ᠲᠡᠭᠦᠰᠪᠠᠶᠠᠷ ᠤᠨ ᠵᠠᠳᠠᠭᠠᠢ ᠰᠢᠯᠦᠭ ᠦᠳ - 3 Төгсбаярын задгай шүлгүүд -3
ᠲᠡᠭᠦᠰᠪᠠᠶᠠᠷ ᠤᠨ ᠵᠠᠳᠠᠭᠠᠢ ᠰᠢᠯᠦᠭ ᠦᠳ - 3
ᠬᠡᠦᠬᠡᠳ
1
ᠮᠠᠨᠤᠰ ᠪᠣᠯ ᠥᠴᠥᠭᠡᠳᠦᠷ ᠦ᠋ᠨ ᠬᠡᠦᠬᠡᠳ ᠃
ᠮᠠᠷᠭᠠᠰᠢ ᠪᠣᠯ ᠬᠡᠦᠬᠡᠳ ᠦ᠋ᠨ ᠬᠥᠷᠥᠩᠭᠡ ᠃
《ᠴᠠᠭ ᠭᠡᠭᠴᠢ ᠨᠠᠨᠳᠢᠨ ᠬᠥᠷᠥᠩᠭᠡ 》 ᠮᠥᠨ ᠶᠦ᠍ᠮ ᠪᠣᠯ ᠴᠠᠭᠯᠠᠰᠢ ᠦᠭᠡᠢ ᠰᠠᠷᠲᠠᠸᠠᠬᠢ ᠪᠠᠶᠠᠨ ᠮᠠᠨᠢ ᠬᠡᠦᠬᠡᠳ ᠯᠡ ᠪᠣᠯᠤᠨ᠎ᠠ ᠳᠠ ᠃
ᠤᠴᠢᠷ ᠨᠢ ᠥᠴᠢᠨᠡᠨ ᠲᠥᠴᠢᠨᠡᠨ ᠢᠷᠡᠭᠡᠳᠦᠢ ᠴᠠᠭ ᠬᠡᠦᠬᠡᠳ ᠦ᠋ᠨ ᠭᠠᠷ ᠤ᠋ᠨ ᠠᠯᠠᠭᠠᠨ ᠳ᠋ᠤ᠌ ᠪᠠᠢᠬᠤ ᠶᠤᠮ ᠃
ᠢᠷᠡᠭᠡᠳᠦᠢ ᠪᠣᠯ ᠰᠣᠨᠢᠨ ᠰᠠᠢᠬᠠᠨ ᠭᠡᠳᠡᠭ ᠃ ᠵᠢᠭᠠᠯ ᠮᠢᠨᠢ ᠂ ᠠᠳᠬᠤ ᠪᠠᠨ ᠳᠡᠯᠭᠡᠵᠦ ᠨᠠᠳᠠ ᠦᠵᠡᠭᠦᠯᠮᠦ !
2
ᠲᠣᠭᠯᠠᠬᠤ ᠳᠤᠷᠠᠲᠠᠢ ᠬᠡᠦᠬᠡᠳ ᠦ᠋ᠨ ᠶᠢᠷᠲᠢᠨᠴᠦ ᠪᠣᠯ ᠲᠣᠮᠣᠴᠤᠤᠯ ᠤ᠋ᠨ ᠬᠢ ᠡᠴᠡ ᠣᠨᠳᠣᠣ ᠪᠠᠢᠳᠠᠭ ᠃
ᠲᠡᠳᠡᠨ ᠦ᠌ ᠲᠡᠭᠷᠢ ᠨᠢ ᠪᠢᠳᠡᠨ ᠦᠡᠴᠡ ᠴᠡᠩᠬᠡᠷ ᠃
ᠲᠡᠳᠡᠨ ᠦ᠌ ᠨᠠᠮᠤᠷ ᠨᠢ ᠪᠢᠳᠡᠨ ᠦ᠌ ᠡᠴᠡ ᠠᠩᠭᠢᠷ ᠃
ᠰᠠᠷ᠎ᠠ ᠨᠢ ᠮᠠᠨ ᠤ᠋ ᠠ᠋ᠴᠠ ᠰᠠᠷᠠᠭᠤᠯ ᠃
ᠰᠠᠨᠰᠠᠷ ᠨᠢ ᠮᠠᠨ ᠤ᠋ ᠠ᠋ᠴᠠ ᠨᠠᠷᠠᠭᠤᠯ ᠃
