ᠲᠡᠭᠦᠰᠪᠠᠶᠠᠷ ᠤᠨ ᠵᠠᠳᠠᠭᠠᠢ ᠰᠢᠯᠦᠭ ᠦᠳ - 2 Төгсбаярын задгай шүлгүүд -2 ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠭᠦᠰᠪᠠᠶᠠᠷ ᠤᠨ ᠵᠠᠳᠠᠭᠠᠢ ᠰᠢᠯᠦᠭ ᠦᠳ - 2 Төгсбаярын задгай шүлгүүд -2

ᠲᠡᠭᠦᠰᠪᠠᠶᠠᠷ ᠤᠨ ᠵᠠᠳᠠᠭᠠᠢ ᠰᠢᠯᠦᠭ ᠦᠳ - 2 Төгсбаярын задгай шүлгүүд -2

2023-06-04

266

ᠲᠡᠭᠦᠰᠪᠠᠶᠠᠷ ᠤᠨ ᠵᠠᠳᠠᠭᠠᠢ ᠰᠢᠯᠦᠭ ᠦᠳ - 2


             ᠬᠠᠪᠤᠷ 
    
           1 
     ᠬᠠᠪᠤᠷ ᠤᠤᠯ ᠨᠢ ᠣᠯᠳᠣᠢ ᠲᠠᠷᠢᠶᠠᠴᠢᠨ ᠪᠠᠢᠵᠠᠢ ᠃ ᠲᠡᠷᠡ ᠲᠠᠪᠤᠨ ᠲᠠᠷᠢᠶ᠎ᠠ ᠪᠠᠨ ᠦᠷᠡᠯᠡᠬᠦ ᠶ᠋ᠢᠨ ᠢ᠋ᠶ᠋ᠡᠨ ᠳᠠᠭᠠᠤ ᠲᠠᠯ᠎ᠠ ᠳᠦᠭᠦᠷᠡᠩ ᠥᠯᠥᠩ ᠲᠠᠷᠢᠴᠢᠵᠠᠢ ᠃ 
     ᠦᠷᠡᠯᠡᠭᠰᠡᠨ ᠲᠠᠷᠢᠶᠠᠨ ᠠᠴᠠ ᠨᠢ ᠠᠮᠤ ᠵᠢᠮᠢᠰ ᠃ 
     ᠥᠯᠥᠩᠲᠦᠭᠰᠡᠨ ᠲᠠᠯ᠎ᠠ ᠠ᠋ᠴᠠ ᠨᠢ ᠠᠢᠷᠠᠭ ᠤᠭᠤᠷᠠᠭ ᠃ 
     《 ᠰᠠᠢᠨ ᠰᠠᠨᠠᠭᠠᠨ ᠤ᠋ ᠦᠵᠡᠭᠦᠷ ᠰᠦ 》 ᠭᠡᠳᠡᠭ ᠨᠢ ᠡᠨᠡ ᠪᠢᠵᠡ ᠃  

           2 
     ᠬᠠᠪᠤᠷ ᠤᠤᠯ ᠨᠢ ᠤᠢᠲᠠᠢ ᠲᠠᠷᠢᠶᠠᠴᠢᠨ ᠪᠠᠢᠵᠠᠢ ᠃ ᠲᠡᠷᠡ ᠬᠠᠭᠠᠯᠪᠤᠷᠢᠯᠠᠭᠰᠠᠨ ᠵᠣᠷᠬᠠᠨ ᠳ᠋ᠠᠭᠠᠨ ᠰᠢᠯᠦᠬᠡᠢ ᠲᠠᠷᠢᠭᠠᠳ ᠬᠠᠭᠠᠷᠠᠭᠠᠳᠤᠢ ᠵᠢᠷᠦᠬᠡᠨ ᠳ᠋ᠦ᠍ ᠮᠢᠨᠢ ᠰᠢᠯᠦᠭ ᠲᠠᠷᠢᠴᠢᠵᠠᠢ᠃ 
     ᠪᠣᠯᠪᠠᠰᠤᠷᠠᠭᠰᠠᠨ ᠰᠢᠯᠦᠬᠡᠢ ᠨᠠᠮᠤᠷ ᠤ᠋ᠨ ᠬᠤᠷᠢᠶᠠᠯᠲᠠ ᠃ 
     ᠪᠤᠯᠪᠠᠷᠠᠢᠬᠠᠨ ᠰᠢᠯᠦᠭ ᠨᠢ ᠨᠠᠢᠷᠠᠭ ᠤ᠋ᠨ ᠬᠤᠷᠢᠶᠠᠯᠲᠠ ᠃ 
     《 ᠰᠠᠢᠨ ᠰᠠᠨᠠᠭᠠᠨ ᠤ᠋ ᠦᠵᠦᠭᠦᠷ ᠰᠦ 》 ᠪᠣᠯ 《ᠢᠷᠠᠭᠤ ᠰᠠᠨᠠᠭᠠᠨ ᠤ᠋ ᠦᠵᠦᠭᠦᠷ 》 ᠶᠠᠭᠤ ᠪᠣᠯ ?  

