3-60-69ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠣᠭᠢᠰᠬᠤ᠂ ᠠᠮᠢᠰᠬᠤᠯ ᠠᠮᠤᠷ ᠦᠭᠡᠢ᠂ ᠴᠠᠩᠬ᠎ᠠ᠂ ᠪᠣᠳᠣ᠂ ᠤᠯᠠᠭᠠᠨ ᠨᠣᠳ᠂ ᠲᠣᠮᠣᠭᠣ ᠬᠠᠨᠢᠶᠠᠳᠤ᠂ ᠲᠠᠷᠢᠬᠢᠨ ᠬᠠᠳᠬᠤᠯᠭ᠎ᠠ ᠶ᠋ᠢ ᠵᠠᠰᠠᠬᠤ᠂ ᠬᠢᠵᠢᠭ ᠊ᠢ ᠰᠠᠷᠭᠡᠶ᠋ᠢᠯᠡᠬᠦ ᠠᠷᠭ᠎ᠠ᠂ ᠬᠢᠵᠢᠭ ᠦ᠋ᠨ ᠬᠠᠯᠠᠭᠤᠨ ᠊ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-60-69ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠣᠭᠢᠰᠬᠤ᠂ ᠠᠮᠢᠰᠬᠤᠯ ᠠᠮᠤᠷ ᠦᠭᠡᠢ᠂ ᠴᠠᠩᠬ᠎ᠠ᠂ ᠪᠣᠳᠣ᠂ ᠤᠯᠠᠭᠠᠨ ᠨᠣᠳ᠂ ᠲᠣᠮᠣᠭᠣ ᠬᠠᠨᠢᠶᠠᠳᠤ᠂ ᠲᠠᠷᠢᠬᠢᠨ ᠬᠠᠳᠬᠤᠯᠭ᠎ᠠ ᠶ᠋ᠢ ᠵᠠᠰᠠᠬᠤ᠂ ᠬᠢᠵᠢᠭ ᠊ᠢ ᠰᠠᠷᠭᠡᠶ᠋ᠢᠯᠡᠬᠦ ᠠᠷᠭ᠎ᠠ᠂ ᠬᠢᠵᠢᠭ ᠦ᠋ᠨ ᠬᠠᠯᠠᠭᠤᠨ ᠊

3-60-69ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠣᠭᠢᠰᠬᠤ᠂ ᠠᠮᠢᠰᠬᠤᠯ ᠠᠮᠤᠷ ᠦᠭᠡᠢ᠂ ᠴᠠᠩᠬ᠎ᠠ᠂ ᠪᠣᠳᠣ᠂ ᠤᠯᠠᠭᠠᠨ ᠨᠣᠳ᠂ ᠲᠣᠮᠣᠭᠣ ᠬᠠᠨᠢᠶᠠᠳᠤ᠂ ᠲᠠᠷᠢᠬᠢᠨ ᠬᠠᠳᠬᠤᠯᠭ᠎ᠠ ᠶ᠋ᠢ ᠵᠠᠰᠠᠬᠤ᠂ ᠬᠢᠵᠢᠭ ᠊ᠢ ᠰᠠᠷᠭᠡᠶ᠋ᠢᠯᠡᠬᠦ ᠠᠷᠭ᠎ᠠ᠂ ᠬᠢᠵᠢᠭ ᠦ᠋ᠨ ᠬᠠᠯᠠᠭᠤᠨ ᠊

