ᠣᠶᠤᠨᠲᠡᠭᠦᠰ ᠬᠦᠦ ᠶᠢᠨ ᠦᠯᠢᠭᠡᠷОюунтөгс хүүгийн үлгэр
ᠣᠶᠤᠨᠲᠡᠭᠦᠰ ᠬᠦᠦ ᠶᠢᠨ ᠦᠯᠢᠭᠡᠷ
ᠡᠷᠲᠡ ᠤᠷᠢᠳᠤ ᠴᠠᠭ ᠲᠤ᠌ ᠡᠷᠢᠶᠡᠨ ᠠᠪᠳᠠᠷ᠎ᠠ ᠪᠠᠷ ᠳᠦᠭᠦᠷᠡᠩ ᠡᠷᠳᠡᠨᠢᠰ ᠠᠯᠲᠠ ᠲᠠᠢ ᠬᠠᠷ᠎ᠠ ᠮᠣᠳᠣᠨ ᠱᠣᠭᠣᠯ ᠳ᠋ᠤ᠌ ᠬᠠᠳᠠᠭᠠᠯᠠᠭᠳᠠᠳᠠᠭ ᠦᠯᠢᠭᠡᠷ ᠲᠤᠤᠯᠢ ᠶ᠋ᠢᠨ ᠥᠴᠦᠬᠡᠨ ᠨᠣᠮ ᠲᠠᠢ ᠨᠢᠭᠡ ᠠᠶ᠋ᠢᠯ ᠪᠠᠶ᠋ᠢᠵᠠᠢ᠃ ᠲᠡᠳᠡᠨ ᠦ᠌ ᠬᠢ ᠡᠷᠲᠡᠨᠢᠲᠡᠭᠦᠰ᠂ ᠣᠶᠤᠨᠲᠡᠭᠦᠰ ᠭᠡᠳᠡᠭ ᠬᠣᠶᠠᠷ ᠬᠦᠦ ᠲᠠᠢ ᠶᠤᠮ ᠭᠡᠨ᠎ᠡ᠃ ᠨᠢᠭᠡ ᠡᠳᠦᠷ ᠭᠡᠷ ᠦ᠋ᠨ ᠡᠵᠡᠨ ᠬᠡᠦᠬᠡᠳ ᠦ᠋ᠳ ᠢ᠋ᠶ᠋ᠡᠨ ᠳᠡᠷᠭᠡᠳᠡ ᠪᠡᠨ ᠰᠠᠭᠤᠯᠭᠠᠭᠠᠳ᠄ 《 ᠲᠠ ᠨᠠᠷ ᠬᠥᠯ ᠴᠢᠨᠢ ᠳᠥᠷᠦᠭᠡᠨ ᠳ᠋ᠦ᠍᠂ ᠭᠠᠷ ᠴᠢᠨᠢ ᠭᠠᠨᠵᠤᠭᠠᠨ ᠳ᠋ᠤ᠌ ᠬᠦᠷᠦᠯ᠎ᠡ᠂ ᠲᠡᠶ᠋ᠢᠮᠦ ᠤᠴᠢᠷ ᠠ᠋ᠴᠠ ᠪᠡᠶ᠎ᠡ ᠳᠠᠭᠠᠭᠠᠨ ᠠᠮᠢᠳᠤᠷᠠᠬᠤ ᠴᠠᠭ ᠴᠢᠨᠢ ᠪᠣᠯᠵᠠᠢ᠂ ᠮᠠᠷᠭᠠᠰᠢ ᠥᠷᠯᠥᠭᠡᠨ ᠡᠴᠡ ᠡᠬᠢᠯᠡᠵᠦ ᠠᠪᠤ ᠶ᠋ᠢᠨ ᠢ᠋ᠶ᠋ᠡᠨ ᠬᠥᠷᠥᠩᠭᠡ ᠡᠴᠡ ᠠᠯᠢ ᠳᠤᠷᠠᠲᠠᠢ ᠪᠠᠨ ᠠᠪᠴᠤ᠂ ᠠᠶᠠᠨ ᠵᠠᠮ ᠳ᠋ᠤ᠌ ᠪᠠᠨ ᠭᠠᠷᠴᠤ᠂ ᠠᠵᠤ ᠠᠮᠢᠳᠤᠷᠠᠯ ᠢ᠋ᠶ᠋ᠠᠨ ᠵᠣᠬᠢᠶᠠ 》 ᠭᠡᠳ ᠶᠠᠭᠤ ᠠᠪᠬᠤ ᠶ᠋ᠢ ᠨᠢ ᠠᠰᠠᠭᠤᠬᠤ ᠳ᠋ᠤ᠌ ᠡᠷᠲᠡᠨᠢᠲᠡᠭᠦᠰ ᠬᠣᠶᠠᠷ ᠬᠡᠦᠳᠡᠢ ᠳᠦᠭᠦᠷᠡᠩ ᠠᠯᠲᠠ᠂ ᠣᠶᠤᠨᠲᠡᠭᠦᠰ ᠱᠣᠭᠣᠯ ᠲᠠᠢ ᠨᠣᠮ ᠊ᠢ ᠠᠪᠤᠨ᠎ᠠ ᠭᠡᠵᠡᠢ᠃ ᠡᠴᠢᠭᠡ ᠨᠢ ᠴᠦ᠍ ᠬᠡᠯᠡᠭᠰᠡᠨ ᠵᠦᠢᠯᠡᠰ ᠊ᠢ ᠨᠢ ᠬᠡᠦᠬᠡᠳ ᠦ᠋ᠳ ᠲᠦ᠍ ᠪᠡᠨ ᠥᠭᠴᠡᠢ ᠭᠡᠨ᠎ᠡ᠃
ᠲᠡᠭᠡᠭᠡᠳ ᠬᠣᠶᠠᠷ ᠬᠦᠦ ᠵᠠᠮ ᠳ᠋ᠤ᠌ ᠪᠠᠨ ᠭᠠᠷᠲᠠᠯ᠎ᠠ ᠠᠬ᠎ᠠ ᠨᠢ ᠳᠡᠭᠦᠦ ᠳ᠋ᠦ᠍ ᠪᠡᠨ 《 ᠤᠤᠭᠤᠶ᠎ᠠ ᠤᠤᠭᠤᠵᠤ ᠪᠣᠯᠬᠤ ᠦᠭᠡᠢ᠂ ᠢᠳᠡᠶ᠎ᠡ ᠢᠳᠡᠵᠦ ᠪᠣᠯᠬᠤ ᠦᠭᠡᠢ᠂ ᠬᠡᠨ ᠳ᠋ᠦ᠍ ᠴᠦ᠍ ᠬᠡᠷᠡᠭ ᠪᠣᠯᠬᠤ ᠦᠭᠡᠢ ᠬᠡᠳᠦᠨ ᠨᠠᠪᠰᠠᠷᠬᠠᠢ ᠬᠠᠭᠤᠳᠠᠰᠤ ᠠᠪᠬᠤ ᠪᠠᠷ ᠨᠢᠭᠡ ᠬᠡᠦᠳᠡᠢ ᠳᠦᠭᠦᠷᠡᠩ ᠠᠯᠲᠠ ᠠᠪᠤᠭᠰᠠᠨ ᠪᠣᠯ ᠬᠣᠶᠠᠭᠤᠯᠠ ᠢᠯᠡᠭᠦᠦ ᠬᠠᠩᠬᠤᠯᠤᠭᠤᠨ ᠶᠠᠪᠤᠬᠤ ᠦᠭᠡᠢ ᠤᠤ? ᠨᠢᠭᠡᠨᠲᠡ ᠲᠡᠭᠡ ᠦᠭᠡᠢ ᠡᠴᠡ ᠬᠣᠶ᠋ᠢᠰᠢ ᠥᠪᠡᠷ ᠲᠦ᠍ ᠪᠡᠨ ᠣᠨᠣᠭᠳᠠᠭᠰᠠᠨ ᠬᠥᠷᠥᠩᠭᠡ ᠶ᠋ᠢ ᠴᠢᠮ᠎ᠠ ᠲᠠᠢ ᠬᠤᠪᠢᠶᠠᠯᠴᠠᠵᠤ ᠴᠢᠳᠠᠬᠤ ᠦᠭᠡᠢ ᠴᠢ ᠨᠠᠭᠠᠳᠤ ᠨᠣᠮ ᠢ᠋ᠶ᠋ᠠᠷ ᠢ᠋ᠶ᠋ᠠᠨ ᠠᠮᠢ ᠪᠠᠨ ᠲᠡᠵᠢᠭᠡᠵᠦ ᠬᠤᠪᠢ ᠪᠠᠨ ᠪᠣᠷᠣᠯᠠᠭᠤᠯᠵᠤ ᠶᠠᠪᠤᠨ᠎ᠠ ᠪᠢᠵᠡ 》 ᠭᠡᠵᠡᠢ᠃ ᠬᠠᠷᠢᠨ ᠣᠶᠤᠨᠲᠡᠭᠦᠰ ᠶᠠᠭᠤ ᠴᠤ᠌ ᠬᠡᠯᠡᠭᠰᠡᠨ ᠦᠭᠡᠢ᠂ ᠲᠡᠳᠡ ᠨᠡᠯᠢᠶᠡᠳ ᠶᠠᠪᠤᠵᠤ ᠪᠠᠶ᠋ᠢᠲᠠᠯ᠎ᠠ ᠵᠠᠮ ᠳ᠋ᠤ᠌ ᠨᠢ ᠠᠳᠤᠭᠤ ᠬᠠᠷᠢᠭᠤᠯᠵᠤ ᠶᠠᠪᠤᠭ᠎ᠠ ᠬᠥᠮᠦᠨ ᠲᠠᠭᠠᠷᠠᠯᠳᠤᠵᠠᠢ᠃ ᠠᠬ᠎ᠠ ᠨᠢ ᠲᠡᠭᠦᠨ ᠡᠴᠡ ᠵᠢᠷᠣᠭ᠎ᠠ ᠰᠠᠭᠠᠷᠠᠯ ᠮᠣᠷᠢ ᠬᠤᠳᠠᠯᠳᠤᠨ ᠠᠪᠴᠤ᠂ ᠴᠢ ᠥᠪᠡᠷ ᠲᠦ᠍ ᠪᠡᠨ ᠪᠡᠯᠡ ᠦᠭᠡᠢ ᠪᠣᠯᠬᠣᠷ ᠭᠠᠬᠠᠢ ᠶᠠᠪᠠᠭᠠᠨ ᠨᠣᠬᠠᠢ ᠨᠢᠴᠦᠭᠦᠨ ᠶᠠᠪᠤᠬᠤ ᠪᠣᠯᠵᠠᠢ ᠳᠠ ᠭᠡᠳ ᠳᠠᠪᠬᠢᠭᠠᠳ ᠶᠠᠪᠤᠴᠢᠬᠠᠵᠠᠢ᠃ ᠳᠡᠭᠦᠦ ᠨᠢ ᠭᠣᠮᠣᠳᠠᠭᠰᠠᠨ ᠴᠤ᠌ ᠦᠭᠡᠢ ᠬᠠᠷ᠎ᠠ ᠱᠣᠭᠣᠯ ᠲᠠᠢ ᠨᠣᠮ ᠢ᠋ᠶ᠋ᠠᠨ ᠤᠩᠰᠢᠵᠤ ᠶᠠᠪᠤᠲᠠᠯ᠎ᠠ ᠣᠨᠢᠰᠣᠨ ᠬᠥᠳᠡᠯᠭᠡᠭᠦᠷᠲᠦ ᠮᠣᠷᠢ ᠬᠢᠭᠰᠡᠨ ᠬᠥᠮᠦᠨ ᠦ᠌ ᠲᠤᠬᠠᠢ ᠦᠯᠢᠭᠡᠷ ᠲᠠᠭᠠᠷᠠᠯᠳᠤᠵᠠᠢ᠃ ᠲᠡᠭᠦᠨ ᠡᠴᠡ ᠰᠠᠨᠠᠭ᠎ᠠ ᠠᠪᠴᠤ ᠣᠢ ᠳ᠋ᠤ᠌ ᠣᠨᠢᠰᠣᠨ ᠬᠥᠳᠡᠯᠭᠡᠭᠦᠷᠲᠦ ᠮᠣᠷᠢ ᠬᠢᠭᠡᠳ ᠲᠡᠭᠦᠨ ᠊ᠢ ᠪᠡᠨ ᠬᠥᠯᠭᠡᠯᠡᠨ ᠠᠬ᠎ᠠ ᠶ᠋ᠢ ᠪᠡᠨ ᠭᠦᠢᠴᠡᠵᠦ ᠣᠴᠢᠪᠠᠯ ᠠᠬ᠎ᠠ ᠨᠢ ᠭᠠᠶ᠋ᠢᠬᠠᠨ ᠡᠶ᠋ᠢᠮᠦ ᠷᠢᠳᠢ ᠰᠢᠳᠢ ᠲᠡᠢ ᠮᠣᠷᠢ ᠶᠠᠮᠠᠷ ᠮᠥᠩᠭᠥ ᠪᠡᠷ ᠬᠤᠳᠠᠯᠳᠤᠵᠤ ᠠᠪᠤᠭ᠎ᠠ ᠪᠣᠢ ᠭᠡᠵᠦ ᠠᠰᠠᠭᠤᠬᠤ ᠳ᠋ᠤ᠌ ᠨᠢ ᠦᠯᠢᠭᠡᠷ ᠲᠡᠢ ᠨᠣᠮ ᠤ᠋ᠨ ᠢ᠋ᠶ᠋ᠠᠨ ᠷᠢᠳᠢ ᠰᠢᠳᠢ ᠪᠡᠷ ᠪᠦᠲᠦᠭᠡᠭᠰᠡᠨ ᠊ᠢ ᠬᠡᠯᠡᠪᠡᠯ ᠦᠨᠡᠮᠰᠢᠬᠦ ᠦᠭᠡᠢ ᠪᠠᠶ᠋ᠢᠯ᠎ᠠ᠃ ᠲᠡᠭᠡᠭᠡᠳ ᠲᠡᠷᠡ ᠬᠣᠶᠠᠷ ᠴᠠᠭᠠᠱᠢ ᠠᠶᠠᠯᠠᠵᠤ ᠭᠡᠨ᠎ᠡ᠂ ᠭᠡᠲᠡᠯ᠎ᠡ ᠲᠥᠭᠡᠷᠢᠴᠢᠬᠡᠵᠡᠢ᠃ ᠬᠠᠮᠤᠭ ᠬᠣᠭᠣᠯᠠ ᠬᠦᠨᠡᠰᠦ ᠪᠡᠨ ᠪᠠᠷᠠᠵᠤ ᠥᠯᠥᠰᠴᠦ ᠦᠬᠦᠬᠦ ᠶ᠋ᠢᠨ ᠲᠤᠶ᠋ᠢᠯ ᠳ᠋ᠤ᠌ ᠬᠦᠷᠴᠦ ᠭᠡᠨ᠎ᠡ᠂ ᠠᠬ᠎ᠠ ᠳ᠋ᠤ᠌ ᠨᠢ ᠬᠡᠦᠳᠡᠢ ᠳᠦᠭᠦᠷᠡᠩ ᠠᠯᠲᠠ ᠮᠥᠩᠭᠥ ᠪᠠᠶ᠋ᠢᠪᠠᠴᠤ ᠲᠡᠭᠦᠨ ᠊ᠢ ᠢᠳᠡᠵᠦ ᠪᠣᠯᠬᠤ ᠦᠭᠡᠢ ᠪᠣᠯᠬᠣᠷ ᠶᠠᠭᠠᠬᠢᠬᠤ ᠪᠢᠯᠡ᠂ ᠳᠡᠭᠦᠦ ᠨᠢ ᠬᠠᠷ᠎ᠠ ᠱᠣᠭᠣᠯ ᠲᠠᠢ ᠨᠣᠮ ᠢ᠋ᠶ᠋ᠠᠨ ᠤᠩᠰᠢᠪᠠᠯ ᠡᠯᠡᠰᠦᠨ ᠳᠣᠣᠭᠤᠷ ᠬᠠᠪᠠᠵᠤ ᠤᠷᠭᠤᠳᠠᠭ ᠬᠦᠨᠡᠰᠦᠨ ᠳ᠋ᠦ᠍ ᠬᠡᠷᠡᠭᠯᠡᠭᠳᠡᠳᠡᠭ ᠤᠷᠭᠤᠮᠠᠯ ᠤ᠋ᠨ ᠲᠤᠬᠠᠢ ᠦᠯᠢᠭᠡᠷ ᠪᠠᠶ᠋ᠢᠵᠤ ᠭᠡᠨ᠎ᠡ᠂ ᠲᠡᠷᠡ ᠤᠷᠭᠤᠮᠠᠯ ᠊ᠢ ᠡᠷᠢᠵᠦ ᠣᠯᠤᠭᠠᠳ ᠬᠣᠭᠣᠯᠠ ᠬᠢᠲᠡᠯ᠎ᠡ ᠠᠮᠲᠠᠲᠠᠢ ᠰᠠᠶᠢᠬᠠᠨ ᠬᠣᠭᠣᠯᠠ ᠪᠣᠯᠤᠭᠰᠠᠨ ᠳ᠋ᠤ᠌ ᠬᠣᠶᠠᠭᠤᠯᠠ ᠴᠠᠳᠲᠠᠯ᠎ᠠ ᠪᠠᠨ ᠢᠳᠡᠵᠦ ᠠᠯᠵᠢᠶᠠᠯ ᠢ᠋ᠶ᠋ᠠᠨ ᠲᠠᠶ᠋ᠢᠯᠵᠡᠢ᠃ ᠠᠬ᠎ᠠ ᠨᠢ᠂ ᠳᠡᠭᠦᠦ ᠮᠢᠨᠢ ᠨᠠᠭᠠᠳᠤᠬᠢ ᠴᠢᠨᠢ ᠶᠠᠭᠠᠬᠢᠭᠰᠠᠨ ᠷᠢᠳᠢ ᠰᠢᠳᠢ ᠲᠡᠢ ᠰᠠᠶᠢᠬᠠᠨ ᠨᠣᠮ ᠪᠣᠢ? ᠡᠭᠦᠨ ᠊ᠢ ᠪᠡᠨ ᠠᠬ᠎ᠠ ᠳ᠋ᠤ᠌ ᠪᠠᠨ ᠤᠩᠰᠢᠭᠤᠯᠵᠤ ᠪᠠᠶ᠋ᠢᠭᠠᠴᠢ᠂ ᠪᠢ ᠴᠦ᠍ ᠪᠠᠰᠠ ᠠᠯᠲᠠ ᠮᠥᠩᠭᠥ ᠡᠴᠡ ᠪᠡᠨ ᠥᠭᠴᠦ ᠪᠠᠶ᠋ᠢᠶ᠎ᠠ ᠭᠡᠲᠡᠯ᠎ᠡ ᠳᠡᠭᠦᠦ ᠨᠢ ᠡᠷᠳᠡᠮᠲᠡᠨ ᠮᠡᠷᠭᠡᠳ ᠦ᠋ᠨ ᠴᠡᠴᠡᠨ ᠤᠬᠠᠭᠠᠨ ᠤ᠋ ᠳᠡᠭᠡᠵᠢᠰ ᠪᠣᠯᠤᠭᠰᠠᠨ ᠡᠨᠡ ᠨᠣᠮ ᠡᠷᠳᠡᠨᠢᠰ ᠠᠯᠲᠠ ᠲᠠᠢ ᠵᠦᠢᠷᠯᠡᠬᠦ ᠪᠡᠷ ᠦᠭᠡᠢ ᠦᠨ᠎ᠡ ᠲᠡᠢ ᠵᠦᠢᠯ ᠪᠢᠯᠡ᠂ ᠲᠡᠭᠡᠭᠡᠳ ᠴᠦ᠍ ᠦᠯᠢᠭᠡᠷ ᠲᠦ᠍ ᠥᠭᠦᠯᠡᠵᠦ ᠪᠣᠢ ᠪᠠᠶᠠᠯᠢᠭ ᠳᠠᠭᠤᠰᠤᠰᠢ ᠦᠭᠡᠢ ᠪᠣᠯᠬᠣᠷ ᠪᠢ ᠲᠠᠨ ᠲᠠᠢ ᠬᠤᠪᠢᠶᠠᠯᠴᠠᠬᠤ ᠠ᠋ᠴᠠ ᠶᠠᠭᠤᠨ ᠳ᠋ᠤ᠌ ᠳᠤᠷ᠎ᠠ ᠦᠭᠡᠶ᠋ᠢᠴᠡᠬᠦ ᠪᠢᠯᠡ ᠭᠡᠵᠡᠢ᠃ ᠢᠩᠭᠢᠭᠡᠳ ᠠᠬ᠎ᠠ ᠳᠡᠭᠦᠦ ᠬᠣᠶᠠᠷ ᠨᠣᠮ ᠠ᠋ᠴᠠ ᠪᠠᠨ ᠪᠦᠬᠦ ᠵᠦᠢᠯ ᠊ᠢ ᠮᠡᠳᠡᠵᠦ ᠠᠮᠤᠷ ᠠᠮᠤᠭᠤᠯᠠᠩ ᠡᠯᠪᠡᠭ ᠳᠡᠯᠪᠡᠭ ᠠᠮᠢᠳᠤᠷᠠᠨ ᠰᠠᠭᠤᠵᠤ ᠭᠡᠨ᠎ᠡ!
ᠦᠰᠦᠭ ᠠᠮᠢᠯᠠᠭᠤᠯᠤᠭᠰᠠᠨ ᠨᠢ᠄ ᠮᠥᠩᠭᠥᠨᠴᠡᠴᠡᠭ
ᠦᠰᠦᠭ ᠬᠠᠲᠠᠭᠰᠠᠨ ᠨᠢ᠄ ᠰᠡᠷᠭᠦᠯᠡᠩ
ᠬᠢᠨᠠᠭᠴᠢ ᠪᠠᠭᠰᠢ᠄ ᠮᠥᠩᠭᠥᠨᠴᠡᠴᠡᠭ