             ᠬᠠᠯᠠᠭᠠᠢ 
     ᠮᠣᠩᠭᠣᠯ ᠨᠤᠲᠤᠭ ᠲᠤ᠌ ᠬᠠᠯᠠᠭᠠᠢ ᠭᠡᠳᠡᠭ ᠬᠠᠴᠢᠨ ᠨᠣᠭᠣᠭ᠎ᠠ ᠤᠷᠭᠤᠳᠠᠭ ᠃ 
     ᠬᠠᠪᠤᠷ ᠤ᠋ᠨ ᠬᠠᠷᠠᠰᠤ ᠴᠠᠭ ᠲᠤ᠌ ᠬᠠᠩᠰᠢ ᠭᠡᠭᠰᠡᠭᠡᠷ ᠰᠣᠶᠣᠭᠠᠯᠠᠭᠠᠳ ᠥᠯᠳᠡᠭᠰᠡᠨ ᠬᠥᠮᠦᠨ ᠦ᠌ ᠲᠠᠩᠨᠠᠢ ᠶ᠋ᠢ ᠬᠤᠵᠢᠷᠯᠠᠵᠤ ᠣᠯᠳᠠᠭᠰᠠᠨ ᠲᠡᠮᠡᠭᠡᠨ ᠦ᠌ ᠲᠠᠪᠠᠭ ᠢ᠋ ᠵᠤᠵᠠᠭᠠᠯᠠᠨ᠎ᠠ᠃ 
     ᠬᠠᠯᠠᠭᠠᠢ ᠥᠷᠭᠡᠰᠦ ᠲᠡᠢ ᠃ 
     ᠥᠷᠭᠡᠰᠦ ᠲᠡᠢ ᠪᠣᠯᠪᠠᠴᠤ ᠥᠭᠭᠢᠶᠡᠮᠦᠷ ᠯᠡ ᠃ 
     ᠲᠡᠭᠦᠬᠦ ᠦᠶ᠎ᠡ ᠳ᠋ᠦ᠍ ᠬᠤᠷᠤᠭᠤ ᠶ᠋ᠢ ᠴᠢᠨᠢ ᠬᠠᠯᠠᠭᠠᠵᠤ ᠲᠣᠭᠣᠭᠠᠨ ᠳ᠋ᠤ᠌ ᠣᠷᠣᠪᠠᠯ ᠬᠣᠳᠣᠭᠣᠳᠣ ᠶ᠋ᠢ ᠴᠢᠨᠢᠮᠢᠯᠢᠶᠠᠨ᠎ᠠ ᠃ 
     ᠨᠣᠭᠣᠭᠠᠴᠢᠨ ᠤ᠋ ᠳᠠᠷᠢᠰᠢ ᠶ᠋ᠢ ᠴᠢᠨ ᠯᠠᠩ ᠢ᠋ᠶ᠋ᠠᠷ ᠲᠤᠰᠬᠤ ᠪᠠᠷ ᠨᠤᠲᠤᠭ ᠤ᠋ᠨ ᠬᠠᠯᠠᠭᠠᠢ ᠳ᠋ᠤ᠌ ᠬᠠᠯᠠᠭᠠᠲᠠᠪᠠᠴᠤ ᠬᠠᠯᠠᠭᠤᠬᠠᠨ !  

            ᠡᠬᠡ ᠬᠦᠦ 
     ᠡᠵᠢ ᠨᠢ ᠬᠦᠦ ᠶ᠋ᠢᠨ ᠵᠠᠨ ᠬᠠᠴᠠᠷ ᠢ᠋ ᠦᠨᠦᠰᠪᠡ ᠃ 
     ᠬᠦᠦ ᠨᠢ ᠡᠵᠢ ᠶ᠋ᠢᠨ ᠢ᠋ᠶ᠋ᠡᠨ ᠬᠠᠮᠠᠷ ᠢ᠋ ᠡᠮᠬᠦᠪᠡ ᠃ 
     ᠠᠮᠠ ᠳᠦᠭᠦᠷᠡᠩ ᠫᠣᠭᠰᠢᠵᠤ ᠪᠠᠢᠳᠠᠭ ᠡᠬᠡ ᠶ᠋ᠢᠨ ᠬᠠᠢᠷ᠎ᠠ ᠃  
     ᠠᠮᠠᠨ ᠳ᠋ᠠᠭᠠᠨ ᠲᠠᠭᠠᠷᠠᠬᠤ ᠪᠠᠷ ᠬᠦᠯᠬᠦᠬᠦ ᠭᠡᠳᠡᠭ ᠬᠡᠦᠬᠡᠳ ᠵᠠᠩ ᠃ 
     ᠡᠬᠡ ᠨᠢ ᠵᠢᠷᠠᠨ ᠨᠠᠰᠤᠨ ᠤ᠋ ᠬᠠᠭᠠᠰ᠃ 
     ᠡᠩᠬᠦᠷᠡᠢ ᠨᠢ ᠵᠢᠷᠭᠤᠭᠠᠨ ᠰᠠᠷ᠎ᠠ ᠲᠡᠭᠦᠰ ᠃
     ᠣᠷᠣᠢ ᠵᠠᠶᠠᠭᠠᠭᠰᠠᠨ ᠦᠷ᠎ᠡ ᠳ᠋ᠦ᠍ ᠡᠵᠢ ᠶ᠋ᠢᠨ ᠰᠡᠳᠬᠢᠯ ᠲᠠᠷᠭᠤᠨ ᠃ 
     ᠡᠷᠲᠡ ᠪᠣᠢᠵᠢᠭᠰᠠᠨ ᠬᠦᠦ ᠳ᠋ᠦ᠍ ᠡᠬᠡ ᠶ᠋ᠢᠨ ᠰᠦ ᠢᠪᠢᠯᠡᠭᠦᠨ ᠃ 
     ᠭᠤᠴᠢᠨ ᠵᠢᠯ ᠦ᠋ᠨ ᠬᠠᠢᠷ᠎ᠠ ᠭᠤᠷᠪᠠᠬᠠᠨ ᠲᠥᠭᠡ ᠨᠢᠯᠬ᠎ᠠ ᠳ᠋ᠤ᠌ ᠲᠤᠰᠤᠨ᠎ᠠ ᠃   