ᠰᠠᠯᠬᠢᠨ ᠨᠢ ᠮᠠᠨ ᠤ᠋ ᠠ᠋ᠴᠠ ᠬᠣᠩᠭᠣᠷᠯᠢᠭ ᠃
ᠠᠯᠢᠬᠠᠨ ᠨᠢ ᠴᠦ᠍ ᠲᠣᠮᠣᠴᠤᠤᠯ ᠤ᠋ᠨ ᠬᠢᠡᠴᠡ ᠤᠶᠠᠩᠭᠠᠯᠢᠭ ᠃
ᠡᠢᠮᠦ ᠪᠡᠷ ᠢ᠋ᠶ᠋ᠡᠨ ᠪᠡᠳᠡ ᠬᠡᠦᠬᠡᠳ ᠦ᠋ᠨ ᠦᠶ᠎ᠡ ᠪᠡᠨ ᠬᠡᠵᠢᠶᠡᠳᠡ ᠰᠠᠢᠬᠠᠨ ᠭᠡᠵᠦ ᠳᠤᠷᠠᠰᠳᠠᠭ ᠰᠠᠨ ᠃
3
ᠬᠡᠦᠬᠡᠳ ᠦ᠋ᠨ ᠨᠢᠳᠦᠨ ᠳ᠋ᠦ᠍ ᠨᠠᠷᠠ ᠣᠢᠷᠠᠬᠠᠨ ᠃
ᠮᠠᠨ ᠤ᠋ ᠨᠢᠳᠦᠨ ᠳ᠋ᠦ᠍ ᠬᠡᠦᠬᠡᠳ ᠬᠥᠭᠡᠷᠦᠬᠦᠨ ᠃
ᠨᠠᠷᠠ –– ᠥᠷᠯᠥᠭᠡ ᠶ᠋ᠢᠨ ᠬᠡᠦᠬᠡᠳ᠃
ᠬᠡᠦᠬᠡᠳ –– ᠥᠷᠯᠥᠭᠡ ᠶ᠋ᠢᠨ ᠨᠠᠷᠠ ᠃
ᠬᠡᠦᠬᠡᠳ ᠮᠥᠨ ᠴᠦ᠍ ᠡᠴᠢᠭᠡ ᠡᠬᠡ ᠶ᠋ᠢᠨ ᠢ᠋ᠶ᠋ᠡᠨ ᠥᠷᠯᠥᠭ ᠨᠠᠷᠠ ᠃
4
ᠬᠡᠦᠬᠡᠳ ᠲᠣᠮᠣᠴᠤᠤᠯ ᠤ᠋ᠨ ᠶᠢᠷᠲᠢᠨᠴᠦ ᠥᠭᠡᠳᠡ ᠲᠣᠭᠯᠠᠭᠰᠠᠭᠠᠷ ᠭᠡᠲᠦᠯᠵᠦ ᠢᠷᠡᠨ᠎ᠡ ᠃
ᠭᠡᠲᠡᠯ᠎ᠡ ᠲᠣᠮᠣᠴᠤᠤᠯ ᠬᠡᠵᠢᠶᠡᠳᠡ ᠬᠡᠦᠬᠡᠳ ᠦ᠋ᠨ ᠶᠢᠷᠲᠢᠨᠴᠦ ᠤᠷᠤᠭᠤ ᠪᠤᠴᠠᠨ ᠣᠴᠢᠵᠤ ᠴᠢᠳᠠᠬᠤ ᠦᠭᠡᠢ ᠃
ᠭᠡᠲᠦᠯᠵᠦ ᠢᠷᠡᠬᠦ ᠡᠪᠯᠢᠭ ᠦᠷ᠎ᠡ
ᠥᠲᠡᠯᠵᠦ ᠶᠠᠪᠤᠬᠤ ᠠᠪᠤᠯᠢᠭ ᠡᠷ᠎ᠡ᠃
ᠡᠳᠡ ᠬᠣᠶᠠᠷ ᠤ᠋ᠨ ᠬᠣᠯᠪᠣᠭᠠᠰᠤ ᠪᠣᠯ ᠡᠷᠴᠢᠮ ᠰᠢᠵᠠᠷᠠᠭᠤᠨ ᠬᠠᠢᠷ᠎ᠠ ᠶ᠋ᠢᠨ ᠤᠶᠠᠭᠠᠰᠤ ᠃
5
ᠬᠡᠦᠬᠡᠳ ᠦ᠋ᠨ ᠮᠥᠷ ᠨᠢ ᠪᠦᠷᠢᠶᠡᠨ ᠡᠴᠡ ᠪᠡᠨ ᠬᠣᠯᠠᠳᠠᠭ᠎ᠠ ᠦᠬᠡᠷ ᠴᠦ᠍ ᠬᠥᠯ ᠳᠣᠣᠷᠠᠬᠢ ᠵᠠᠮ ᠨᠢ ᠮᠠᠨ ᠤ᠋ ᠬᠢ ᠡᠴᠡ ᠤᠷᠲᠤ ᠶᠤᠮ ᠃
