ᠲᠡᠭᠦᠰᠪᠠᠶᠠᠷ ᠤᠨ ᠵᠠᠳᠠᠭᠠᠢ ᠰᠢᠯᠦᠭ ᠦᠳ - 4 Төгсбаярын задгай шүлгүүд - 4
ᠲᠡᠭᠦᠰᠪᠠᠶᠠᠷ ᠤᠨ ᠵᠠᠳᠠᠭᠠᠢ ᠰᠢᠯᠦᠭ ᠦᠳ - 4
ᠨᠠᠷᠠᠨ ᠬᠤᠸᠠᠷ
1
ᠨᠠᠷᠠᠨ ᠬᠤᠸᠠᠷ ᠨᠠᠷᠠ ᠪᠠᠨ ᠳᠠᠭᠠᠨ᠎ᠠ ᠃
ᠭᠡᠪᠡᠴᠦ ᠨᠠᠮᠤᠷ ᠪᠣᠯᠬᠤ ᠳ᠋ᠤ᠌ ᠨᠠᠷᠠᠨ ᠬᠤᠸᠠᠷ ᠨᠠᠷᠠᠨ ᠵᠦᠭ ᠪᠢᠰᠢ ᠬᠠᠷᠢᠨ ᠨᠠᠭᠠᠯᠳᠤᠵᠤ ᠤᠷᠭᠤᠭᠰᠠᠨ ᠭᠠᠵᠠᠷ ᠵᠦᠭ ᠢ᠋ᠶ᠋ᠡᠨ ᠲᠦᠷᠦᠭᠦᠦ ᠪᠥᠬᠥᠢᠯᠡ ᠃
ᠦᠷ᠎ᠡ ᠨᠢ ᠪᠣᠯᠪᠠᠰᠤᠷᠠᠭᠠᠳ ᠦᠨᠳᠦᠰᠦ ᠪᠡᠨ ᠰᠠᠨᠠᠪᠠ ᠤᠤ? ᠦᠷᠡᠯᠡᠭᠰᠡᠨ ᠲᠦᠷᠦᠭᠦᠦ ᠪᠡᠨ ᠦᠨᠳᠦᠰᠦ ᠨᠢ ᠲᠠᠲᠠᠪᠠ?
ᠶᠠᠭᠤ ᠴᠤ᠌ ᠭᠡᠰᠡᠨ ᠨᠠᠷᠠᠨ ᠬᠤᠸᠠᠷ ᠲᠤ᠌ ᠨᠠᠷᠠ ᠬᠣᠯᠠ ᠭᠠᠵᠠᠷ ᠣᠢᠷ᠎ᠠ ᠪᠠᠢᠨ᠎ᠠ ᠃
2
ᠨᠠᠮᠤᠷ ᠤ᠋ᠨ ᠨᠠᠷᠠᠨ ᠬᠤᠸᠠᠷ ᠤ᠋ᠨ ᠫᠢᠯᠠᠨ ᠲᠦᠷᠦᠭᠦᠦ ᠬᠤᠷᠢᠮ ᠠ᠋ᠴᠠ ᠪᠠᠨ ᠢᠴᠢᠭᠰᠡᠨ ᠬᠡᠦᠬᠡᠨ ᠰᠢᠭ ᠳᠣᠭᠣᠭᠰᠢ ᠪᠠᠨ ᠬᠠᠷᠠᠵᠤ ᠪᠠᠢᠨ᠎ᠠ ᠃
ᠴᠠᠳᠬᠤᠯᠠᠩ ᠴᠥᠮ᠎ᠡ ᠲᠡᠢ ᠦᠷ᠎ᠡ ᠶ᠋ᠢ ᠨᠢ ᠴᠥᠮᠥᠴᠢᠬᠦ ᠡᠴᠡ ᠬᠠᠷᠠᠮᠨᠠᠪᠠ ᠤᠤ ? ᠴᠢᠮ᠎ᠠ ᠳ᠋ᠤ᠌ ᠴᠢᠳᠬᠤᠵᠤ ᠥᠭᠬᠦᠶ᠎ᠡ ᠭᠡᠳ ᠫᠢᠯᠠ ᠶ᠋ᠢᠨ ᠢᠷᠣᠭᠠᠷ ᠢ᠋ᠶ᠋ᠠᠨ ᠬᠥᠨᠲᠥᠷᠪᠡ ᠦᠦ?
ᠨᠠᠷᠠᠨ ᠬᠤᠸᠠᠷ ᠠ᠋ ᠂ ᠨᠠᠳᠠ ᠦᠨᠡᠨ ᠢ᠋ᠶ᠋ᠡᠨ ᠬᠡᠯᠡᠭᠡᠴᠢ ᠳᠠ!
