3-70-79ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠰᠠᠬᠤᠤ᠂ ᠣᠬᠣᠷ ᠬᠠᠳᠬᠤᠯᠠᠭ᠎ᠠ᠂ ᠨᠢᠶᠠᠨ ᠴᠠᠩᠬ᠎ᠠ᠂ ᠭᠡᠳᠡᠰᠦᠨ ᠬᠠᠳᠬᠤᠯᠠᠭ᠎ᠠ᠂ ᠭᠠᠯ ᠨᠠᠮᠤᠰᠤ᠂ ᠪᠤᠯᠴᠢᠷᠬᠠᠢ᠂ ᠪᠤᠯᠴᠢᠩ ᠤᠷᠪᠠᠬᠤ᠂ ᠪᠣᠭᠣᠮ᠎ᠠ᠂ ᠨᠢᠶᠠᠨ ᠴᠢᠬᠢᠭᠠ᠂ ᠮᠤᠰᠬᠢᠯᠵᠠᠨ ᠰᠢᠯᠢ ᠲᠠᠲᠠᠬᠤ ᠊ᠢ ᠵᠠᠰᠠ
ᠳᠠᠯ᠎ᠠ᠂ ᠰᠠᠬᠤᠤ ᠡᠪᠡᠳᠴᠢᠨ ᠊ᠢ ᠵᠠᠰᠠᠬᠤ
ᠰᠠᠬᠤᠤ ᠡᠪᠡᠳᠴᠢᠨ ᠳ᠋ᠦ᠍ ᠬᠥᠬᠥᠯ ᠂ ᠫᠦᠷᠨᠠᠭ ᠤ᠋ᠨ ᠳᠠᠩ ᠊ᠢ ᠬᠠᠶᠠ ᠨᠢᠭᠡ ᠥᠭᠭᠦᠭᠡᠳ ᠰᠡᠭᠦᠯ ᠳ᠋ᠦ᠍ᠨᠢ ᠭᠠᠷᠤᠳᠢ —5 ᠤ᠋ ᠳᠡᠭᠡᠷ᠎ᠡ ᠬᠤᠩᠯᠸᠨ ᠳ᠋ᠦ᠋ᠳᠽᠢᠯᠤᠮᠠ ᠂ ᠯᠢᠰᠢ ᠭᠤᠷᠪᠠ ᠶ᠋ᠢ ᠬᠤᠪᠢ ᠳᠠᠭᠱᠠ ᠨᠡᠮᠡᠭᠡᠳ᠂ ᠬᠤᠩᠯᠸᠨ ᠤ᠋ ᠳᠠᠩ ᠢ᠋ᠶ᠋ᠠᠷ ᠳᠠᠷᠤᠭᠤᠯᠪᠠᠰᠤ ᠰᠠᠬᠤᠤ ᠡᠪᠡᠳᠴᠢᠨ ᠡᠴᠡ ᠭᠡᠲᠦᠯᠭᠡᠬᠦ ᠰᠡᠵᠢᠭ ᠦᠭᠡᠢ ᠪᠣᠯᠠᠢ᠃ ᠵᠠᠯᠭᠢᠭᠤᠷ ᠬᠠᠪᠤᠳᠴᠤ ᠬᠠᠭᠠᠭᠳᠠᠪᠠᠰᠤ ᠼᠠᠯᠠ ᠶ᠋ᠢ ᠬᠡᠮᠡᠯᠢᠭᠦᠯᠪᠡᠯ ᠲᠤᠰᠠᠯᠠᠨ᠎ᠠ ᠃ ᠡᠮ ᠢ᠋ᠶ᠋ᠡᠷ ᠡᠰᠡ ᠴᠢᠳᠠᠪᠠᠰᠤ ᠬᠠᠯᠠᠵᠠᠶ᠋ᠢᠲᠠᠪ ᠊ᠢ ᠥᠭ᠃
