ᠵᠢᠷᠭᠤᠭᠠᠨ ᠰᠠᠷ᠎ᠠ ᠶ᠋ᠢᠨ ᠨᠢᠭᠡᠨ - ᠰᠡᠬᠡᠭᠡᠷᠡᠯ Зургаан сарын нэгэн - Сэгээрэл ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠤᠭᠠᠨ ᠰᠠᠷ᠎ᠠ ᠶ᠋ᠢᠨ ᠨᠢᠭᠡᠨ - ᠰᠡᠬᠡᠭᠡᠷᠡᠯ Зургаан сарын нэгэн - Сэгээрэл

ᠵᠢᠷᠭᠤᠭᠠᠨ ᠰᠠᠷ᠎ᠠ ᠶ᠋ᠢᠨ ᠨᠢᠭᠡᠨ - ᠰᠡᠬᠡᠭᠡᠷᠡᠯ Зургаан сарын нэгэн - Сэгээрэл

2023-06-04

397

ᠵᠢᠷᠭᠤᠭᠠᠨ ᠰᠠᠷ᠎ᠠ ᠶ᠋ᠢᠨ ᠨᠢᠭᠡᠨ


 
             ᠰᠡᠬᠡᠭᠡᠷᠡᠯ ( ᠴᠠᠩ ᠰᠦᠢ ) 

 ᠠᠲᠠᠭᠠᠲᠠᠨ ᠳᠠᠶ᠋ᠢᠰᠤᠨ ᠹᠠᠱ᠋ᠢᠰ ᠲᠤ
    ᠠᠯᠠᠭᠲᠠᠵᠤ ᠬᠥᠨᠥᠭᠡᠭᠳᠡᠭᠰᠡᠨ ᠬᠡᠦᠬᠡᠳ ᠦ᠋ᠳ ᠊ᠢ
    ᠡᠮᠭᠡᠨᠢᠨ ᠭᠠᠰᠢᠭᠤᠲᠠᠵᠤ ᠳᠤᠷᠠᠰᠬᠠᠭᠰᠠᠨ
        ᠡᠭᠦᠷᠢᠲᠡ ᠮᠠᠷᠲᠠᠵᠤ ᠪᠣᠯᠣᠰᠢ ᠦᠭᠡᠢ
          ᠲᠡᠦᠬᠡᠲᠦ ᠲᠡᠮᠲᠡᠭᠯᠡᠯᠲᠦ ᠡᠲᠦᠷ
      ᠵᠢᠷᠭᠤᠭᠠᠨ ᠰᠠᠷ᠎ᠠ ᠶ᠋ᠢᠨ ᠨᠢᠭᠡᠨ
 
 ᠡᠯ᠎ᠡ ᠤᠯᠤᠰ ᠦ᠋ᠨ ᠬᠡᠦᠬᠡᠳ ᠦ᠋ᠳ ᠦ᠋ᠨ
    ᠠᠮᠢᠲᠤᠷᠠᠨ ᠣᠷᠣᠰᠢᠬᠤᠢ ᠡᠷᠬᠡ
        ᠡᠷᠡᠭᠦᠯ ᠮᠡᠨᠲᠦ ᠪᠣᠶ᠋ᠢᠵᠢᠬᠤᠢ ᠡᠷᠬᠡ
           ᠡᠷᠲᠡᠮ ᠰᠣᠶᠣᠯ ᠬᠦᠷᠲᠡᠬᠦᠢ ᠡᠷᠬᠡ ᠶ᠋ᠢ
               ᠬᠠᠤᠯᠢ ᠪᠠᠷ ᠪᠠᠲᠤᠯᠠᠨ ᠲᠣᠭᠲᠠᠭᠠᠭᠰᠠᠨ 
       ᠵᠢᠷᠭᠤᠭᠠᠨ ᠰᠠᠷ᠎ᠠ ᠶ᠋ᠢᠨ ᠨᠢᠭᠡᠨ

 ᠬᠡᠦᠬᠡᠳ ᠪᠠᠭᠠᠴᠤᠳ ᠪᠣᠯ
     ᠬᠥᠮᠦᠨ ᠲᠥᠷᠥᠯᠬᠢᠲᠡᠨ ᠪ ᠢᠷᠡᠭᠡᠲᠦᠢ
         ᠬᠠᠮᠤᠭ ᠰᠠᠶ᠋ᠢᠨ ᠬᠥᠮᠦᠵᠢᠯ ᠬᠦᠷᠲᠡᠭᠡᠵᠦ
            ᠬᠠᠶ᠋ᠢᠷᠠᠯᠠᠵᠤ ᠬᠠᠮᠠᠭᠠᠯᠠᠵᠤ ᠶᠠᠪᠤᠬᠤ ᠶ᠋ᠢ ᠪᠠᠲᠤᠯᠠᠵᠤ
        ᠵᠢᠷᠭᠤᠭᠠᠨ ᠰᠠᠷ᠎ᠠ ᠶ᠋ᠢᠨ ᠨᠢᠭᠡᠨ ᠊ᠢ ᠬᠠᠤᠯᠢ ᠪᠠᠷ
       ᠬᠡᠦᠬᠡᠳ ᠦ᠋ᠨ ᠪᠠᠶᠠᠷ ᠦ᠋ᠨ ᠡᠲᠦᠷ ᠶ᠋ᠢᠡᠷ ᠲᠣᠭᠲᠠᠭᠠᠭᠰᠠᠨ

