ᠭᠤᠮᠤᠲᠠᠯ ᠦ᠋ᠨ ᠲᠥᠯᠥᠭᠡᠨ ᠪ ᠪᠠᠲᠠᠭ Гомдлын дөлгөөний бадаг
ᠭᠤᠮᠤᠲᠠᠯ ᠦ᠋ᠨ ᠲᠥᠯᠥᠭᠡᠨ ᠪ ᠪᠠᠲᠠᠭ
ᠮᠠᠯ ᠦ᠋ᠳ ᠦᠭᠦᠯᠡᠷᠦᠨ
ᠬᠥᠬᠡ ᠡᠪᠡᠰᠦ ᠨᠣᠭᠣᠭᠠᠨ ᠳᠠᠷᠤᠰᠢ ᠶ᠋ᠢᠨ ᠠᠯᠢ ᠨᠢ ᠴᠦ᠍ ᠬᠡᠷᠡᠭ ᠦᠭᠡᠢ
ᠬᠡᠭᠡᠷ᠎ᠡ ᠶ᠋ᠢᠨ ᠨᠣᠭᠣᠭᠠᠨ ᠪ ᠦᠨᠥᠷ ᠬᠠᠮᠠᠷ ᠰᠡᠷᠪᠡᠭᠡᠨᠡᠭᠦᠯᠦᠨ ᠥᠲᠦᠭᠡᠮᠦᠢ
ᠬᠣᠷᠤᠭᠠᠨ ᠠᠮᠠᠰᠠᠷ ᠶ᠋ᠢᠠᠷ ᠳᠥᠩᠭᠡᠵᠢ ᠴᠢᠬᠢᠯᠲᠦᠨ ᠪᠡᠯᠴᠢᠭᠡᠷ ᠬᠦᠷᠬᠦ ᠶ᠋ᠢ ᠵᠠᠪᠲᠤᠲᠠᠯᠠ
ᠬᠦᠭᠡᠷᠦᠬᠦᠢ ᠡᠵᠡᠳ ᠬᠤᠷᠲᠤᠬᠠᠨ ᠢᠷᠡᠭᠡᠳ ᠪᠤᠴᠠᠭᠠᠵᠤ ᠬᠣᠷᠢᠬᠤ ᠶ᠋ᠢ ᠶᠠᠭᠠᠬᠢᠨᠠᠮ
ᠮᠠᠯᠴᠢᠳ ᠦᠭᠦᠯᠡᠷᠦᠨ
ᠭᠠᠩ ᠦ᠋ᠨ ᠰᠠᠯᠬᠢ ᠬᠦᠴᠦᠲᠡᠢ ᠦᠯᠢᠶᠡᠨ ᠬᠠᠴᠠᠷ ᠨᠢᠭᠤᠷ ᠊ᠢ ᠰᠢᠷᠠᠮᠤᠢ
ᠭᠠᠭᠴᠠᠬᠠᠨ ᠡᠲᠦᠷ ᠴᠦ᠍ ᠪᠣᠷᠤᠭᠠᠨ ᠱᠠᠭᠢᠬᠤ ᠶ᠋ᠢ ᠶᠠᠭᠤᠲᠠᠢ ᠶᠡᠬᠡ ᠭᠦᠰᠡᠨᠡᠮ
ᠮᠠᠯ ᠶ᠋ᠢᠠᠨ ᠬᠠᠶᠠᠵᠤ ᠨᠤᠲᠤᠭ ᠶ᠋ᠢᠠᠨ ᠣᠷᠬᠢᠪᠠᠯ ᠵᠢᠩᠬᠢᠨᠢ ᠪᠣᠭᠣᠯ ᠪᠣᠯᠣᠶᠤ
ᠮᠠᠨᠠᠷᠠᠲᠠᠯ᠎ᠠ ᠶᠠᠲᠠᠷᠠᠵᠤ ᠮᠡᠭᠰᠢᠨ ᠣᠬᠢᠯᠠᠬᠤ ᠪᠠᠨ ᠬᠡᠨ ᠬᠦᠮᠦᠨ ᠳᠤ ᠲᠣᠭᠠᠴᠢᠮᠤᠢ
ᠲᠩᠷᠢ ᠦᠭᠦᠯᠡᠷᠦᠨ
ᠮᠦ᠍ ᠪᠡᠨ ᠥᠷᠭᠡᠤᠠᠬᠡᠨ ᠠᠲᠠᠷ ᠬᠠᠭᠠᠯᠪᠤᠷᠢᠯᠠᠬᠤ ᠨᠢᠲᠦᠨ ᠡᠮᠦᠨᠡᠬᠢ ᠠᠰᠢᠬ
ᠮᠥᠩᠭᠥᠨ ᠳᠤ ᠰᠢᠨᠣᠵᠤ ᠭᠠᠵᠠᠷ ᠶ᠋ᠢᠠᠨ ᠬᠥᠨᠲᠡᠶ᠋ᠢᠯᠡᠬᠦ ᠰᠡᠭᠦᠯ ᠦ᠋ᠨ ᠭᠠᠢ ᠵᠣᠪᠠᠯᠠᠩ
ᠵᠡᠷᠯᠢᠭ᠋ ᠰᠠᠨᠠᠬ᠋᠎ᠠ ᠳᠤ ᠪᠠᠨ ᠥᠪᠡᠷ ᠶ᠋ᠢᠡᠨ ᠮᠦᠬᠦᠬᠦ ᠬᠥᠮᠦᠰ ᠡᠶ᠋ᠢᠮᠦ ᠲᠡᠨᠡᠭ
ᠵᠦᠢᠯ ᠶ᠋ᠢᠡᠷ ᠲᠡᠩᠰᠡᠬᠦ ᠶᠠᠯ᠎ᠠ ᠨᠢᠭᠦᠯ ᠶ᠋ᠢᠡᠨ ᠲᠩᠷᠢ ᠳᠤ ᠪᠢᠲᠡᠬᠡᠢ ᠲᠦᠯᠬᠢᠭᠲᠦᠨ
2023 ᠂ 6 ᠂ 3
ᠦᠰᠦᠭ ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠣᠤᠠᠬᠠᠨᠰᠤ᠎ᠠ