             ᠬᠡᠯᠡ 

            1 
     ᠬᠡᠯᠡ ᠭᠡᠳᠡᠭ ᠬᠡᠰᠡᠭ ᠮᠢᠬ᠎ᠠ ᠂ ᠬᠡᠷᠴᠢᠵᠦ ᠪᠣᠯᠣᠰᠢ ᠦᠭᠡᠢ ᠬᠡᠯᠲᠡᠭᠡᠷ ᠮᠢᠬ᠎ᠠ ᠃ 
     ᠬᠡᠯᠪᠡᠷᠢ ᠨᠢ ᠶᠠᠷᠢᠳᠠᠭ ᠪᠦᠬᠦᠨ ᠦ᠌ ᠬᠢ ᠠᠳᠠᠯᠢ ᠂ ᠬᠡᠷᠡᠭᠰᠡᠯ ᠨᠢ ᠶᠠᠩᠵᠤ ᠪᠦᠷᠢ ᠶ᠋ᠢᠨ ᠵᠥᠷᠢᠶ᠎ᠡ ᠲᠡᠢ ᠃ 
     ᠵᠠᠪᠠᠵᠢᠨ ᠠ᠋ᠴᠠ ᠴᠠᠰᠢ ᠪᠠᠨ ᠰᠤᠨᠤᠬᠤ ᠦᠭᠡᠢ ᠪᠠᠢᠲᠠᠯ᠎ᠠ ᠵᠢᠳᠠᠨ ᠦᠵᠦᠭᠦᠷ ᠡᠴᠡ ᠬᠤᠷᠴᠠ ᠂ ᠵᠠᠷᠢᠮ ᠨᠢ᠃
            2
     ᠲᠣᠰᠣ ᠳᠣᠯᠢᠶᠠᠭᠰᠠᠨ ᠬᠡᠯᠡᠨ ᠡᠴᠡ ᠲᠣᠨᠲᠣᠭ ᠳᠣᠯᠢᠶᠠᠭᠰᠠᠨ ᠬᠡᠯᠡ ᠭᠤᠯᠭᠤᠷ᠃ 
     ᠲᠣᠨᠲᠣᠭ ᠳᠣᠯᠢᠶᠠᠭᠰᠠᠨ ᠭᠤᠯᠭᠤᠷ ᠢ᠋ ᠪᠣᠳᠣᠪᠠᠯ ᠲᠣᠭᠣᠭ᠎ᠠ ᠳᠣᠯᠢᠶᠠᠭᠰᠠᠨ ᠭᠥᠯᠦᠭᠡᠨ ᠦ᠌ ᠬᠢ ᠴᠡᠪᠡᠷ ᠃ 

