《ᠰᠤᠳᠤᠷ ᠤᠨ ᠴᠢᠭᠤᠯᠭᠠᠨ》1-2-08ᠪᠠᠷᠳᠠᠨ ᠪᠠᠭᠠᠲᠤᠷ ᠤ᠋ᠨ ᠲᠤᠬᠠᠢ ᠬᠦᠦᠷᠨᠢᠯ“Судрын чуулган”-Бартан баатарын тухай хүүрнэл ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠤᠳᠤᠷ ᠤᠨ ᠴᠢᠭᠤᠯᠭᠠᠨ》1-2-08ᠪᠠᠷᠳᠠᠨ ᠪᠠᠭᠠᠲᠤᠷ ᠤ᠋ᠨ ᠲᠤᠬᠠᠢ ᠬᠦᠦᠷᠨᠢᠯ“Судрын чуулган”-Бартан баатарын тухай хүүрнэл

《ᠰᠤᠳᠤᠷ ᠤᠨ ᠴᠢᠭᠤᠯᠭᠠᠨ》1-2-08ᠪᠠᠷᠳᠠᠨ ᠪᠠᠭᠠᠲᠤᠷ ᠤ᠋ᠨ ᠲᠤᠬᠠᠢ ᠬᠦᠦᠷᠨᠢᠯ“Судрын чуулган”-Бартан баатарын тухай хүүрнэл

ᠠᠩᠭᠢᠯᠠᠯ:ᠲᠡᠦᠬᠡ ᠰᠣᠶᠣᠯ
2023-06-04

473

ᠪᠠᠷᠳᠠᠨ ᠪᠠᠭᠠᠲᠤᠷ ᠤ᠋ᠨ ᠲᠤᠬᠠᠢ ᠬᠦᠦᠷᠨᠢᠯ

             ᠡᠨᠡ ᠨᠢ ᠬᠣᠶᠠᠷ ᠬᠡᠰᠡᠭ ᠲᠡᠢ

     ᠨᠢᠭᠡᠳᠦᠭᠡᠷ ᠬᠡᠰᠡᠭ

   ᠪᠠᠷᠲᠠᠨ ᠪᠠᠭᠠᠲᠤᠷ ᠪᠠ ᠲᠡᠭᠦᠨ ᠤ ᠬᠥᠪᠡᠭᠦᠳ ᠤᠨ  ᠠᠮᠢᠳᠤᠷᠠᠯ ᠤ᠋ᠨ ᠪᠠᠢᠳᠠᠯ ᠂ ᠲᠡᠳᠡᠭᠡᠷ ᠦ᠋ᠨ ᠣᠪᠣᠭ  ᠤ᠋ᠨ ᠰᠠᠯᠪᠤᠷᠢ ᠶ᠋ᠢ ᠨᠡᠯᠢᠶᠡᠳ ᠳᠡᠯᠭᠡᠷᠡᠩᠭᠦᠢ ᠲᠣᠨ᠋ᠭᠠᠴᠢᠨ ᠪᠢᠴᠢᠬᠦ ᠳ᠋ᠦ᠍ ᠵᠣᠷᠢᠭᠤᠯᠤᠭᠰᠠᠨ ᠤᠳᠤᠷᠢᠳᠬᠠᠯ

 