ᠠᠩᠭᠢᠯᠠᠯ:ᠡᠷᠡᠭᠦᠯ ᠡᠩᠬᠡ
2023-06-04

304

ᠵᠢᠷᠠ᠂ ᠵᠣᠭᠢᠰᠬᠤ ᠡᠪᠡᠳᠴᠢᠨ ᠊ᠢ ᠵᠠᠰᠠᠬᠤ

  ᠵᠣᠭᠢᠰᠬᠤ ᠡᠪᠡᠳᠴᠢᠨ ᠳ᠋ᠦ᠍ᠷ ᠬᠦᠢᠲᠡᠨ ᠤᠰᠤ᠂ ᠰᠢᠭᠡᠰᠦ ᠶ᠋ᠢ ᠬᠣᠯᠢᠵᠤ ᠭᠤᠷᠪᠠᠨ ᠣᠭᠣᠴᠢ ᠤᠤᠭᠤᠯᠭ᠎ᠠ᠃ ᠵᠢᠭᠠᠰᠤᠨ ᠮᠢᠬ᠎ᠠ ᠶᠠᠰᠤ ᠶ᠋ᠢ ᠲᠦᠯᠡᠵᠦ ᠤᠲᠤᠭ᠎ᠠ ᠶ᠋ᠢ ᠳᠣᠲᠣᠷ ᠠ᠋ᠴᠠ ᠨᠢ ᠲᠠᠲᠠᠭᠤᠯ᠃ ᠡᠰᠡ ᠴᠢᠳᠠᠪᠠᠰᠤ ᠵᠢᠭᠠᠰᠤᠨ ᠮᠢᠬ᠎ᠠ᠂ ᠪᠡᠷᠢᠮᠦᠭ ᠷᠦᠳᠠ ᠶ᠋ᠢᠨ ᠳᠠᠩ ᠊ᠢ ᠪᠤᠴᠠᠯᠭᠠᠵᠤ ᠤᠤᠭᠤᠯᠭ᠎ᠠ᠃ ᠮᠠᠭᠠᠳ ᠲᠤᠰᠠᠯᠠᠮᠤᠢ

ᠵᠢᠷᠠᠨ ᠨᠢᠭᠡ᠂ ᠠᠮᠢᠰᠬᠤᠯ ᠠᠮᠤᠷ ᠦᠭᠡᠢ ᠶ᠋ᠢ ᠵᠠᠰᠠᠬᠤ

  ᠠᠮᠢᠰᠬᠤᠯ ᠪᠥᠭᠯᠡᠷᠡᠵᠦ ᠴᠠᠷ ᠢ᠋ᠶ᠋ᠠᠷ ᠳᠠᠭᠤᠨ ᠬᠠᠭᠠᠭᠳᠠᠬᠤ ᠳ᠋ᠤ᠌᠂ ᠬᠠᠷ᠎ᠠ ᠴᠠᠭᠠᠨ ᠬᠥᠬᠥᠯ᠂ ᠪᠠᠩᠪᠤᠢ᠂ ᠯᠠᠭᠠᠩ᠂ ᠰᠢᠩᠼᠠ᠂ ᠭᠦᠨᠪᠤᠷᠤᠮ ᠰᠣᠷᠣᠯᠣ᠂ ᠰᠢᠩ ᠠᠷ᠂ ᠵᠤᠭᠠᠩ ᠳ᠋ᠠᠷᠪᠤ ᠷᠦᠳᠠ᠂ ᠠᠷᠪᠠᠨ ᠨᠢᠭᠡ ᠪᠡᠷ ᠠᠮᠢᠰᠬᠤᠯ ᠪᠥᠭᠯᠡᠷᠡᠬᠦ ᠡᠪᠡᠳᠴᠢᠨ ᠡᠴᠡ ᠮᠠᠭᠠᠳ ᠭᠡᠲᠦᠯᠭᠡᠨ᠎ᠡ᠃ ᠭᠦᠨᠪᠤᠷᠤᠮ —7 ᠶ᠋ᠢ ᠮᠠᠨᠤ —ᠳᠠᠩ ᠢ᠋ᠶ᠋ᠠᠷ ᠳᠠᠷᠤᠭᠤᠯᠪᠠᠰᠤ ᠲᠤᠰ ᠡᠪᠡᠳᠴᠢᠨ ᠳ᠋ᠦ᠍ ᠲᠤᠰᠠᠲᠠᠢ