ᠪᠣᠷᠴᠠ ᠪᠣᠷᠴᠠ ᠰᠤᠢᠬᠠ ᠪᠤᠯᠠᠰᠢᠨ ᠳ᠋ᠤ᠌ ᠮᠠᠨᠢ ᠪᠤᠷᠵᠢᠬᠤ ᠦᠶ᠎ᠡ ᠳ᠋ᠦ᠍ ᠪᠤᠲᠠ ᠪᠤᠲᠠ ᠴᠡᠴᠡᠭ ᠲᠡᠳᠡᠨ ᠦ᠌ ᠲᠠᠷᠢᠰᠢᠨ ᠳ᠋ᠤ᠌ ᠪᠣᠮᠪᠣᠢᠨᠠ ᠃
ᠰᠤᠢᠬᠠᠨ ᠤ᠋ ᠮᠠᠨᠢ ᠦᠨᠦᠷ ᠰᠠᠢᠬᠠᠨ ᠴᠡᠴᠡᠭ ᠦ᠋ᠨ ᠠᠩᠭᠢᠯᠤᠯ ᠢ᠋ ᠨᠢ ᠪᠣᠣᠬᠡᠨ ᠯᠡ ᠳᠠᠷᠤᠭᠠᠴᠢ ᠳᠠ ᠃
6
ᠬᠥᠭᠰᠢᠳ ᠦ᠋ᠨ ᠮᠠᠩᠨᠠᠢ ᠳ᠋ᠠᠬᠢ ᠬᠤᠨᠢᠶᠠᠰᠤ ᠪᠣᠯ ᠵᠤᠨ ᠨᠠᠮᠤᠷ ᠤ᠋ᠨ ᠡᠯᠡᠭᠡᠰᠦᠨ ᠦ᠌ ᠣᠷᠣ ᠃
ᠬᠡᠦᠬᠡᠳ ᠦ᠋ᠨ ᠬᠠᠴᠠᠷ ᠳᠠᠬᠢ ᠬᠤᠨᠳᠠᠭ᠎ᠠ ᠪᠣᠯ ᠵᠣᠯ ᠵᠢᠷᠭᠠᠯ ᠤ᠋ᠨ ᠢᠨᠢᠶᠡᠳᠦᠨ ᠦ᠌ ᠡᠭᠦᠷ ᠃
ᠢᠨᠢᠶᠡᠳᠦ ᠡᠭᠦᠷᠯᠡᠭᠰᠡᠨ ᠴᠢᠷᠠᠢ ᠳ᠋ᠤ᠌ ᠬᠤᠨᠢᠶᠠᠰᠤ ᠬᠤᠷᠠᠬᠤ ᠴᠠᠭ ᠪᠣᠢ ᠭᠡᠳᠡᠭ ᠢ᠋ ᠬᠡᠦᠬᠡᠳ ᠶᠡᠷᠦ ᠪᠣᠳᠣᠳᠠᠭ ᠦᠭᠡᠢ ᠶᠦ᠍ᠮ ᠃
ᠲᠡᠳᠡᠨ ᠦ᠌ ᠰᠡᠳᠬᠢᠯ ᠢ᠋ ᠡᠵᠡᠮᠰᠢᠳᠡᠭ ᠨᠢ ᠭᠤᠨᠢᠭ ᠤᠢᠳᠬᠠᠷ ᠪᠤᠰᠤ ᠂ ᠵᠣᠷᠢᠭ ᠢᠲᠡᠭᠡᠯ ᠪᠢᠯᠡ ᠃
7
ᠵᠠᠯᠢᠲᠠᠢ ᠬᠤᠯᠵᠢᠨ ᠨᠢᠳᠦᠨ ᠳ᠋ᠦ᠍ ᠬᠡᠦᠬᠡᠳ ᠳᠠᠩᠴᠢ ᠲᠡᠨᠡᠭ ᠃
ᠵᠥᠩᠨᠡᠯᠲᠡᠢ ᠨᠢᠳᠦᠨ ᠳ᠋ᠦ᠍ ᠪᠣᠯ ᠬᠠᠷᠢᠨ ᠬᠡᠦᠬᠡᠳ ᠪᠦᠷᠢ ᠪᠦᠲᠦᠭᠡᠯᠴᠢ ᠃
ᠲᠡᠳᠡ ᠶᠠᠭᠤ ᠪᠦᠲᠦᠭᠡᠵᠦ ᠪᠠᠢᠨ᠎ᠠ?