ᠪᠠᠷᠲᠠᠨ ᠪᠠᠭᠠᠲᠤᠷ ᠪᠣᠯ ᠴᠢᠩᠭᠢᠰ ᠬᠠᠭᠠᠨ ᠤ᠋ ᠡᠪᠦᠭᠡ ᠡᠴᠢᠭᠡ ᠨᠢ ᠪᠠᠢᠪᠠ ᠃ ᠲᠡᠭᠦᠨ ᠤ ᠶᠡᠬᠡ ᠬᠠᠲᠤᠨ ᠢ᠋ ᠰᠣᠨᠢᠭᠤᠯ  (  ᠰᠣᠴᠢᠬᠡᠯ ᠂ᠮᠣᠩᠭᠣᠯ ᠤ᠋ᠨ ᠨᠢᠭᠤᠴᠠ ᠲᠣᠪᠴᠢᠶᠠᠨ 60 ᠳ᠋ᠤᠭᠠᠷ- ᠵᠦᠢᠯ  ᠳ᠋ᠦ᠍  )  ᠥᠵᠢᠨ ᠨᠢ ᠪᠠᠷᠭᠤᠳ ᠠᠢᠮᠠᠭ ᠤ᠋ᠨ ᠬᠥᠮᠦᠨ ᠪᠢᠯᠡ ᠃ ᠲᠡᠭᠦᠨ ᠡᠴᠡ ᠳᠥᠷᠪᠡᠨ ᠬᠥᠪᠡᠭᠦᠨ ᠲᠥᠷᠥᠭᠰᠡᠨ ᠃ ᠤᠤᠭᠠᠨ ᠨᠢ ᠮᠡᠩᠭᠡᠲᠦ ᠬᠢᠶᠠᠨ (  ᠮᠣᠩᠬᠡᠲᠣ᠌ ᠺᠢᠶᠠᠨ   ) ᠭᠡᠳᠡᠭ ᠨᠡᠷ᠎ᠡ ᠲᠡᠢ ᠪᠢᠯᠡ ᠃ ᠲᠡᠷᠡ  ᠪᠡᠷ ᠣᠯᠠᠨ ᠬᠡᠦᠬᠡᠳ ᠲᠡᠢ ᠪᠠᠢᠭᠰᠠᠨ ᠂ ᠬᠠᠷᠢᠨ ᠲᠡᠭᠦᠨ ᠤ ᠵᠠᠯᠭᠠᠮᠵᠢᠯᠠᠭᠴᠢ ᠪᠥᠭᠡᠳ ᠰᠢᠳᠠᠷ ᠲᠤᠰᠠᠯᠠᠭᠴᠢ ᠨᠢ ᠴᠠᠩᠰᠢᠭᠤᠳ ᠪᠠᠢᠯ᠎ᠠ ᠃ ᠴᠢᠩᠭᠢᠰ ᠬᠠᠭᠠᠨ ᠤ᠋ ᠦᠶ᠎ᠡ ᠳ᠋ᠦ᠍ ᠮᠡᠩᠭᠡᠲᠦ ᠬᠢᠶᠠᠨ ᠤ ᠴᠡᠷᠢᠭ ᠃ ᠠᠢᠮᠠᠭ ᠂ ᠡᠷᠬᠡᠰᠢᠶᠡᠯ  (ᠲᠠᠪᠠ  )  ᠶ᠋ᠢᠨ ᠬᠢᠨ ᠢ᠋ ᠨᠢ ᠡᠨᠡ ᠬᠥᠪᠡᠭᠦᠨ ᠨᠢ ᠮᠡᠳᠡᠵᠦ ᠪᠠᠢᠯ᠎ᠠ ᠃ ᠲᠠᠢᠴᠢᠭᠤᠳ ᠲᠠᠢ ᠬᠢᠭᠰᠡᠨ ᠲᠡᠢᠨ ᠦ᠌ ᠦᠶ᠎ᠡ ᠳ᠋ᠦ᠍ ᠲᠡᠷᠡ ᠪᠡᠷ ᠴᠡᠷᠢᠭ ᠲᠡᠢ᠂ ᠪᠡᠨ ᠴᠢᠩᠭᠢᠰ ᠬᠠᠭᠠᠨ ᠤ᠋ ᠳᠡᠷᠭᠡᠳᠡ

ᠪᠠᠢᠳᠠᠭ ᠪᠠᠢᠪᠠ ᠃ ᠲᠡᠳᠡᠨ ᠤ ᠳᠠᠷᠠᠭ᠎ᠠ ᠪᠠᠷ ᠲᠡᠭᠦᠨ ᠤ ᠬᠥᠪᠡᠭᠦᠨ ᠺᠤᠺᠢ  ᠨᠣᠶᠤᠨ  (  ᠬᠥᠬᠡ ᠨᠣᠶᠠᠨ   ) ᠪᠠ ᠂ ᠮᠥᠭᠡᠲᠦ ᠪᠠᠭᠠᠲᠤᠷ  (  ᠮᠡᠩᠭᠡᠲᠦ ᠪᠠᠭᠠᠲᠤᠷ   ) ᠨᠠᠷ ᠨᠢ ᠮᠢᠩᠭᠠᠨ ᠤ᠋ ᠨᠣᠶᠠᠳ ᠂ ᠮᠡᠩᠭᠡᠲᠦ ᠬᠢᠶᠠᠨ ᠤ ᠠᠢᠮᠠᠭ ᠤ᠋ᠨ ᠵᠣᠩᠬᠢᠯᠠᠭᠴᠢᠳ ᠪᠠᠢᠪᠠ ᠃ ᠣᠷᠴᠢᠨ ᠦᠶ᠎ᠡ ᠳ᠋ᠦ᠍ ᠬᠥᠮᠦᠨ ᠠᠮᠠ ᠥᠰᠴᠦ ᠣᠯᠠᠰᠢᠷᠠᠭᠰᠠᠨ ᠤᠴᠢᠷ ᠮᠣᠩᠭᠣᠯ ᠤ᠋ᠨ ᠨᠢᠭᠡᠨ ᠲᠦᠮᠡᠲᠦ ᠶ᠋ᠢᠨ ᠬᠥᠮᠦᠨ ᠨᠢ ᠪᠦᠬᠦ ᠰᠠᠯᠪᠤᠷᠢ ᠶ᠋ᠢᠨ ᠬᠢ ᠡᠴᠡ ᠪᠡᠨ ᠴᠦ᠍ ᠳᠠᠪᠠᠵᠠᠢ ᠃ ᠡᠨᠡ ᠠᠢᠮᠠᠭ ᠤ᠋ᠨ ᠶᠡᠬᠡᠬᠢ ᠬᠥᠮᠦᠨ ᠨᠢ ᠳ᠋ᠸᠱᠲ- ᠢ - ᠬᠢᠪᠴᠠᠭ ᠲᠤ᠌ ᠳᠣᠭᠲᠣᠭ᠎ᠠ ᠶ᠋ᠢᠨ ᠬᠠᠷᠢᠶᠠᠨ ᠳ᠋ᠤ᠌ ᠪᠠᠢᠳᠠᠭ ᠠᠵᠤᠭᠤ ᠃ ᠭᠡᠬᠦ ᠳ᠋ᠡᠭᠡᠨ ᠡᠨᠡ ᠬᠢᠶᠠᠳ ᠨᠢ ᠭᠣᠢᠳᠠ ᠪᠢᠯᠡ ᠃ ᠭᠢᠶᠠᠳ ᠣᠪᠣᠭ ᠤ᠋ᠨ ᠵᠠᠷᠢᠮ ᠰᠠᠯᠪᠤᠷᠢ ᠶ᠋ᠢᠨ ᠲᠤᠬᠠᠢ ᠮᠡᠳᠡᠭᠳᠡᠵᠦ ᠪᠠᠢᠭ᠎ᠠ ᠮᠡᠳᠡᠭᠡ ᠰᠡᠯᠲᠡ ᠪᠣᠯᠤᠨ ᠲᠡᠳᠡᠨ ᠳ᠋ᠦ᠍ ᠂ ᠬᠠᠮᠢᠶᠠᠲᠠᠢ ᠥᠭᠦᠯᠡᠯᠭᠡ ᠶ᠋ᠢᠨ ᠬᠡᠰᠡᠭ ᠢ᠋ ᠮᠠᠨ ᠤ᠋ ᠣᠨ ᠳᠠᠷᠠᠭᠠᠯᠠᠯ ᠤ᠋ᠨ ᠪᠢᠴᠢᠭ ᠦ᠋ᠨ ᠪᠤᠰᠤᠳ ᠥᠭᠦᠯᠡᠯᠭᠡ ᠨᠦ᠍ᠭᠦᠳ ᠳᠣᠲᠣᠷ᠎ᠠ ᠭᠠᠷᠬᠤ ᠲᠤᠯᠠ ᠲᠡᠨᠳᠡ ᠡᠴᠡ ᠮᠡᠳᠡᠭᠳᠡᠬᠦ ᠪᠣᠢ᠎ᠢ᠎ᠡ ᠃