ᠵᠢᠷᠠᠨ ᠬᠣᠶᠠᠷ᠂ ᠴᠠᠩᠬ᠎ᠠ ᠡᠪᠡᠳᠴᠢᠨ ᠊ᠢ ᠵᠠᠰᠠᠬᠤ

  ᠴᠠᠩᠬ᠎ᠠ ᠬᠡᠮᠡᠬᠦ ᠱᠠᠵᠠ ᠡᠪᠡᠳᠴᠢᠨ ᠦ᠌ ᠨᠥᠬᠥᠴᠡᠯ᠄ ᠬᠥᠯᠥᠷᠡᠭᠡᠳ ᠬᠦᠢᠲᠡᠨ ᠵᠢᠪᠠᠷ ᠲᠤ᠌ ᠭᠠᠷᠬᠤ ᠪᠤᠶᠤ ᠨᠠᠷᠠ ᠳ᠋ᠤ᠌ ᠬᠠᠯᠠᠭᠰᠠᠨ ᠢ᠋ᠶ᠋ᠠᠷ ᠬᠣᠷᠣᠬᠠᠢ ᠬᠢᠮᠤᠷᠠᠵᠤ᠂ ᠪᠣᠷᠣ ᠪᠠ ᠰᠢᠷ᠎ᠠ ᠪᠠᠷ ᠬᠥᠳᠡᠯᠵᠦ ᠬᠠᠳᠬᠤᠯᠠᠬᠤ᠃ ᠬᠡᠷᠡᠭᠯᠡᠬᠦ ᠡᠮ ᠨᠢ᠄ ᠵᠠᠼᠤᠸᠠ 2 ᠴᠢᠨ᠂ ᠺᠠᠷᠤᠼᠤᠸᠠ2 ᠴᠢᠨ᠂ ᠭᠠᠵᠠ2 ᠴᠢᠨ᠂ ᠪᠦᠯᠲᠦᠬ2 ᠴᠢᠨ᠂ ᠮᠠᠨᠤ1 ᠴᠢᠨ᠂ ᠮᠠᠨᠴᠢᠨ1 ᠴᠢᠨ᠂ ᠠᠷᠤᠷ᠎ᠠ1 ᠴᠢᠨ ᠊ᠢ ᠨᠠᠶ᠋ᠢᠷᠠᠭᠤᠯᠤᠭᠠᠳ ᠡᠷ᠎ᠡ ᠡᠮ᠎ᠡ ᠬᠥᠮᠦᠨ ᠦ᠌ ᠰᠢᠭᠡᠰᠦᠨ ᠳ᠋ᠦ᠍ ᠨᠢᠭᠡ ᠡᠳᠦᠷ ᠳᠡᠪᠲᠦᠭᠡᠵᠦ᠂ ᠪᠤᠷᠴᠠᠭ ᠤ᠋ᠨ ᠲᠡᠳᠦᠢ ᠷᠢᠯᠦᠲᠡᠭᠡᠳ ᠳᠣᠯᠣᠭ᠎ᠠ ᠪᠠ ᠶᠢᠰᠦ ᠶ᠋ᠢ ᠡᠪᠡᠳᠴᠢᠨ ᠦ᠌ ᠬᠦᠴᠦᠨ ᠯᠤᠭᠡ ᠪᠠᠷᠢᠯᠲᠠᠭᠤᠯᠤᠨ ᠥᠭᠪᠡᠰᠦ ᠲᠡᠭᠦᠪᠡᠷ ᠦᠯᠦ ᠴᠢᠳᠠᠬᠤ ᠶ᠋ᠢ ᠪᠢ ᠡᠰᠡ ᠦᠵᠡᠪᠡᠢ᠃ ᠷᠦᠲ᠋ᠦᠩ  ᠯᠤᠩᠽᠠ ᠶ᠋ᠢ ᠬᠠᠨᠠᠪᠠᠰᠤ ᠮᠠᠭᠠᠳ ᠬᠡᠷᠡᠭᠲᠡᠢ

