ᠋ᠨ ᠡᠪᠡᠷ ( ᠳ᠋ᠠᠮᠷᠤᠤ ) ᠊ᠢ ᠵᠠᠰᠠᠬᠤ
ᠨᠢᠶᠠᠨ ᠬᠢᠵᠢᠭ ( ᠲᠠᠩᠭᠠᠷᠢᠭ ᠬᠢᠮᠤᠷᠠᠬᠤ ) ᠬᠡᠮᠡᠬᠦ ᠣᠯᠠᠨ
ᠭᠦᠪᠳᠦᠷᠦᠦ ᠭᠠᠷᠤᠭᠰᠠᠨ ᠡᠪᠡᠳᠴᠢᠨ ᠳ᠋ᠦ᠍ ᠠᠯᠢ ᠬᠠᠳᠬᠤᠯᠠᠭᠰᠠᠨ ᠭᠦᠪᠳᠦᠷᠦᠦ ᠳᠡᠭᠡᠷ᠎ᠡ ᠨᠢ ᠭᠠᠯ ᠬᠤᠮᠬ᠎ᠠ ᠳᠡᠯᠪᠢ
᠃ ᠰᠢᠷ᠎ᠠ ᠤᠰᠤ ᠶ᠋ᠢ ᠣᠯᠠᠨᠲᠠ ᠭᠠᠷᠭᠠᠪᠠᠰᠤ ᠬᠠᠳᠬᠤᠯᠠᠭ᠎ᠠ ᠠᠷᠢᠯᠤᠮᠤᠢ᠃ ᠤᠤᠭᠤᠬᠤ ᠡᠮ ᠢᠨᠤ ᠄ ᠠᠷᠨᠠᠭ᠂ ᠪᠣᠩᠨᠠᠭ᠂
ᠵᠤᠭᠠᠩ᠂ ᠽᠠᠳᠢ᠂ ᠯᠢᠰᠢ᠂ ᠭᠤᠨᠢᠶᠣᠳ᠂ ᠰᠦᠭᠮᠸᠯ ᠊ᠢ ᠨᠠᠶ᠋ᠢᠷᠠᠭᠤᠯᠵᠤ ᠠᠷᠢᠬᠢ ᠪᠠᠷ ᠳᠠᠷᠤᠭᠤᠯ᠃
ᠨᠠᠶᠠᠨ ᠲᠠᠪᠤ᠂ ᠨᠢᠶᠠᠨ ᠬᠤᠯᠠᠭᠠᠢ
ᠬᠡᠮᠡᠬᠦ ᠡᠪᠡᠳᠴᠢᠨ ᠊ᠢ ᠵᠠᠰᠠᠬᠤ
ᠨᠢᠶᠠᠨ ᠬᠤᠯᠠᠭᠠᠢ ᠡᠪᠡᠳᠴᠢᠨ ᠪᠣᠯ ᠰᠢᠷ᠎ᠠ ᠤᠰᠤᠨ ᠰᠦᠪᠡ ᠪᠦᠬᠦᠨ ᠳ᠋ᠦ᠍
ᠬᠢᠴᠢ ᠶ᠋ᠢᠨ ᠦᠷ᠎ᠡ ᠮᠡᠲᠦ ᠤᠯᠠᠭᠠᠨ ᠲᠣᠯᠪᠣ ᠲᠦᠭᠡᠮᠡᠯ ᠰᠠᠴᠤᠭᠰᠠᠨ ᠮᠡᠲᠦ ᠲᠦᠭᠡᠵᠦ᠂ ᠰᠡᠷᠢᠭᠦᠨ ᠢ᠋ᠶ᠋ᠡᠷ ᠵᠠᠰᠠᠪᠠᠰᠤ
ᠬᠠᠷᠰᠢᠯᠠᠵᠤ᠂ ᠴᠢᠯᠥᠭᠡ ᠦᠭᠡᠢ ᠦᠬᠦᠬᠦ ᠨᠢ ᠣᠯᠠᠨ᠃ ᠲᠡᠭᠦᠨ ᠳ᠋ᠦ᠍ ᠡᠷᠳᠡᠨᠢ —7 ᠳᠠᠩ ᠊ᠢ ᠬᠠᠯᠠᠭᠤᠨ ᠢ᠋ᠶ᠋ᠠᠷ
ᠳᠠᠬᠢᠨ ᠳᠠᠬᠢᠨ ᠥᠭᠴᠦ ᠬᠥᠯᠥᠰᠥ ᠭᠠᠷᠭᠠᠪᠠᠰᠤ ᠰᠠᠢᠨ᠃ ᠭᠠᠷᠤᠳᠢ —5 ᠤ᠋ ᠳᠡᠭᠡᠷ᠎ᠡ ᠬᠠᠷ᠎ᠠ ᠬᠥᠬᠥᠯ᠂ ᠳ᠋ᠠᠭᠱᠠ ᠶ᠋ᠢ
ᠨᠡᠮᠡᠵᠦ ᠥᠭᠪᠡᠰᠦ ᠦᠯᠦ ᠴᠢᠳᠠᠬᠤ ᠶᠡᠷᠦ ᠦᠭᠡᠢ ᠪᠣᠯᠠᠢ᠃ ᠦᠯᠴᠦ —18 ᠶ᠋ᠢ ᠥᠭᠪᠡᠰᠦ ᠮᠠᠭᠠᠳ ᠡᠳᠡᠭᠡᠷᠡᠮᠦᠢ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ᠎ᠠ᠂ ᠱᠠᠭᠰᠠᠯ᠂ ᠰᠡᠬᠡᠭᠡᠷᠡᠯ