  ᠬᠣᠶᠠᠳᠤᠭᠠᠷ ᠬᠥᠪᠡᠭᠦᠨ ᠨᠢ ᠨᠡᠭᠦᠨ ᠲᠠᠢᠰᠢ ᠪᠥᠭᠡᠳ ᠲᠡᠭᠦᠨ ᠤ ᠤᠳᠤᠮ ᠤ᠋ᠨ ᠬᠢᠨ ᠡᠴᠡ ᠨᠢ ᠨᠢᠷ - ᠬᠤᠢᠨ ᠪᠤᠶᠤ ᠣᠢ ᠶ᠋ᠢᠨ ᠢᠷᠭᠡᠨ ᠴᠦ᠍ ᠭᠡᠵᠦ ᠨᠡᠷᠡᠯᠡᠳᠡᠭ ᠠᠢᠮᠠᠭ ᠭᠠᠷᠴᠠᠢ ᠃ ᠢᠩᠭᠢᠵᠦ ᠨᠡᠷᠡᠯᠡᠭᠰᠡᠨ ᠤ ᠤᠴᠢᠷ ᠪᠣᠯ ᠲᠡᠳᠡᠭᠡᠷ ᠨᠢ ᠴᠢᠩᠭᠢᠰ ᠬᠠᠭᠠᠨ ᠤ᠋ ᠦᠶ᠎ᠡ ᠳ᠋ᠦ᠍ ᠤᠷᠪᠠᠭᠠᠳ ᠣᠢ ᠤᠷᠤᠭᠤ ᠰᠢᠷᠭᠤᠨ ᠣᠷᠣᠵᠤ ᠲᠠᠢᠴᠢᠭᠤᠳ ᠠᠢᠮᠠᠭ ᠲᠠᠢ ᠨᠡᠢᠯᠡᠭᠰᠡᠨ ᠤ ᠬᠢ ᠪᠢᠯᠡ ᠃ ᠲᠡᠷᠡ ᠴᠠᠭ ᠠ᠋ᠴᠠ ᠬᠣᠢᠰᠢ ᠲᠡᠳᠡᠭᠡᠷ ᠢ᠋ ᠦᠭᠡᠢᠰᠬᠡᠯ ᠦ᠋ᠨ ᠬᠣᠴᠢ ᠥᠭᠴᠦ ᠣᠢ ᠶ᠋ᠢᠨ ᠠᠢᠮᠠᠭ ᠭᠡᠳᠡᠭ ᠪᠣᠯᠵᠠᠢ ᠃ ᠡᠨᠡ ᠨᠡᠷ᠎ᠡ ᠪᠡᠷ ᠪᠠᠰᠠ ᠲᠠᠢᠴᠢᠭᠤᠳ ᠪᠣᠯᠤᠨ ᠪᠤᠰᠤᠳ ᠵᠠᠷᠢᠮ ᠠᠢᠮᠠᠭ ᠴᠤ᠌ ᠨᠡᠷᠡᠯᠡᠭᠳᠡᠵᠡᠢ ᠃ ᠡᠭᠦᠨ ᠤ ᠰᠢᠯᠲᠠᠭᠠᠨ ᠢ᠋ ᠳᠣᠣᠷ᠎ᠠ ᠥᠭᠦᠯᠡᠶ᠎ᠡ ᠃

