ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠶᠢᠰᠦᠳᠦᠭᠡᠷ ᠪᠦᠯᠦᠭ Саран зэв – Зохиолч ᠂ Зураач – Т᠂ мандир ( Түүхэн тууж ) – Есдүгээр бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠶᠢᠰᠦᠳᠦᠭᠡᠷ ᠪᠦᠯᠦᠭ Саран зэв – Зохиолч ᠂ Зураач – Т᠂ мандир ( Түүхэн тууж ) – Есдүгээр бүлэг

ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠶᠢᠰᠦᠳᠦᠭᠡᠷ ᠪᠦᠯᠦᠭ Саран зэв – Зохиолч ᠂ Зураач – Т᠂ мандир ( Түүхэн тууж ) – Есдүгээр бүлэг

ᠠᠩᠭᠢᠯᠠᠯ:ᠲᠡᠦᠬᠡ ᠰᠣᠶᠣᠯ
2023-06-05

275

ᠰᠠᠷᠠᠨ ᠵᠡᠪᠡ – ᠶᠢᠰᠦᠳᠦᠭᠡᠷ ᠪᠦᠯᠦᠭ


      ᠨᠠᠰᠢᠷ ᠪᠡᠬᠢ ᠶ᠋ᠢᠨ ᠬᠡᠳᠦᠨ ᠡᠳᠦᠷ ᠦ᠋ᠨ ᠡᠮᠦᠨᠡᠬᠢ ᠢᠲᠡᠭᠡᠯ ᠰᠦᠵᠢᠭ ᠠᠯᠳᠠᠷᠠᠬᠤ ᠲᠡᠶ᠋ᠢᠰᠢ ᠪᠡᠨ ᠬᠠᠨᠳᠤᠯ᠎ᠠ ᠃ ᠨᠢᠭᠡ ᠤᠳᠠᠭ᠎ᠠ ᠪᠦᠷ 《 ᠪᠢ ᠳᠡᠷᠡᠰᠦᠨ ᠦ᠌ ᠡᠷᠢᠯ ᠡᠴᠡ ᠵᠠᠯᠬᠠᠯ᠎ᠠ 》 ᠭᠡᠵᠦ ᠴᠦ᠍ ᠬᠡᠯᠡᠵᠦ ᠦᠵᠡᠵᠡᠢ ᠃ ᠰᠦᠪᠡᠭᠡᠲᠠᠢ ᠠᠵᠢᠭ ᠴᠤ᠌ ᠦᠭᠡᠢ ᠢᠨᠢᠶᠡᠵᠦ 《 ᠴᠢ ᠪᠠᠷᠲᠠᠢ ᠰᠡᠴᠡᠨ ᠢ᠋ ᠬᠠᠷᠠᠭ᠎ᠠ ᠪᠢᠵᠡ ᠃ ᠲᠡᠷᠡ ᠵᠠᠨᠴᠢᠭᠤᠯᠤᠭᠰᠠᠨ ᠴᠤ᠌ ᠤᠷᠭᠤᠵᠤ ᠠᠮᠵᠢᠭᠰᠠᠨ ᠃ ᠬᠠᠷᠢᠨ ᠪᠢ ᠴᠢᠮᠠᠢ ᠵᠠᠨᠴᠢᠬᠤ ᠦᠭᠡᠢ ᠂ ᠰᠢᠭᠤᠳ ᠯᠠ ᠴᠠᠪᠴᠢᠵᠤ ᠣᠷᠬᠢᠨ᠎ᠠ 》 ᠭᠡᠳ ᠢᠯᠳᠦᠨ ᠦ᠌ ᠪᠡᠨ ᠬᠤᠢ ᠶ᠋ᠢ ᠠᠯᠠᠭᠠᠳᠠᠬᠤ ᠳ᠋ᠤ᠌ ᠬᠥᠬᠢᠭᠦᠨ ᠴᠢᠷᠠᠢ ᠳ᠋ᠤᠨᠢ ᠠᠷᠭ᠎ᠠ ᠦᠭᠡᠢ ᠠᠵᠢᠯ ᠬᠡᠷᠡᠭᠴᠢ ᠲᠥᠷᠬᠦ ᠲᠣᠳᠣᠷᠠᠭᠠᠳ ᠢᠯᠡᠷᠡᠵᠦ ᠪᠢᠯᠡ ᠃ ᠨᠠᠰᠢᠷ ᠪᠡᠬᠢ ᠳ᠋ᠦ᠍  ᠥᠮᠥᠭᠯᠡᠬᠦ ᠵᠥᠴᠢ ᠬᠠᠨ ᠬᠦᠦ ᠪᠠᠶ᠋ᠢᠬᠤ ᠪᠢᠰᠢ ᠳᠡ ᠃ ᠦᠭᠡ ᠳᠠᠭᠠᠭᠠᠬᠤ ᠠ᠋ᠴᠠ ᠥᠭᠡᠷ᠎ᠡ ᠶᠠᠭᠠᠬᠢᠬᠤ ᠪᠢᠯᠡ ᠃ 
      ᠴᠡᠷᠢᠭ ᠦ᠋ᠨ ᠴᠠᠭᠠᠵᠠ ᠰᠤᠯᠠᠷᠠᠨ᠎ᠠ ᠭᠡᠬᠦ ᠳ᠋ᠦ᠍ ᠡᠭᠦᠨ ᠡᠴᠡ ᠢᠯᠡᠭᠦᠦ ᠰᠤᠯᠠᠷᠠᠨ᠎ᠠ ᠭᠡᠵᠦ ᠯᠠᠪ ᠪᠠᠶ᠋ᠢᠲᠠᠭ ᠦᠭᠡᠢ ᠪᠠᠶ᠋ᠢᠬ᠎ᠠ ᠃ ᠬᠡᠪᠲᠡᠭᠦᠯ᠂ ᠬᠡᠰᠢᠭᠲᠡᠨ ᠨᠣᠭᠦᠳ ᠯᠡ ᠡᠭᠦᠷᠭᠡ ᠪᠡᠨ ᠡᠷᠬᠡᠪᠡᠰᠢ ᠣᠷᠣᠮᠳᠠᠵᠤ ᠪᠠᠶ᠋ᠢᠬ᠋᠎ᠠ ᠪᠣᠯᠤᠯᠲᠠᠢ ᠃ ᠵᠠᠭᠤᠲᠤ ᠨᠤᠭᠤᠳ ᠬᠡᠭᠡᠷ᠎ᠡ ᠭᠠᠷᠴᠤ ᠰᠤᠷᠭᠠᠭᠤᠯᠢ ᠬᠢᠬᠦ ᠨᠡᠷᠡᠶ᠋ᠢᠲᠦᠯ ᠢ᠋ᠶ᠋ᠡᠷ ᠲᠠᠷᠠᠵᠤ ᠂ ᠨᠣᠶᠠᠳ ᠵᠠᠬᠢᠷᠤᠭᠴᠢᠳ ᠨᠢ ᠪᠥᠮᠪᠥᠭᠡ ᠨᠠᠮᠨᠠᠨ ᠵᠤᠭᠠᠴᠠᠵᠤ ᠂  ᠴᠡᠷᠢᠭ ᠦ᠋ᠳ ᠨᠢ ᠬᠠᠳᠠ ᠴᠢᠯᠠᠭᠤ ᠪᠠᠷ ᠵᠢᠮᠢᠰ ᠂ ᠲᠠᠤᠯᠠᠢ ᠡᠷᠢᠨ ᠴᠠᠭ ᠨᠥᠭᠴᠢᠬᠡᠨ᠎ᠡ ᠃ ᠲᠡᠳᠡᠨ ᠦ᠌ ᠬᠡᠯᠡᠯᠴᠡᠬᠦ  ᠨᠢ 《 ᠮᠡᠷᠭᠢᠳ ᠳᠤᠲᠠᠭᠠᠵᠤ ᠴᠢᠳᠠᠬᠤ ᠦᠭᠡᠢ ᠂ ᠳᠣᠪᠲᠣᠯᠵᠤ ᠴᠢᠳᠠᠬᠤ ᠦᠭᠡᠢ ᠃ ᠪᠢᠳᠡ ᠲᠣᠭᠣᠴᠡᠷ ᠨᠣᠶᠠᠨ ᠊ᠢ ᠬᠦᠯᠢᠶᠡᠵᠦ ᠪᠠᠶ᠋ᠢᠨ᠎ᠠ 》 ᠭᠡᠨ᠎ᠡ ᠃ ᠲᠡᠷᠡ ᠲᠣᠭᠣᠴᠡᠷ ᠭᠡᠭᠴᠢ ᠨᠢ ᠲᠦᠮᠡᠨ ᠴᠡᠷᠢᠭ ᠠᠪᠤᠭᠠᠳ ᠭᠠᠷᠤᠭᠰᠠᠨ ᠪᠣᠯᠪᠠᠴᠤ ᠨᠠᠮᠤᠷ ᠲᠠᠭᠠᠨ ᠢᠷᠡᠬᠦ ᠡᠰᠡᠬᠦ ᠶ᠋ᠢ ᠬᠡᠨ ᠴᠦ᠍ ᠬᠡᠯᠡᠵᠦ ᠮᠡᠳᠡᠬᠦ ᠦᠭᠡᠢ ᠃ ᠬᠠᠮᠤᠭ ᠤ᠋ᠨ ᠵᠢᠭᠰᠢᠮᠡᠷ ᠶᠠᠪᠤᠳᠠᠯ ᠭᠡᠪᠡᠯ ᠵᠠᠷᠢᠮ ᠨᠣᠶᠠᠳ ᠴᠡᠷᠢᠭ ᠢᠶᠡᠨ ᠠᠪᠤᠭᠠᠳ ᠪᠦᠷ ᠠᠭᠤᠯᠠᠨ ᠳ᠋ᠤ᠌ ᠭᠠᠷᠴᠤ ᠣᠳᠤᠭᠰᠠᠨ ᠶᠠᠪᠤᠳᠠᠯ ᠃  ᠲᠡᠳᠡ ᠬᠠᠯᠠᠭᠤᠨ ᠠ᠋ᠴᠠ ᠵᠠᠶ᠋ᠢᠯᠠᠵᠤ ᠪᠠᠶ᠋ᠢᠬ᠋᠎ᠠ ᠪᠢᠵᠡ ᠭᠡᠳ ᠰᠦᠪᠡᠭᠡᠲᠠᠢ ᠶᠡᠷᠦ ᠬᠡᠷᠡᠭᠰᠡᠭᠰᠡᠨ ᠦᠭᠡᠢ ᠃ 
       ᠨᠠᠰᠢᠷ 《 ᠳᠡᠷᠡᠰᠦᠨ ᠦ᠌ ᠭᠤᠷᠪᠠ ᠳ᠋ᠠᠬᠢ ᠠᠶᠠᠯᠠᠯ ᠠ᠋ᠴᠠ 》 ᠪᠤᠴᠠᠬᠤ ᠳ᠋ᠠᠭᠠᠨ ᠮᠡᠷᠭᠢᠳ ᠤᠨ ᠬᠠᠷᠠᠭᠤᠯ ᠲᠠᠢ ᠮᠥᠷᠭᠥᠯᠳᠦᠵᠦ᠂  ᠬᠥᠭᠡᠷᠦᠬᠦᠨ ᠲᠠᠢᠳᠤᠭᠠᠳ ᠦᠵᠡᠯ᠎ᠡ ᠃ ᠨᠢᠭᠡ ᠴᠡᠷᠢᠭ ᠭᠤᠶᠠᠨ ᠳ᠋ᠠᠭᠠᠨ ᠵᠢᠳᠠᠯᠠᠭᠤᠯᠵᠤ ᠂ ᠬᠣᠶ᠋ᠢᠨ᠎ᠠ ᠶᠠᠪᠤᠭᠰᠠᠨ ᠲᠡᠷᠭᠡᠨ ᠡᠴᠡ ᠬᠣᠶᠠᠷ ᠸᠠᠭᠠᠷ ᠳᠠᠷᠠᠰᠤ ᠠᠯᠳᠠᠪᠠ ᠃  ᠡᠨᠡ ᠬᠣᠬᠢᠷᠠᠯ ᠊ᠢ ᠰᠦᠪᠡᠭᠡᠲᠠᠢ ᠲᠣᠭᠣᠭᠰᠠᠨ ᠴᠤ᠌ ᠦᠭᠡᠢ ᠃ ᠨᠠᠰᠢᠷ ᠪᠡᠬᠢ ᠶ᠋ᠢᠨ ᠲᠤᠯᠤᠯᠳᠤᠭᠠᠨ ᠳ᠋ᠤ᠌ ᠣᠮᠣᠭᠰᠢᠭᠰᠠᠨ ᠴᠢᠷᠠᠢ ᠶ᠋ᠢ ᠡᠴᠢᠭᠡ ᠨᠢ ᠬᠦᠦ ᠪᠡᠨ ᠥᠬᠥᠭᠡᠷᠳᠡᠬᠦ ᠮᠡᠲᠦ ᠤᠷᠢᠬᠠᠨ ᠢ᠋ᠶ᠋ᠠᠷ ᠰᠢᠷᠳᠡᠭᠡᠳ 《 ᠲᠡᠰᠴᠦ ᠦᠵᠡ ᠳᠡ ᠂  ᠬᠠᠨᠤᠲᠠᠯ᠎ᠠ ᠲᠤᠯᠤᠯᠳᠤᠬᠤ ᠴᠠᠭ ᠵᠠᠪᠠᠯ ᠢᠷᠡᠨ᠎ᠡ ᠃ ᠲᠡᠷᠡ ᠴᠠᠬ᠎ ᠲᠤ ᠬᠣᠶᠠᠷ ᠸᠠᠭᠠᠷ ᠳᠡᠷᠡᠰᠦᠨ ᠦ᠌ ᠪᠡᠨ ᠬᠠᠷᠢᠭᠤ ᠶ᠋ᠢ ᠠᠪᠬᠤ ᠶ᠋ᠢ ᠪᠢ ᠲᠠᠨ ᠳ᠋ᠤ᠌ ᠨᠠᠢᠳᠠᠨ᠎ᠠ ᠰᠢᠦ 》  ᠭᠡᠵᠡᠢ ᠃ ᠲᠡᠷᠡ ᠨᠢᠭᠡᠨ ᠡᠳᠦᠷ 《 ᠮᠠᠨ ᠤ᠋ ᠵᠠᠩᠰᠢᠯᠠᠭᠠᠴᠢ ᠬᠣᠣᠷᠯᠠᠭᠳᠠᠪᠠ 》 ᠭᠡᠰᠡᠨ ᠭᠤᠷᠪᠠᠬᠠᠨ ᠦᠭᠡᠨ ᠳ᠋ᠦ᠍ ᠬᠠᠷᠠᠭᠤᠰᠤᠨ ᠭᠤᠲᠤᠷᠠᠵᠤ ᠪᠠᠢᠭᠰᠠᠨ ᠨᠢ ᠮᠠᠷᠲᠠᠭᠳᠠᠭᠰᠠᠨ ᠪᠣᠯᠤᠯᠲᠠᠢ  ᠃ ᠰᠦᠪᠡᠭᠡᠲᠡᠢ ᠶᠠᠷᠢᠷ᠎ᠠ ᠬᠥᠭᠡᠷᠦᠭᠡ ᠲᠡᠢ ᠂ ᠢᠯᠠᠨ ᠳᠠᠯᠠᠨ ᠦᠭᠡᠢ ᠪᠠᠢᠬᠤ ᠪᠣᠯᠵᠠᠢ ᠃ ᠣᠷᠣᠢ ᠰᠡᠷᠢᠭᠦᠦ ᠣᠷᠣᠬᠤ ᠳ᠋ᠤ᠌ ᠲᠡᠭᠦᠨ  ᠊ᠢ ᠦᠷᠭᠦᠭᠡᠨ ᠳ᠋ᠡᠭᠡᠨ ᠳᠠᠭᠤᠳᠠᠭᠠᠳ ᠵᠠᠭᠠᠯᠮᠠᠢᠳᠠᠨ ᠤ᠋ ᠠᠶᠠᠨ ᠲᠡᠢᠨ ᠦ᠌ ᠲᠤᠬᠠᠢ ᠶᠠᠷᠢᠭᠤᠯᠤᠭᠠᠳ ᠂ ᠥᠴᠦᠬᠡᠨ ᠲᠡᠳᠦᠢ ᠵᠦᠢᠯ ᠊ᠢ ᠴᠦ᠍ ᠬᠡᠭᠡᠯ ᠦᠭᠡᠢ ᠯᠠᠪᠯᠠᠨ᠎ᠠ ᠃ 
    –– ᠰᠢᠲᠦᠯᠭᠡ ᠡᠴᠡ ᠪᠣᠯᠵᠤ ᠨᠢᠭᠡ ᠶ᠋ᠢ ᠪᠡᠨ ᠪᠤᠷᠤᠩᠬᠤᠢᠯᠠᠨ᠎ᠠ ᠭᠡᠳᠡᠭ ᠪᠣᠯ ᠰᠠᠢᠨ ᠬᠥᠮᠦᠨ ᠦ᠌ ᠬᠢᠬᠦ ᠦᠢᠯᠡ ᠪᠤᠰᠤ ᠃ ᠶᠡᠷᠦ ᠡᠴᠡ ᠡᠨᠡ ᠣᠷᠴᠢᠯᠠᠩ ᠳ᠋ᠤ᠌ ᠵᠢᠩᠬᠢᠨᠢ ᠬᠦᠴᠦᠲᠡᠨ ᠬᠡᠷᠡᠭ ᠲᠡᠢ  ᠪᠣᠯᠵᠠᠢ ᠃ ᠲᠡᠭᠡᠪᠡᠯ ᠰᠠᠶᠢ ᠬᠥᠮᠦᠰ ᠲᠠᠢᠪᠤᠩ ᠠᠮᠢᠳᠤᠷᠠᠬᠤ ᠪᠣᠯᠤᠨ᠎ᠠ ᠭᠡᠵᠦ ᠰᠦᠪᠡᠭᠡᠲᠡᠢ ᠤᠷᠲᠤ ᠶᠠᠷᠢᠶᠠᠨ ᠤ ᠡᠴᠦᠰ ᠲᠦ᠍  ᠳ᠋ᠦ᠋ᠩᠨᠡᠨ ᠬᠡᠯᠡᠬᠦ ᠳ᠋ᠦ᠍ ᠨᠠᠰᠢᠷ ᠪᠡᠬᠢ  ᠄ 
    –– ᠲᠡᠶ᠋ᠢᠮᠦ ᠬᠦᠴᠦᠲᠡᠨ ᠭᠠᠷᠬᠤ ‍ᠤᠤ ᠳᠠ  ᠭᠡᠵᠦ ᠡᠷᠡᠭᠡᠯᠵᠡᠵᠡᠢ ᠃ 
    –– ᠭᠠᠷᠴᠢᠬᠠᠭᠰᠠᠨ ᠃ ᠲᠡᠷᠡ ᠪᠣᠯ ᠴᠢᠩᠭᠢᠰ ᠬᠠᠭᠠᠨ ᠭᠡᠴᠦ ᠰᠦᠪᠡᠭᠡᠲᠡᠢ ᠢᠲᠡᠭᠡᠯᠲᠡᠢ ᠬᠡᠯᠡᠭᠡᠳ ᠄ 
