ᠪᠣᠷᠣᠭᠠᠨ ᠤ ᠤᠯᠠᠷᠢᠯ - ᠲ ᠂ ᠭᠣᠮᠪᠣᠵᠠᠪ Борооны улирал - Т ᠂ Гомбожав
ᠪᠣᠷᠣᠭᠠᠨ ᠤ ᠤᠯᠠᠷᠢᠯ
ᠨᠣᠢᠲᠠᠨ ᠰᠠᠷ᠎ᠠ
ᠠᠷᠢᠯᠤᠭᠰᠠᠨ ᠪᠣᠷᠣᠭᠠᠨ
ᠤᠨᠠᠵᠤ ᠴᠢᠳᠠᠬᠤ ᠥᠬᠡᠢ ᠲᠤᠰᠤᠯ
ᠠᠢᠬᠤᠪᠲᠤᠷ ᠥᠨᠥᠴᠢᠨ ᠭᠡᠷᠡᠯᠲᠦᠨ᠎ᠡ
ᠪᠥᠷᠥᠭᠬᠡᠨ ᠲᠤᠨᠤᠷᠠᠬᠤ ᠠᠭᠠᠷ ᠥᠭᠰᠥᠨ
ᠪᠦᠪᠡᠢᠯᠡᠵᠦ ᠰᠠᠭᠤᠮᠠᠷᠬᠠᠨ ᠰᠢᠭᠦᠳᠡᠷᠢ
ᠪᠦᠷ ᠴᠦ᠍ ᠂ ᠡᠰᠡ ᠬᠠᠷᠠᠭᠳᠠᠬᠤ ᠨᠠᠪᠴᠢᠰ ᠳᠠᠮᠵᠢᠨ
ᠪᠦᠲᠦᠨ ᠲᠡᠷᠭᠡᠯ ᠨᠡᠭᠦᠨ᠎ᠡ
ᠠᠪᠠᠴᠢᠬᠤ ᠪᠠᠷ ᠴᠣᠪᠣᠯᠲᠠᠬᠤ ᠰᠡᠭᠦᠯᠴᠢ ᠶ᠋ᠢᠨ ᠡᠭᠦᠯᠡᠰ
ᠠᠴᠢᠵᠤ ᠳᠠᠭᠠᠭᠠᠬᠤ ᠦᠭᠡᠢ
ᠠᠷᠴᠢᠬᠤ ᠲᠣᠲᠣᠮ ᠨᠢ ᠬᠦᠨᠲᠦ ᠪᠣᠯᠵᠤ
ᠠᠰᠠᠷ ᠦ᠋ᠨ ᠭᠡᠭᠡᠪᠴᠢᠨ ᠳ᠋ᠤ᠌ ᠳᠡᠭᠦᠵᠢᠩᠨᠡᠨᠡ
ᠠᠰᠠᠭᠠᠭᠰᠠᠨ ᠲᠠᠮᠡᠬᠢ ᠪᠡᠨ ᠰᠣᠷᠣᠬᠣ ᠪᠦᠷᠢ
ᠠᠭᠠᠷ ᠨᠢᠭᠡ ᠤᠯᠠᠯᠵᠠᠨ᠎ᠠ
ᠠᠯᠲᠠᠭᠰᠠᠨ ᠬᠠᠷᠠᠬ᠋᠎ᠠ ᠪᠠᠨ ᠪᠠᠬᠠᠲᠠᠶ᠋ᠢᠬᠠᠨ ᠲᠠᠮᠤᠬᠤ ᠳ᠋ᠤ᠌
ᠠᠤᠠᠬᠤᠨ ᠳ᠋ᠤ᠌ ᠤᠨᠠᠬᠤ ᠰᠠᠷᠠᠨ ᠪ ᠲᠤᠶᠠᠬ᠋᠎ᠠ
ᠠᠯᠴᠢᠭᠤᠷ ᠵᠢᠭᠡᠬᠦᠰᠦᠮᠡ ᠨᠣᠶ᠋ᠢᠲᠠᠨ ᠪᠠᠶ᠋ᠢᠯ᠎ᠠ
ᠪᠣᠷᠣᠭᠠᠨᠲᠤ ᠬᠣᠲᠠ ᠶ᠋ᠢᠨ ᠰᠦᠨᠢ
ᠡᠭᠦᠯᠡᠨ ᠭᠡᠵᠢᠭᠡ ᠲᠣᠭᠰᠢᠨ ᠬᠠᠯᠢᠭᠤᠷᠠᠨ᠎ᠠ
ᠥᠴᠥᠭᠡᠲᠦᠷ ᠰᠦᠨᠢ ᠪᠠᠷ᠎ᠠ ᠰᠤᠷᠠᠭ ᠦᠭᠡᠢ ᠳᠠᠰᠤᠷᠠᠯ᠎ᠠ
ᠥᠵᠡᠶ᠎ᠡ ᠭᠡᠵᠦ ᠬᠦᠯᠢᠶᠡᠭᠰᠡᠨ ᠰᠠᠷ᠎ᠠ