  ᠣᠢ ᠳ᠋ᠤ᠌ ᠣᠢᠷᠠᠬᠠᠨ ᠨᠤᠲᠤᠭᠯᠠᠳᠠᠭ ᠠᠢᠮᠠᠭ ᠪᠦᠬᠦᠨ ᠢ᠋ ᠯᠡ ᠣᠢ ᠶ᠋ᠢᠨ ᠠᠢᠮᠠᠭ ᠲᠤ᠌ ᠲᠣᠭᠠᠯᠠᠳᠠᠭ ᠪᠠᠢᠯ᠎ᠠ ᠃ ᠭᠡᠪᠡᠴᠦ ᠨᠤᠲᠤᠭ ᠪᠦᠷᠢ ᠶ᠋ᠢᠨ ᠣᠢ ᠨᠢ ᠬᠣᠭᠣᠷᠣᠨᠳᠣ ᠪᠠᠨ ᠬᠣᠯᠪᠣᠭᠳᠠᠯ ᠬᠠᠮᠢᠶᠠᠷᠤᠯ ᠦᠭᠡᠢ ᠪᠠᠢᠳᠠᠭ ᠪᠠᠢᠪᠠ ᠃ ᠬᠡᠳᠦᠢᠪᠡᠷ ᠲᠡᠳᠡᠨ ᠤ ᠨᠤᠲᠤᠭᠯᠠᠳᠠᠭ ᠣᠢᠲᠤ ᠨᠤᠲᠤᠭ ᠢ᠋ᠶ᠋ᠠᠷ ᠨᠢ ᠪᠦᠭᠦᠳᠡ ᠶ᠋ᠢ ᠬᠠᠮᠢᠶᠠᠷᠤᠭᠤᠯᠤᠨ ᠣᠢ ᠶ᠋ᠢᠨ ᠡᠷᠬᠡᠨ ᠭᠡᠳᠡᠭ ᠪᠣᠯᠪᠠᠴᠤ ᠳᠣᠲᠣᠷ᠎ᠠ ᠪᠠᠨ ᠠᠯᠢ ᠨᠢ ᠶᠠᠮᠠᠷ ᠠᠢᠮᠠᠭ ᠤ᠋ᠨ ᠬᠢ ᠪᠣᠯᠬᠤ ᠪᠠᠨ ᠮᠡᠳᠡᠳᠡᠭ ᠪᠠᠢᠪᠠ ᠃ ᠲᠡᠳᠡᠨ ᠤ ᠤᠤᠭᠠᠨ ᠨᠢ ᠬᠣᠵᠢᠮ ᠢ᠋ᠶ᠋ᠠᠨ ᠲᠡᠭᠦᠨ ᠤ ᠰᠢᠳᠠᠷ ᠲᠤᠰᠠᠯᠠᠭᠴᠢ ᠨᠢ ᠪᠣᠯᠤᠭᠰᠠᠨ ᠬᠤᠴᠠᠷ ᠪᠢᠯᠡ ᠃ ᠲᠡᠷᠡ ᠪᠡᠷ ᠬᠠᠷᠪᠤᠭᠠᠴᠢ ᠪᠠᠢᠭᠰᠠᠨ ᠂ ᠲᠠᠯᠪᠢᠭ᠍ᠰᠠᠨ ᠰᠤᠮᠤ ᠨᠢ ᠮᠠᠰᠢ ᠬᠣᠯᠠ ᠂ ᠶᠡᠬᠡ ᠳᠡᠭᠡᠭᠦᠷ ᠮᠡᠷᠭᠡᠨ ᠲᠣᠰᠳᠠᠭ ᠪᠠᠢᠭᠰᠠᠨ ᠤᠴᠢᠷ ᠡᠭᠦᠨ ᠢ᠋ᠶ᠋ᠡᠷ ᠢ᠋ᠶ᠋ᠡᠨ ᠨᠡᠷ᠎ᠡ ᠳ᠋ᠦ᠍ ᠭᠠᠷᠴᠤ ᠠᠯᠳᠠᠷᠰᠢᠭᠰᠠᠨ ᠪᠠᠢᠨ᠎ᠠ ᠃ ᠲᠡᠷᠡ ᠪᠡᠷ ᠮᠠᠰᠢ ᠬᠣᠯᠠ ᠬᠠᠷᠪᠤᠵᠤ ᠴᠢᠳᠠᠳᠠᠭ ᠪᠠᠢᠭᠰᠠᠨ ᠪᠣᠯᠬᠣᠷ ᠮᠣᠩᠭᠣᠯᠴᠤᠳ ᠲᠡᠭᠦᠨ ᠢ᠋ ᠮᠠᠭᠲᠠᠨ ᠬᠤᠴᠠᠷ ᠤ᠋ᠨ ᠰᠤᠮᠤ ᠨᠢ ᠨᠢᠳᠦᠨ ᠳ᠋ᠦ᠍ ᠦᠵᠡᠭᠳᠡᠬᠦ ᠦᠭᠡᠢ ᠪᠣᠯᠲᠠᠯ᠎ᠠ ᠪᠠᠨ ᠬᠣᠯᠠ ᠶᠠᠪᠤᠳᠠᠭ ᠭᠡᠵᠡᠭᠡᠳᠡᠭ ᠪᠠᠢᠪᠠ ᠃

  ᠴᠢᠩᠭᠢᠰ ᠬᠠᠭᠠᠨ ᠪᠠᠭ᠎ᠠ ᠨᠠᠰᠤᠨ ᠳ᠋ᠠᠭᠠᠨ ᠡᠴᠢᠭᠡ ᠡᠴᠡ ᠪᠡᠨ ᠬᠠᠭᠠᠴᠠᠵᠤ ᠂ ᠲᠡᠭᠦᠨ ᠤ ᠠᠢᠮᠠᠭ ᠨᠢ ᠲᠠᠲ᠋ᠠᠷᠴᠤᠳ ᠤ᠋ᠨ ᠲᠠᠯ᠎ᠠ ᠤᠷᠤᠭᠤ ᠬᠠᠨᠳᠤᠬᠤ ᠪᠣᠯᠤᠭᠰᠠᠨ ᠤᠴᠢᠷ ᠬᠤᠴᠠᠷ ᠰᠢᠳᠠᠷ ᠴᠡᠷᠢᠭ ᠦ᠋ᠨ ᠢ᠋ᠶ᠋ᠡᠨ ᠬᠠᠮᠲᠤ ᠪᠠᠷ ᠴᠢᠩᠭᠢᠰ ᠬᠠᠭᠠᠨ ᠲᠠᠢ ᠬᠣᠯᠪᠣᠭ᠎ᠠ ᠲᠣᠭᠲᠠᠭᠠᠵᠤ ᠬᠡᠰᠡᠭ ᠦᠶ᠎ᠡ ᠲᠡᠭᠦᠨ ᠤ ᠳᠡᠷᠭᠡᠳᠡ ᠪᠠᠢᠵᠤ ᠮᠠᠭᠲᠠᠭᠳᠠᠬᠤ ᠪᠠᠷ ᠲᠤᠰᠠ ᠬᠦᠷᠭᠡᠵᠦ ᠪᠠᠢᠯ᠎ᠠ ᠃ ᠴᠢᠩᠭᠢᠰ ᠬᠠᠭᠠᠨ ᠲᠠᠲ᠋ᠠᠷ ᠠᠢᠮᠠᠭ ᠲᠠᠢ ᠪᠠᠢᠯᠳᠤᠬᠤ ᠳ᠋ᠠᠭᠠᠨ ᠨᠢᠭᠡᠨ ᠨᠥᠬᠥᠴᠡᠯ ᠲᠠᠯᠪᠢᠵᠠᠢ ᠃ ᠲᠡᠷᠡ ᠪᠡᠷ : ᠪᠢᠳᠡ ᠨᠠᠷ ᠥᠪᠡᠷᠰᠡᠳ ᠢ᠋ᠶ᠋ᠡᠨ ᠳᠠᠢᠳᠤᠬᠤ ᠯᠠ ᠠᠵᠢᠯ ᠲᠠᠢ ᠪᠠᠢᠨ᠎ᠠ ᠃ ᠭᠡᠲᠡᠯ᠎ᠡ ᠣᠯᠵᠠᠨ ᠤ᠋ ᠶᠠᠭᠤᠮᠠᠨ ᠠ᠋ᠴᠠ ᠥᠪᠡᠷᠰᠡᠳ ᠢ᠋ᠶ᠋ᠡᠨ ᠶᠠᠭᠤ ᠴᠤ᠌ ᠠᠪᠬᠤ ᠦᠭᠡᠢ ᠪᠠᠢᠶ᠎ᠠ ᠃ ᠬᠠᠷᠢᠨ ᠠᠪᠬᠤ ᠣᠯᠵᠠ ᠶ᠋ᠢᠨ ᠢ᠋ᠶ᠋ᠠᠨ ᠶᠠᠭᠤᠮᠠᠰ ᠢ᠋ ᠳᠠᠷᠠᠭ᠎ᠠ ᠪᠠᠷ ᠨᠢ ᠂ ᠬᠣᠭᠣᠷᠣᠨᠳᠣ ᠪᠠᠨ ᠬᠤᠪᠢᠶᠠᠵᠤ ᠠᠪᠤᠨ᠎ᠠ ᠃ ᠲᠡᠭᠡᠪᠡᠯ ᠤᠷᠠᠯᠴᠠᠵᠤ ᠪᠠᠢᠵᠤ ᠣᠯᠤᠭᠰᠠᠨ ᠵᠦᠢᠯ ᠨᠢ ᠦᠷᠡᠨ ᠳᠡᠷᠡᠨ ᠪᠣᠯᠬᠤ ᠦᠭᠡᠢ ᠰᠠᠨ ᠪᠢᠯᠡ ᠭᠡᠵᠡᠢ ᠃ ᠭᠡᠲᠡᠯ᠎ᠡ ᠬᠠᠪᠤᠯ ᠬᠠᠨ ᠤ᠋ ᠬᠥᠪᠡᠭᠦᠨ ᠠᠯᠲᠠᠨ ᠂ ᠬᠣᠲᠠᠯᠠ ᠬᠠᠨ ᠤ᠋ ᠬᠥᠪᠡᠭᠦᠨ ᠨᠥᠭᠥᠭᠡ ᠬᠤᠴᠠᠷ ᠂ ᠴᠢᠩᠭᠢᠰ ᠬᠠᠭᠠᠨ ᠤ᠋ ᠡᠪᠦᠭᠡᠨ ᠠᠪᠤ : (  ᠬᠢᠲᠠᠳ᠄ 叔父  )   ᠂ ᠳᠠᠷᠢᠲᠠᠢ ᠣᠳᠴᠢᠬᠢᠨ ᠨᠠᠷ ᠦᠭᠡᠨ ᠳ᠋ᠡᠭᠡᠨ ᠬᠦᠷᠦᠭᠰᠡᠨ ᠦᠭᠡᠢ ᠂ ᠲᠡᠢᠨ ᠦ᠌ ᠣᠯᠵᠠ ᠪᠠᠨ ᠥᠪᠡᠷᠲᠡᠭᠡᠨ ᠵᠠᠪᠰᠢᠵᠠᠢ ᠃ ᠴᠢᠩᠭᠢᠰ ᠬᠠᠭᠠᠨ ᠲᠡᠳᠡᠨ ᠤ ᠡᠨᠡ ᠣᠯᠵᠠ ᠵᠢ ᠨᠢ ᠬᠤᠷᠢᠶᠠᠵᠤ᠂ ᠠᠪ ᠭᠡᠵᠦ ᠵᠡᠷᠯᠢᠭ ᠪᠠᠭᠤᠯᠭᠠᠵᠠᠢ ᠃ ᠡᠭᠦᠨ ᠡᠴᠡ ᠪᠣᠯᠵᠤ ᠲᠡᠳᠡ ᠴᠢᠩᠭᠢᠰ ᠬᠠᠭᠠᠨ ᠳ᠋ᠤ᠌ ᠬᠠᠨᠳᠤᠬᠤ ᠬᠠᠷᠢᠯᠴᠠᠭ᠎ᠠ ᠪᠠᠨ ᠥᠭᠡᠷᠡᠴᠢᠯᠡᠵᠡᠢ ᠃ ᠢᠩᠭᠢᠭᠡᠳ ᠴᠢᠩᠭᠢᠰ ᠬᠠᠭᠠᠨ ᠤ᠌ᠩ ᠬᠠᠨ ᠬᠣᠶᠠᠷ ᠤ᠋ᠨ ᠬᠣᠭᠣᠷᠣᠨᠳᠣ ᠮᠠᠷᠭᠤᠭᠠᠨ ᠭᠠᠷᠬᠤᠢ ᠳ᠋ᠤ᠌ ᠲᠡᠳᠡ ᠨᠢ ᠤ᠌ᠩ ᠬᠠᠨ ᠤ᠋ ᠲᠠᠯ᠎ᠠ ᠳ᠋ᠤ᠌ ᠣᠷᠣᠵᠠᠢ ᠃ ᠡᠨᠡ ᠬᠥᠮᠦᠰ ᠨᠢ ᠲᠡᠳᠡᠨ ᠤ ᠮᠠᠷᠭᠤᠭᠠᠨ ᠤ᠋ ᠨᠢᠭᠡ ᠰᠢᠯᠲᠠᠭᠠᠨ ᠂ ᠳᠠᠢᠰᠤᠨ ᠳ᠋ᠤ᠌ ᠲᠤᠰᠠᠯᠠᠭᠴᠢ ᠂ ᠲᠡᠢᠨ ᠪᠠ ᠳᠠᠵᠢᠨ ᠢ᠋ ᠥᠳᠥᠭᠡᠭᠴᠢᠳ ᠪᠣᠯᠤᠭᠰᠠᠨ ᠠᠵᠤᠭᠤ ᠃ ᠤ᠌ᠩ ᠭᠠᠨ ᠳᠠᠷᠤᠭᠳᠠᠭᠰᠠᠨ ᠤ᠋ ᠳᠠᠷᠠᠭ᠎ᠠ ᠵᠢᠭᠤᠲᠠᠨ  ᠨᠠᠢ᠍ᠮᠠᠨ ᠤᠷᠤᠭᠤ ᠣᠴᠢᠵᠤ ᠂ ᠲᠡᠳᠡᠨ ᠲᠡᠢ ᠬᠠᠮᠲᠤᠷᠠᠨ ᠴᠢᠩᠭᠢᠰ ᠬᠠᠭᠠᠨ ᠲᠠᠢ ᠳᠠᠬᠢᠨ ᠪᠠᠢᠯᠳᠤᠵᠠᠢ ᠃ ᠡᠴᠦᠰ ᠲᠤᠨᠢ ᠪᠦᠬᠦᠨ ᠤ ᠳᠡᠭᠡᠳᠦᠰ ᠲᠡᠭᠷᠢ ᠢᠪᠡᠭᠡᠴᠦ ᠂ ᠲᠡᠷᠡ ᠪᠡᠷ ᠬᠤᠴᠠᠷ ᠂ ᠠᠯᠲᠠᠨ ᠬᠣᠶᠠᠷ ᠢ᠋ ᠲᠣᠨᠢᠯᠭᠠᠵᠠᠢ ᠃