ᠵᠢᠷᠠᠨ ᠭᠤᠷᠪᠠ᠂ ᠬᠢᠵᠢᠭ ᠊ᠢ ᠰᠠᠷᠭᠡᠶ᠋ᠢᠯᠡᠬᠦ ᠠᠷᠭ᠎ᠠ

  ᠬᠢᠵᠢᠭ ᠡᠪᠡᠳᠴᠢᠨ ᠦ᠌ ᠵᠦᠢᠯ ᠪᠦᠬᠦᠨ ᠦᠢᠯᠡ ᠶ᠋ᠢᠨ ᠦᠷ᠎ᠡ ᠶ᠋ᠢ ᠳᠣᠷᠣᠮᠵᠢᠯᠠᠬᠤ ᠬᠢᠭᠡᠳ ᠸᠴᠢᠷᠲᠤ ᠠᠨᠳᠠᠭᠠᠢ ᠶ᠋ᠢ ᠠᠯᠳᠠᠵᠤ᠂ ᠪᠤᠷᠤᠭᠤ ᠶᠠᠪᠤᠳᠠᠯ ᠭᠡᠲᠦᠷᠡᠭᠰᠡᠨ ᠥᠯᠵᠡᠢ ᠪᠤᠰᠤ ᠠ᠋ᠴᠠ ᠡᠭᠦᠰᠦᠮᠦᠢ᠃
ᠬᠢᠵᠢᠭ ᠰᠠᠬᠢᠬᠤ ᠶ᠋ᠢᠨ ᠠᠷᠭ᠎ᠠ ᠳ᠋ᠤ᠌᠂ ᠡᠮ ᠡᠳ᠋ ᠊ᠢ ᠨᠠᠶ᠋ᠢᠷᠠᠭᠤᠯᠬᠤ ᠠᠨᠤ᠄ ᠠᠷᠤᠷ᠎ᠠ᠂ ᠰᠢᠩᠭᠦᠨ᠂ ᠮᠦᠽᠢ᠂ ᠬᠠᠷ᠎ᠠ ᠬᠥᠬᠥᠯ  ᠥᠨᠥᠴᠢᠨ ( ᠭᠠᠭᠴᠠ ᠰᠢᠳᠦ ᠲᠡᠢ ) ᠰᠠᠷᠢᠮᠰᠠᠭ᠂ ᠪᠡᠬᠡ᠂ ᠯᠠᠷᠽᠢ᠂ ᠮᠣᠷᠢᠨ ᠬᠤᠯᠤᠩᠰᠠ ᠬᠡᠮᠡᠬᠦ ᠬᠥᠯ ᠦ᠋ᠨ ᠳᠣᠲᠣᠷᠠᠬᠢ ᠥᠴᠦᠬᠡᠨ ᠡᠪᠡᠷ᠂ ᠶᠡᠬᠡ ᠬᠡᠶ᠋ᠢᠳ ᠦ᠋ᠨ ᠪᠣᠱᠣᠭ᠎ᠠ ᠶ᠋ᠢᠨ ᠰᠢᠷᠣᠢ᠂ ᠪᠤᠤᠷᠠᠨ ᠲᠣᠯᠣᠭᠠᠢ ᠶ᠋ᠢᠨ ᠠᠷᠤ ᠠ᠋ᠴᠠ ᠭᠠᠷᠤᠭᠰᠠᠨ ᠵᠤᠩᠭᠠᠭ ( ᠪᠣᠬᠢ ) ᠦ᠋ᠳ ᠊ᠢ ᠨᠢᠭᠲᠠ ᠲᠠᠯᠬᠠᠳᠠᠨ ᠮᠦᠬᠦᠯᠢᠭ᠌ᠯᠡᠵᠦ᠂ ᠭᠡᠷ ᠦ᠋ᠨ ᠳᠣᠲᠣᠷ ᠭᠠᠳᠠᠷ᠂ ᠭᠣᠣ ᠪᠤᠶᠤ ᠤᠯᠠᠭᠠᠨ ᠲᠣᠷᠭᠠᠨ ᠳ᠋ᠤ᠌ ᠪᠣᠭᠣᠭᠠᠳ ᠬᠦᠵᠦᠭᠦᠨ ᠳ᠋ᠦ᠍ ᠵᠡᠭᠦᠬᠦ ᠪᠤᠶᠤ ᠪᠡᠶ᠎ᠡ ᠳ᠋ᠦ᠍ ᠬᠠᠳᠠᠭᠠᠯᠠᠪᠠᠰᠤ ᠪᠣᠯᠤᠮᠤᠢ
ᠬᠠᠯᠳᠠᠪᠤᠷᠢᠲᠤ ᠡᠪᠡᠳᠴᠢᠨ ᠲᠡᠢ ᠭᠠᠵᠠᠷ ᠣᠳᠪᠠᠰᠤ ᠬᠠᠮᠠᠷ ᠲᠤ᠌ ᠲᠦᠷᠬᠢ᠃ ᠮᠠᠩᠨᠠᠢ ᠬᠥᠮᠦᠰᠬᠡᠨ ᠦ᠌ ᠵᠠᠪᠰᠠᠷ ᠰᠦᠷᠴᠢᠪᠡᠰᠦ ᠮᠠᠭᠠᠳ ᠴᠢᠳᠠᠮᠤᠢ᠃ ᠡᠳ᠋ ᠢ᠋ᠶ᠋ᠡᠷ ᠰᠠᠬᠢᠨ ᠴᠢᠳᠠᠬᠤ ᠤᠪᠠᠳᠢᠰ ᠡᠨᠡ ᠮᠡᠲᠦ ᠴᠤᠬᠠᠭ ᠪᠣᠢ