ᠳᠠᠯᠠᠨ ᠨᠢᠭᠡ᠂ ᠣᠬᠣᠷ ᠬᠠᠳᠬᠤᠯᠠᠭ᠎ᠠ ᠶ᠋ᠢ ᠵᠠᠰᠠᠬᠤ
ᠣᠬᠣᠷ ᠬᠠᠳᠬᠤᠯᠠᠭ᠎ᠠ ᠡᠪᠡᠳᠴᠢᠨ ᠳ᠋ᠦ᠍ ᠬᠠᠮᠢᠭ᠎ᠠ ᠬᠠᠳᠬᠤᠯᠠᠭᠰᠠᠨ ᠭᠠᠵᠠᠷ ᠲᠤᠨᠢ ᠨᠦᠬᠡᠯᠡᠭᠰᠡᠨ ᠳᠠᠷᠤᠢ ᠭᠠᠯ ᠬᠤᠮᠬ᠎ᠠ ᠶ᠋ᠢ ᠲᠠᠯᠪᠢᠪᠠᠰᠤ ᠬᠠᠳᠬᠤᠯᠠᠭ᠎ᠠ ᠳᠠᠷᠤᠭᠳᠠᠮᠤᠢ᠃ ᠤᠤᠭᠤᠬᠤ ᠡᠮ᠄ ᠬᠠᠯᠠᠵᠠᠶ᠋ᠢᠲᠠᠪ ᠊ᠢ ᠮᠠᠨᠤ —4 ᠳᠠᠩ ᠢ᠋ᠶ᠋ᠠᠷ ᠣᠯᠠᠨᠲᠠ ᠥᠭᠪᠡᠰᠦ ᠮᠠᠭᠠᠳ ᠡᠳᠡᠭᠡᠷᠡᠮᠦᠢ ᠃ ᠢᠳᠡᠭᠡᠨ ᠳ᠋ᠦ᠍ ᠮᠢᠬ᠎ᠠ᠂ ᠲᠣᠰᠣ ᠂ ᠳᠠᠪᠤᠰᠤ᠂ ᠰᠢᠬᠢᠷ ᠊ᠢ ᠮᠠᠰᠢ ᠴᠡᠭᠡᠷᠯᠡ᠃
ᠳᠠᠯᠠᠨ ᠬᠣᠶᠠᠷ᠂ ᠨᠢᠶᠠᠨ ᠴᠠᠩᠬ᠎ᠠ ᠶ᠋ᠢ ᠵᠠᠰᠠᠬᠤ
ᠨᠢᠶᠠᠨ ᠴᠠᠩᠬ᠎ᠠ ᠬᠡᠮᠡᠬᠦ ᠱᠠᠵᠠ ᠡᠪᠡᠳᠴᠢᠨ ᠳ᠋ᠦ᠍ ᠭᠠᠬᠠᠢ ᠶ᠋ᠢᠨ ᠬᠣᠷᠭᠣᠯ᠂ ᠪᠠᠷᠠᠭᠱᠦᠢ᠍ᠨ ᠂ ᠵᠠᠼᠤᠸᠠ ᠂ ᠪᠢᠪᠢᠯᠢᠩ᠂ ᠵᠢᠳᠠᠩᠭ᠎ᠠ ᠂ ᠮᠠᠷᠤᠽᠢ᠂ ᠷᠦᠳᠠ ᠂ ᠵᠦᠷᠦᠷ᠎ᠠ᠂ ᠮᠠᠨᠴᠢᠨ᠂ ᠠᠷᠤᠷ᠎ᠠ ᠶ᠋ᠢ ᠨᠠᠶ᠋ᠢᠷᠠᠭᠤᠯᠤᠭᠰᠠᠨ ᠨᠠᠶ᠋ᠢᠷᠠᠯᠭ᠎ᠠ ᠪᠠᠷ ᠬᠣᠳᠣᠭᠣᠳᠣᠨ ᠱᠠᠵᠠ ᠡᠪᠡᠳᠴᠢᠨ ᠡᠴᠡ ᠭᠡᠲᠦᠯᠭᠡᠮᠦᠢ᠃
ᠳᠠᠯᠠᠨ ᠭᠤᠷᠪᠠ᠂ ᠭᠡᠳᠡᠰᠦᠨ ᠬᠠᠳᠬᠤᠯᠠᠭ᠎ᠠ ᠶ᠋ᠢ ᠵᠠᠰᠠᠬᠤ