  ᠡᠭᠦᠨ ᠡᠴᠡ ᠪᠣᠯᠤᠭᠠᠳ ᠬᠤᠴᠠᠷ ᠤ᠋ᠨ ᠠᠢᠮᠠᠭ ᠤ᠋ᠨ ᠬᠢᠨ ᠡᠴᠡ ᠡᠰᠡᠨ ᠮᠡᠨᠳᠦ ᠦᠯᠡᠳᠡᠭᠰᠡᠨ ᠬᠥᠮᠦᠰ ᠨᠢ ᠡᠰᠡ ᠲᠣᠭᠣᠭᠳᠠᠬᠤ ᠪᠣᠯᠤᠭᠰᠠᠨ ᠪᠥᠭᠡᠳ ᠥᠴᠦᠬᠡᠨ ᠴᠦ᠍ ᠬᠦᠨᠳᠦᠳᠬᠡᠯ ᠬᠦᠯᠢᠶᠡᠵᠦ ᠪᠠᠢᠭᠰᠠᠨ ᠦᠭᠡᠢ ᠃ ᠴᠢᠩᠭᠢᠰ ᠬᠠᠭᠠᠨ ᠤ᠋ ᠪᠤᠰᠤᠳ ᠰᠠᠳᠤᠨ ᠤ ᠳᠡᠷᠭᠡᠳᠡ ᠲᠡᠳᠡ ᠨᠢ ᠲᠣᠭᠠᠨ ᠤ᠋ ᠬᠤᠪᠢ ᠳ᠋ᠤ᠌ ᠴᠤ᠌ ᠴᠥᠭᠡᠨ ᠪᠠᠢᠪᠠ ᠃

