ᠥᠩᠭᠡ ᠪᠦᠷᠢ ᠶᠢᠨ ᠰᠡᠳᠬᠢᠯ - ᠲ ᠂ ᠭᠣᠮᠪᠣᠵᠠᠪ Өнгө бүрийн сэтгэл - Т ᠂ Гомбожав
ᠥᠩᠭᠡ ᠪᠦᠷᠢ ᠶᠢᠨ ᠰᠡᠳᠬᠢᠯ
ᠵᠡᠭᠦᠲᠦᠨ ᠰᠠᠷ᠎ᠠ
ᠰᠡᠤᠠᠬᠢᠯ ᠤᠷᠤᠭᠤ ᠰᠦᠨᠢ ᠪᠣᠯᠭᠠᠨ
ᠰᠡᠭᠦᠲᠡᠷ ᠦᠭᠡᠢ ᠲᠡᠷᠭᠡᠯᠯᠡᠵᠦ
ᠰᠠᠷ᠎ᠠ ᠮᠢᠨᠢ ᠮᠠᠨᠲᠤᠨ᠎ᠠ
ᠤᠭᠤᠷᠭᠠᠨ ᠲᠤᠶᠠᠬ᠋᠎ᠠ ᠨᠢ
ᠤᠶᠠᠩᠭᠠᠲᠤ ᠪᠣᠲᠣᠯ ᠳᠡᠷᠪᠡᠭᠦᠯᠵᠦ ᠣᠷᠣᠬᠤ ᠪᠣᠷᠣᠭᠠᠨ
ᠤᠨᠲᠠᠵᠤ ᠡᠰᠡ ᠴᠢᠲᠠᠬᠤ ᠳ᠋ᠠᠭᠠᠨ ᠰᠠᠬᠢᠵᠤ ᠰᠠᠭᠤᠬᠤ
ᠤᠷᠲᠤ ᠳᠦᠷᠪᠡᠯᠵᠢᠨ ᠵᠡᠭᠦᠲᠦᠨ ᠳᠡᠭᠡᠷ᠎ᠡ ᠮᠢᠨᠢ ᠱᠠᠭᠢᠨ᠎ᠠ ᠡ
ᠤᠨᠠᠵᠤ ᠮᠥᠯᠬᠦᠭᠰᠡᠨ ᠰᠢᠷᠣᠢ ᠶ᠋ᠢᠨ ᠥᠨᠥᠷ
ᠴᠢᠮ᠎ᠠ ᠠ᠋ᠴᠠ ᠤᠬᠠᠭᠠᠨ ᠨᠡᠪᠲᠡ ᠬᠠᠩᠬᠤᠯᠵᠤ
ᠤᠶᠠᠷᠠᠬᠤ ᠳ᠋ᠠᠭᠠᠨ ᠨᠠᠮᠤᠷ ᠪᠣᠯᠭᠠᠨ
ᠨᠠᠮᠠᠶ᠋ᠢ ᠪᠠᠨ ᠦᠭᠡᠶ᠋ᠢᠯᠡᠵᠦ ᠪᠤᠴᠠᠲᠠᠭ
ᠭᠠᠯᠠᠭᠤᠳ ᠦ᠋ᠨ ᠳᠠᠭᠤᠨ ᠮᠥᠷᠥᠭᠡᠰᠦᠯ ᠵᠤᠵᠠᠭᠠᠯᠠᠵᠤ ᠬᠠᠩᠭᠢᠨᠠᠨ᠎ᠠ ᠪᠢᠯᠡ
ᠤᠰᠤ ᠰᠢᠷᠣᠢ ᠡᠰᠡ ᠬᠡᠷᠡᠭᠰᠡᠬᠦ
ᠤᠯᠠᠷᠢᠯ ᠦᠭᠡᠢ ᠬᠦᠷᠦᠰᠦ ᠪᠣᠯ ᠴᠠᠭᠠᠰᠤ ᠮᠢᠨᠢ ᠶᠤᠮ
ᠤᠷᠠᠪᠠᠯ ᠡᠷᠬᠢ ᠰᠢᠭ᠌ ᠶᠡᠭᠦᠷᠡᠳᠡᠭ ᠵᠡᠭᠦᠲᠦᠨ ᠳ᠋ᠡᠭᠡᠨ ᠪᠢ
ᠡᠬᠡ ᠳ᠋ᠡᠭᠡᠨ ᠲᠡᠮᠡᠦᠯᠦᠭᠰᠡᠨ ᠪᠣᠲᠣᠯ ᠦ᠋ᠨ ᠡᠩᠬᠦᠷᠡᠢ ᠬᠣᠶᠠᠷ ᠨᠠᠪᠴᠢ
ᠰᠦᠨᠢ ᠪᠣᠯᠭᠠᠨ ᠂ ᠰᠠᠷ᠎ᠠ ᠪᠠᠨ ᠲᠤᠰᠴᠤ ᠤᠷᠭᠤᠨ᠎ᠠ ᠪᠢᠯᠡ
ᠭᠣᠯᠢᠶᠠᠨ ᠳᠠᠭᠤ ᠂ ᠨᠣᠶ᠋ᠢᠷ ᠦᠭᠡᠢ ᠰᠦᠨᠢ
ᠭᠣᠯᠢᠶᠠᠨ ᠳᠠᠭᠤᠨ ᠠ᠋ᠴᠠ ᠠᠯᠤᠰᠬᠠᠨ ᠨᠠᠤᠠᠬᠤᠵᠤ
ᠭᠤᠷᠪᠠᠨ ᠨᠣᠬᠠᠢ
ᠮᠢᠨᠦ ᠨᠢᠲᠦ ᠪᠡᠷ ᠪᠠᠷᠠᠭᠤᠨᠰᠢ ᠵᠢᠭᠤᠲᠠᠨ᠎ᠠ
ᠬᠣᠲᠠ ᠶ᠋ᠢᠨ ᠲᠡᠭᠷᠢ ᠨᠠᠮ ᠵᠢᠮ
ᠬᠣᠯᠠ ᠶ᠋ᠢᠨ ᠬᠥᠲᠡᠭᠡ ᠰᠥᠨᠢᠵᠢᠨ
ᠨᠠᠷᠠᠪᠴᠢᠨ ᠴᠤᠩᠬᠤ ᠪᠠᠷ ᠰᠡᠷᠢᠭᠦᠦ ᠲᠠᠲᠠᠨ ᠵᠢᠷᠵᠢᠭᠢᠨᠡᠨᠡ
ᠡᠪᠡᠰᠦᠨ ᠰᠢᠭᠦᠲᠡᠷᠢ ᠡᠴᠡ ᠣᠯᠠᠨ ᠲᠣᠭᠠᠨ ᠪ ᠨᠠᠷᠠ ᠬᠠᠷᠠᠵᠤ
ᠦᠲᠡᠰᠢ ᠳ᠋ᠡᠭᠡᠨ
ᠬᠡᠭᠡᠷ᠎ᠡ ᠶ᠋ᠢᠨ ᠠᠪᠢᠶ᠎ᠠ ᠳᠡᠭᠦᠵᠢᠯᠡᠨ ᠪᠤᠴᠠᠲᠠᠭ ᠬᠡᠦᠬᠡᠳ
ᠨᠠᠲᠠ ᠲᠠᠢ ᠠᠬᠢᠨ ᠲᠠᠬᠢᠨ ᠳᠠᠪᠬᠤᠴᠠᠵᠤ ᠬᠡᠪᠲᠡᠨ᠎ᠡ
ᠤᠨᠲᠠᠭᠰᠠᠨ ᠬᠣᠲᠠ ᠶ᠋ᠢᠨ ᠭᠠᠭᠴᠠ ᠳ᠋ᠸᠩ
ᠤᠨᠲᠠᠷᠠᠵᠤ ᠴᠢᠲᠠᠬᠤ ᠦᠭᠡᠢ ᠲᠣᠷᠮᠣᠯᠵᠠᠵᠤ
ᠤᠷᠠᠨ ᠡᠨᠲᠡᠭᠦᠷᠡᠯ ᠮᠠᠨᠠᠵᠤ ᠪᠥᠮᠪᠥᠷᠢᠬᠦ ᠲᠠᠮᠡᠬᠢᠨ ᠶᠣᠵᠣᠭᠣᠷ