ᠲᠥᠮᠥᠰᠥ
ᠭᠣᠭᠣᠳ ᠰᠣᠩᠭᠢᠨ᠎ᠠ ᠰᠣᠭᠰᠣᠭᠠ ᠰᠣᠭᠰᠣᠭᠠ ᠨᠠᠮᠠᠭᠠᠯᠠᠨᠠ ᠃
ᠭᠤᠸ᠎ᠠ ᠬᠡᠮᠬᠡ ᠪᠥᠨᠳᠦᠭᠡ ᠪᠠᠨᠳᠠᠭᠠ ᠵᠠᠩᠭᠢᠳᠤᠨ᠎ᠠ ᠃
ᠪᠤᠷᠴᠠᠭ ᠵᠡᠯ᠎ᠡ ᠪᠡᠨ ᠳᠠᠭᠠᠭᠠᠳ ᠤᠨᠵᠢᠬᠴᠢᠨᠡ᠃
ᠬᠠᠰᠢ ᠡᠰᠢ ᠪᠡᠨ ᠳᠠᠷᠤᠭᠠᠳ ᠪᠣᠮᠪᠣᠭᠴᠢᠨᠡ ᠃
ᠳᠣᠣᠷᠠᠬᠢ ᠨᠢ ᠨᠡᠩ ᠪᠦᠳᠦᠭᠦᠨ ᠰᠢᠦ ᠭᠡᠬᠦ ᠰᠢᠭ ᠲᠣᠮᠣ ᠯᠤᠤᠪᠠᠩ ᠮᠥᠷᠥ ᠪᠡᠨ ᠰᠢᠷᠣᠢ ᠠ᠋ᠴᠠ ᠴᠤᠬᠤᠢᠯᠭᠠᠨᠠ ᠃
ᠲᠡᠳᠡ ᠲᠡᠳᠡᠨ ᠳᠣᠲᠣᠷ᠎ᠠ ᠲᠥᠮᠥᠰᠥ ᠯᠡ ᠭᠠᠷ ᠬᠣᠭᠣᠰᠣᠨ ᠤᠷᠭᠤᠵᠤ ᠪᠠᠢᠨ᠎ᠠ ᠃
ᠲᠡᠷᠡ 《 ᠪᠢ ᠬᠤᠸᠠᠷᠯᠠᠭᠰᠠᠨ ᠪᠣᠯᠪᠠᠴᠤ ᠦᠷᠡᠯᠡᠭᠰᠡᠨ ᠦᠭᠡᠢ ᠰᠢᠦ 》 ᠭᠡᠬᠦ ᠰᠢᠭ ᠬᠣᠢᠭᠰᠠᠨ ᠴᠠᠭᠠᠨ ᠴᠡᠴᠡᠭ ᠦ᠋ᠳ ᠢ᠋ᠶ᠋ᠡᠨ ᠨᠣᠬᠣᠴᠠᠵᠤ ᠬᠠᠶᠠᠪᠠ ᠃
ᠨᠠᠮᠤᠷ ᠨᠣᠭᠣᠭ᠎ᠠ ᠬᠤᠷᠢᠶᠠᠭᠳᠠᠬᠤ ᠦᠶ᠎ᠡ ᠳ᠋ᠦ᠍ ᠭᠡᠨᠡᠳᠲᠡ ᠦᠬᠡᠷ ᠦ᠋ᠨ ᠪᠥᠭᠡᠷ᠎ᠡ ᠰᠢᠭ ᠂ ᠬᠣᠨᠢᠨ ᠪᠥᠭᠡᠷ᠎ᠡ ᠰᠢᠭ ᠲᠥᠮᠥᠰᠥ ᠨᠤᠭᠦᠳ ᠰᠠᠭᠰᠤ ᠳᠦᠭᠦᠷᠪᠡ᠃
ᠤᠤᠯ ᠨᠢ ᠲᠥᠮᠥᠰᠥ ᠨᠢᠭᠤᠴᠠ ᠨᠦᠭᠡᠭᠡᠴᠡ ᠲᠡᠢ ᠪᠠᠢᠵᠠᠢ᠃
ᠲᠡᠷᠡ ᠴᠡᠴᠡᠭ ᠢ᠋ᠶ᠋ᠡᠨ ᠨᠤᠬᠤᠴᠠᠵᠣ ᠪᠠᠢᠬᠤ ᠦᠶ᠎ᠡ ᠳ᠋ᠦ᠍ ᠦᠨᠳᠦᠰᠦᠨ ᠳᠣᠣᠷ᠎ᠠ ᠨᠢ ᠲᠥᠮᠥᠰᠥ ᠲᠡᠭᠦᠳᠡᠭᠯᠡᠵᠦ ᠪᠠᠢᠵᠠᠢ ᠃
ᠲᠥᠮᠥᠰᠥ ᠬᠡᠷᠪᠡ ᠰᠢᠯᠦᠭ ᠪᠣᠯᠤᠭᠰᠠᠨ ᠶᠤᠮ ᠪᠣᠯ –– ᠯᠠᠪ ᠳᠠᠮ ᠰᠡᠳᠦᠪ ᠲᠡᠢ ᠂ ᠳᠠᠯᠳᠠ ᠰᠠᠨᠠᠭ᠎ᠠ ᠲᠠᠢ ᠃
ᠮᠥᠭᠥ
1
ᠮᠥᠭᠥ ᠃ ᠥᠯᠥᠩ ᠦ᠋ᠨ ᠳᠠᠯᠳᠠ ᠥᠨᠴᠥᠭ ᠢ᠋ᠶ᠋ᠡᠨ ᠪᠤᠯᠠᠵᠤ ᠡᠪᠡᠰᠦᠨ ᠦ᠌ ᠳᠤᠮᠳᠠ ᠥᠩᠭᠡ ᠪᠡᠨ ᠬᠣᠯᠢᠨᠠ ᠃