 ᠬᠡᠦᠬᠡᠳ ᠪᠠᠭᠠᠴᠤᠳ ᠮᠢᠨᠢ
      ᠵᠢᠷᠭᠤᠭᠠᠨ ᠰᠠᠷ᠎ᠠ ᠶ᠋ᠢᠨ ᠨᠢᠭᠡᠨ ᠊ᠢ
          ᠵᠢᠷᠭᠠᠯ ᠪᠠᠶᠠᠰᠤᠯ ᠶ᠋ᠢᠠᠷ ᠤᠭᠲᠤᠬᠤ ᠪᠦᠷᠢ
               ᠵᠢᠷᠭᠤᠭᠠᠨ ᠰᠠᠷ᠎ᠠ ᠶ᠋ᠢᠨ ᠨᠢᠭᠡᠨ ᠪ ᠲᠡᠷᠲᠡᠭᠡ
                    ᠴᠢᠰᠤ ᠨᠢᠯᠪᠤᠰᠤᠲᠤ ᠲᠡᠦᠬᠡ ᠪᠠᠶ᠋ᠢᠬᠰᠠᠨ ᠭᠡᠲᠡᠭ᠋ ᠊ᠢ
                        ᠰᠠᠨᠠᠵᠤ ᠡᠷᠭᠢᠴᠡᠭᠦᠯᠵᠦ ᠶᠠᠪᠤᠭᠠᠰᠠᠢ

 ᠰᠢᠨ᠎ᠡ ᠡᠷᠢᠨ ᠪ ᠬᠡᠦᠬᠡᠳ ᠦ᠋ᠳ ᠮᠢᠨᠢ
       ᠪᠠᠬᠠᠷᠬᠠᠯᠲᠤ ᠪᠠᠶᠠᠷ ᠦ᠋ᠨ ᠡᠲᠦᠷ ᠴᠢᠨᠢ
          ᠶᠠᠮᠠᠷ ᠤᠴᠢᠷᠲᠠᠢ ᠢᠷᠡᠭᠰᠡᠨ ᠭᠡᠳᠡᠭ ᠊ᠢ
               ᠣᠶᠤᠨ ᠤᠬᠠᠭᠠᠯᠢᠬ ᠣᠶ᠋ᠢᠯᠠᠭᠠᠵᠤ ᠴᠢᠲᠠᠪᠠᠯ
                  ᠥᠨᠥᠲᠥᠷ ᠦ᠋ᠨ ᠠᠶᠤᠯ ᠦᠭᠡᠢ ᠠᠮᠢᠲᠤᠷᠠᠯ ᠴᠢᠨᠢ
                       ᠣᠨᠴᠠ ᠠ᠋ᠴᠠ ᠣᠨᠴᠠ ᠬᠠᠶ᠋ᠢᠷᠠᠯᠠᠯᠲᠠᠢ ᠰᠠᠨᠠᠭᠲᠠᠬᠤ ᠶᠤᠮ

 ᠵᠢᠷᠭᠠᠯᠲᠤ ᠴᠠᠭ ᠦ᠋ᠨ ᠬᠡᠦᠬᠡᠳ ᠦ᠋ᠳ ᠮᠢᠨᠢ
      ᠵᠢᠷᠭᠤᠭᠠᠨ ᠰᠠᠷ᠎ᠠ ᠶ᠋ᠢᠨ ᠨᠢᠭᠡᠨ ᠲᠠᠨᠤᠰ ᠦ᠋ᠨ ᠥᠭᠡᠲᠡ
           ᠵᠤᠨ ᠪ ᠴᠡᠴᠡᠭ ᠰᠢᠭ᠌ ᠮᠢᠷᠠᠯᠵᠠᠲᠠᠯ᠎ᠠ ᠢᠨᠢᠶᠡᠮᠰᠦᠭᠯᠡᠭᠰᠡᠭᠡᠷ
               ᠪᠠᠮᠪᠠᠷ ᠲᠤᠭ ᠨᠢ ᠪᠣᠯᠵᠤ ᠤᠯᠠᠰ ᠤᠯᠠᠰ ᠤᠯᠠᠯᠵᠠᠭᠰᠠᠭᠠᠷ
                  ᠬᠡᠶ᠋ᠢᠮᠣᠷᠢ ᠬᠥᠯᠦᠭᠯᠡᠨ ᠬᠡᠰᠢᠭ ᠬᠤᠷᠤᠶ᠋ᠢᠯᠠᠭᠰᠠᠭᠠᠷ ᠢᠷᠡᠬᠦ ᠨᠢ ᠡ
                    ᠤᠭᠲᠤᠨ ᠣᠴᠢᠭᠠᠷᠠᠢ ᠳᠠᠭᠤᠤ ᠲᠠᠢ ᠰᠢᠯᠦᠭ ᠲᠡᠢ ᠪᠦᠭᠦᠲᠡᠭᠡᠷ ᠶ᠋ᠢᠡᠨ
                              2023-6-1


       ᠦᠰᠦᠭ ᠠᠮᠢᠯᠠᠭᠤᠯᠤᠭᠴᠢ ᠄ ᠯᠢᠶᠠᠩ ᠵᠢᠨ ᠬᠤᠸᠠ
           ᠬᠢᠨᠠᠭᠴᠢ ᠪᠠᠭᠰᠢ ᠄ ᠣᠤᠠᠬᠠᠨᠰᠤ᠎ᠡ