  ᠨᠡᠭᠦᠨ ᠳᠠᠢᠰᠢ ᠨᠢ ᠠᠴᠢ ᠲᠠᠢ ᠂ ᠬᠥᠪᠡᠭᠦᠨ ᠤ ᠬᠢᠨᠢ ᠬᠦᠦ ᠂ ᠲᠡᠭᠦᠨ ᠤ ᠨᠡᠷ᠎ᠡ ᠶ᠋ᠢ ᠵᠠᠤᠬᠠᠢ  (  ᠪᠦᠬᠦᠨ ᠵᠠᠤᠬᠠᠲᠤ )   ᠭᠡᠳᠡᠭ ᠪᠠᠢᠪᠠ ᠃ ᠴᠢᠩᠭᠢᠰ ᠬᠠᠭᠠᠨ ᠲᠡᠭᠦᠨ ᠢ᠋ ᠴᠠᠭᠠᠲᠠᠢ ᠳ᠋ᠤ᠌ ᠥᠭᠭᠦᠭᠰᠡᠨ ᠪᠠᠢᠨ᠎ᠠ ᠃ ᠲᠡᠷᠡ ᠪᠡᠷ ᠲᠡᠳᠡᠨ ᠲᠡᠢ ᠬᠠᠮᠲᠤ ᠯᠠ ᠨᠡᠭᠦᠵᠦ ᠶᠠᠪᠤᠳᠠᠭ ᠪᠠᠢᠪᠠ ᠃ ᠲᠡᠭᠦᠨ ᠤ ᠬᠥᠪᠡᠭᠦᠳ ᠪᠠ ᠠᠢᠮᠠᠭ ᠨᠢ ᠴᠠᠭᠠᠲᠠᠢ ᠶ᠋ᠢᠨ ᠤᠷᠤᠭ ᠲᠠᠢ ᠪᠠᠢᠳᠠᠭ ᠪᠠᠢᠭᠰᠠᠨ ᠴᠤ᠌ ᠨᠢᠭᠡ ᠶᠡᠬᠡ ᠪᠠᠢᠷᠢ ᠰᠠᠭᠤᠷᠢ ᠲᠢ ᠪᠠᠢᠨ᠎ᠠ ᠦᠭᠡᠢ ᠠᠵᠤᠭᠤ᠃