ᠬᠤᠷ᠎ᠠ ᠶ᠋ᠢᠨ ᠮᠥᠷ ᠢ᠋ ᠭᠢᠰᠬᠢᠯ᠎ᠡ ᠭᠡᠬᠦ ᠰᠢᠭ ᠠᠳᠠ ᠴᠤᠬᠤᠢᠵᠤ ᠲᠡᠨᠳᠡ ᠴᠠᠢᠨᠠ ᠃
ᠲᠤᠭᠤᠯ ᠡᠷᠭᠢᠭᠦᠯᠦᠭᠰᠡᠨ ᠲᠣᠷᠮᠣᠭᠣᠷ ᠥᠬᠢᠨ ᠲᠡᠷᠯᠢᠭ ᠦ᠋ᠨ ᠡᠩᠭᠡᠷ ᠰᠢᠭ ᠲᠡᠨᠢᠭᠡᠷ ᠲᠠᠯ᠎ᠠ ᠶ᠋ᠢᠨ ᠢ᠋ᠶ᠋ᠡᠨ ᠳᠡᠭᠡᠭᠦᠷ ᠨᠢᠭᠡ ᠠᠵᠠᠭᠠᠷᠠᠵᠣ ᠠᠪᠤᠭᠰᠠᠨ ᠢ᠋ᠶ᠋ᠠᠨ ᠲᠡᠷᠯᠢᠭ ᠦ᠋ᠨ ᠢ᠋ᠶ᠋ᠡᠨ ᠬᠣᠷᠮᠣᠢ ᠶ᠋ᠢ ᠲᠣᠰᠴᠤ ᠪᠠᠷᠢᠯ᠎ᠠ ᠃
ᠮᠥᠭᠥ ᠲᠡᠭᠦᠪᠡ ᠦᠦ ᠂ ᠮᠦᠰᠢᠶᠡᠳᠦ ᠲᠡᠭᠦᠪᠡ ᠦᠦ ? ᠪᠤᠤ ᠮᠡᠳᠡ ᠃ ᠲᠣᠷᠮᠣᠭᠣᠷ ᠥᠬᠢᠨ ᠦ᠌ ᠬᠣᠷᠮᠣᠢ ᠲᠣᠨᠲᠣᠢᠬᠤ ᠳ᠋ᠤ᠌ ᠪᠤᠮᠪᠠᠭᠠᠷ ᠬᠠᠴᠠᠷ ᠲᠤᠨᠢ ᠬᠤᠨᠳᠠᠭ᠎ᠠ ᠬᠣᠩᠬᠣᠢᠵᠤ ᠵᠢᠮᠪᠡᠢᠭᠰᠡᠨ ᠤᠷᠤᠭᠤᠯ ᠨᠢ ᠵᠣᠮᠪᠠᠯᠵᠠᠯᠡ ᠃
ᠮᠦᠰᠢᠶᠡᠳᠦ ᠲᠡᠭᠦᠪᠡ ᠦᠦ ᠂ ᠮᠥᠭᠥ ᠲᠡᠭᠦᠪᠡ ᠦᠦ ? ᠪᠤᠤ ᠮᠡᠳᠡ ᠃
2
ᠨᠣᠭᠣᠭᠠᠨ ᠲᠣᠷᠭᠠᠨ ᠲᠡᠷᠯᠢᠭ ᠮᠥᠩᠭᠥᠨ ᠴᠠᠭᠠᠨ ᠲᠣᠪᠴᠢ ᠲᠠᠢ᠃
ᠮᠥᠭᠥ ᠪᠣᠯ ᠲᠠᠯ᠎ᠠ ᠶ᠋ᠢᠨ ᠲᠣᠪᠴᠢ ᠃
ᠬᠥᠬᠥ ᠡᠷᠢᠭᠰᠡᠨ ᠬᠡᠦᠬᠡᠳ ᠡᠬᠡ ᠶ᠋ᠢᠨ ᠢ᠋ᠶ᠋ᠡᠨ ᠡᠩᠭᠡᠷ ᠦ᠋ᠨ ᠲᠣᠪᠴᠢ ᠶ᠋ᠢ ᠮᠤᠯᠲᠤᠯᠬᠤ ᠰᠢᠭ᠋ ᠲᠡᠷᠡ ᠵᠢᠭᠠᠯ ᠥᠬᠢᠨ ᠲᠠᠯ᠎ᠠ ᠶ᠋ᠢᠨ ᠮᠥᠭᠥ ᠶ᠋ᠢ ᠲᠠᠪᠤ ᠭᠤᠷᠪᠠ ᠪᠠᠷ ᠲᠡᠭᠦᠵᠦ ᠶᠠᠪᠤᠨ᠎ᠠ ᠃
ᠭᠡᠲᠡᠯ᠎ᠡ ᠲᠤᠭᠤᠯ ᠨᠢ ᠭᠣᠳᠣᠭᠠᠨᠠᠵᠤ ᠲᠣᠭᠯᠠᠪᠠ ᠃
ᠲᠤᠭᠤᠯᠴᠢᠨ ᠥᠬᠢᠨ ᠬᠣᠷᠮᠣᠢ ᠪᠠᠨ ᠬᠤᠮᠢᠵᠤ ᠪᠠᠷᠢᠭᠰᠠᠭᠠᠷ ᠤᠯᠳᠠᠢᠬᠠᠨ ᠭᠡᠭᠴᠢ ᠲᠠᠭᠤᠵᠤ ᠳᠠᠭᠠᠪᠠ᠃
ᠳᠤᠲᠠᠭᠠᠭᠰᠠᠨ ᠲᠤᠭᠤᠯ ᠠᠯᠢᠶ᠎ᠠ ᠪᠠᠨ ᠳᠠᠷᠤᠵᠤ ᠠᠷᠠᠢ ᠲᠣᠭᠲᠠᠬᠤ ᠳ᠋ᠤ᠌ ᠥᠬᠢᠨ ᠦ᠌ ᠬᠣᠷᠮᠣᠢᠯᠠᠭᠰᠠᠨ ᠮᠥᠭᠥ ᠴᠥᠮ ᠵᠡᠮᠳᠡᠭ ᠵᠠᠷᠢᠮᠳᠤᠭ ᠪᠣᠯᠤᠯ᠎ᠠ ᠃