ᠥᠪᠡᠷ ᠢ᠋ ᠪᠡᠨ ᠪᠦᠲᠦᠭᠡᠵᠦ ᠪᠠᠢᠨ᠎ᠠ᠃
ᠬᠦᠮᠦᠨᠵᠢᠬᠥ ᠂ ᠬᠥᠭᠵᠢᠬᠦ ᠠᠪᠢᠶᠠᠰ ᠂ ᠵᠠᠩ ᠴᠢᠨᠠᠷ ᠁ ᠢ᠋ᠶ᠋ᠠᠨ ᠪᠦᠲᠦᠭᠡᠵᠦ ᠪᠠᠢᠨ᠎ᠠ ᠃
ᠠᠯᠢᠶ᠎ᠠ ᠪᠠᠭ᠎ᠠ ᠵᠢᠭᠠᠯ ᠦ᠋ᠳ ᠮᠢᠨᠢ ! ᠠᠷᠢᠭᠤᠨ ᠪᠦᠲᠦᠭᠡᠯ ᠳ᠋ᠦ᠍ ᠴᠢᠨᠢ ᠪᠢᠳᠡ ᠳᠤᠷᠠᠲᠠᠢ ᠃
8
ᠵᠢᠷᠭᠤᠭᠠᠨ ᠰᠠᠷ᠎ᠠ ᠵᠤᠨ ᠤ᠋ ᠬᠢ ᠵᠤᠨ ᠤ᠋ ᠰᠠᠷ᠎ᠠ ᠬᠡᠦᠬᠡᠳ ᠦ᠋ᠨ ᠬᠢ ᠃
ᠰᠠᠷ᠎ᠠ ᠶ᠋ᠢᠨ ᠡᠬᠢ –– ᠨᠢᠭᠡᠨ ᠳ᠋ᠦ᠍ᠨᠢ ᠰᠠᠶ᠎ᠠ ᠦᠢ ᠬᠡᠦᠬᠡᠳ ᠪᠠᠶᠠᠷᠯᠠᠵᠠᠭᠠᠳᠠᠭ ᠃
ᠴᠣᠯᠭᠢᠬᠤ ᠵᠢᠭᠠᠰᠤ ᠰᠢᠭ᠋ ᠴᠣᠪᠣᠭᠣᠯᠢᠬᠰᠢᠨᠡ ᠴᠣᠬᠣᠷ ᠨᠥᠷᠥᠭᠡ ᠰᠢᠭ ᠴᠣᠮᠴᠢᠭᠢᠨᠠᠨᠡ ᠃
ᠪᠠᠶᠠᠷ ᠤ᠋ᠨ ᠡᠳᠦᠷ ᠲᠡᠭᠡᠨ ᠬᠡᠦᠬᠡᠳ ᠪᠠᠶᠠᠷᠲᠠᠢ᠃
ᠪᠠᠶᠠᠷᠯᠠᠭᠰᠠᠨ ᠬᠡᠦᠬᠡᠳ ᠢ᠋ᠶ᠋ᠡᠨ ᠬᠠᠷᠠᠭᠠᠳ ᠪᠠᠭᠰᠢ ᠂ ᠠᠬᠠᠮᠠᠳ ᠨᠢ ᠴᠦ᠍ ᠪᠠᠶᠠᠰᠤᠯᠲᠠᠢ ᠃
ᠦᠨᠦᠰᠦᠯ ᠥᠬᠦᠭᠡᠷᠳᠡᠯ ᠥᠨᠢᠳᠡ ᠳᠠᠭᠠᠭᠠᠳ ᠥᠨᠥᠴᠢᠷᠡᠯ ᠭᠠᠩᠰᠠᠷᠠᠯ ᠲᠠᠨ ᠠ᠋ᠴᠠ ᠵᠠᠢᠯᠢᠭ ᠭᠡᠵᠦ ᠢᠷᠥᠭᠡᠵᠦ ᠪᠠᠢᠨ᠎ᠠ ᠃ ᠲᠡᠳᠡ ᠃
ᠴᠦᠲᠡᠨᠵᠡ
