ᠬᠡᠢᠮᠣᠷᠢ ᠪᠣᠰᠤᠭ᠎ᠠ ᠰᠣᠶᠣᠯ ᠮᠢᠨᠢ-ᠬᠠᠷᠬᠠᠲᠠᠨ ᠷ · ᠴᠢᠷᠮᠠᠢᠯᠲᠤХийморь босоо соёл минь-хархтан р · чармайлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠡᠢᠮᠣᠷᠢ ᠪᠣᠰᠤᠭ᠎ᠠ ᠰᠣᠶᠣᠯ ᠮᠢᠨᠢ-ᠬᠠᠷᠬᠠᠲᠠᠨ ᠷ · ᠴᠢᠷᠮᠠᠢᠯᠲᠤХийморь босоо соёл минь-хархтан р · чармайлт

ᠬᠡᠢᠮᠣᠷᠢ ᠪᠣᠰᠤᠭ᠎ᠠ ᠰᠣᠶᠣᠯ ᠮᠢᠨᠢ-ᠬᠠᠷᠬᠠᠲᠠᠨ ᠷ · ᠴᠢᠷᠮᠠᠢᠯᠲᠤХийморь босоо соёл минь-хархтан р · чармайлт

2023-06-04

322

ᠬᠡᠢᠮᠣᠷᠢ ᠪᠣᠰᠤᠭ᠎ᠠ ᠰᠣᠶᠣᠯ ᠮᠢᠨᠢ

  — ᠬᠠᠷᠬᠠᠲᠠᠨ ᠷ · ᠴᠢᠷᠮᠠᠶ᠋ᠢᠯᠲᠤ

 

   ᠬᠡᠶ᠋ᠢᠮᠣᠷᠢ ᠰᠦᠯᠵᠢᠶ᠎ᠡ ᠳ᠋ᠦ᠍ ᠡᠷᠭᠦᠪᠡᠢ

 

ᠤᠨᠤᠭᠰᠠᠨ ᠠᠭᠲᠠ ᠶ᠋ᠢᠨ ᠮᠢᠨᠢ ᠳᠡᠯ ᠪᠣᠰᠤᠭ᠎ᠠ

ᠤᠴᠠᠷᠠᠭᠰᠠᠨ ᠠᠨᠳᠠ ᠶ᠋ᠢᠨ ᠮᠢᠨᠢ ᠳᠠᠮ ᠪᠣᠰᠤᠭ᠎ᠠ

ᠤᠯᠠᠷᠢᠭᠰᠠᠨ ᠲᠡᠦᠬᠡ ᠶ᠋ᠢᠨ ᠮᠢᠨᠢ ᠨᠡᠭᠦᠳᠡᠯ ᠪᠣᠰᠤᠭ᠎ᠠ

ᠤᠶᠠᠩᠭᠠᠯᠠᠭᠰᠠᠨ ᠳᠠᠭᠤᠨ ᠤ᠋ ᠮᠢᠨᠢ ᠡᠭᠡᠰᠢᠭ ᠪᠣᠰᠤᠭ᠎ᠠ

 

ᠡᠮᠦᠰᠦᠭᠰᠡᠨ ᠬᠤᠪᠴᠠᠰᠤᠨ ᠤ᠋ ᠮᠢᠨᠢ ᠵᠠᠭᠠᠮ᠎ᠠ ᠪᠣᠰᠤᠭ᠎ᠠ

ᠦᠵᠡᠭᠰᠡᠨ ᠨᠣᠮ ᠤ᠋ᠨ ᠮᠢᠨᠢ ᠵᠢᠭᠠᠲᠠᠯ ᠪᠣᠰᠤᠭ᠎ᠠ

ᠥᠲᠡᠯᠦᠭᠰᠡᠨ ᠪᠤᠭᠤᠷᠤᠯ ᠤ᠋ᠨ ᠮᠢᠨᠢ ᠳᠠᠭᠤᠷᠢᠶᠠᠯ ᠪᠣᠰᠤᠭ᠎ᠠ

ᠥᠨᠢᠳᠡ ᠶ᠋ᠢᠨ ᠵᠠᠬᠢᠶᠠᠨ ᠤ᠋ ᠮᠢᠨᠢ ᠴᠤᠤᠷᠢᠶᠠᠯ ᠪᠣᠰᠤᠭ᠎ᠠ

 