ᠥᠬᠢᠨ ᠬᠣᠷᠮᠣᠢ ᠪᠠᠨ ᠳᠡᠯᠭᠡᠵᠦ ᠦᠵᠡᠭᠡᠳ ᠤᠬᠢᠯᠠᠭᠰᠠᠨ ᠦᠭᠡᠢ ᠢᠨᠢᠶᠡᠴᠢᠬᠡᠪᠡ ᠃ ᠡᠰᠢ ᠦᠭᠡᠢ ᠮᠥᠭᠥ ᠨᠢ ᠶᠠᠭ ᠳᠡᠭᠦᠦ ᠶ᠋ᠢᠨ ᠬᠢᠨᠢ ᠮᠣᠳᠣᠨ ᠠᠶᠠᠭ᠎ᠠ ᠰᠢᠭ᠋ ᠪᠣᠩᠬᠣᠢᠵᠤ ᠪᠠᠢᠨ᠎ᠠ ᠃ ᠵᠠᠷᠢᠮ ᠮᠥᠭᠥ ᠨᠢ ᠬᠡᠯᠡ ᠦᠭᠡᠢ ᠬᠤᠩᠬ᠎ᠠ ᠰᠢᠭ᠋᠂ ᠵᠠᠷᠢᠮ ᠨᠢ ᠬᠡᠯᠲᠡᠷᠬᠡᠢ ᠬᠤᠩᠬ᠎ᠠ ᠰᠢᠭ᠋ ᠪᠣᠯᠵᠠᠢ ᠃
ᠮᠥᠭᠥ ᠪᠠᠯᠪᠠᠷᠠᠬᠤ ᠳ᠋ᠤ᠌ ᠠᠶᠠᠨᠳᠠᠭᠠᠨ ᠭᠠᠷᠤᠭᠰᠠᠨ ᠶᠠᠩᠵᠤ ᠪᠦᠷᠢ ᠶ᠋ᠢᠨ ᠬᠡᠯᠪᠡᠷᠢ ᠳᠦᠷᠰᠦ ᠨᠤᠭᠦᠳ ᠥᠬᠢᠨ ᠦ᠌ ᠨᠢᠳᠦᠨ ᠳ᠋ᠦ᠍ ᠶᠠᠩᠵᠤ ᠶᠠᠩᠵᠤ ᠶ᠋ᠢᠨ ᠰᠣᠨᠢᠨ ᠪᠣᠳᠠᠰ ᠤ᠋ᠨ ᠵᠠᠭᠪᠤᠷ ᠤ᠋ᠳ ᠪᠣᠯᠵᠤ ᠦᠵᠡᠭᠳᠡᠪᠡ ᠃
ᠠᠮᠢᠳᠤᠷᠠᠯ ᠤ᠋ᠨ ᠭᠤᠸ᠎ᠠ ᠰᠠᠢᠬᠠᠨ ᠪᠣᠯ ᠬᠡᠵᠢᠶᠡᠳᠡ ᠰᠦᠢᠷᠡᠬᠦ ᠦᠭᠡᠢ ᠠᠵᠢ ᠃
ᠡᠢᠮᠦ ᠡᠴᠡ ᠲᠡᠷᠡ ᠥᠬᠢᠨ ᠮᠦᠰᠢᠪᠡᠯᠵᠡᠪᠡ᠃
ᠮᠥᠭᠥ ᠪᠠᠯᠠᠷᠠᠪᠠᠴᠤ ᠮᠦᠰᠢᠶᠡᠳᠦ ᠪᠠᠯᠠᠷᠠᠬᠤ ᠦᠭᠡᠢ ᠃
ᠰᠥᠨᠢ ᠶ᠋ᠢᠨ ᠥᠴᠢᠯ
1
ᠴᠠᠭ ᠤ᠋ᠨ ᠲᠢᠪ ᠦ᠋ᠨ ᠬᠠᠷ᠎ᠠ ᠠᠷᠠᠰᠤᠲᠠᠨ ᠪᠢᠯᠡ ᠂ ᠪᠢ ᠃ ᠴᠠᠭᠠᠨ ᠠᠷᠠᠰᠤᠲᠠᠨ ᠭᠡᠵᠦ ᠮᠠᠨ ᠤ᠋ ᠠᠳᠠ ᠡᠳᠦᠷ ᠢ᠋ ᠬᠡᠯᠡᠳᠡᠭ ᠃
ᠴᠢᠨᠠᠷ ᠢ᠋ ᠮᠢᠨᠢ ᠭᠡᠷᠡᠯ ᠢ᠋ᠶ᠋ᠡᠷ ᠪᠢᠳᠡᠬᠢ ᠬᠡᠮᠵᠢᠭᠡᠴᠢ ᠳᠡ ! ᠴᠠᠭ ᠤ᠋ᠨ ᠬᠤᠪᠢ ᠳ᠋ᠤ᠌ ᠪᠢ ᠡᠳᠦᠷ ᠯᠤᠭᠡ ᠡᠩ ᠰᠠᠴᠠᠭᠤ ᠃
2
ᠪᠢ ᠠᠯᠠᠭ ᠳᠡᠯᠡᠬᠡᠢ ᠶ᠋ᠢᠨ ᠠᠩᠭᠢ ᠬᠠᠭᠠᠰ ᠨᠢ ᠂ ᠠᠮᠢ ᠨᠠᠰᠤᠨ ᠤ᠋ ᠵᠠᠭᠤᠨ ᠤ᠋ ᠲᠠᠪᠢ ᠨᠢ ᠃
ᠨᠠᠳᠠ ᠨᠣᠶ᠋ᠢᠷ ᠤ᠋ᠨ ᠥᠯᠥᠭᠡᠢ ᠲᠡᠢ ᠂ ᠵᠡᠭᠦᠳᠦᠨ ᠬᠤᠴᠢᠯᠭ᠎ᠠ ᠲᠠᠢ ᠃