ᠲᠥᠭᠡ ᠴᠦ᠍ ᠦᠭᠡᠢ ᠪᠡᠶ᠎ᠡ ᠳ᠋ᠡᠭᠡᠨ ᠲᠥᠭᠡᠨᠡᠬᠦ ᠭᠠᠯ ᠤ᠋ᠨ ᠬᠥᠷᠥᠩᠭᠡ ᠲᠡᠢ ᠃
ᠲᠦᠩ ᠳ᠋ᠦ᠍ ᠵᠢᠷᠤᠪᠠᠯ ᠲᠦᠢᠮᠡᠷ ᠃
ᠲᠥᠭᠡᠷᠢᠭᠰᠡᠨ ᠠᠶᠠᠨ ᠳ᠋ᠤ᠌ ᠪᠣᠯ ᠨᠥᠬᠥᠷ ᠃
ᠠᠭᠤᠷ ᠲᠠᠢ ᠬᠣᠭᠣᠯᠠ ᠠᠮᠰᠠᠭᠰᠠᠳ ᠤ᠋ᠨ ᠤᠨᠲᠠᠷᠠᠰᠢ ᠦᠭᠡᠢ ᠭᠣᠯᠣᠮᠲᠠ ᠠ᠋!
ᠡᠵᠡᠨ
ᠥᠨᠳᠡᠭᠡᠨ ᠴᠠᠭᠠᠨ ᠭᠡᠷ ᠲᠦ᠍ ᠴᠣᠷᠪᠠᠭᠠᠨ ᠵᠢᠭᠠᠯ ᠬᠦᠦ ᠭᠠᠭᠴᠠᠭᠠᠷ ᠢ᠋ᠶ᠋ᠠᠨ ᠃
ᠡᠵᠢ ᠨᠢ ᠲᠥᠯ ᠳ᠋ᠦ᠍ ᠦᠦ ᠂ ᠡᠴᠢᠭᠡ ᠨᠢ ᠮᠠᠯ ᠳ᠋ᠤ᠌ ᠤᠤ ᠂ ᠶᠠᠭᠤ ᠴᠤ᠌ ᠭᠡᠰᠡᠨ ᠵᠢᠭᠠᠯ ᠬᠦᠦ ᠬᠣᠢᠮᠣᠷ ᠢ᠋ᠶ᠋ᠠᠨ ᠰᠠᠬᠢᠭᠠᠳ ᠬᠣᠴᠣᠷᠪᠠ ᠃
ᠡᠨᠡ ᠬᠦᠦ ᠭᠡᠷ ᠦ᠋ᠨ ᠡᠵᠡᠨ ᠃
ᠥᠭᠡᠯᠡᠢ ᠪᠣᠯᠪᠠᠯ ᠲᠥᠷᠥ ᠶ᠋ᠢᠨ ᠡᠵᠡᠨ ᠃
ᠰᠢᠷᠣᠢ
ᠡᠷ᠎ᠡ ᠰᠢᠷᠣᠢ ᠳ᠋ᠤ᠌ ᠬᠤᠴᠢᠭᠳᠠᠪᠠᠯ ᠮᠥᠩᠬᠡ ᠨᠣᠢᠷᠰᠤᠨᠠ ᠃
ᠦᠷ᠎ᠡ ᠰᠢᠷᠣᠢ ᠳ᠋ᠤ᠌ ᠬᠤᠴᠢᠭᠳᠠᠪᠠᠯ ᠮᠥᠴᠢᠷ ᠳᠤᠷᠠᠰᠤᠨ᠎ᠠ ᠃
ᠬᠠᠷ᠎ᠠ ᠰᠢᠷᠣᠢ ᠡᠷ᠎ᠡ ᠶ᠋ᠢᠨ ᠪᠤᠯᠠᠰᠢ ᠂ ᠦᠷ᠎ᠡ ᠶ᠋ᠢᠨ ᠥᠯᠥᠭᠡᠢ ᠃
ᠪᠤᠭᠤᠳᠠᠢ
ᠪᠤᠭᠤᠳᠠᠢ ! ᠪᠤᠭᠤᠳᠠᠢ !