ᠵᠢᠷᠠᠨ ᠳᠥᠷᠪᠡ᠂ ᠬᠢᠵᠢᠭ ᠦ᠋ᠨ ᠬᠠᠯᠠᠭᠤᠨ ᠊ᠢ ᠵᠠᠰᠠᠬᠤ

  ᠬᠢᠵᠢᠭ ᠡᠪᠡᠳᠴᠢᠨ ᠦ᠌ ᠬᠠᠯᠠᠭᠤᠨ ᠠᠨᠤ ᠳᠡᠯᠬᠡᠷᠡᠭᠰᠡᠨ ᠬᠠᠯᠠᠭᠤᠨ ᠯᠤᠭ᠎ᠠ ᠠᠳᠠᠯᠢ ᠲᠤᠯᠠ ᠪᠤᠵᠠᠷ ᠰᠢᠯᠲᠠᠭᠠᠨ ᠨᠥᠬᠥᠴᠡᠯ ᠥᠴᠦᠬᠡᠨ ᠦᠯᠦ ᠵᠣᠬᠢᠯᠳᠤᠪᠠᠴᠤ ᠡᠮ ᠦᠭᠬᠦ ᠬᠥᠯᠥᠷᠡᠭᠡᠬᠦ  ᠢᠳᠡᠭᠡᠨ ᠶᠠᠪᠤᠳᠠᠯ ᠲᠡᠭᠦᠨ ᠯᠤᠭᠡ ᠠᠳᠠᠯᠢ᠃ ᠢᠯᠭᠠᠯ ᠠᠨᠤ ᠪᠣᠯᠪᠠᠰᠤᠷᠠᠬᠤ ᠶ᠋ᠢᠨ ᠴᠢᠯᠥᠭᠡ ᠦᠭᠡᠢ ᠬᠠᠯᠠᠭᠤᠨ ᠳᠡᠯᠭᠡᠷᠡᠬᠦ᠂ ᠲᠣᠭᠰᠢᠨ ( ᠨᠢᠶᠠᠨ ) ᠬᠠᠯᠠᠭᠤᠨ ᠪᠠᠶ᠋ᠢᠬᠤ ᠮᠠᠭᠠᠳ ᠦᠭᠡᠢ ᠭᠡᠮᠡᠨ ᠠᠶ᠋ᠢᠯᠠᠲᠤᠭᠰᠠᠨ ᠪᠣᠯᠪᠠᠴᠤ ᠬᠥᠯᠥᠷᠡᠭᠡᠬᠦ ᠪᠡᠷ ᠭᠡᠮ ᠊ᠢ ᠠᠷᠢᠯᠭᠠᠬᠤ᠂ ᠡᠮ ᠲᠤᠭᠤᠯᠭ᠎ᠠ ᠠᠯᠢ ᠵᠣᠬᠢᠰᠲᠠᠢ ᠶ᠋ᠢ ᠤᠬᠠᠭᠠᠨ ᠢ᠋ᠶ᠋ᠠᠷ ᠵᠢᠱ᠌ᠢᠵᠦ ᠬᠢᠴᠢᠶᠡᠬᠦ ᠬᠡᠷᠡᠭᠲᠡᠢ᠃ ᠬᠠᠯᠠᠭᠤᠨ ᠮᠡᠲᠦ ᠵᠠᠰᠠᠭᠲᠤᠨ᠃

ᠵᠢᠷᠠᠨ ᠲᠠᠪᠤ᠂ ᠬᠥᠭᠰᠢᠳ ᠊ᠢ ᠴᠢᠭᠢᠷᠠᠭᠵᠢᠭᠤᠯᠬᠤ ᠠᠷᠭ᠎ᠠ

   ᠬᠥᠭᠰᠢᠳ ᠊ᠢ ᠴᠢᠭᠢᠷᠠᠭᠵᠢᠭᠤᠯᠵᠤ ᠰᠢᠮ᠎ᠡ ᠠᠪᠤᠭᠤᠯᠬᠤ ᠨᠠᠶ᠋ᠢᠷᠠᠯᠭ᠎ᠠ ᠠᠨᠤ᠄ ᠵᠣᠩᠰᠢ᠂ ᠷᠠᠨᠢ᠂ ᠨᠢᠰᠢᠩ᠂ ᠸᠠᠩᠯᠠᠭ᠂ ᠵᠠᠸ᠋᠎ᠠ ᠽᠠᠳᠢ ᠬᠠᠯᠮᠠᠭᠣᠶᠤᠤ᠂ ᠪᠤᠷᠠᠮ᠂ ᠮᠥᠰᠥᠨ ᠰᠢᠬᠢᠷ᠂ ᠪᠠᠯ᠂ ᠦᠷ᠎ᠡ ᠶ᠋ᠢᠨ ᠲᠣᠰᠣ ᠶ᠋ᠢ ᠨᠠᠶ᠋ᠢᠷᠠᠭᠤᠯᠤᠨ ᠡᠳᠦᠷ ᠪᠦᠷᠢ ᠨᠢᠵᠡᠭᠡᠳ ᠭᠡᠮ ᠊ᠢ ᠬᠣᠨᠢᠨ ᠰᠦ ᠳ᠋ᠦ᠍ ᠪᠤᠴᠠᠯᠭᠠᠵᠤ ᠤᠤᠭᠤᠪᠠᠰᠤ ᠪᠡᠶ᠎ᠡ ᠶ᠋ᠢᠨ ᠬᠦᠴᠦᠨ ᠳᠡᠯᠭᠡᠷᠡᠬᠦ ᠪᠥᠭᠡᠳ ᠴᠢᠷᠠᠢ ᠶ᠋ᠢᠨ ᠥᠩᠭᠡ ᠰᠠᠢᠬᠠᠨ ᠪᠣᠯᠤᠮᠤᠢ