ᠭᠡᠳᠡᠰᠦᠨ ᠬᠠᠳᠬᠤᠯᠠᠭ᠎ᠠ ᠡᠪᠡᠳᠴᠢᠨ ᠳ᠋ᠦ᠍ ᠬᠠᠳᠠᠨ ᠭᠠᠷᠤᠳᠢ —13 ᠶ᠋ᠢ ᠴᠠᠭᠠᠨ ᠲᠤᠲᠤᠷᠭᠠᠨ ᠪᠤᠴᠠᠯᠭᠠᠭᠰᠠᠨ ᠱᠦᠮᠦᠰᠦ ᠪᠡᠷ ᠳᠠᠷᠤᠭᠤᠯᠪᠠᠰᠤ ᠡᠳᠡᠭᠡᠷᠡᠮᠦᠢ ᠂ ᠡᠰᠡ ᠴᠢᠳᠠᠪᠠᠰᠤ ᠳᠣᠭᠣᠯᠭᠠᠭᠰᠠᠨ ᠴᠢᠰᠤ ᠶ᠋ᠢ ᠨᠢ ᠬᠠᠭᠤᠷᠴᠤ ᠡᠮ ᠦ᠋ᠨ ᠳᠡᠭᠡᠷ᠎ᠡ ᠨᠡᠮᠡᠭᠲᠦᠨ ᠃
ᠳᠠᠯᠠᠨ ᠳᠥᠷᠪᠡ᠂ ᠭᠠᠯ ᠨᠠᠮᠤᠰᠤ ᠶ᠋ᠢ ᠵᠠᠰᠠᠬᠤ
ᠭᠠᠯ ᠨᠠᠮᠤᠰᠤ ᠭᠠᠷᠪᠠᠰᠤ ᠪᠠᠷᠠᠭᠱᠦᠢ᠍ᠨ ᠂ ᠭᠣᠣᠵᠢᠯᠠ ᠶ᠋ᠢ ᠨᠠᠷᠢᠨ ᠲᠠᠯᠬᠠᠳᠠᠭᠠᠳ ᠪᠤᠴᠠᠯᠤᠭᠰᠠᠨ ᠤᠰᠤᠨ ᠳ᠋ᠤ᠌ ᠵᠢᠭᠤᠷᠠᠵᠤ ᠵᠤᠵᠠᠭᠠᠨ ᠰᠢᠪᠠ ᠃ ᠳᠣᠲᠣᠷ ᠠ᠋ᠴᠠ ᠭᠠᠷᠤᠳᠢ —5 ᠶ᠋ᠢ ᠬᠤᠪᠢ ᠲᠡᠭᠦᠯᠳᠡᠷ ᠢ᠋ᠶ᠋ᠡᠷ ᠣᠯᠠᠨᠲᠠ ᠥᠭᠪᠡᠰᠦ ᠴᠢᠳᠠᠮᠤᠢ ᠃ ᠰᠠᠢᠨ ᠠᠯᠲᠠᠨ ᠷᠢᠯᠦ ᠣᠯᠳᠠᠪᠠᠰᠤ ᠭᠤᠯᠢᠷ ᠳᠣᠲᠣᠷ ᠲᠠᠯᠪᠢᠵᠤ ᠨᠠᠭ᠎ᠠ ᠃ ᠲᠡᠷᠡ ᠴᠦ᠍ ᠮᠠᠰᠢ ᠲᠤᠰᠠᠯᠠᠬᠤ ᠶ᠋ᠢ ᠠᠮᠲᠠᠯᠠᠨ ᠮᠡᠳᠡᠪᠡᠢ ᠃
ᠳᠠᠯᠠᠨ ᠲᠠᠪᠤ᠂ ᠪᠤᠯᠴᠢᠷᠬᠠᠢ ᠡᠪᠡᠳᠴᠢᠨ ᠊ᠢ ᠵᠠᠰᠠᠬᠤ