ᠪᠤᠶ᠋ᠢᠵᠢᠬᠰᠠᠨ ᠴᠢᠨᠢ ᠰᠢᠮᠡᠲᠦ ᠬᠥᠷᠥᠰᠥ ᠃
ᠪᠣᠯᠪᠠᠰᠤᠷᠠᠬᠤ ᠴᠢᠨᠢ ᠰᠢᠵᠢᠷ ᠨᠠᠮᠤᠷ ᠃
ᠪᠤᠯᠠᠰᠢ ᠴᠢᠨᠢ ᠮᠠᠨ ᠤ᠋ ᠭᠡᠳᠡᠰᠦ᠃
ᠴᠢᠮᠠᠶ᠋ᠢ ᠪᠤᠯᠠᠰᠢᠯᠠᠬᠤ ᠮᠠᠨ ᠤ᠋ ᠭᠡᠳᠡᠰᠦ ᠶ᠋ᠢ ᠴᠢᠮᠠᠶ᠋ᠢ ᠤᠷᠭᠤᠭᠤᠯᠤᠭᠰᠠᠨ ᠰᠢᠷᠣᠢ ᠪᠤᠯᠠᠰᠢᠯᠠᠨᠠ ᠰᠢᠦ !
ᠴᠥᠭᠥᠷᠥᠮ
ᠭᠠᠩ ᠤ᠋ᠨ ᠲᠡᠭᠷᠢ ᠶ᠋ᠢ ᠲᠤᠨᠤᠭᠠᠴᠢᠬᠠᠮᠠᠷ ᠮᠥᠩᠭᠥᠨ ᠴᠥᠭᠥᠷᠥᠮ ᠲᠤᠨᠤᠯᠵᠠᠵᠤ ᠪᠠᠢᠨ᠎ᠠ ᠃
ᠨᠠᠶ᠋ᠢᠷᠠᠭᠴᠢᠨ ᠲᠡᠭᠦᠨ ᠢ᠋ ᠬᠡᠦᠬᠡᠨ ᠬᠣᠩᠭᠣᠷ ᠤ᠋ᠨ ᠲᠣᠯᠢ ᠭᠡᠬᠦ ᠳ᠋ᠦ᠍ ᠲᠠᠷᠢᠶᠠᠴᠢᠨ ᠲᠡᠭᠦᠨ ᠢ᠋ ᠬᠥᠮᠥᠷᠭᠡ ᠳᠦᠭᠦᠷᠡᠩ ᠠᠮᠤ ᠭᠡᠯᠡ ᠃
ᠵᠢᠷᠤᠭᠴᠢᠨ ᠳᠣᠲᠣᠷ᠎ᠠ ᠨᠢ ᠪᠡᠬᠡ ᠪᠡᠨ ᠰᠡᠭᠰᠦᠷᠬᠦ ᠳ᠋ᠦ᠍ ᠵᠢᠭᠠᠰᠤᠴᠢᠨ ᠲᠣᠣᠷ ᠢ᠋ᠶ᠋ᠠᠨ ᠤᠰᠤᠨ ᠳ᠋ᠤᠨᠢ ᠰᠡᠭᠰᠦᠷᠦᠨ᠎ᠡ ᠃
ᠨᠠᠮᠤᠷ ᠤ᠋ᠨ ᠵᠠᠬᠢᠶ᠎ᠠ
ᠵᠤᠨ ᠭᠤᠸᠠᠢ ᠵᠢᠪᠠᠷ ᠤ᠋ᠨ ᠬᠥᠯᠡᠴᠡ ᠵᠠᠢᠯᠠᠵᠤ ᠡᠮᠦᠨᠡᠲᠦ ᠳᠤᠯᠠᠭᠠᠨ ᠣᠷᠣᠨ ᠳ᠋ᠤ᠌ ᠡᠪᠦᠯᠵᠢᠬᠦ ᠪᠡᠷ ᠨᠡᠭᠦᠪᠡ ᠃