ᠤᠬᠠᠭᠠᠨ ᠳᠦᠭᠦᠷᠡᠩ ᠦᠯᠢᠭᠡᠷ ᠬᠡᠪᠢᠨ᠎ᠡ
ᠪᠢᠴᠢᠭᠤᠬᠠᠨ ᠥᠷᠥᠭᠡ
ᠪᠠᠬᠲᠠ ᠶᠠᠲᠠᠨ ᠬᠠᠩᠭᠢᠨᠠᠬᠤ
ᠪᠠᠶ᠋ᠢᠭᠠᠯᠢ ᠶ᠋ᠢᠨ ᠶ᠋ᠢᠡᠨ ᠨᠣᠭᠤᠭᠠᠨ ᠠᠪᠢᠶᠠᠨ ᠳᠤ ᠲᠡᠪᠲᠦᠵᠦ
ᠪᠢ ᠥᠷᠯᠦᠭᠡ ᠪᠣᠰᠬᠤ ᠳᠤ ᠮᠢᠨᠦ ᠮᠦᠷ
ᠬᠦᠲᠡᠭᠡ ᠡᠴᠡ ᠨᠠᠰᠢ ᠲᠤᠩ ᠨᠣᠶ᠋ᠢᠲᠠᠨ ᠢᠷᠡᠵᠦ ᠪᠠᠶ᠋ᠢᠯ ᠡ
ᠴᠢᠯᠠᠭᠤᠨ ᠬᠤᠤᠠᠲᠤᠭ ᠦ᠋ᠨ ᠳᠤᠷᠠᠳᠬᠠᠯ
ᠴᠢᠯᠠᠭᠤᠨ ᠬᠤᠤᠠᠲᠤᠭ ᠦ᠋ᠨ ᠮᠢᠨᠢ ᠤᠰᠤᠨ ᠳᠤ ᠵᠢᠭᠠᠰᠤ ᠦᠭᠡᠢ
ᠴᠣᠪᠣᠵᠤ ᠬᠣᠯᠠᠲᠠᠭᠰᠠᠨ ᠮᠠᠯ ᠦ᠋ᠨ ᠮᠦᠷ ᠊ᠢ ᠨᠢ ᠡᠪᠬᠡᠵᠦ
ᠪᠢ ᠢᠷᠡᠨ᠎ᠡ
ᠡᠪᠦᠭᠡᠳ ᠦ᠋ᠨ ᠮᠢᠨᠢ ᠬᠠᠲᠠᠨ ᠠ᠋ᠴᠠ ᠢᠪᠢᠯᠦᠭᠦᠯᠦᠭᠰᠡᠨ ᠰᠦ᠋
ᠡᠲᠦᠷᠵᠢᠨ ᠂ ᠰᠡᠤᠠᠬᠢᠯ ᠤᠷᠤᠭᠤ ᠳᠡᠭᠦᠵᠢᠩ ᠮᠡᠯᠮᠡᠯᠵᠡᠬᠦ
ᠬᠠᠶ᠋ᠢᠷ᠎ᠠ ᠥᠲᠡᠯᠬᠦ ᠦᠭᠡᠢ ᠡ
ᠲᠣᠭᠲᠠᠭᠤᠬᠠᠨ ᠴᠡᠭᠡᠯ ᠨᠢ
ᠲᠣᠭᠣᠵᠤ ᠰᠠᠭᠤᠭᠰᠠᠨ ᠤᠬᠠᠭᠠᠨᠲᠤ ᠪᠦᠰᠡᠬᠦᠢ ᠶ᠋ᠢᠨ ᠮᠢᠨᠢ ᠠᠭᠠᠯᠢ
ᠲᠤᠩ ᠵᠥᠭᠡᠯᠡᠬᠡᠨ ᠨᠠᠲᠠ ᠳᠡᠭᠡᠷ᠎ᠡ ᠳᠠᠯᠮᠢᠶᠠᠷᠠᠨᠠ
ᠲᠣᠪᠴᠢᠨ ᠴᠢᠨᠡᠭᠡ ᠢᠷᠣᠭᠠᠷ ᠊ᠢ ᠨᠢ ᠰᠠᠬᠢᠨ