    –– ᠬᠡᠷᠪᠡ ᠴᠢᠩᠭᠢᠰ ᠬᠠᠭᠠᠨ ᠲᠤᠰᠢᠶᠠᠪᠠᠯ ᠪᠢ ᠲᠠᠨ ᠤ᠋ ᠲᠡᠷᠡ ᠭᠠᠵᠠᠷ ᠤ᠋ᠨ ᠳᠤᠮᠳᠠᠳᠤ ᠲᠠᠩᠭᠢᠰ ᠬᠦᠷᠲᠡᠯ᠎ᠡ ᠠᠶᠠᠯᠠᠬᠤ ᠯᠠ ᠪᠣᠯᠤᠨ᠎ᠠ ᠃ ᠮᠣᠩᠭᠣᠯ ᠴᠡᠷᠢᠭ ᠣᠴᠢᠭᠰᠠᠨ ᠭᠠᠵᠠᠷ ᠲᠤ᠌ ᠡᠩᠬᠡ ᠠᠮᠤᠭᠤᠯᠠᠩ ᠪᠠᠢᠳᠠᠯ ᠥᠪᠡᠷ ᠢ᠋ᠶ᠋ᠡᠨ ᠲᠣᠭᠲᠠᠨ᠎ᠠ ᠭᠡᠵᠡᠢ ᠃  ᠨᠠᠰᠢᠷ ᠪᠡᠬᠢ ᠄ 
    –– ᠡᠨᠡ ᠠᠶᠠᠯᠠᠯ ᠤ᠋ᠨ ᠪᠠᠢᠳᠠᠯ ᠂ ᠵᠢᠷᠤᠮ ᠨᠠᠳᠠ ᠳ᠋ᠤ᠌ ᠲᠡᠶ᠋ᠢᠮᠦ ᠢᠲᠡᠭᠡᠯ ᠲᠥᠷᠥᠭᠦᠯᠬᠦ ᠦᠭᠡᠢ ᠯᠡ ᠪᠠᠢᠨ᠎ᠠ ᠳᠠ ᠭᠡᠴᠦ ᠶᠣᠵᠣᠯᠠᠬᠤ ᠳ᠋ᠤ᠌ ᠰᠦᠪᠡᠭᠡᠲᠡᠢ ᠬᠡᠭᠵᠢᠭᠦᠨ ᠢᠨᠢᠶᠡᠵᠦ ᠄ 
    –– ᠨᠢᠳᠦᠨ ᠦ᠌ ᠡᠮᠦᠨᠡᠬᠢ ᠥᠩᠭᠡ ᠳᠦᠷᠰᠦ ᠳ᠋ᠦ᠍ ᠪᠤᠤ ᠬᠠᠭᠤᠷᠲᠠᠭᠲᠤᠨ ᠃ ᠮᠢᠨᠦ ᠠᠨᠳᠠ ᠵᠡᠪᠡ《  ᠵᠠᠩᠵᠤᠨ ᠪᠠᠢᠬᠤ ᠨᠢ ᠴᠡᠷᠢᠭ  ᠪᠠᠶ᠋ᠢᠬᠤ ᠠ᠋ᠴᠠ ᠶᠠᠭᠤ ᠪᠠᠷ ᠬᠡᠴᠡᠭᠦᠦ ᠪᠣᠢ ? 》 ᠭᠡᠵᠦ  ᠠᠰᠠᠭᠤᠬᠤ ᠳᠤᠷᠠᠲᠠᠢ ᠰᠠᠨ ᠃ ᠲᠠ ᠪᠣᠯ ᠲᠡᠭᠦᠨ ᠳ᠋ᠦ᠍ ᠶᠠᠭᠤ ᠭᠡᠵᠦ ᠬᠠᠷᠢᠭᠤᠯᠬᠤ ᠪᠣᠢ ?  
    –– ᠴᠡᠷᠢᠭ ᠪᠣᠯ ᠵᠥᠪᠬᠡᠨ ᠲᠤᠰᠢᠶᠠᠯ ᠪᠡᠶᠡᠯᠡᠭᠦᠯᠦᠨ᠎ᠡ ᠃ ᠵᠠᠩᠵᠤᠨ ᠲᠡᠷᠡ ᠲᠤᠰᠢᠶᠠᠯ ᠊ᠢ ᠪᠣᠳᠣᠵᠤ ᠣᠯᠤᠨ᠎ᠠ ᠰᠢᠦ ᠳᠡ ᠃ 
    –– ᠵᠠᠩᠵᠤᠨ ᠴᠤ᠌ ᠪᠠᠰᠠ ᠬᠠᠭᠠᠨ ᠤ᠋  ᠲᠤᠰᠢᠶᠠᠯ ᠊ᠢ ᠭᠦᠢᠴᠡᠯᠳᠦᠭᠦᠯᠦᠭᠴᠢ ᠰᠢᠦ  ᠳᠡ ᠃  ᠡᠨᠳᠡ ᠲᠤᠰᠢᠶᠠᠯ ᠭᠣᠣᠯ ᠪᠤᠰᠤ ᠃  ᠵᠡᠪᠡ ᠬᠡᠯᠡᠬᠦ ᠳ᠋ᠡᠭᠡᠨ 《 ᠴᠡᠷᠢᠭ ᠪᠣᠯ ᠳᠠᠶ᠋ᠢᠰᠤᠨ ᠢ᠋ᠶ᠋ᠠᠨ ᠠᠯᠠᠵᠤ ᠴᠤ᠌ ᠪᠣᠯᠤᠨ᠎ᠠ  ᠂ ᠣᠯᠵᠠᠯᠠᠵᠤ ᠴᠤ᠌ ᠪᠣᠯᠤᠨ᠎ᠠ ᠃ ᠬᠠᠷᠢᠨ ᠵᠠᠩᠵᠤᠨ ᠬᠥᠮᠦᠨ ᠪᠣᠯ ᠢᠮᠠᠭᠲᠠ ᠠᠪᠤᠷᠠᠭᠴᠢ ᠪᠠᠶ᠋ᠢᠬᠤ ᠶᠣᠰᠣᠲᠠᠢ ᠃ ᠡᠨᠡ ᠯᠡ ᠬᠡᠴᠡᠭᠦᠦ 》 ᠭᠡᠳᠡᠭ ᠶᠦ᠍ᠮ ᠳᠡ ᠭᠡᠵᠦ ᠰᠦᠪᠡᠭᠡᠲᠡᠢ ᠶ᠋ᠢ ᠬᠡᠯᠡᠬᠦ ᠳ᠋ᠦ᠍ ᠂ 