ᠵᠢᠷᠠᠨ ᠵᠢᠷᠭᠤᠭ᠎ᠠ᠂ ᠪᠣᠳᠣ ᠡᠪᠡᠳᠴᠢᠨ ᠊ᠢ ᠵᠠᠰᠠᠬᠤ

  ᠪᠣᠳᠣ ᠡᠪᠡᠳᠴᠢᠨ ᠬᠠᠯᠳᠠᠪᠤᠷᠢᠯᠠᠪᠠᠰᠤ ᠯᠢᠳᠡᠷᠢ ᠂ ᠭᠤᠷᠪᠠᠨ ᠦᠷ᠎ᠡ᠂ ᠳ᠋ᠢᠭᠳᠡ ᠪᠠᠱᠠᠭ᠎ᠠ ᠯᠢᠭᠠᠲᠤᠷ ᠊ᠢ ᠨᠠᠶ᠋ᠢᠷᠠᠭᠤᠯᠤᠭᠰᠠᠨ ᠳᠠᠩ ᠊ᠢ ᠬᠠᠯᠠᠭᠤᠨ ᠤᠤᠭᠤᠯᠭᠠᠵᠤ ᠬᠥᠯᠥᠰᠥ ᠶ᠋ᠢ ᠨᠢ ᠭᠠᠷᠭᠠᠬᠤ ᠬᠡᠷᠡᠭᠲᠡᠢ ᠭᠠᠳᠠᠭᠰᠢᠯᠠᠪᠠᠰᠤ ᠲᠡᠭᠦᠨ ᠢ᠋ᠶ᠋ᠡᠷ ᠪᠣᠯᠤᠮᠤᠢ ᠭᠠᠳᠠᠭᠰᠢᠯᠠᠬᠤ ᠳ᠋ᠤ᠌ ᠪᠡᠷᠬᠡ ᠪᠣᠯᠪᠠᠰᠤ ᠭᠦᠷᠭᠦᠮ2 ᠴᠢᠨ᠂ ᠭᠢᠸᠠᠩ1 ᠴᠢᠨ᠂ ᠵᠤᠭᠠᠩ2 ᠴᠢᠨ᠂ ᠪᠣᠩᠭᠠᠷ2 ᠴᠢᠨ᠂ ᠬᠠᠷ᠎ᠠ ᠬᠥᠬᠥᠯ2 ᠴᠢᠨ᠂ ᠯᠠᠷᠽᠢ2 ᠴᠢᠨ᠂ ᠪᠠᠷᠠᠭᠱᠦᠢ᠍ᠨ2 ᠴᠢᠨ᠂ ᠽᠢᠮᠪᠠ3 ᠴᠢᠨ᠂ ᠴᠠᠭᠠᠨ ᠽᠠᠨᠳᠠᠨ1 ᠴᠢᠨ᠂ ᠼᠠᠯᠭᠠᠷ1 ᠴᠢᠨ᠂ ᠳ᠋ᠢᠭᠳᠡ2 ᠴᠢᠨ᠂ ᠠᠭᠠᠷᠤ2 ᠴᠢᠨ᠂ ᠽᠠᠯᠭᠤᠳ1 ᠴᠢᠨ᠂ ᠬᠠᠯᠠᠭᠤᠨ ᠢ᠋ᠶ᠋ᠠᠷ ᠨᠣᠮᠣᠬᠠᠳᠬᠠᠭᠰᠠᠨ ᠮᠥᠩᠭᠥᠨ ᠤᠰᠤ2 ᠴᠢᠨ᠂ ᠭᠠᠨᠲᠢᠭ1 ᠴᠢᠨ᠂ ᠵᠣᠩᠰᠢ1 ᠴᠢᠨ ᠵᠡᠷᠭᠡ ᠶ᠋ᠢ ᠲᠦᠯᠡᠭᠰᠡᠨ ᠦᠭᠡᠢ ᠭᠠᠬᠠᠢ ᠶ᠋ᠢᠨ ᠬᠣᠷᠭᠣᠯ ᠤ᠋ᠨ ᠳᠠᠩ ᠢ᠋ᠶ᠋ᠠᠷ ᠳᠠᠷᠤᠭᠤᠯᠪᠠᠰᠤ ᠲᠦᠷᠭᠡᠨ ᠭᠠᠷᠤᠮᠤᠢ᠃
ᠬᠠᠷ᠎ᠠ ᠪᠣᠳᠣ ᠬᠦᠴᠦᠨ ᠶᠡᠬᠡ ᠳ᠋ᠦ᠍ ᠳᠣᠭᠣᠯᠭᠠᠬᠤ ᠡᠮ ᠢᠨᠤ ᠳ᠋ᠦ᠋ᠷᠵᠢᠳ᠂ ᠲᠠᠷᠨᠤ᠂ ᠬᠤᠩᠯᠸᠨ ᠳ᠋ᠠᠨᠷᠤᠭ ᠪᠣᠶ᠋ᠢᠭᠠᠷ ᠽᠢᠮᠪᠠ᠂ ᠬᠠᠷ᠎ᠠ ᠬᠥᠬᠥᠯ  ᠯᠠᠷᠽᠢ ᠶ᠋ᠢ ᠨᠠᠶ᠋ᠢᠷᠠᠭᠤᠯᠤᠭᠰᠠᠨ ᠴᠠᠭᠠᠨ ᠠᠷᠰᠯᠠᠨ —8 ᠶ᠋ᠢ ᠥᠭ᠃ ᠡᠭᠦᠨ ᠢ᠋ᠶ᠋ᠡᠷ ᠦᠯᠦ ᠭᠠᠷᠬᠤ ᠦᠨᠡᠬᠡᠷ ᠦᠭᠡᠢ ᠲᠤᠷᠰᠢᠯᠭ᠎ᠠ ᠪᠣᠯᠤᠮᠤᠢ᠃