ᠪᠢᠷ ᠴᠠᠭᠠᠰᠤᠨ ᠤ᠋ ᠮᠢᠨᠢ ᠱᠤᠭᠤᠮ ᠪᠣᠰᠤᠭ᠎ᠠ

ᠪᠢᠴᠢᠭ ᠰᠣᠶᠣᠯ ᠤ᠋ᠨ ᠮᠢᠨᠢ ᠰᠤᠳᠤᠷ ᠪᠣᠰᠤᠭ᠎ᠠ

ᠪᠢᠯᠢᠭ ᠣᠶᠤᠨ ᠤ᠋ ᠮᠢᠨᠢ ᠳᠠᠭᠤᠳᠠᠯᠭ᠎ᠠ ᠪᠣᠰᠤᠭ᠎ᠠ

ᠪᠢᠰᠢᠭᠦᠢ ᠮᠠᠷᠭᠠᠰᠢ ᠶ᠋ᠢᠨ ᠮᠢᠨᠢ ᠳᠠᠯᠠᠯᠭ᠎ᠠ ᠪᠣᠰᠤᠭ᠎ᠠ

 

ᠪᠥᠮᠪᠥᠷᠴᠡᠭ ᠦ᠋ᠨ ᠬᠠᠭᠠᠰ ᠲᠤ᠌ ᠲᠠᠷᠢᠭᠰᠠᠨ

   ᠵᠢᠷᠦᠬᠡᠨ ᠯᠣᠭᠰᠢᠶ᠎ᠠ ᠮᠢᠨᠢ ᠪᠣᠰᠤᠭ᠎ᠠ

ᠪᠦᠲᠦᠨ ᠲᠠᠯ᠎ᠠ ᠳ᠋ᠤ᠌ ᠪᠠᠨ ᠨᠢᠰᠬᠡᠭᠰᠡᠨ

   ᠵᠢᠭᠦᠷᠲᠡᠨ ᠬᠦᠯᠦᠭ ᠮᠢᠨᠢ ᠪᠣᠰᠤᠭ᠎ᠠ

ᠪᠤᠷᠬᠠᠨ ᠬᠡᠯᠡ ᠪᠡᠨ ᠠᠮᠢᠯᠠᠭᠰᠠᠨ

   ᠰᠥᠰᠥ ᠵᠣᠷᠢᠭ ᠮᠢᠨᠢ ᠪᠣᠰᠤᠭ᠎ᠠ

ᠪᠣᠭᠳᠠ ᠶ᠋ᠢᠨ ᠰᠤᠷᠭᠠᠯ ᠊ᠢ ᠨᠠᠮᠠᠨᠴᠢᠯᠠᠭᠰᠠᠨ

   ᠰᠦᠰᠦᠭ ᠪᠢᠰᠢᠷᠡᠯ ᠮᠢᠨᠢ ᠪᠣᠰᠤᠭ᠎ᠠ

 

ᠠᠷᠭᠠᠳᠠᠪᠠᠯ ᠤᠶᠠᠷᠠᠴᠢᠬᠠᠳᠠᠭ ᠪᠣᠰᠤᠭ᠎ᠠ ᠬᠡᠯᠡ ᠮᠢᠨᠢ

ᠠᠯᠪᠠᠳᠠᠪᠠᠯ ᠤᠩᠭᠤᠰᠴᠢᠬᠠᠳᠠᠭ ᠪᠣᠰᠤᠭ᠎ᠠ ᠬᠡᠯᠡ ᠮᠢᠨᠢ

ᠠᠯᠮᠠᠶ᠋ᠢᠷᠠᠪᠠᠯ ᠤᠮᠠᠷᠲᠠᠴᠢᠬᠠᠳᠠᠭ ᠪᠣᠰᠤᠭ᠎ᠠ ᠬᠡᠯᠡ ᠮᠢᠨᠢ

ᠠᠪᠤᠷᠠᠪᠠᠯ ᠰᠡᠷᠭᠦᠴᠢᠬᠡᠳᠡᠭ ᠪᠣᠰᠤᠭ᠎ᠠ ᠬᠡᠯᠡ ᠮᠢᠨᠢ

 