ᠠᠯᠵᠢᠶᠠᠭᠰᠠᠨ ᠬᠥᠮᠦᠰ ᠲᠦ᠍ ᠪᠢ ᠠᠮᠠᠷᠠᠯᠲᠠ ᠶ᠋ᠢᠨ ᠣᠷᠳᠣᠨ ᠨᠢ ᠪᠣᠯᠳᠠᠭ ᠂ ᠠᠶᠠᠨᠴᠢᠨ ᠬᠥᠮᠦᠰ ᠲᠦ᠍ ᠪᠣᠯ ᠬᠣᠨᠣᠭ ᠤ᠋ᠨ ᠪᠠᠭᠤᠴᠠ ᠨᠢ ᠪᠣᠯᠳᠠᠭ ᠃
ᠡᠨᠡ ᠳᠡᠯᠡᠬᠡᠢ ᠶ᠋ᠢᠨ ᠬᠥᠮᠦᠰ ᠴᠥᠮ ᠨᠠᠮᠠᠶ᠋ᠢ ᠳᠡᠷᠡᠯᠡᠵᠦ ᠤᠨᠲᠠᠳᠠᠭ ᠃
3
ᠨᠠᠷᠠ ᠨᠠᠮᠷᠢ ᠭᠡᠷᠡᠯᠲᠦᠯᠦᠭᠡᠲᠦᠢ ᠨᠢ ᠦᠨᠡᠨ ᠃ ᠲᠡᠭᠡᠪᠡᠴᠦ ᠨᠠᠷᠠ ᠨᠠᠳᠠ ᠠ᠋ᠴᠠ ᠳᠡᠮᠡᠢ ᠬᠣᠯᠠ ᠦᠭᠡᠢ ᠂ ᠭᠠᠭᠴᠠᠬᠠᠨ ᠯᠠ ᠳᠡᠯᠡᠬᠡᠢ ᠠᠯᠤᠰ ᠪᠠᠢᠭ᠎ᠠ ᠶᠤᠮ ᠃
4
ᠬᠠᠷᠠᠩᠭᠤᠢ ᠪᠣᠯ ᠳᠡᠯᠡᠬᠡᠢ ᠶ᠋ᠢᠨ ᠪᠥᠮᠪᠥᠷᠴᠡᠭ ᠦ᠋ᠨ ᠥᠪᠡᠷ ᠦ᠋ᠨ ᠬᠢᠨᠢ ᠰᠡᠭᠦᠳᠡᠷ ᠰᠢᠦ ᠲᠠ ᠂ ᠮᠢᠨᠦ ᠰᠡᠭᠦᠳᠡᠷ ᠪᠢᠰᠢ ᠃
ᠨᠠᠳᠠ ᠰᠡᠭᠦᠳᠡᠷ ᠦᠭᠡᠢ ᠂ ᠰᠡᠭᠦᠳᠡᠷ ᠨᠠᠳᠠ ᠠ᠋ᠴᠠ ᠵᠢᠭᠤᠲᠠᠳᠠᠭ ᠃
ᠥᠷᠥᠭᠡᠨ ᠳ᠋ᠦ᠍ ᠮᠢᠨᠢ ᠠᠢᠯᠴᠢᠯᠠᠬᠤ ᠡᠷᠬᠢᠮ ᠵᠣᠴᠢᠳ ᠠ᠋ ᠂ ᠡᠭᠦᠳᠡᠨ ᠭᠠᠳᠠᠭ᠎ᠠ ᠰᠡᠭᠦᠳᠡᠷ ᠢ᠋ᠶ᠋ᠡᠨ ᠣᠷᠭᠢ !
5
《 ᠠᠷᠪᠠᠨ ᠲᠠᠪᠤᠨ ᠤ᠋ ᠰᠠᠷ᠎ᠠ 》 ᠶ᠋ᠢ ᠮᠢᠨᠢ ᠠᠰᠠᠭᠤᠵᠤ ᠪᠠᠢᠨ᠎ᠠ ᠤᠤ ? ᠲᠠ ᠃
《ᠣᠪᠣᠭᠠᠨ ᠳᠡᠭᠡᠷᠡᠬᠢ ᠠᠭᠤᠯᠵᠠᠯᠲᠠ 》 ᠣᠪᠣᠭ᠎ᠠ ᠠᠷᠪᠢᠨ ᠪᠠᠢᠨ᠎ᠠ ᠰᠢᠦ ᠂ ᠣᠴᠢᠵᠤ ᠲᠤᠶᠠᠭᠠᠯᠠᠵᠤ ᠥᠭᠬᠦ ᠨᠢ ᠭᠠᠭᠴᠠᠬᠠᠨ ᠰᠠᠷ᠎ᠠ ᠰᠢᠦ ᠂ ᠣᠷᠣᠰ ᠰᠢᠯᠦᠭᠴᠢ ᠮᠠᠶᠠᠺᠦᠸᠠᠰᠺᠢ ᠶ᠋ᠢᠨ 《 ᠬᠡᠲᠦᠷᠬᠡᠢ ᠬᠤᠷᠠᠯᠳᠤᠭᠰᠠᠳ 》※ᠠᠳᠠᠯᠢ ᠡᠰᠡ ᠵᠠᠪᠳᠤᠬᠤ ᠳ᠋ᠠᠭᠠᠨ ᠪᠡᠶ᠎ᠡ ᠪᠡᠨ ᠬᠤᠪᠢᠶᠠᠴᠢᠬᠠᠭᠠᠳ ᠯᠠ ᠠᠳᠠ ᠬᠠᠭᠠᠰ ᠲᠡᠳᠡ ᠬᠤᠭᠤᠰ ᠶᠠᠪᠤᠭ᠎ᠠ ᠰᠢᠦ ᠂ ᠰᠠᠷ᠎ᠠ ᠮᠢᠨᠢ ᠃ ᠭᠠᠩᠭᠠᠩ ᠢᠨᠠᠭ ᠤ᠋ᠳ ᠬᠣᠣᠰ ᠲᠡᠭᠦᠰ ᠪᠠᠷᠢᠯᠲᠤᠴᠢᠪᠠᠯ ᠭᠠᠭᠴᠠ ᠰᠠᠷ᠎ᠠ ᠮᠢᠨᠢ ᠡᠰᠡ ᠲᠡᠷᠭᠡᠯᠡᠪᠡᠴᠦ ᠭᠠᠢᠭᠤᠢ ᠃