ᠲᠣᠭᠯᠠᠵᠤ ᠤᠤᠠᠬᠤ ᠡᠭᠦᠯᠡᠨ ᠰᠡᠭᠦᠲᠡᠷ ᠲᠦ ᠠᠨᠢᠪᠴᠠᠬᠤ
ᠲᠡᠭᠷᠢ ᠨᠢ
ᠲᠠᠨᠢᠬᠤ ᠲᠤᠲᠤᠮ ᠦᠨᠲᠦᠷ ᠪᠣᠯᠵᠤ ᠂ ᠨᠠᠮᠠᠶ᠋ᠢ ᠴᠡᠩᠬᠡᠷᠯᠡᠨ᠎ᠡ
ᠤᠬᠠᠭᠠᠨ ᠪ ᠬᠢᠨᠢ ᠭᠦᠨ ᠳᠤ ᠬᠦᠷᠬᠦ ᠡᠴᠡ ᠪᠡᠨ ᠡᠮᠦᠨ᠎ᠡ
ᠣᠷᠬᠢᠬᠰᠠᠨ ᠴᠢᠯᠠᠭᠤ ᠵᠥᠭᠡᠯᠡᠷᠡᠬᠦ ᠶ᠋ᠢ
ᠤᠨᠠᠭᠠᠭᠰᠠᠨ ᠠᠯᠲᠠᠬ᠋᠎ᠠ ᠠ᠋ᠴᠠ ᠪᠠᠨ ᠰᠠᠨᠠᠬᠤ ᠪᠦᠷᠢ ᠨᠢᠲᠦ ᠡᠪᠡᠳᠳᠡᠭ
ᠣᠬᠢᠶᠠᠭᠰᠠᠨ ᠬᠤᠪᠴᠠᠰᠤ ᠬᠠᠭᠤᠴᠢᠷᠠᠬᠤ ᠲᠤᠲᠤᠮ
ᠤᠰᠤᠨ ᠪ ᠬᠢᠨᠢ ᠥᠨᠥᠷ ᠥᠤᠠᠬᠡᠷᠡᠬᠦ ᠶ᠋ᠢ
ᠤᠯᠠᠷᠢᠯ ᠦ᠋ᠨ ᠵᠢᠰᠦᠨ ᠡᠴᠡ ᠲᠠᠨᠢᠬᠤ ᠪᠣᠯᠭᠠᠨ ᠵᠡᠭᠦᠲᠦ ᠣᠯᠠᠰᠢᠷᠠᠲᠠᠭ
ᠬᠣᠯᠠ ᠬᠦᠲᠡᠭᠡ ᠶ᠋ᠢᠨ ᠴᠢᠯᠠᠭᠤᠨ ᠬᠤᠤᠠᠲᠤᠭ ᠮᠢᠨᠢ ᠠ᠋
ᠬᠠᠭᠤᠴᠢᠷᠠᠲᠠᠭ ᠦᠭᠡᠢ ᠦᠯᠢᠭᠡᠷ ᠊ᠢ ᠴᠢᠨᠢ ᠱᠦᠭᠦᠭᠦ ᠭᠡᠵᠦ
ᠬᠣᠪᠣᠭᠣ ᠣᠷᠬᠢᠯ᠎ᠠ
ᠨᠠᠲᠠᠲᠤ ᠂ ᠵᠢᠭᠠᠰᠤ ᠬᠡᠷᠡᠭ ᠦᠭᠡᠢ
ᠨᠠᠮᠤᠷ ᠦ᠋ᠨ ᠭᠠᠯᠠᠭᠤ ᠪᠠᠨ ᠡᠬᠡᠨᠡ ᠭᠡᠵᠦ
ᠨᠠᠮᠠᠬ᠋ᠠ ᠪᠦᠬᠦᠨ ᠳ᠋ᠡᠭᠡᠨ ᠢᠲᠡᠭᠡᠯ ᠵᠠᠩᠭᠢᠲᠤᠭᠰᠠᠨ
ᠲᠡᠭᠷᠢ ᠴᠢᠨᠢ ᠯᠠ ᠦᠨᠡᠲᠡᠢ ᠡ!