             ᠴᠤᠤᠷᠢᠶᠠᠨ 
     ᠠᠶᠠᠯᠭᠤ ᠳᠠᠭᠤᠷᠢᠶᠠᠵᠤ ᠯᠠ ᠴᠢᠳᠠᠬᠤ ᠠ᠋ᠴᠠ ᠪᠢᠰᠢ ᠠᠰ ᠢ᠋ᠶ᠋ᠠᠷ ᠢ᠋ᠶ᠋ᠠᠨ ᠳᠤᠤᠭᠠᠷᠴᠤ ᠴᠢᠳᠠᠬᠤ ᠦᠬᠡᠷ ᠃ 
     ᠪᠠᠷᠬᠢᠷᠠᠭ᠎ᠠ ᠬᠠᠳᠠᠨ ᠤ᠋ ᠴᠤᠤᠷᠢᠶᠠᠨ ᠭᠡᠳᠡᠭ ᠪᠠᠢᠭᠠᠯᠢ ᠶ᠋ᠢᠨ ᠲᠣᠳᠢ ᠪᠠᠢᠨ᠎ᠠ ᠳᠠ ᠃ 
     ᠭᠦᠨ ᠠᠭᠤᠯᠠᠨ ᠳ᠋ᠤ᠌ ᠵᠠᠮ ᠲᠥᠭᠡᠷᠢᠪᠡᠴᠦ ᠬᠥᠮᠦᠨ 《 ᠲᠣᠳᠢ 》 ᠠ᠋ᠴᠠ ᠵᠦᠭ ᠠᠰᠠᠭᠤᠬᠤ ᠦᠭᠡᠢ ᠃ 
     ᠠᠮᠠᠨ ᠠ᠋ᠴᠠ ᠵᠢᠭᠡᠯᠡᠭᠰᠡᠨ ᠦᠭᠡ ᠪᠡᠨ ᠲᠡᠷᠡ ᠠᠪᠤᠨ ᠨᠠᠰᠢ ᠪᠠᠨ ᠪᠤᠴᠠᠭᠠᠴᠢᠯ᠎ᠠ ᠃ 
     ᠴᠤᠤᠷᠢᠶᠠᠨ ᠨᠠᠳᠠ ᠥᠷᠢ ᠦᠭᠡᠢ ᠃ 
     ᠴᠤᠤᠷᠢᠶᠠᠨ ᠳ᠋ᠤ᠌ ᠪᠢ ᠳᠤᠷ᠎ᠠ ᠦᠭᠡᠢ ᠃  

           ᠵᠠᠳᠠᠭᠠᠢ ᠰᠢᠯᠦᠭ  
     ᠰᠢᠯᠦᠭ ᠮᠢᠨᠢ ᠵᠠᠳᠠᠷᠠᠵᠤ ᠡᠬᠢᠯᠡᠯ᠎ᠡ !
     ᠲᠣᠯᠣᠭᠠᠢ ᠪᠠᠷ ᠨᠢ ᠬᠣᠯᠪᠣᠵᠤ ᠬᠡᠯᠬᠢᠶ᠎ᠡ ᠭᠡᠳ ᠲᠠᠷᠢᠬᠢ ᠶ᠋ᠢ ᠨᠢ ᠭᠡᠮᠲᠦᠭᠡᠬᠦ ᠪᠡᠨ ᠬᠢᠴᠢᠶᠡᠯ᠎ᠡ᠃ ᠲᠣᠭ᠎ᠠ ᠬᠥᠯ ᠢ᠋ ᠨᠢ ᠲᠡᠩᠴᠡᠭᠦᠯᠵᠦ ᠴᠢᠳᠠᠬᠤ ᠦᠭᠡᠢ ᠳᠣᠭᠣᠯᠠᠩ ᠰᠢᠯᠦᠭ ᠳᠤᠪᠬᠢᠴᠢᠯ᠎ᠠ ᠃  
     ᠰᠣᠯᠢᠭᠠᠢ ᠭᠠᠷ ᠰᠢᠭ᠋ ᠤᠨᠤᠴᠢ ᠦᠭᠡᠢ ᠰᠢᠯᠦᠭ ᠮᠢᠨᠢ ᠰᠣᠨᠢᠷᠬᠠᠭᠴᠢ ᠶ᠋ᠢᠨ ᠵᠢᠷᠦᠬᠡᠨ ᠳ᠋ᠦ᠍ ᠲᠣᠰᠳᠠᠭ ᠪᠣᠯ ᠤᠤ? 
     ᠡᠷᠬᠢᠮ ᠤᠩᠰᠢᠭᠴᠢ ᠶ᠋ᠢᠨ ᠭᠡᠭᠡᠨ ᠨᠢᠳᠦ ᠯᠡ ᠳᠣᠭᠣᠯᠠᠩ ᠰᠢᠯᠦᠭ ᠲᠦ᠍ ᠮᠢᠨᠢ ᠲᠠᠶᠠᠭ ᠪᠣᠯᠤᠨ᠎ᠠ ᠳᠠ ᠃ 
     ᠵᠠᠳᠠᠷᠠᠵᠤ ᠡᠬᠢᠯᠡᠯ᠎ᠡ ᠂ ᠰᠢᠯᠦᠭ ᠮᠢᠨᠢ ᠃ 
     ᠵᠠᠳᠠᠷᠠᠭᠰᠠᠨ ᠴᠡᠴᠡᠭ ᠦᠷᠡᠯᠡᠬᠦ ᠵᠠᠶᠠᠭ᠎ᠠ ᠲᠠᠢ᠃
     ᠵᠠᠳᠠᠷᠠᠭᠰᠠᠨ ᠰᠢᠯᠦᠭ ᠮᠢᠨᠢ ᠦᠷᠡᠯᠡᠬᠦ ᠶ᠋ᠢ ᠳᠤᠷᠠᠯᠠᠭ᠎ᠠ ᠦᠭᠡᠢ ᠂ ᠦᠬᠦᠰᠢᠷᠡᠬᠦ ᠦᠭᠡᠢ ᠯᠡ ᠪᠣᠯ ᠬᠡᠰᠢᠭ ᠮᠢᠨᠢ ᠲᠡᠷᠡ ᠃ 
     ᠶᠠᠳᠠᠷᠠᠭᠰᠠᠨ ᠪᠢᠯᠢᠭ ᠵᠦᠳᠡᠷᠡᠭᠰᠡᠨ ᠣᠶᠤᠨ ᠠ᠋ᠴᠠ ᠮᠢᠨᠢ ᠰᠠᠶᠢ ᠵᠠᠳᠠᠷᠠᠭᠰᠠᠨ ᠡᠨᠡ ᠰᠢᠯᠦᠭ ᠰᠢᠦ ! 
     ᠰᠢᠯᠦᠭ ᠢ᠋ᠶ᠋ᠡᠷ ᠢ᠋ᠶ᠋ᠡᠨ ᠪᠠᠳᠠᠭ ᠨᠢ ᠵᠠᠳᠠᠷᠠᠵᠤ ᠪᠠᠢᠭ ᠂ ᠪᠦᠯᠦᠭ ᠢ᠋ᠶ᠋ᠡᠷ ᠢ᠋ᠶ᠋ᠡᠨ ᠪᠢᠳᠡ ᠨᠠᠷ ᠪᠥᠭᠡᠮᠨᠡᠷᠡᠵᠦ ᠪᠠᠢᠯᠴᠠᠶ᠎ᠠ!    