    –– ᠳᠠᠢᠰᠤᠨ ᠢ᠋ᠶ᠋ᠠᠨ ᠠᠪᠤᠷᠠᠨ᠎ᠠ ᠭᠡᠰᠡᠨ ‍ᠤᠤ ? ᠭᠡᠮᠡᠨ ᠨᠠᠰᠢᠷ ᠪᠡᠬᠢ ᠭᠠᠢᠬᠠᠨ ᠯᠠᠪᠯᠠᠵᠠᠢ ᠃ 
    –– ᠲᠡᠭᠡᠯᠭᠦᠢ ᠶᠠᠭᠠᠬᠢᠬᠤ ᠪᠣᠢ ? ᠬᠠᠮᠤᠭ ᠤ᠋ᠨ ᠭᠣᠣᠯ ᠨᠢ ᠳᠠᠢᠰᠤᠨ ᠢ᠋ᠶ᠋ᠠᠨ ᠠᠪᠤᠷᠠᠬᠤ ᠭᠡᠵᠦ ᠰᠦᠪᠡᠭᠡᠲᠡᠢ ᠬᠠᠷᠢᠭᠤᠯᠤᠭᠠᠳ ᠨᠠᠰᠢᠷ ᠪᠡᠬᠢ ᠲᠣᠯᠣᠭᠠᠢ ᠰᠡᠭᠰᠦᠷᠴᠦ  ᠄  
    –– ᠡᠭᠦᠨ ᠊ᠢ ᠴᠦ᠍ ᠬᠠᠷᠢᠨ ᠣᠶ᠋ᠢᠯᠠᠭᠠᠬᠤ ᠦᠭᠡᠢ ᠨᠢ ᠠ᠋ ᠭᠡᠬᠦ ᠳ᠋ᠦ᠍ ᠂ 
    –– ᠮᠠᠭᠠᠳ ᠦᠭᠡᠢ ᠭᠡᠳ ᠮᠦᠰᠢᠶᠡᠵᠦ ᠪᠢᠯᠡ ᠃
     ᠪᠠᠷᠳᠠᠢ ᠰᠡᠴᠡᠨ ᠊ᠢ ᠤᠷᠭᠤᠭᠰᠠᠨ ᠤ᠋ ᠳᠥᠷᠪᠡᠳᠡᠬᠢ ᠡᠳᠦᠷ ᠦ᠋ᠨ ᠣᠷᠣᠢᠬᠠᠨ ᠴᠡᠷᠢᠭ ᠦ᠋ᠨ ᠬᠦᠷᠢᠶᠡᠨ ᠳ᠋ᠦ᠍ ᠣᠯᠠᠨ ᠢ᠋ᠶ᠋ᠠᠷ ᠢ᠋ᠶ᠋ᠠᠨ ᠬᠡᠰᠦᠭᠦᠴᠢᠯᠡᠬᠦ ᠪᠣᠯᠤᠭᠰᠠᠨ ᠠᠷᠠᠯᠵᠢᠶᠠᠴᠢᠳ ᠢ᠋ ᠪᠠᠭᠠᠲᠤᠷ ᠦᠷᠭᠦᠭᠡᠨ ᠦ᠌ ᠪᠡᠨ ᠰᠡᠬᠦᠭᠡᠰᠦᠲᠡᠢ ᠡᠭᠦᠳᠡ ᠪᠡᠷ ᠬᠠᠷᠠᠵᠤ ᠪᠠᠶ᠋ᠢᠬᠰᠠᠨ ᠢ᠋ᠶ᠋ᠠᠨ ᠭᠡᠨᠡᠳᠲᠡ ᠨᠠᠰᠢᠷ ᠪᠡᠬᠢ ᠶ᠋ᠢ ᠳᠠᠭᠤᠳᠠᠵᠤ ᠄ 
    –– ᠲᠠ ᠬᠣᠶᠠᠷ ᠬᠡᠰᠢᠭᠲᠡᠨ ᠢ᠋ ᠠᠪᠤᠭᠠᠳ ᠬᠦᠷᠢᠶᠡᠨ ᠳᠣᠲᠣᠭᠤᠷ ᠰᠢᠯᠭ᠎ᠠ ᠃ ᠬᠡᠭᠡᠷ ᠮᠣᠷᠢ ᠬᠥᠲᠥᠯᠦᠭᠰᠡᠨ ᠂ ᠤᠯᠠᠭᠠᠨ ᠨᠥᠮᠥᠷᠭᠡ ᠲᠡᠢ ᠵᠠᠯᠠᠭᠤ ᠬᠥᠮᠦᠨ ᠪᠠᠶ᠋ᠢᠪᠠᠯ ᠰᠢᠭᠤᠳ ᠪᠠᠷᠢᠭᠠᠳ ᠢᠷ᠎ᠡ ᠭᠡᠵᠦ ᠲᠤᠰᠢᠶᠠᠵᠠᠢ᠃