ᠭᠤᠷᠪᠠᠯᠵᠢᠨ ᠳᠥᠷᠪᠡᠯᠵᠢᠨ ᠠᠬ᠎ᠠ ᠳᠡᠭᠦᠦ ᠰᠢᠭ

   ᠭᠤᠶ᠋ᠢᠷᠠᠨᠴᠢᠯᠠᠵᠤ ᠶᠠᠪᠤᠭᠰᠠᠨ ᠦᠭᠡᠢ ᠪᠣᠰᠤᠭ᠎ᠠ ᠬᠡᠯᠡ ᠮᠢᠨᠢ

ᠭᠤᠨᠠᠨ ᠦᠬᠡᠷ ᠦ᠋ᠨ ᠡᠪᠡᠷ ᠰᠢᠭ

   ᠭᠣᠣᠯ ᠨᠢ ᠬᠠᠭᠠᠷᠠᠳᠠᠭ ᠦᠭᠡᠢ ᠪᠣᠰᠤᠭ᠎ᠠ ᠬᠡᠯᠡ ᠮᠢᠨᠢ

ᠭᠤᠯᠵᠢᠭᠠᠷ ᠤᠨᠵᠢᠭᠠᠷ ᠊ᠢ ᠳᠠᠭᠤᠷᠢᠶᠠᠵᠤ

   ᠡᠭᠦᠰᠦᠯ ᠠᠪᠤᠭᠰᠠᠨ ᠦᠭᠡᠢ ᠪᠣᠰᠤᠭ᠎ᠠ ᠬᠡᠯᠡ ᠮᠢᠨᠢ

ᠭᠣᠯᠣᠮᠲᠠ ᠶ᠋ᠢᠨ ᠭᠠᠯ ᠢ᠋ᠶ᠋ᠠᠨ ᠳᠡᠭᠳᠡᠭᠡᠵᠦ

   ᠡᠭᠦᠳᠴᠦ ᠰᠢᠨᠡᠴᠢᠯᠡᠭᠰᠡᠨ ᠪᠣᠰᠤᠭ᠎ᠠ ᠬᠡᠯᠡ ᠮᠢᠨᠢ

 