ᠨᠤᠲᠤᠭ ᠦ᠋ᠨ ᠰᠤᠷᠠᠭ
ᠮᠢᠩᠭᠠᠨ ᠠᠭᠤᠯᠠ ᠶ᠋ᠢᠨ ᠣᠷᠭᠢᠯ ᠳᠠᠮᠵᠢᠨ
ᠮᠢᠨᠦ ᠨᠡᠷ᠎ᠡ ᠳᠡᠭᠡᠷ᠎ᠡ ᠵᠥᠭᠡᠯᠡᠬᠡᠨ ᠤᠨᠠᠬᠤ ᠰᠢᠪᠠᠭᠤ
ᠣᠯᠠᠨ ᠬᠡᠯᠡ ᠪᠡᠷ ᠳᠠᠭᠤᠯᠠᠨ᠎ᠠ
ᠵᠢᠪᠡᠷ ᠦ᠋ᠨ ᠦᠵᠦᠭᠦᠷ ᠲᠦ ᠨᠢᠮᠬᠡᠬᠡᠨ ᠬᠡᠶ᠋ᠢᠰᠴᠦ
ᠵᠠᠮ ᠦ᠋ᠨ ᠲᠣᠭᠣᠰᠣᠨ ᠠ᠋ᠴᠠ ᠳᠡᠭᠡᠭᠦᠷᠬᠡᠨ
ᠨᠠᠲᠠ ᠳᠡᠭᠡᠷ᠎ᠡ ᠲᠤᠶᠠᠭᠠᠷᠠᠵᠤ ᠢᠷᠡᠬᠦ ᠰᠠᠷ᠎ᠠ
ᠪᠤᠯᠠᠩᠬᠢᠷ ᠦᠭᠡᠢ ᠲᠣᠨᠣᠯᠵᠠᠨᠠ
ᠨᠠᠶᠠᠨ ᠲᠥᠮᠡᠨ ᠡᠭᠡᠰᠢᠭ ᠲᠠᠢ
ᠨᠠᠷᠠᠨ ᠪ ᠰᠤᠲᠠᠰᠤ ᠪᠠᠷ ᠤᠷᠤᠰᠴᠤ ᠢᠷᠡᠬᠦ
ᠬᠠᠪᠤᠷ ᠦ᠋ᠨ ᠴᠡᠩᠬᠡᠷ ᠭᠣᠷᠣᠬ᠎ᠠ
ᠨᠠᠲᠠ ᠳᠡᠭᠡᠷ᠎ᠡ ᠂ ᠬᠡᠵᠢᠶᠡᠲᠡ ᠪᠦᠯᠢᠶᠡᠬᠡᠨ ᠠᠰᠬᠠᠷᠠᠨ᠎ᠠ ᠡ
ᠪᠠᠬ᠋᠎ᠠ ᠶ᠋ᠢᠨ ᠨᠠᠶ᠋ᠢᠵᠢ
ᠦᠷᠭᠦᠢ ᠂ ᠵᠡᠭᠦᠲᠦᠨ ᠳᠤ ᠲᠣᠭᠯᠠᠬᠤ
ᠡᠪᠦᠭᠡᠷᠡᠵᠦ ᠴᠢᠲᠠᠬᠤ ᠦᠭᠡᠢ ᠬᠦᠮᠦᠨ ᠪᠢᠯᠡ
ᠦᠯᠢᠭᠡᠷ ᠪᠣᠯᠭᠠᠨ ᠶᠠᠷᠢᠬᠤ ᠪᠦᠷᠢ ᠳᠤ
ᠦᠭᠡᠰ ᠊ᠢ ᠨᠢᠯᠬᠠᠷᠠᠭᠤᠯᠲᠠᠭ ᠵᠢᠰᠦ ᠪᠢᠯᠡ
ᠥᠴᠦᠭᠡᠲᠦᠷ ᠦ᠋ᠨ ᠵᠠᠢ ᠳᠤ ᠮᠥᠷᠦᠭᠡᠲᠦᠯ ᠲᠠᠮᠠᠭᠠᠯᠠᠵᠤ ᠬᠣᠴᠣᠷᠣᠭᠰᠠᠨ
ᠥᠩᠭᠡ ᠨᠢ ᠤᠨᠠᠬᠤ ᠦᠭᠡᠢ ᠨᠡᠷ᠎ᠡ ᠪᠢᠯᠡ
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