            ᠨᠠᠪᠴᠢ –– ᠲᠤᠭ   
 
           1 
     ᠨᠠᠪᠴᠢ ᠪᠣᠯ ᠪᠢᠴᠢᠬᠠᠨ ᠲᠤᠭ ᠃ 
     ᠬᠥᠮᠦᠰ ᠲᠡᠭᠦᠨ ᠢ᠋ ᠡᠷᠭᠦᠵᠦ ᠮᠠᠨᠳᠤᠭᠤᠯᠳᠠᠭ ᠦᠭᠡᠢ ᠂ ᠬᠦᠰᠡᠯ ᠦ᠋ᠨ ᠬᠥᠪᠦᠷᠡᠯ ᠢ᠋ᠶ᠋ᠡᠷ ᠢ᠋ᠶ᠋ᠡᠨ ᠨᠠᠪᠴᠢ ᠥᠪᠡᠷ ᠢ᠋ᠶ᠋ᠡᠨ ᠮᠠᠨᠳᠤᠨ᠎ᠠ ᠃ 
     ᠨᠠᠪᠴᠢ ᠨᠡᠬᠡᠶ᠎ᠡ ᠱᠣᠪᠣᠢᠬᠤ ᠠ᠋ᠴᠠ ᠪᠠᠨ ᠡᠮᠦᠨ᠎ᠡ ᠨᠠᠮᠢᠷᠠᠬᠤ ᠬᠦᠰᠡᠯ ᠢ᠋ᠶ᠋ᠡᠨ ᠬᠥᠪᠦᠷᠡᠯ ᠳ᠋ᠡᠭᠡᠨ ᠦᠬᠡᠭᠯᠡᠵᠦ ᠪᠠᠢᠭᠰᠠᠨ ᠢ᠋ ᠨᠠᠷᠠ ᠬᠠᠪᠤᠷ ᠬᠣᠶᠠᠷ ᠠ᠋ᠴᠠ ᠥᠭᠡᠷ᠎ᠡ ᠬᠡᠨ ᠴᠦ᠍ ᠦᠯᠦ ᠮᠡᠳᠡᠨ᠎ᠡ ᠃  
          2 
     ᠨᠠᠪᠴᠢ ᠪᠣᠯ ᠪᠠᠢᠭᠠᠯᠢ ᠶ᠋ᠢᠨ ᠲᠤᠭ ᠃ 
     ᠨᠠᠷᠮᠠᠢ ᠬᠣᠷᠸ᠋᠎ᠠ ᠶ᠋ᠢᠨ ᠪᠠᠢᠭᠠᠯᠢ ᠨᠠᠪᠴᠢᠨ ᠲᠤᠭ ᠢ᠋ᠶ᠋ᠠᠨ ᠮᠥᠷᠥᠯᠡᠭᠡᠳ ᠠᠮᠢ ᠤᠷᠭᠤᠮᠠᠯ ᠤ᠋ᠨ ᠠᠷᠮᠢ ᠶ᠋ᠢᠨ ᠬᠤᠰᠢᠭᠤᠨ ᠳ᠋ᠤ᠌ ᠠᠯᠭᠢᠨᠴᠢᠯᠠᠨ ᠮᠣᠷᠳᠠᠨ᠎ᠠ᠃    
     ᠦᠬᠦᠮᠡᠯ ᠬᠤᠪᠠᠬᠠᠢ ᠪᠦᠬᠦᠨ ᠪᠠᠢᠭᠠᠯᠢ ᠶ᠋ᠢᠨ ᠡᠨᠡ ᠲᠤᠭ ᠤ᠋ᠨ ᠳᠣᠣᠷ᠎ᠠ ᠰᠥᠭᠥᠳᠦᠨ ᠳᠠᠭᠠᠯ᠎ᠠ ᠃  
          3    
     ᠨᠠᠪᠴᠢ ᠪᠣᠯ ᠬᠠᠪᠤᠷ ᠤ᠋ᠨ ᠲᠤᠭ ᠃    