ᠪᠤᠯᠴᠢᠷᠬᠠᠢ ᠶ᠋ᠢᠨ ᠰᠢᠯᠲᠠᠭᠠᠨ ᠨᠢ ᠬᠡᠢ ᠴᠢᠰᠤ ᠬᠢᠮᠤᠷᠠᠭᠰᠠᠨ ᠠ᠋ᠴᠠ ᠭᠠᠷᠤᠮᠤᠢ᠃ ᠲᠠᠴᠢᠶᠠᠯ ᠶᠠᠪᠤᠳᠠᠯ ᠂ ᠬᠠᠲᠠᠭᠤ ᠪᠠᠷ ᠠᠯᠵᠢᠶᠠᠷᠠᠭᠰᠠᠨ ᠢ᠋ᠶ᠋ᠠᠷ ᠰᠢᠷ᠎ᠠ ᠤᠰᠤ ᠪᠤᠯᠴᠢᠷᠬᠠᠢ ᠳ᠋ᠤ᠌ ᠬᠤᠶ᠋ᠢᠯᠠᠷᠠᠭᠰᠠᠨ ᠂ ᠡᠨᠡ ᠨᠢ ᠬᠡᠢ ᠶ᠋ᠢᠨ ᠡᠪᠡᠳᠴᠢᠨ ᠮᠥᠨ ᠃ ᠡᠮ ᠳ᠋ᠦ᠍ ᠄ ᠮᠠᠨᠴᠢᠨ᠂ ᠠᠷᠤᠷ᠎ᠠ᠂ ᠮᠦᠽᠢ ᠂ ᠮᠥᠩᠭᠥᠨ ᠤᠰᠤ ᠳᠥᠷᠪᠡᠭᠦᠯᠡ ᠶ᠋ᠢ ᠬᠡᠢ ᠶ᠋ᠢᠨ ᠡᠮ ᠳᠡᠭᠡᠷ᠎ᠡ ᠨᠡᠮᠡᠵᠦ ᠥᠭᠪᠡᠰᠦ ᠮᠠᠭᠠᠳ ᠴᠢᠳᠠᠮᠤᠢ ᠃
ᠳᠠᠯᠠᠨ ᠵᠢᠷᠭᠤᠭ᠎ᠠ᠂ ᠪᠤᠯᠴᠢᠩ ᠤᠷᠪᠠᠬᠤ ᠶ᠋ᠢ ᠵᠠᠰᠠᠬᠤ
ᠪᠤᠯᠴᠢᠩ ᠤᠷᠪᠠᠬᠤ ᠡᠪᠡᠳᠴᠢᠨ ᠳ᠋ᠦ᠍ ᠭᠠᠷᠤᠳᠢ —5 ᠬᠤᠪᠢ ᠲᠡᠭᠦᠯᠳᠡᠷ ᠊ᠢ ᠨᠢᠭᠡ ᠠᠶᠠᠭ᠎ᠠ ᠰᠢᠭᠡᠰᠦᠨ ᠳ᠋ᠦ᠍ ᠬᠠᠷ᠎ᠠ ᠬᠥᠬᠥᠯ ᠊ᠢ ᠵᠢᠭᠤᠷᠠᠵᠤ ᠳᠠᠷᠤᠭᠤᠯ᠃ ᠠᠯᠢ ᠤᠷᠪᠠᠭᠰᠠᠨ ᠪᠤᠯᠴᠢᠩ ᠊ᠢ ᠵᠡᠭᠦᠦ ᠪᠡᠷ ᠨᠦᠬᠡᠯᠡᠵᠦ ᠴᠢᠰᠤ ᠭᠠᠷᠭ᠎ᠠ ᠃ ᠡᠰᠡ ᠴᠢᠳᠠᠪᠠᠰᠤ ᠲᠤᠭᠤᠯᠭ᠎ᠠ ᠶ᠋ᠢ ᠥᠭ ᠃ ᠪᠤᠯᠴᠢᠩ ᠊ᠢ ᠪᠣᠭᠣᠳᠠᠭ ᠢ᠋ᠶ᠋ᠠᠷ ᠪᠣᠭᠣᠭᠲᠤᠨ᠃
ᠳᠠᠯᠠᠨ ᠳᠣᠯᠣᠭ᠎ᠠ᠂ ᠪᠣᠭᠣᠮ᠎ᠠ ᠡᠪᠡᠳᠴᠢᠨ ᠊ᠢ ᠵᠠᠰᠠᠬᠤ