ᠴᠢᠰᠤᠨ ᠲᠥᠷᠥᠯ ᠦ᠋ᠨ ᠪᠠᠷᠢᠯᠳᠤᠯᠭ᠎ᠠ ᠲᠠᠢ

   ᠪᠣᠰᠤᠭ᠎ᠠ ᠬᠡᠯᠡᠨ ᠦ᠌ ᠲᠠᠪᠴᠠᠩ ᠢ᠋ᠶ᠋ᠠᠨ

ᠶᠠᠰᠤᠨ ᠤᠭ ᠤ᠋ᠨ ᠤᠯᠠᠮᠵᠢᠯᠠᠯ ᠲᠠᠢ

   ᠨᠢᠰᠭᠡ ᠰᠣᠶᠣᠯ ᠤ᠋ᠨ ᠭᠣᠯᠣᠮᠲᠠ ᠪᠠᠨ

ᠵᠢᠰᠦᠨ ᠪᠤᠭᠤᠷᠤᠯ ᠤ᠋ᠨ ᠳᠣᠮᠣᠭ ᠲᠠᠢ

   ᠤᠴᠢᠷ ᠨᠢᠭᠤᠴᠠ ᠲᠣᠪᠴᠢᠶᠠᠨ ᠢ᠋ᠶ᠋ᠠᠨ

ᠴᠠᠰᠤᠨ ᠯᠠᠪᠰᠠ ᠰᠢᠭ᠋ ᠦᠷᠭᠦᠯᠵᠢᠯᠡᠬᠦ

   ᠦᠷ᠎ᠡ ᠬᠤᠶ᠋ᠢᠴᠢᠰ ᠲᠤ᠌ ᠪᠠᠨ ᠤᠯᠠᠮᠵᠢᠯᠠᠬᠤ ᠶ᠋ᠢᠨ ᠣᠴᠢᠷ᠎ᠠ ᠄

 

ᠵᠢᠷᠦᠬᠡᠨ ᠳᠡᠭᠡᠷ᠎ᠡ ᠴᠢᠨᠢ ᠰᠡᠶ᠋ᠢᠯᠵᠦ ᠲᠠᠯᠪᠢᠶ᠎ᠠ

ᠵᠤᠯᠠᠢ ᠳᠡᠭᠡᠷ᠎ᠡ ᠴᠢᠨᠢ ᠨᠠᠭᠠᠵᠤ ᠲᠠᠯᠪᠢᠶ᠎ᠠ

ᠬᠠᠶ᠋ᠢᠷ᠎ᠠ ᠳᠡᠭᠡᠷ᠎ᠡ ᠴᠢᠨᠢ ᠡᠩᠬᠦᠷᠡᠶ᠋ᠢᠯᠡᠯ ᠪᠣᠯᠭᠠᠶ᠎ᠠ

ᠬᠠᠴᠠᠷ ᠳᠡᠭᠡᠷ᠎ᠡ ᠴᠢᠨᠢ ᠦᠨᠦᠰᠦᠯ ᠪᠣᠯᠭᠠᠶ᠎ᠠ

 

ᠠᠮᠠᠨ ᠳ᠋ᠤ᠌ ᠴᠢᠨᠢ ᠬᠠᠨᠠᠵᠤ ᠲᠠᠯᠪᠢᠶ᠎ᠠ

ᠠᠮᠢᠨ ᠳ᠋ᠤ᠌ ᠴᠢᠨᠢ ᠬᠣᠯᠪᠣᠵᠤ ᠲᠠᠯᠪᠢᠶ᠎ᠠ

ᠠᠶᠤᠤᠯᠢᠬᠠᠢ ᠳ᠋ᠤ᠌ ᠴᠢᠨᠢ ᠰᠡᠲᠡᠷᠯᠡᠵᠦ ᠲᠠᠯᠪᠢᠶ᠎ᠠ

ᠠᠮᠠᠷᠠᠭ ᠢᠨᠠᠭ ᠰᠢᠭ᠋ ᠢᠵᠢᠯᠢᠰᠢᠭᠦᠯᠵᠦ ᠲᠠᠯᠪᠢᠶ᠎ᠠ ᠁

 

   ᠪᠤᠯᠭᠢᠶ᠎ᠠ ᠰᠢᠷᠭ᠎ᠠ ᠪᠠᠨ ᠡᠮᠡᠭᠡᠯᠯᠡᠶ᠎ᠡ

   ᠪᠣᠰᠤᠭ᠎ᠠ ᠰᠣᠶᠣᠯ ᠢ᠋ᠶ᠋ᠠᠨ ᠳᠡᠭᠡᠳᠦᠯᠡᠶ᠎ᠡ!

 

     ᠦᠰᠦᠭ ᠬᠠᠲᠠᠵᠤ ᠠᠮᠢᠯᠠᠭᠰᠠᠨ ᠨᠢ᠄ ᠬᠠᠷᠬᠠᠲᠠᠨ ᠷ·ᠴᠢᠷᠮᠠᠶ᠋ᠢᠯᠲᠤ

     ᠬᠢᠨᠠᠭᠴᠢ᠄ ᠠᠯᠲᠠᠠᠠᠭᠤᠯᠠ