ᠲᠡᠭᠦᠨ ᠦ᠌ ᠪᠣᠭᠣᠳᠠᠯ ᠳᠡᠭᠡᠷ᠎ᠡ ᠪᠡᠨ ᠣᠷᠬᠢᠭᠰᠠᠨ ᠵᠢᠮᠢᠰ ᠦᠷᠡᠳ ᠢ᠋ ᠨᠠᠮᠤᠷ ᠢᠷᠡᠵᠦ ᠲᠡᠭᠦᠵᠦ ᠠᠪᠤᠯ᠎ᠠ ᠃
ᠡᠷᠬᠢᠮ ᠵᠤᠨ ᠲᠠᠨ᠎ᠠ ᠄
ᠵᠢᠮᠢᠰ ᠢ᠋ ᠨᠢ ᠬᠠᠶᠠᠬᠤ ᠪᠠᠢᠲᠠᠯ᠎ᠠ ᠴᠡᠴᠡᠭ ᠢ᠋ ᠨᠢ ᠶᠠᠭᠤᠨ ᠳ᠋ᠤ᠌ ᠳᠡᠯᠭᠡᠷᠡᠭᠦᠯᠪᠡ ? ᠦᠨᠳᠦᠰᠦ ᠶ᠋ᠢ ᠨᠢ ᠤᠷᠭᠤᠭᠤᠯᠤᠭᠰᠠᠨ ᠪᠠᠢᠭᠠᠳ ᠦᠷ᠎ᠡ ᠶ᠋ᠢ ᠨᠢ ᠶᠠᠭᠤᠨ ᠳ᠋ᠤ᠌ ᠭᠡᠭᠡᠪᠡ ? ᠨᠠᠮᠤᠷ ᠡᠢᠮᠦ ᠵᠠᠬᠢᠶ᠎ᠠ ᠪᠢᠴᠢᠭᠡᠳ ᠠᠭᠠᠷ ᠤ᠋ᠨ ᠰᠢᠤᠳᠠᠨ ᠳ᠋ᠤ᠌ ᠭᠤᠪᠢᠭᠤᠯᠪᠠ ᠃
ᠳᠡᠭᠡᠰᠦᠯᠡᠭᠰᠡᠨ ᠭᠠᠯᠠᠭᠤᠨ ᠳᠡᠭᠡᠭᠦᠷ ᠭᠠᠷᠤᠯ᠎ᠠ ! ᠨᠠᠮᠤᠷ ᠤ᠋ᠨ ᠰᠢᠤᠳᠠᠨᠴᠢ ᠪᠣᠯᠤᠯᠲᠠᠢ ᠃
ᠬᠣᠲᠠ ᠶ᠋ᠢᠨ ᠰᠠᠷ᠎ᠠ
ᠬᠣᠲᠠ ᠶ᠋ᠢᠨ ᠰᠠᠷ᠎ᠠ –– ᠠᠰᠠᠷ ᠤ᠋ᠳ ᠤ᠋ᠨ ᠵᠠᠪᠰᠠᠷ ᠲᠤ᠌ ᠰᠢᠭᠢᠳᠦᠨᠡ ᠃
ᠠᠰᠠᠷ ᠪᠠᠷᠢᠵᠤ ᠪᠠᠢᠭ᠎ᠠ ᠡᠷᠭᠦᠭᠦᠷ ᠮᠠᠰᠢᠨ ᠤ᠋ ᠡᠯᠭᠦᠭᠦᠷ ᠭᠣᠬᠠᠨ ᠳ᠋ᠤ᠌ ᠰᠤᠨᠳᠠᠯᠠᠨ᠎ᠠ ᠃
ᠬᠡᠭᠡᠷ᠎ᠡ ᠶ᠋ᠢᠨ ᠰᠠᠷᠠᠨ ᠤ᠋ ᠥᠩᠭᠡ ᠴᠠᠷᠴᠠᠭᠰᠠᠨ ᠲᠣᠰᠣ ᠰᠢᠭ᠋ ᠪᠠᠢᠲᠠᠯ᠎ᠠ ᠬᠣᠲᠠ ᠶ᠋ᠢᠨ ᠰᠠᠷᠠᠨ ᠤ᠋ ᠥᠩᠭᠡ ᠰᠢᠷᠠᠭᠰᠠᠨ ᠲᠥᠮᠥᠰᠥ ᠰᠢᠭ ᠰᠢᠷᠠᠩᠭᠤᠢ ᠃