     ᠪᠦᠳᠦᠭᠦᠨ ᠮᠣᠳᠣᠨ ᠳ᠋ᠤ᠌ ᠂ ᠨᠠᠷᠢᠨ ᠡᠪᠡᠰᠦᠨ ᠳ᠋ᠦ᠍ ᠨᠠᠪᠴᠢ ᠨᠡᠢᠳᠡᠮ ᠳᠡᠯᠭᠡᠭᠰᠡᠨ ᠨᠢ 《ᠪᠦᠭᠦᠳᠡ ᠨᠠᠢᠷᠠᠮᠳᠠᠬᠤ ᠬᠠᠪᠤᠷ ᠤᠯᠤᠰ 》 ᠪᠥᠮᠪᠥᠷᠴᠡᠭ ᠦ᠋ᠨ ᠡᠯᠢᠭᠡᠨ ᠳ᠋ᠦ᠍ ᠮᠡᠨᠳᠦᠯᠡᠭᠡᠳ ᠲᠤᠭ ᠢ᠋ᠶ᠋ᠠᠨ ᠰᠦᠯᠳᠡᠯᠡᠵᠦ ᠲᠤᠩᠬᠠᠭ ᠵᠠᠷᠯᠠᠵᠤ ᠪᠠᠢᠭ᠎ᠠ ᠶᠤᠮ ᠃ 
     ᠲᠡᠭᠦᠨ ᠦ᠌ ᠲᠤᠩᠬᠠᠭ ᠬᠠᠮᠢᠭ᠎ᠠ ᠴᠤ᠌ ᠲᠥᠭᠡᠨ᠎ᠡ ᠃  
          4 
     ᠨᠠᠪᠴᠢ ᠪᠣᠯ ᠣᠢ ᠶ᠋ᠢᠨ ᠲᠤᠭ ᠃ 
     ᠤᠯᠤᠰ ᠤ᠋ᠨ ᠲᠤᠭ ᠤᠯᠠᠭᠠᠨ ᠣᠢ ᠶ᠋ᠢᠨ ᠨᠣᠭᠣᠭᠠᠨ ᠃ 
     ᠤᠯᠠᠭᠠᠨ ᠲᠤᠭ ᠤ᠋ᠨ ᠥᠩᠭᠡᠨ ᠳ᠋ᠦ᠍ ᠦᠷᠡᠭᠳᠡᠭᠰᠡᠳ ᠦ᠋ᠨ ᠴᠢᠰᠤ ᠪᠤᠳᠤᠭᠰᠢᠪᠠ᠃ 
     ᠨᠣᠭᠣᠭᠠᠨ ᠲᠤᠭ ᠤ᠋ᠨ ᠦᠨᠳᠦᠰᠦᠨ ᠳ᠋ᠦ᠍ ᠡᠷᠡᠰᠳᠡᠭᠰᠡᠳ ᠦ᠋ᠨ ᠶᠠᠰᠤ ᠪᠤᠯᠠᠭᠳᠠᠪᠠ ᠃ 
     ᠤᠯᠠᠭᠠᠨ ᠨᠢ ᠦᠷᠡᠭᠳᠡᠭᠴᠢ ᠶ᠋ᠢᠨ ᠰᠦᠨᠡᠰᠦ ᠪᠤᠶᠤ ᠃ 
     ᠨᠣᠭᠣᠭᠠᠨ ᠨᠢ ᠦᠨᠳᠦᠰᠦᠯᠡᠭᠴᠢ ᠶ᠋ᠢᠨ ᠰᠢᠮᠡᠰ ᠪᠤᠶᠤ ᠃  
          5   
     ᠨᠠᠪᠴᠢ ᠪᠣᠯ ᠨᠠᠷᠠᠨ ᠤ᠋ ᠲᠤᠭ ᠃
     ᠨᠠᠷᠠ ᠭᠡᠷᠡᠯ ᠦ᠋ᠨ ᠠᠤᠭ᠎ᠠ ᠭᠠᠷ ᠢ᠋ᠶ᠋ᠠᠷ ᠢ᠋ᠶ᠋ᠠᠨ ᠨᠣᠭᠣᠭᠠᠨ ᠨᠣᠭᠣᠭᠠᠨ ᠨᠠᠪᠴᠢᠨ ᠲᠤᠭ ᠤ᠋ᠳ ᠢ᠋ᠶ᠋ᠠᠨ ᠳᠡᠯᠡᠬᠡᠢ ᠶ᠋ᠢᠨ ᠴᠢᠭ ᠪᠦᠬᠦᠨ ᠳ᠋ᠦ᠍ ᠬᠠᠳᠬᠤᠨ ᠲᠠᠯᠪᠢᠵᠠᠢ ᠃ 
     ᠲᠤᠭ ᠤ᠋ᠨ ᠬᠢᠨᠢ ᠰᠡᠭᠦᠳᠡᠷ ᠲᠦ᠍ ᠲᠣᠯᠣᠭᠠᠢᠰ ᠰᠡᠷᠢᠭᠦᠴᠡᠵᠡᠭᠡᠨ᠎ᠡ ᠃ 