ᠪᠣᠭᠣᠮ᠎ᠠ ᠬᠡᠮᠡᠬᠦ ᠭᠠᠵᠠᠷ ᠤ᠋ᠨ ᠶᠠᠷ᠎ᠠ ᠭᠠᠷᠪᠠᠰᠤ ᠭᠣᠣᠵᠢᠯᠠ᠂ ᠪᠠᠷᠠᠭᠱᠦᠢ᠍ᠨ ᠂ ᠽᠢᠮᠪᠠ ᠂ ᠬᠣᠩ ᠹᠧᠩ ᠊ᠢ ᠨᠠᠶ᠋ᠢᠷᠠᠭᠤᠯᠵᠤ ᠰᠥᠷᠴᠢ ᠃ ᠳᠣᠲᠣᠷ ᠠ᠋ᠴᠠ ᠭᠠᠷᠤᠳᠢ —5 ᠤ᠋ ᠳᠡᠭᠡᠷ᠎ᠡ ᠬᠠᠷ᠎ᠠ ᠬᠥᠬᠥᠯ ᠨᠡᠮᠡᠵᠦ ᠣᠯᠠᠨᠲᠠ ᠦᠭᠪᠡᠯ ᠮᠠᠭᠠᠳ ᠲᠤᠰᠠᠯᠠᠮᠤᠢ ᠃ ᠢᠳᠡᠭᠡᠨ ᠳ᠋ᠦ᠍ ᠮᠠᠰᠢ ᠰᠢᠮ᠎ᠡ ᠦᠭᠡᠢ ᠪᠡᠷ ᠢᠲᠡᠭᠲᠦᠨ ᠃
ᠳᠠᠯᠠᠨ ᠨᠠᠢ᠍ᠮᠠ᠂ ᠨᠢᠶᠠᠨ ᠴᠢᠬᠢᠭᠠ ᠶ᠋ᠢ ᠵᠠᠰᠠᠬᠤ
ᠨᠢᠶᠠᠨ ᠴᠢᠬᠢᠭᠠ ᠬᠡᠮᠡᠬᠦ ᠡᠪᠡᠳᠴᠢᠨ ᠢᠨᠤ ᠪᠡᠯᠭᠡ ᠶ᠋ᠢᠨ ᠪᠤᠵᠠᠷ᠂ ᠥᠷᠢ ᠲᠥᠯᠥᠭᠡᠰᠦ ᠡᠴᠡ ᠪᠣᠯᠤᠮᠤᠢ ᠃ ᠡᠭᠦᠨ ᠳ᠋ᠦ᠍ᠷ ᠬᠠᠷ᠎ᠠ ᠬᠥᠬᠥᠯ ᠂ ᠳ᠋ᠣᠩᠷᠣᠢ ᠂ ᠸᠠᠯᠠ ᠂ ᠮᠦᠽᠢ ᠂ ᠼᠠᠯ ᠊ᠢ ᠰᠢᠭᠡᠰᠦᠨ ᠳ᠋ᠦ᠍ ᠵᠢᠭᠤᠷᠠᠵᠤ ᠰᠥᠷᠴᠢ ᠃ ᠨᠠᠭᠠᠯᠳᠤᠪᠠᠰᠤ ᠡᠨᠳᠡᠭᠦᠷᠡᠯ ᠦᠭᠡᠢ ᠮᠥᠨ ᠃ ᠤᠤᠭᠤᠬᠤ ᠡᠮ᠄ ᠭᠠᠷᠤᠳᠢ —5 ᠤ᠋ ᠳᠡᠭᠡᠷ᠎ᠡ ᠮᠥᠩᠭᠥᠨ ᠤᠰᠤ᠂ ᠮᠦᠽᠢ ᠂ ᠼᠠᠯᠭᠠᠷ ᠊ᠢ ᠨᠡᠮᠡᠵᠦ ᠥᠭ ᠃ ᠰᠦᠷᠴᠢᠬᠦ ᠡᠮ᠄ ᠪᠣᠶ᠋ᠢᠭᠠᠷ ᠂ ᠳ᠋ᠣᠮᠷᡁᠢ ᠂ ᠵᠡᠰ ᠦ᠋ᠨ ᠵᠢᠪᠡ᠂ ᠸᠠᠯᠠ ᠂ ᠭᠠ᠂ ᠪᠢᠪᠢᠯᠢᠩ᠂ ᠪᠦᠯᠲᠦᠬ ᠂ ᠳ᠋ᠣᠩᠷᠣᠢ ᠶ᠋ᠢ ᠨᠠᠶ᠋ᠢᠷᠠᠭᠤᠯᠤᠨ ᠭᠠᠬᠠᠢ ᠶ᠋ᠢᠨ ᠥᠭᠡᠬᠦ᠂ ᠪᠠᠯ ᠳ᠋ᠤ᠌ ᠨᠠᠶ᠋ᠢᠷᠠᠭᠤᠯᠵᠤ ᠰᠣᠯᠢᠯᠴᠠᠭᠤᠯᠤᠨ ᠰᠥᠷᠴᠢ ᠃
ᠬᠥᠮᠦᠨ ᠦ᠌ ᠶᠠᠰᠤ᠂ ᠵᠢᠭᠠᠰᠤᠨ ᠮᠢᠬ᠎ᠠ᠂ ᠷᠸᠵᠠᠭ ᠂ ᠳ᠋ᠠᠭᠱᠠ᠂ ᠨᠣᠬᠠᠢ ᠶ᠋ᠢᠨ ᠶᠠᠰᠤ᠂ ᠵᠣᠩᠰᠢ᠂ ᠲᠠᠷᠨᠤ᠂ ᠳ᠋ᠤᠤᠵᠠ ᠂ ᠨᠤᠭᠤᠳ ᠊ᠢ ᠪᠠᠶ᠋ᠢᠬᠤ ᠪᠦᠬᠦᠨ ᠊ᠢ ᠨᠡᠮᠡᠭᠡᠳ ᠲᠠᠪᠤᠨ ᠷᠠᠰᠢᠶᠠᠨ ᠤ᠋ ᠳᠡᠪᠲᠦᠭᠡᠯᠭᠡ ᠶ᠋ᠢ ᠰᠢᠲᠦᠭᠦᠯ᠂ ᠡᠰᠡ ᠡᠳᠡᠭᠡᠷᠡᠪᠡᠰᠦ ᠲᠤᠤᠹᠢᠯᠢᠩ ᠊ᠢ ᠰᠢᠲᠦᠭᠦᠯᠪᠡᠰᠦ ᠲᠤᠰᠠᠯᠠᠮᠤᠢ ᠃
ᠳᠠᠯ᠎ᠠ ᠶᠢᠰᠦ᠂ ᠮᠤᠰᠬᠢᠯᠵᠠᠨ ᠰᠢᠯᠢ ᠲᠠᠲᠠᠬᠤ ᠡᠪᠡᠳᠴᠢᠨ ᠊ᠢ ᠵᠠᠰᠠᠬᠤ
ᠮᠤᠰᠬᠢᠯᠵᠠᠨ ᠰᠢᠯᠢ ᠲᠠᠲᠠᠬᠤ ᠡᠪᠡᠳᠴᠢᠨ ᠳ᠋ᠦ᠍ ᠭᠠᠷᠤᠳᠢ —5 ᠤ᠋ ᠳᠡᠭᠡᠷ᠎ᠡ ᠫᠠᠭᠷᠢᠯ ᠂ ᠵᠠᠵᠢᠭ ᠂ ᠬᠠᠷ᠎ᠠ ᠬᠥᠬᠥᠯ ᠂ ᠽᠠᠳᠢ ᠶ᠋ᠢ ᠨᠡᠮᠡ᠃ ᠡᠭᠦᠨ ᠊ᠢ ᠵᠠᠰᠠᠵᠤ ᠴᠢᠳᠠᠬᠤ ᠪᠣᠯᠠᠢ᠃ ᠡᠰᠡ ᠴᠢᠳᠠᠪᠠᠰᠤ ᠲᠤᠭᠤᠯᠭ᠎ᠠ ᠪᠠᠷ ᠠᠷᠢᠯᠭ᠎ᠠ ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ᠎ᠠ ᠂ ᠱᠠᠭᠰᠠᠯ