     ᠬᠥᠭ ᠦ᠋ᠨ ᠭᠡᠮᠡᠷ ᠡᠨᠡ ᠳᠠᠭᠠᠭᠠᠯᠭᠠᠪᠤᠷᠢ ᠶ᠋ᠢ ᠠᠪᠤᠭᠠᠳ ᠶᠠᠪᠤᠵᠤ ᠪᠠᠶ᠋ᠢᠬᠤ ᠳ᠋ᠠᠭᠠᠨ ᠨᠠᠰᠢᠷ ᠪᠡᠬᠢ ᠤᠷᠢᠶᠠᠩᠬᠠᠢ ᠶ᠋ᠢᠨ ᠶᠡᠬᠡ ᠵᠠᠩᠵᠤᠨ ᠊ᠢ ᠰᠣᠭᠲᠣᠭᠤ ᠪᠠᠶ᠋ᠢᠨ᠎ᠠ ‍ᠤᠤ ᠳᠠ ᠭᠡᠵᠦ ᠬᠠᠷᠠᠳᠠᠯ᠎ᠠ ᠃ ᠭᠡᠪᠡᠴᠦ ᠬᠡᠷᠡᠭ ᠪᠣᠯᠭᠠᠵᠤ ᠠᠪᠴᠢᠷᠠᠭᠤᠯᠤᠭᠰᠠᠨ ᠲᠡᠷᠡ ᠶᠡᠬᠡ ᠳᠠᠷᠠᠰᠤ ᠪᠠᠨ ᠣᠭᠲᠣ ᠤᠭᠤᠳᠠᠭ ᠦᠭᠡᠢ ᠨᠦᠬᠡᠨ ᠵᠣᠭᠣᠷᠢᠨ ᠳ᠋ᠤ᠌ ᠲᠡᠷᠡ ᠬᠡᠪ ᠢ᠋ᠶ᠋ᠡᠷ ᠨᠢ ᠳᠠᠷᠤᠵᠤ ᠬᠠᠳᠠᠭᠠᠯᠠᠳᠠᠭ ᠊ᠢ ᠮᠡᠳᠡᠬᠦ ᠪᠣᠯᠬᠤ ᠪᠠᠷ ᠬᠥᠯᠴᠢᠨ᠎ᠡ ᠭᠡᠵᠦ ᠢᠲᠡᠭᠡᠮ᠎ᠡ ᠦᠭᠡᠢ ᠃   ᠠᠱᠢᠭᠦᠢ ᠤᠳᠠᠲᠠᠯ᠎ᠠ ᠪᠡᠳᠡᠷᠢᠬᠦ ᠬᠡᠷᠡᠭ ᠭᠠᠷᠤᠭᠰᠠᠨ ᠴᠤ᠌ ᠦᠭᠡᠢ ᠂ ᠬᠡᠳᠦᠨ ᠲᠠᠪᠢᠲᠤ ᠶ᠋ᠢᠨ ᠴᠠᠭᠠᠲᠠᠢ ᠪᠣᠭᠣᠨᠢ ᠤᠯᠠᠭᠠ ᠨᠥᠮᠥᠷᠭᠡ ᠬᠡᠳᠦᠷᠡᠭᠰᠡᠨ ᠲᠣᠯᠣᠭᠠᠢ ᠨᠢᠴᠦᠭᠦᠨ ᠡᠷ᠎ᠡ 《 ᠨᠠᠮᠠᠢ᠍ᠢ ᠪᠠᠷᠢᠭᠠᠳ ᠠᠪ 》 ᠭᠡᠰᠡᠨ ᠰᠢᠭ ᠮᠣᠷᠢ ᠪᠠᠨ ᠵᠤᠤᠵᠠᠶ᠋ᠢᠲᠠᠨ ᠬᠡᠬᠦᠢᠭᠡᠳ ᠵᠣᠭᠰᠣᠬᠤ ᠲᠠᠢ ᠤᠴᠠᠷᠠᠯ᠎ᠠ ᠃ ᠰᠠᠢᠬᠢ ᠡᠷ᠎ᠡ ᠣᠭᠲᠣ ᠡᠰᠡᠷᠭᠦᠴᠡᠭᠰᠡᠨ ᠦᠭᠡᠢ ᠂ ᠲᠡᠳᠡᠨ ᠊ᠢ ᠳᠠᠭᠠᠵᠤ ᠢᠷᠡᠪᠡ ᠃
     ᠰᠦᠪᠡᠭᠡᠲᠠᠢ ᠲᠡᠷᠡ ᠵᠠᠯᠠᠭᠤ ᠶ᠋ᠢ ᠬᠡᠰᠡᠭ ᠰᠦᠷᠡᠬᠡᠢ ᠰᠢᠷᠲᠡᠭᠰᠡᠨ ᠢ᠋ᠶ᠋ᠡᠨ ᠨᠠᠰᠢᠷ ᠪᠡᠬᠢ ᠶ᠋ᠢᠨ ᠵᠦᠭ ᠵᠠᠩᠭᠠᠵᠤ ᠄ 
    –– ᠶᠠᠭ ᠮᠥᠨ ᠪᠠᠶ᠋ᠢᠨ᠎ᠠ ᠃ ᠲᠠ ᠲᠤᠰᠢᠶᠠᠯ ᠊ᠢ ᠲᠠᠩᠳᠠ ᠪᠠᠨ ᠰᠠᠢᠨ ᠪᠡᠶᠡᠯᠡᠭᠦᠯᠬᠦ  ᠶᠦ᠍ᠮ ᠃ ᠣᠳᠣ ᠬᠠᠷᠢᠵᠤ ᠠᠮᠤᠭᠲᠤᠨ ᠭᠡᠳ ᠮᠥᠨᠥᠬᠢ ᠵᠠᠯᠠᠭᠤ ᠶ᠋ᠢ ᠳᠠᠭᠠᠭᠤᠯᠤᠨ ᠦᠷᠭᠦᠭᠡᠨ ᠳ᠋ᠡᠭᠡᠨ ᠣᠷᠣᠴᠢᠬᠠᠵᠠᠢ ᠃ 