     ᠲᠤᠭ ᠤ᠋ᠨ ᠬᠢᠨᠢ ᠰᠡᠵᠢᠭᠦᠷ ᠲᠦ᠍ ᠲᠣᠭᠣᠰ ᠳᠡᠪᠳᠡᠷᠢᠰᠬᠢᠨ᠎ᠡ ᠃ 
     ᠲᠤᠭ ᠤ᠋ᠨ ᠬᠢᠨᠢ ᠥᠨᠴᠥᠭ ᠢ᠋ ᠲᠤᠭᠤᠳ ᠳᠣᠯᠢᠶᠠᠯᠴᠠᠨ᠎ᠠ ᠃ 
     ᠲᠤᠭ ᠤ᠋ᠨ ᠬᠢᠨᠢ ᠮᠠᠨᠵᠢᠯᠭ᠎ᠠ ᠨᠢ ᠲᠤᠶᠠᠭᠠᠨ ᠰᠠᠴᠤᠭ ᠲᠠᠢ ᠃
     ᠠᠶ᠎ᠠ! ᠨᠠᠷᠠᠨ ᠤ᠋ ᠲᠤᠭ ᠤ᠋ᠨ ᠳᠡᠯᠭᠡᠯᠲᠡ ᠳ᠋ᠦ᠍ ᠪᠠᠢᠭᠠᠯᠢ ᠶ᠋ᠢᠨ ᠨᠠᠢᠵᠠ ᠨᠡᠢᠯᠡᠮᠵᠢ ᠣᠷᠣᠰᠢᠨᠠᠮ ᠠᠵᠤᠭᠤ ᠃ 
     ᠲᠡᠢᠮᠦ ᠤᠯᠠᠭᠠᠨ ᠨᠠᠷᠠ ᠡᠢᠮᠦ ᠨᠣᠭᠣᠭᠠᠨ ᠲᠤᠭ ᠲᠠᠢ ᠃ 
     ᠲᠡᠢᠮᠦ ᠠᠤᠭ᠎ᠠ ᠨᠠᠷᠠ ᠡᠢᠮᠦ ᠵᠢᠵᠢᠭ ᠲᠤᠭ ᠲᠠᠢ ᠃ 
     ᠲᠡᠢᠮᠦ ᠠᠯᠤᠰ ᠤ᠋ᠨ ᠨᠠᠷᠠ ᠡᠢᠮᠦ ᠬᠣᠯᠠᠬᠠᠨ ᠲᠤᠭ ᠲᠠᠢ ᠃ 
     ᠲᠡᠢᠮᠦ ᠭᠠᠭᠴᠠᠬᠠᠨ ᠨᠠᠷᠠ ᠡᠢᠮᠦ  ᠤᠯᠠᠭᠠᠨ ᠲᠤᠭ ᠲᠠᠢ ᠃ 
     ᠰᠡᠭᠦᠳᠡᠷ ᠲᠤᠨᠢ ᠰᠡᠷᠢᠭᠦᠴᠡᠭᠴᠢ ᠲᠣᠯᠣᠭᠠᠢᠰ ᠰᠡᠳᠬᠢᠭᠰᠡᠨ ᠪᠢᠵᠡ? ᠡᠭᠦᠨ ᠢ᠋ ᠃
          6    
     ᠨᠠᠪᠴᠢ ᠪᠣᠯ ᠨᠠᠢᠷᠠᠭ ᠤ᠋ᠨ ᠲᠤᠭ᠃    
     ᠡᠷᠲᠡᠨ ᠦ᠌ ᠢᠯᠠᠭᠤᠭᠴᠢ ᠪᠠᠭᠠᠲᠤᠷ ᠳᠠᠢᠰᠤᠨ ᠤ᠋ ᠪᠠᠨ ᠵᠢᠷᠦᠬᠡ ᠪᠡᠷ ᠲᠤᠭ ᠳᠠᠬᠢᠳᠠᠭ ᠰᠢᠭ᠋ ᠂ ᠠᠳᠠ ᠨᠠᠢᠷᠠᠭ ᠨᠢ ᠨᠠᠢᠷᠠᠭᠴᠢ ᠬᠥᠮᠦᠨ ᠦ᠌ ᠵᠢᠷᠦᠬᠡ ᠪᠡᠷ ᠨᠠᠪᠴᠢᠨ ᠲᠣᠨᠨ ᠢ᠋ᠶ᠋ᠠᠨ ᠳᠠᠢᠵᠤ ᠪᠠᠢᠨ᠎ᠠ ᠃ 