ᠵᠢᠷᠠᠨ ᠳᠣᠯᠣᠭ᠎ᠠ᠂ ᠤᠯᠠᠭᠠᠨ ᠨᠣᠳ ᠊ᠢ ᠵᠠᠰᠠᠬᠤ

  ᠤᠯᠠᠭᠠᠨ ᠨᠣᠳ ᠡᠪᠡᠳᠴᠢᠨ ᠳ᠋ᠦ᠍᠂ ᠮᠠᠨᠤ —ᠳᠠᠩ ᠪᠤᠶᠤ ᠡᠷᠳᠡᠨᠢ —7 ᠳᠠᠩ ᠤ᠋ᠨ ᠳᠡᠭᠡᠷ᠎ᠡ ᠬᠠᠷ᠎ᠠ ᠬᠥᠬᠥᠯ ᠥᠭᠪᠡᠰᠦ ᠮᠠᠰᠢ ᠰᠠᠢᠨ ᠪᠠᠩᠽᠢ —12 ᠯᠢᠪᠴᠤᠭ —3 ᠶ᠋ᠢ ᠥᠭᠪᠡᠰᠦ ᠳᠡᠭᠡᠳᠦ᠃ ᠮᠥᠩᠭᠥᠨ ᠤᠰᠤ ᠡᠷᠳᠡᠨᠢ ᠶ᠋ᠢᠨ —18 ᠶ᠋ᠢ ᠥᠭᠪᠡᠴᠦ ᠭᠠᠷᠤᠮᠤᠢ᠃