ᠬᠡᠭᠡᠷ᠎ᠡ ᠶ᠋ᠢᠨ ᠰᠠᠷᠠᠨ ᠤ᠋ ᠲᠤᠶᠠᠭ᠎ᠠ ᠪᠣᠯᠤᠭᠰᠠᠨ ᠰᠦ᠍ ᠰᠢᠭ ᠪᠠᠢᠲᠠᠯ᠎ᠠ ᠬᠣᠲᠠ ᠶ᠋ᠢᠨ ᠰᠠᠷᠠᠨ ᠤ᠋ ᠲᠤᠶᠠᠭ᠎ᠠ ᠪᠤᠷᠴᠠᠭ ᠤ᠋ᠨ ᠡᠭᠡᠳᠡᠩ ᠰᠢᠭ ᠪᠤᠲᠠᠩᠬᠠᠢ ᠃
ᠵᠡᠭᠡᠯᠢ ᠶ᠋ᠢᠨ ᠳ᠋ᠧᠩ ᠦ᠋ᠳ᠂ ᠵᠡᠭᠡᠯᠢ ᠪᠡᠷ ᠵᠥᠷᠢᠯᠳᠦᠬᠦ ᠮᠠᠰᠢᠨ ᠤ᠋ ᠳ᠋ᠧᠩ ᠦ᠋ᠳ ᠬᠣᠲᠠ ᠶ᠋ᠢᠨ ᠰᠠᠷᠠᠨ ᠤ᠋ ᠲᠤᠶᠠᠭᠠᠨ ᠳ᠋ᠤ᠌ ᠬᠣᠯᠢᠶ᠎ᠠ ᠵᠢᠭᠤᠷᠠᠵᠤ ᠪᠠᠢᠨ᠎ᠠ ᠃
ᠴᠡᠴᠡᠷᠯᠢᠭ ᠦ᠋ᠨ ᠴᠡᠴᠡᠭᠡᠰ ᠳᠤᠮᠳᠠ ᠴᠡᠭᠡᠨ ᠰᠠᠷᠠᠨ ᠤ᠋ ᠲᠤᠶᠠᠭ᠎ᠠ ᠴᠡᠪᠡᠷ ᠢ᠋ᠶ᠋ᠡᠷ ᠢ᠋ᠶ᠋ᠡᠨ ᠶᠡᠷᠦ ᠲᠣᠰᠤᠭ᠎ᠠ ᠦᠭᠡᠢ ᠃
ᠲᠠᠯ᠎ᠠ ᠶ᠋ᠢᠨ ᠰᠢᠨ᠎ᠠ ᠮᠠᠯ ᠤ᠋ᠨ ᠮᠠᠨᠠᠭᠠᠨ ᠠ᠋ᠴᠠ ᠯᠠ ᠰᠠᠶᠢ ᠴᠣᠬᠣᠮ ᠬᠦ᠌ ᠰᠠᠷᠠᠨ ᠤ᠋ ᠴᠣᠯ ᠮᠥᠩᠭᠥᠨ ᠲᠤᠶᠠᠭ᠎ᠠ ᠦᠵᠡᠭᠳᠡᠨ᠎ᠡ ᠃
ᠴᠡᠯᠳᠡᠢᠮᠡ ᠠᠭᠠᠷ ᠳᠤᠮᠳᠠᠬᠢ ᠮᠡᠯᠲᠡᠢᠮᠡ ᠰᠠᠷ᠎ᠠ ᠰᠠᠶᠢ ᠴᠢᠮ᠎ᠠ ᠳ᠋ᠤ᠌ ᠬᠠᠨᠢ ᠪᠣᠯᠵᠤ ᠴᠢᠮ᠎ᠠ ᠪᠠᠷ ᠬᠠᠨᠢ ᠪᠠᠨ ᠬᠢᠨ᠎ᠡ ᠃