     ᠨᠠᠢᠷᠠᠭ ᠮᠠᠨᠢ ᠨᠠᠪᠴᠢᠨ ᠲᠤᠭ ᠢ᠋ᠶ᠋ᠠᠨ ᠨᠢᠭᠡᠨᠲᠡ ᠰᠠᠵᠢᠮᠠᠭᠴᠠ ᠰᠣᠨᠢᠨ ᠰᠣᠳᠣᠨ ᠳᠠᠯᠳᠠ ᠶ᠋ᠢᠨ ᠲᠠᠲᠠᠭᠠᠰᠤ ᠪᠠᠷ ᠨᠠᠢᠷᠠᠭᠴᠢ ᠶ᠋ᠢᠨ ᠰᠦᠨᠡᠰᠦ ᠶ᠋ᠢ ᠳᠠᠯᠠᠯᠤᠨ ᠳᠠᠭᠠᠭᠤᠯᠤᠭᠰᠠᠨ ᠶᠤᠮ ᠴᠢᠨᠢ  ᠲᠤᠭ ᠤ᠋ᠨ ᠬᠢᠨᠢ ᠪᠠᠭᠠᠨ᠎ᠠ ᠠ᠋ᠴᠠ ᠨᠢᠭᠡᠨ ᠵᠢᠷᠦᠬᠡ ᠡᠯᠭᠦᠭᠳᠡᠬᠦ ᠦᠭᠡᠢ ᠶᠠᠭᠠᠬᠢᠨ᠎ᠠ ! 
          7 
     ᠨᠠᠪᠴᠢ ᠪᠣᠯ ᠳᠡᠯᠡᠬᠡᠢ ᠶ᠋ᠢᠨ ᠲᠤᠭ ᠃ 
     ᠨᠠᠮᠤᠷ ᠤ᠋ᠨ ᠰᠡᠭᠦᠯ ᠪᠣᠯᠬᠤ ᠳ᠋ᠤ᠌ ᠡᠨᠡ ᠲᠤᠭ ᠢ᠋ ᠤᠨᠠᠴᠢᠯ᠎ᠠ ᠭᠡᠵᠦ ᠪᠣᠳᠣᠵᠤ ᠪᠠᠢᠨ᠎ᠠ ᠤᠤ ? 
     ᠦᠭᠡᠢ ᠰᠢᠦ ᠂ ᠥᠷᠯᠥᠭ ᠭᠠᠪᠢᠶᠠᠲᠤ ᠪᠣᠯᠪᠠᠰᠤᠷᠠᠬᠤ ᠨᠠᠮᠤᠷ ᠤ᠋ᠨ ᠨᠠᠰᠤᠨ ᠬᠤᠲᠤᠭ ᠲᠡᠭᠦᠰᠦᠭᠰᠡᠨ ᠪᠡᠯᠪᠡᠰᠦᠷᠡᠯ ᠳ᠋ᠦ᠍ ᠳᠡᠯᠡᠬᠡᠢ ᠲᠣᠨᠨ ᠢ᠋ᠶ᠋ᠠᠨ ᠪᠠᠭᠤᠯᠭᠠᠵᠤ ᠳᠠᠯᠠᠢᠭᠴᠢ ᠤᠯᠠᠷᠢᠯ ᠢ᠋ ᠭᠠᠰᠢᠭᠤᠳᠠᠵᠤ ᠪᠠᠢᠭ᠎ᠠ ᠨᠢ ᠡᠨᠡ ᠶᠦ᠍ᠮ᠃ 
     ᠬᠦᠨᠳᠦ ᠪᠡᠯᠪᠡᠷᠡᠰᠦᠭᠰᠡᠨ ᠳᠡᠯᠡᠬᠡᠢ ᠬᠥᠯᠳᠡᠭᠦᠦ ᠡᠪᠦᠯ ᠢ᠋ ᠭᠡᠰᠬᠦ ᠪᠣᠯᠲᠠᠯ᠎ᠠ ᠲᠤᠭ ᠢ᠋ᠶ᠋ᠠᠨ ᠡᠯᠭᠦᠬᠦ ᠦᠭᠡᠢ ᠃ 
     ᠬᠠᠪᠤᠷ ᠨᠣᠭᠣᠭᠠᠷᠠᠬᠤ ᠦᠶ᠎ᠡ ᠳ᠋ᠦ᠍ ᠬᠠᠷ᠎ᠠ ᠭᠠᠰᠢᠭᠤᠳᠠᠯ ᠲᠡᠭᠦᠰᠴᠦ ᠳᠡᠯᠡᠬᠡᠢ ᠲᠤᠭ ᠢ᠋ᠶ᠋ᠠᠨ ᠳᠠᠬᠢᠨ ᠡᠷᠭᠦᠨ᠎ᠡ ᠃ 
     ᠨᠠᠪᠴᠢ –– ᠤᠨᠠᠰᠢ ᠦᠭᠡᠢ ᠤᠷᠭᠤᠮᠠᠯ  ᠲᠤᠭ᠂ ᠠᠭᠤᠳᠠᠮ ᠳᠡᠯᠡᠬᠡᠢ ᠶ᠋ᠢᠨ ᠰᠦᠯᠳᠡ ᠲᠤᠭ ᠃