ᠵᠢᠷᠠᠨ ᠨᠠᠢ᠍ᠮᠠ᠂ ᠲᠣᠮᠣᠭᠣ ᠬᠠᠨᠢᠶᠠᠳᠤ ᠶ᠋ᠢ ᠵᠠᠰᠠᠬᠤ

  ᠬᠠᠨᠢᠶᠠᠳᠤ ᠬᠡᠮᠡᠬᠦ ᠬᠠᠮᠠᠷ ᠠ᠋ᠴᠠ ᠤᠰᠤ ᠴᠤᠪᠤᠷᠠᠵᠤ᠂ ᠣᠯᠠᠨᠲᠠ ᠨᠠᠶ᠋ᠢᠲᠠᠭᠠᠬᠤ ᠵᠡᠷᠭᠡᠮᠵᠢ ᠪᠡᠷ ᠬᠠᠯᠠᠭᠤᠨ ᠳᠡᠯᠭᠡᠷᠡᠬᠦ᠂ ᠡᠭᠦᠨ ᠳ᠋ᠦ᠍ ᠡᠷᠳᠡᠨᠢ —7 ᠳᠠᠩ ᠢ᠋ᠶ᠋ᠠᠷ ᠪᠠᠩᠽᠢ —12 ᠊ᠢ ᠣᠯᠠᠨᠲᠠ ᠳᠠᠷᠤᠭᠤᠯᠪᠠᠰᠤ ᠵᠠᠮ ᠠ᠋ᠴᠠ ᠨᠢᠴᠤᠭᠠᠬᠤ ᠪᠣᠯᠠᠢ᠃ ᠬᠥᠯᠥᠷᠡᠪᠡᠰᠦ ᠭᠡᠮ ᠠᠷᠢᠯᠬᠤ᠃ ᠡᠭᠦᠨ ᠢ᠋ᠶ᠋ᠡᠷ ᠡᠰᠡ ᠨᠢᠴᠤᠨ ᠪᠣᠯᠪᠠᠰᠤᠷᠠᠪᠠᠰᠤ ᠶᠡᠷᠦ ᠶ᠋ᠢᠨ ᠬᠠᠯᠠᠭᠤᠨ ᠮᠡᠲᠦ ᠵᠠᠰᠠᠭᠲᠤᠨ᠃

ᠵᠢᠷᠠ ᠶᠢᠰᠦ᠂ ᠲᠠᠷᠢᠬᠢᠨ ᠬᠠᠳᠬᠤᠯᠭ᠎ᠠ ᠶ᠋ᠢ ᠵᠠᠰᠠᠬᠤ

  ᠲᠠᠷᠢᠬᠢᠨ ᠬᠠᠳᠬᠤᠯᠭ᠎ᠠ ᠪᠠᠷ ᠨᠢᠳᠦ ᠤᠯᠠᠶ᠋ᠢᠵᠤ᠂ ᠴᠡᠭᠡᠵᠢ ᠬᠠᠳᠬᠤᠯᠠᠨ ᠣᠯᠠᠨᠲᠠ ᠬᠠᠨᠢᠶᠠᠯᠭᠠᠪᠠᠰᠤ ᠭᠠᠪᠠᠯᠠ2 ᠴᠢᠨ᠂ ᠮᠠᠨᠴᠢᠨ5 ᠴᠢᠨ᠂ ᠪᠦᠷᠦᠭᠷᠣᠢ2 ᠴᠢᠨ᠂ ᠠᠷᠤᠷ᠎ᠠ2 ᠴᠢᠨ᠂ ᠬᠠᠷ᠎ᠠ ᠬᠥᠬᠥᠯ3 ᠴᠢᠨ᠂ ᠱᠤᠳᠠᠭ2 ᠴᠢᠨ᠂ ᠬᠤᠩᠯᠸᠨ1 ᠴᠢᠨ᠂ ᠬᠠᠷ᠎ᠠ ᠳ᠋ᠠᠭᠱᠠ2 ᠴᠢᠨ ᠊ᠢ ᠯᠠᠷᠽᠢ ᠲᠠᠢ ᠨᠠᠶ᠋ᠢᠷᠠᠭᠤᠯᠣᠭᠰᠠᠨ ᠬᠠᠷ᠎ᠠ ᠭᠠᠷᠤᠳᠢ —9 ᠪᠡᠷ ᠲᠠᠷᠢᠬᠢᠨ ᠬᠠᠳᠬᠤᠯᠭ᠎ᠠ᠂ ᠶᠠᠮ᠎ᠠ ᠬᠣᠷᠣᠬᠠᠢ ᠵᠢᠶᠠ ᠡᠪᠡᠳᠴᠢᠨ ᠪᠦᠬᠦᠨ ᠊ᠢ ᠮᠠᠭᠠᠳ ᠵᠠᠰᠠᠵᠤ ᠴᠢᠳᠠᠮᠤᠢ


  ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
  ᠬᠢᠨᠠᠭᠰᠠᠨ ᠨᠢ᠄ ᠣᠤᠠᠬᠠᠨᠰᠤ᠎ᠠ ᠪᠠᠶᠠᠷᠴᠡᠴᠡᠭ᠂  ᠱᠠᠭᠰᠠᠯ ᠰᠡᠬᠡᠭᠡᠷᠡᠯ