– – – –
※ ᠬᠤᠷᠠᠯ ᠣᠯᠠᠳᠠᠬᠤ ᠳ᠋ᠤ᠌ ᠪᠡᠶ᠎ᠡ ᠪᠡᠨ ᠬᠤᠪᠢᠶᠠᠵᠤ ᠬᠣᠶᠠᠷ ᠬᠤᠷᠠᠯ ᠳ᠋ᠤ᠌ ᠣᠷᠣᠭᠰᠠᠨ ᠬᠥᠮᠦᠨ ᠊ᠢ ᠮᠠᠶᠠᠺᠦᠸᠠᠰᠺᠢ ᠪᠢᠴᠢᠭᠰᠡᠨ ᠪᠠᠶ᠋ᠢᠲᠠᠭ ᠃
ᠦᠷ ᠦ᠋ᠨ ᠠᠯᠲᠠᠨ ᠲᠦᠯᠬᠢᠭᠦᠷ
ᠰᠥᠨᠢ –– ᠬᠠᠷᠠᠩᠭᠤᠢ ᠬᠢᠴᠡᠲᠡᠢ ᠪᠠᠷᠠᠭᠠᠨ ᠴᠣᠣᠵᠢ ᠃
ᠡᠨᠡ ᠴᠣᠣᠵᠢ ᠨᠠᠷᠠ ᠶ᠋ᠢ ᠥᠷᠥᠨᠡᠲᠦ ᠲᠢᠪ ᠲᠦ᠍ ᠣᠨᠢᠰᠣᠯᠠᠴᠢᠪᠠ ᠃
ᠲᠦᠯᠬᠢᠭᠦᠷ ᠨᠢ ᠪᠢ ᠡᠷᠢᠯ᠎ᠡ ᠃
ᠰᠥᠨᠢ ᠶ᠋ᠢᠨ ᠲᠦᠷᠦᠭᠦᠦ ᠥᠩᠭᠡᠷᠡᠬᠦ ᠳ᠋ᠦ᠍ ᠬᠣᠲᠠ ᠶ᠋ᠢᠨ ᠳ᠋ᠧᠩ ᠦ᠋ᠳ ᠭᠢᠯᠠᠯᠵᠠᠨ᠎ᠠ ᠃ ᠳ᠋ᠧᠩ ᠦ᠋ᠨ ᠳᠣᠣᠷ᠎ᠠ ᠲᠦᠯᠬᠢᠭᠦᠷ ᠦ᠋ᠨ ᠰᠡᠭᠦᠳᠡᠷ ᠴᠦ᠍ ᠦᠭᠡᠢ ᠃
ᠰᠥᠨᠢ ᠳᠦᠯᠢᠵᠡᠬᠦ ᠳ᠋ᠦ᠍ ᠬᠣᠷᠸ᠋᠎ᠠ ᠶ᠋ᠢᠨ ᠣᠳᠣᠳ ᠭᠢᠯᠠᠯᠵᠠᠨ᠎ᠠ ᠃ ᠣᠳᠣᠳ ᠤ᠋ᠨ ᠵᠠᠭᠤᠷ᠎ᠠ ᠲᠦᠯᠬᠢᠭᠦᠷ ᠦ᠋ᠨ ᠪᠠᠷ᠎ᠠ ᠴᠦ᠍ ᠦᠭᠡᠢ ᠃
ᠰᠥᠨᠢ ᠲᠤᠵᠢ ᠡᠷᠢᠭᠰᠡᠭᠡᠷ ᠦᠨᠡᠭᠡᠨ ᠬᠠᠷᠠᠩᠭᠤᠢ ᠠᠷᠢᠯᠠᠬᠤ ᠳ᠋ᠤ᠌ ᠦᠷ ᠦ᠋ᠨ ᠠᠯᠲᠠᠨ ᠲᠦᠯᠬᠢᠭᠦᠷ ᠭᠡᠨᠡᠳᠲᠡ ᠬᠠᠷᠠᠭᠳᠠᠵᠤ ᠰᠠᠨᠵᠢ ᠪᠠᠷ ᠨᠢ ᠭᠡᠭᠡ ᠨᠡᠪᠲᠡᠷᠡᠵᠦ ᠪᠠᠶ᠋ᠢᠨ᠎ᠠ ᠃
ᠶᠠᠮᠠᠷ ᠴᠤ᠌ ᠬᠠᠲᠠᠭᠤ ᠴᠣᠣᠵᠢ ᠭᠡᠳ ᠲᠦᠯᠬᠢᠭᠦᠷ ᠨᠢ ᠭᠠᠷ ᠲᠤ᠌ ᠪᠠᠶ᠋ᠢᠪᠠᠯ ᠴᠠᠭᠠᠰᠤ ᠰᠢᠦ ᠲᠠ ᠃
ᠪᠠᠷᠠᠭᠠᠨ ᠴᠣᠣᠵᠢ ᠶ᠋ᠢ ᠨᠡᠭᠡᠭᠡᠵᠦ ᠨᠠᠷᠠ ᠶ᠋ᠢ ᠳᠡᠯᠡᠬᠡᠢ ᠶ᠋ᠢᠨ ᠪᠤᠯᠤᠩ ᠠ᠋ᠴᠠ ᠠᠭᠤᠳᠠᠯᠠᠵᠤ ᠠᠪᠤᠯ᠎ᠠ !
ᠭᠡᠲᠡᠯ᠎ᠡ ᠨᠠᠷᠠ ᠥᠷᠥᠨᠡᠲᠦ ᠲᠢᠪ ᠲᠦ᠍ ᠪᠢᠰᠢ ᠬᠠᠷᠢᠨ ᠳᠣᠷᠣᠨ᠎ᠠ ᠵᠦᠭ ᠲᠦ᠍ ᠪᠠᠢᠵᠠᠢ ᠃ ᠶᠠᠭ ᠬᠡᠦᠬᠡᠳ ᠦ᠋ᠨ ᠮᠢᠨᠢ ᠤᠯᠠᠭᠠᠨ ᠪᠥᠮᠪᠥᠭᠡ ᠠᠪᠳᠠᠷ᠎ᠠ ᠶ᠋ᠢᠨ ᠪᠠᠷᠠᠭᠤᠨ ᠢᠷᠣᠭᠠᠷ ᠲᠤ᠌ ᠤᠨᠠᠭᠠᠳ ᠵᠡᠭᠦᠨ ᠮᠤᠬᠤᠷ ᠲᠤᠨᠢ ᠪᠥᠮᠪᠥᠷᠢᠨ ᠣᠴᠢᠭᠰᠠᠨ ᠮᠡᠲᠦ ᠃
ᠬᠣᠷᠢᠭᠳᠠᠭᠰᠠᠨ ᠴᠡᠭᠴᠡᠦᠬᠡᠢ
ᠴᠡᠭᠴᠡᠦᠬᠡᠢ ᠰᠢᠩᠭᠡᠯᠢᠭ ᠲᠦ᠍ ᠬᠣᠷᠢᠭᠠᠲᠠᠢ ᠃
ᠲᠡᠷᠡ ᠬᠡᠪᠲᠡᠬᠦ ᠡᠭᠦᠷ ᠣᠯᠤᠭᠠᠳ ᠳᠡᠭᠳᠡᠬᠦ ᠵᠢᠭᠦᠷ ᠢ᠋ᠶ᠋ᠡᠨ ᠬᠤᠮᠪᠢᠵᠠᠢ ᠃
ᠪᠡᠯᠡᠨ ᠥᠭᠶᠥᠭᠡ ᠠᠮᠰᠠᠭᠠᠳ ᠪᠡᠶ᠎ᠡ ᠶ᠋ᠢᠨ ᠡᠷᠬᠡ ᠪᠡᠨ ᠠᠯᠳᠠᠵᠠᠢ ᠃
ᠲᠡᠭᠦᠨ ᠦ᠌ ᠵᠠᠮ ᠨᠢ ᠤᠷᠲᠤ ᠪᠣᠯᠪᠠᠴᠤ ᠡᠪᠬᠡᠭᠰᠡᠨ ᠳᠡᠭᠡᠰᠦ ᠰᠢᠭ ᠲᠣᠭᠣᠷᠢᠩᠬᠠᠢ ᠃
ᠮᠥᠷ ᠨᠢ ᠠᠷᠪᠢᠨ ᠪᠣᠯᠪᠠᠴᠤ ᠳᠠᠪᠬᠤᠷ ᠳᠠᠪᠬᠤᠷ ᠃
ᠰᠢᠩᠭᠡᠯᠢᠭ ᠨᠢ ᠰᠡᠭᠡᠭᠡ ᠴᠣᠩᠬᠣ ᠣᠯᠠᠨ ᠴᠤ᠌ ᠰᠡᠬᠦᠵᠦ ᠭᠠᠷᠬᠤ ᠡᠭᠦᠳᠡ ᠠᠯᠠᠭ᠎ᠠ ᠃
ᠪᠠᠭ᠎ᠠ ᠶ᠋ᠢᠨ ᠳᠤᠷᠠᠳᠬᠠᠯ
1
ᠴᠡᠩᠬᠡᠷ ᠲᠩᠷᠢ ᠂ ᠴᠡᠯᠭᠡᠷ ᠬᠡᠭᠡᠷ᠎ᠡ ᠃
ᠣᠷᠴᠢᠯᠠᠩ ᠭᠡᠭᠴᠢ ᠡᠢᠮᠦ ᠬᠣᠶᠠᠷᠬᠠᠨ ᠳᠠᠪᠬᠤᠷ ᠂ ᠳᠤᠮᠳᠠ ᠨᠢ ᠪᠢ ᠳᠤᠷ᠎ᠠ ᠪᠠᠷ ᠢ᠋ᠶ᠋ᠠᠨ ᠲᠣᠭᠯᠠᠬᠤ ᠠ᠋ᠴᠠ ᠯᠠ ᠪᠢᠰᠢ ᠪᠣᠳᠣᠵᠤ ᠶᠠᠪᠤᠭᠰᠠᠨ ᠃
ᠬᠡᠳᠦᠢ ᠴᠦ᠍ ᠲᠡᠨᠡᠭ ᠪᠠᠢᠪᠠ ᠠ᠋ !
2
ᠬᠣᠶᠠᠷᠬᠠᠨ ᠳᠠᠪᠬᠤᠷ ᠣᠷᠴᠢᠯᠠᠩ ᠢ᠋ ᠣᠩᠬᠣᠯᠢᠭᠤᠯᠵᠤ ᠨᠠᠭᠠᠳᠳᠠᠭ ᠮᠢᠨᠢ ᠲᠠ !
ᠣᠷᠴᠢᠯᠠᠩ ᠢ᠋ ᠣᠩᠬᠣᠯᠢᠭᠤᠯᠬᠤ ᠭᠡᠵᠦ ᠲᠡᠷᠡ ᠦᠶ᠎ᠡ ᠳ᠋ᠦ᠍ ᠬᠢᠯᠪᠠᠷ ᠃ ᠡᠷᠭᠢᠯᠳᠦᠭᠡᠳ ᠯᠡ ᠂ ᠡᠭᠡᠮᠳᠡᠭᠡᠳ ᠯᠡ ᠂ ᠬᠣᠶᠠᠷ ᠬᠥᠯ ᠢ᠋ᠶ᠋ᠡᠨ ᠵᠥᠭᠡᠭᠡᠵᠦ ᠬᠤᠷᠳᠤᠨ ᠬᠤᠷᠳᠤᠨ ᠰᠣᠯᠪᠢᠭᠤᠯᠤᠨ ᠡᠷᠭᠢᠯᠳᠦᠭᠡᠳ ᠯᠡ !