ᠥᠨᠥ ᠣᠷᠣᠢ ᠂ ᠮᠢᠨᠦ ᠬᠣᠲᠠ ᠶ᠋ᠢᠨ ᠳᠡᠭᠡᠭᠦᠷ
ᠥᠩᠭᠡᠷᠡᠬᠦ ᠡᠰᠡᠬᠦ ᠶ᠋ᠢ ᠬᠦᠮᠥᠰ ᠮᠠᠷᠲᠠᠨ᠎ᠠ ᠡ
ᠤᠨᠠᠵᠤ ᠠᠮᠵᠢᠬᠰᠠᠨ ᠦᠭᠡᠢ ᠨᠠᠷᠠᠨ ᠪ ᠭᠡᠷᠡᠯ
ᠣᠬᠢᠶᠠᠭᠲᠠᠵᠤ ᠪᠠᠭᠤᠬᠤ ᠳ᠋ᠠᠭᠠᠨ ᠬᠦᠪ ᠬᠦᠨᠲᠦ
ᠤᠷᠤᠰᠬᠤ ᠣᠰᠣᠨ ᠪ ᠢᠷᠣᠭᠠᠷ ᠪᠠᠷᠢᠨ
ᠵᠢᠭᠠᠰᠤᠨ ᠨᠢᠲᠦ ᠠᠨᠢᠪᠴᠠᠨᠠ
ᠡᠲᠦᠷᠵᠢᠨ ᠱᠤᠤᠭᠢᠬᠤ ᠳ᠋ᠠᠭᠠᠨ ᠤᠲᠤᠭᠠᠵᠢᠮᠠ ᠵᠠᠪᠲᠤᠭᠤ
ᠥᠩᠭᠡ ᠪᠦᠷᠢ ᠶ᠋ᠢᠨ ᠬᠠᠯᠠᠭᠤᠴᠠᠭᠰᠠᠨ ᠦᠭᠡᠰ ᠨᠣᠷᠴᠢᠬᠠᠭᠠᠳ
ᠥᠭᠡᠲᠡ ᠤᠷᠤᠭᠤ ᠴᠣᠪᠠ ᠲᠠᠢ ᠬᠡᠶ᠋ᠢᠰᠬᠦ ᠨᠢ
ᠦᠷᠭᠦᠭᠰᠡᠨ ᠰᠢᠪᠠᠭᠤᠨ ᠪ ᠳᠠᠯᠠᠪᠴᠢ ᠰᠢᠭ᠋ ᠬᠥᠩᠭᠡᠬᠡᠨ ᠪᠢᠯᠡ
ᠨᠣᠷᠬᠤ ᠳᠤᠷᠠᠲᠠᠢ ᠦᠨᠲᠦᠷ ᠠᠰᠠᠷ ᠦ᠋ᠳ ᠯᠠ
ᠨᠣᠭᠣᠭᠠᠨ ᠤᠯᠠᠭᠠᠨ ᠭᠡᠭᠡᠪᠴᠢ ᠭᠢᠯᠪᠠᠭᠤᠯᠵᠤ
ᠨᠣᠮ ᠪᠢᠴᠢᠭ ᠪᠤᠶᠤ ᠨᠣᠶ᠋ᠢᠷ ᠠᠷᠭᠠᠲᠠᠬᠤ ᠲ᠋ᠸᠯᠸᠢᠰ ᠬᠣᠶᠠᠷ ᠶ᠋ᠢᠠᠨ
ᠨᠣᠶ᠋ᠢᠲᠠᠨ ᠬᠠᠭᠤᠷᠠᠢ ᠡᠷᠭᠢᠭᠦᠯᠦᠨ᠎ᠡ
ᠠᠵᠢᠯ ᠦ᠋ᠨ ᠶᠠᠲᠠᠷᠠᠯ ᠳ᠋ᠠᠭᠠᠨ
ᠠᠶ᠋ᠢᠯ ᠪᠦᠬᠦᠨ ᠨᠠᠮ ᠵᠢᠮ
ᠠᠶᠠᠨ ᠪ ᠴᠠᠮᠬᠠᠭ ᠳᠠᠮᠵᠢᠨ ᠱᠤᠤᠭᠢᠬᠤ ᠰᠦᠨᠢ ᠶ᠋ᠢᠨ ᠬᠣᠲᠠ ᠶ᠋ᠢᠨ ᠦᠶᠡᠷ
ᠤᠨᠲᠠᠭᠰᠠᠨ ᠬᠦᠮᠦᠨ ᠪ ᠵᠡᠭᠦᠲᠦ ᠪᠠ
ᠤᠨᠲᠠᠭᠠᠲᠤᠢ ᠬᠥᠮᠦᠨ ᠪ ᠪᠣᠲᠣᠯ ᠊ᠢ
ᠤᠯᠠᠷᠢᠯ ᠦ᠋ᠨ ᠬᠢᠵᠠᠭᠠᠷ ᠤᠷᠤᠭᠤ ᠤᠷᠮᠠᠲᠠᠶ᠋ᠢᠬᠠᠨ ᠠᠴᠢᠵᠤ ᠬᠦᠷᠬᠢᠷᠡᠨ᠎ᠡ ᠡ