     ᠬᠡᠷᠪᠡ ᠨᠠᠰᠢᠷ ᠪᠡᠬᠢ ᠭᠤᠴᠢᠨ ᠨᠠᠰᠤᠲᠠᠢ ᠪᠠᠶ᠋ᠢᠭᠠᠳ ᠂ ᠪᠠᠰᠠ ᠰᠠᠯᠠᠲᠢᠨ ᠤ᠋ ᠳᠡᠷᠭᠡᠳᠡ ᠴᠦ᠍ ᠶᠦ᠍ᠮ ‍ᠤᠤ ᠂ ᠮᠤᠬᠠᠮᠮᠢᠳ᠋ ᠱᠠᠭ ᠤ᠋ᠨ ᠰᠢᠳᠠᠷ ᠠᠭᠰᠠᠨ ᠪᠣᠯ ᠢᠢ᠍ᠮᠦᠷᠬᠦ ᠦᠯᠦ ᠣᠶ᠋ᠢᠯᠭᠠᠬᠠᠲᠠᠬᠤ ᠲᠣᠬᠣᠭᠤ ᠲᠠᠢ ᠭᠡᠮᠡᠷ ᠲᠤᠰᠢᠶᠠᠯ ᠊ᠢ ᠬᠣᠶᠠᠷ ᠤᠳᠠᠭ᠎ᠠ ᠠᠪᠬᠤ ᠳ᠋ᠤ᠌ ᠡᠭᠳᠡᠭᠦᠴᠠᠨ ᠠᠭᠤᠷᠯᠠᠵᠤ ᠰᠦᠢᠳ ᠪᠣᠯᠬᠤ ᠪᠠᠢᠯ᠎ᠠ᠃  ᠭᠡᠪᠡᠴᠦ  ᠨᠠᠰᠤ ᠲᠣᠭᠲᠠᠵᠤ᠂  ᠨᠢᠳᠦ ᠲᠠᠢᠯᠤᠭᠰᠠᠨ ᠪᠣᠯᠬᠤ ᠪᠠᠷ 《 ᠪᠢ ᠪᠣᠯ ᠬᠡᠷᠦᠮᠡᠯ ᠬᠥᠮᠦᠨ ᠂ ᠬᠢᠷᠢ ᠪᠡᠨ ᠮᠡᠳᠡᠬᠦ ᠬᠡᠷᠡᠭᠲᠡᠢ 》 ᠭᠡᠮᠡᠨ ᠥᠪᠡᠷ ᠢ᠋ ᠪᠡᠨ ᠳᠠᠷᠤᠵᠤ ᠰᠤᠷᠴᠠᠢ ᠃ ᠡᠨᠡ ᠤᠳᠠᠭ᠎ᠠ ᠲᠡᠷᠡ ᠰᠦᠪᠡᠭᠡᠲᠠᠢ ᠶ᠋ᠢᠨ ᠥᠷᠭᠥᠭᠡ ᠶ᠋ᠢ ᠲᠡᠷᠡ ᠨᠢᠭᠡᠨ ᠰᠥᠨᠢ ᠶ᠋ᠢᠨ ᠬᠢ ᠰᠢᠭ ᠲᠠᠩᠳᠠᠬᠤ ᠭᠡᠵᠦ ᠪᠡᠶ᠎ᠡ ᠪᠡᠨ ᠵᠣᠪᠠᠭᠠᠭᠰᠠᠨ ᠦᠭᠡᠢ ᠃ ᠲᠡᠶ᠋ᠢᠮᠦ ᠪᠣᠯᠬᠣᠷ ᠬᠡᠪᠲᠡᠭᠦᠯ ᠦ᠋ᠳ ᠴᠦ᠍ ᠭᠠᠷ ᠊ᠢ ᠨᠢ ᠰᠠᠶ᠋ᠢᠴᠢᠬᠦ ᠭᠡᠵᠦ ᠠᠶᠤᠯᠭᠠᠭᠰᠠᠨ ᠦᠭᠡᠢ  ᠂ ᠡᠨᠳᠡ ᠢᠷᠡᠭᠰᠡᠭᠡᠷ ᠬᠠᠭᠤᠴᠢᠨ ᠵᠤᠷᠰᠢᠯ ᠢ᠋ᠶ᠋ᠠᠨ ᠡᠷᠬᠢᠮᠯᠡᠬᠦ ᠪᠣᠯᠤᠭᠰᠠᠨ ᠲᠤᠯᠠ ᠴᠠᠷ᠎ᠠ ᠳᠦᠭᠦᠷᠡᠩ ᠪᠤᠳᠠᠭ᠎ᠠ ᠲᠠᠢ ᠬᠠᠭᠤᠷᠭ᠎ᠠ ᠵᠣᠭᠣᠭᠯᠠᠵᠤ ᠂ ᠤᠰᠤᠨ ᠦᠵᠦᠮ ᠦ᠋ᠨ ᠰᠢᠭᠦᠰᠦᠨ ᠳᠠᠷᠠᠰᠤ ᠪᠠᠷ ᠳᠠᠷᠤᠭᠤᠯᠤᠭᠠᠳ ᠣᠷᠣ ᠪᠠᠨ ᠵᠠᠰᠠᠪᠠ ᠃ ᠭᠡᠪᠡᠴᠦ ᠲᠠᠪᠠᠲᠠᠢ ᠨᠣᠶ᠋ᠢᠷᠰᠤᠬᠤ ᠪᠣᠯᠤᠮᠵᠠᠢ ᠭᠠᠷᠤᠭᠰᠠᠨ ᠦᠭᠡᠢ ᠠ᠋ ᠃