ᠲᠡᠭᠡᠬᠦ ᠳ᠋ᠦ᠍ ᠭᠠᠵᠠᠷ ᠳᠡᠯᠡᠬᠡᠢ ᠳᠠᠢᠪᠢᠯᠵᠠᠭᠠᠳ ᠳᠠᠬᠢᠨ ᠬᠦᠴᠦᠲᠡᠢ ᠬᠡᠳᠦ ᠡᠷᠭᠢᠯᠳᠦᠪᠡᠯ ᠬᠥᠮᠥᠷᠢᠴᠢᠬᠡᠬᠦ ᠪᠣᠯᠤᠭᠠᠳ ᠢᠷᠡᠳᠡᠭ ᠃
ᠡᠴᠦᠰ ᠦ᠋ᠨ ᠬᠦᠴᠦ ᠪᠡᠨ ᠰᠢᠪᠬᠠᠵᠤ ᠬᠡᠳᠦ ᠡᠷᠭᠢᠯᠳᠦᠭᠦᠯ ᠣᠷᠴᠢᠯᠠᠩ ᠦᠨᠡᠬᠡᠷ ᠣᠩᠬᠣᠯᠢᠭᠰᠠᠨ ᠰᠢᠭ᠋ ᠂ ᠬᠥᠯ ᠮᠢᠨᠢ ᠭᠠᠵᠠᠷ ᠲᠣᠭᠲᠠᠬᠤ ᠦᠭᠡᠢ ᠪᠣᠯᠵᠤ ᠵᠠᠭᠠᠳᠠᠰᠤ ᠪᠠᠷ ᠨᠢᠷ ᠨᠢᠷ ᠬᠢᠨ ᠡᠪᠡᠳᠴᠦ ᠭᠡᠳᠡᠰᠦ ᠤᠷᠪᠠᠴᠢᠮᠠᠷ ᠪᠥᠭᠡᠯᠵᠢᠰᠦ ᠬᠦᠷᠳᠡᠭ ᠃
ᠭᠡᠪᠡᠴᠦ ᠰᠡᠳᠬᠢᠯ ᠮᠢᠨᠢ ᠪᠠᠶᠠᠷᠲᠠᠢ ᠃ ᠣᠷᠴᠢᠯᠠᠩ ᠢ᠋ ᠣᠩᠬᠣᠯᠢᠭᠤᠯᠬᠤ ᠬᠥᠮᠦᠨ ᠴᠢᠨᠢ ᠪᠠᠭ᠎ᠠ ᠵᠣᠪᠠᠬᠤ ᠳ᠋ᠤ᠌ ᠶᠠᠭᠠᠬᠢᠳᠠᠭ ᠰᠡᠳᠬᠢᠯ ᠮᠢᠨᠢ ᠪᠠᠶᠠᠷᠲᠠᠢ ᠃
ᠳᠣᠲᠣᠷ᠎ᠠ ᠲᠣᠭᠲᠠᠰᠬᠢᠭᠡᠳ ᠨᠢᠳᠦ ᠨᠡᠭᠡᠭᠡᠵᠦ ᠦᠵᠡᠪᠡᠯ ᠣᠷᠴᠢᠯᠠᠩ ᠳᠡᠯᠡᠬᠡᠢ ᠤᠭ ᠣᠷᠣᠨ ᠳ᠋ᠠᠭᠠᠨ ᠃
ᠪᠢ ᠬᠠᠷᠷᠠ ᠡᠷᠭᠢᠯᠳᠦᠭᠰᠡᠨ ᠣᠷᠣᠨ ᠳ᠋ᠠᠭᠠᠨ ᠬᠥᠰᠡᠷ ᠣᠶ᠋ᠢᠴᠢᠴᠢᠬᠠᠭᠠᠳ ᠬᠡᠪᠲᠡᠵᠦ ᠪᠠᠢᠳᠠᠭ ᠃
ᠬᠡᠳᠦᠢ ᠴᠦ᠍ ᠲᠥᠬᠥᠭᠡ ᠦᠭᠡᠢ ᠪᠠᠶ᠋ᠢᠪᠠ !
ᠶᠠᠷᠢᠯᠴᠠᠭ᠎ᠠ
–– ᠮᠠᠯᠴᠢ ᠬᠥᠮᠦᠨ ᠮᠢᠬᠠᠨ ᠳ᠋ᠤ᠌ ᠯᠠ ᠬᠣᠪᠳᠣᠭ ᠪᠢᠵᠡ ᠂ ᠰᠦᠷᠦᠭ ᠬᠣᠨᠢ ᠲᠠᠢ ᠪᠠᠢᠲᠠᠯ᠎ᠠ ᠥᠨᠥᠴᠢᠨ ᠬᠤᠷᠠᠭ᠎ᠠ ᠪᠠᠨ ᠴᠤ᠌ ᠬᠢᠮᠠᠭᠠᠳᠠᠬᠤ ᠨᠢ ᠃
–– ᠫᠤᠤ ᠳ᠋ᠤ᠌ ᠬᠠᠢᠷᠠᠲᠠᠢ ᠪᠠᠢᠯᠳᠤᠭᠴᠢ ᠳᠠᠶ᠋ᠢᠨ ᠳ᠋ᠤ᠌ ᠳᠤᠷᠠᠲᠠᠢ ᠭᠡᠵᠦ ᠦᠦ ? ᠮᠢᠬᠠᠨ ᠳ᠋ᠤ᠌ ᠬᠣᠪᠳᠣᠭ ᠪᠦᠭᠦᠳᠡ ᠮᠠᠯ ᠬᠠᠢᠷᠠᠯᠠᠳᠠᠭ ᠭᠡᠵᠦ ᠦᠦ ?
–– ᠁