  ᠭᠤᠷᠪᠠᠳᠤᠭᠠᠷ ᠬᠥᠪᠡᠭᠦᠨ ᠨᠢ ᠶᠢᠰᠦᠭᠡᠢ ᠪᠠᠭᠠᠲᠤᠷ ᠪᠥᠭᠡᠳ ᠲᠡᠷᠡ ᠪᠡᠷ ᠴᠢᠩᠭᠢᠰ ᠬᠠᠭᠠᠨ ᠤ᠋ ᠡᠴᠢᠭᠡ  ᠶᠤᠮ ᠃ ᠬᠢᠶᠠᠳ ᠪᠣᠷᠵᠢᠭᠢᠨ ( ᠬᠢᠶᠠᠲ ᠪᠣᠷᠵᠢᠭᠢᠨ ) ᠠᠢᠮᠠᠭ ᠨᠢ ᠲᠡᠭᠦᠨ ᠤ ᠤᠳᠤᠮ ᠤ᠋ᠨ ᠬᠢᠨ ᠡᠴᠡ ᠭᠠᠷᠤᠯ ᠲᠠᠢ ᠪᠢᠯᠡ ᠃ ᠪᠣᠷᠵᠢᠭᠢᠨ ᠭᠡᠳᠡᠭ ᠨᠢ ᠴᠡᠩᠬᠡᠷ ᠨᠢᠳᠦᠨ ᠭᠡᠰᠡᠨ ᠦᠭᠡ ᠃ ᠶᠢᠰᠦᠭᠡᠢ ᠪᠠᠭᠠᠲᠤᠷ ᠠ᠋ᠴᠠ ᠭᠠᠷᠤᠯ ᠲᠠᠢ ᠲᠡᠷᠡ ᠤᠳᠤᠮ ᠤ᠋ᠨ ᠬᠢᠨ ᠂ ᠲᠡᠭᠦᠨ ᠤ ᠤᠷᠤᠭ ᠤ᠋ᠨ ᠬᠢᠨ ᠦᠷ᠎ᠡ ᠬᠡᠦᠬᠡᠳ ᠦ᠋ᠳ ᠶᠡᠬᠡᠩᠬᠢ ᠨᠢ ᠣᠳᠣ ᠪᠣᠯᠲᠠᠯ᠎ᠠ ᠴᠥᠮ ᠴᠡᠩᠬᠡᠷ ᠨᠢᠳᠦᠲᠡᠢ ᠃ ᠵᠡᠭᠡᠷᠳᠡ ᠦᠰᠦᠲᠡᠢ ᠪᠠᠢᠳᠠᠭ ᠨᠢ ᠬᠠᠴᠢᠨ ᠰᠢᠦ ᠃ ᠡᠭᠦᠨ ᠢ᠋ ᠲᠠᠢᠯᠪᠤᠷᠢᠯᠠᠬᠤ ᠳ᠋ᠠᠭᠠᠨ ᠠᠯᠤᠩᠭᠤᠸ᠎ᠠ ᠬᠥᠯ ᠢ᠋ᠶ᠋ᠡᠨ ᠬᠦᠨᠳᠦᠷᠡᠳᠡᠭ ᠦ᠋ᠨ ᠰᠢᠯᠲᠠᠭᠠᠨ ᠢ᠋ ᠲᠠᠢᠯᠪᠤᠷᠢᠯᠠᠨ ᠬᠡᠯᠡᠬᠦ ᠳ᠋ᠡᠭᠡᠨ : ᠰᠥᠨᠢ ᠮᠢᠨᠦ ᠨᠢᠳᠦᠨ ᠤ ᠡᠮᠦᠨ᠎ᠡ ᠴᠡᠩᠬᠡᠷ ᠨᠢᠳᠦᠲᠡᠢ ᠂ ᠤᠯᠠᠭᠠᠪᠤᠷ ᠰᠢᠷ᠎ᠠ ( ᠵᠡᠭᠡᠷᠲᠡ ) ᠦᠰᠦ ᠲᠡᠢ ᠬᠥᠮᠦᠨ ᠤ ᠳᠦᠷᠰᠦ ᠲᠡᠢ ᠭᠡᠷᠡᠯ ᠭᠡᠨᠡᠳᠲᠡ ᠰᠠᠴᠤᠷᠠᠳᠠᠭ ᠃ ᠲᠡᠭᠡᠭᠡᠳ ᠶᠠᠪᠤᠭᠠᠳ ᠥᠭᠳᠡᠭ ᠶᠤᠮ ᠭᠡᠳᠡᠭ ᠪᠠᠢᠪᠠ ᠃ ᠴᠢᠩᠭᠢᠭᠡᠳ ᠪᠦᠷ ᠨᠠᠢ᠍ᠮᠠᠳᠤᠭᠠᠷ ᠦᠶ᠎ᠡ ᠶᠢᠰᠦᠭᠡᠢ ᠪᠠᠭᠠᠲᠤᠷ ᠤ᠋ᠨ ᠦᠶ᠎ᠡ ᠳ᠋ᠦ᠍ ᠲᠡᠷᠡ ᠰᠣᠳᠣᠨ ᠰᠢᠨᠵᠢ ᠨᠢ ᠬᠠᠷᠠᠭᠳᠠᠭᠰᠠᠭᠠᠷ ᠪᠠᠢᠨ᠎ᠠ ᠃

  ᠮᠣᠩᠭᠣᠯᠴᠤᠳ ᠤ᠋ᠨ ᠬᠡᠯᠡᠳᠡᠭ ᠢ᠋ᠶ᠋ᠡᠷ ᠠᠯᠤᠩᠭᠤᠸ᠎ᠠ ᠶ᠋ᠢᠨ ᠬᠥᠪᠡᠭᠦᠳ ᠦ᠋ᠨ ᠲᠥᠷᠥ ᠪᠠᠷᠢᠵᠤ ᠪᠠᠢᠬᠤ ᠶ᠋ᠢᠨ ᠲᠡᠮᠳᠡᠭ ᠪᠢᠯᠡ ᠃ ᠠᠯᠤᠩᠭᠤᠸ᠎ᠠ ᠶ᠋ᠢᠨ ᠬᠡᠯᠡᠭᠰᠡᠨ ᠢ᠋ᠶ᠋ᠡᠷ ᠲᠡᠳᠡᠨ ᠤ ᠡᠨᠡ ᠭᠠᠳᠠᠨᠠᠬᠢ ᠲᠥᠷᠬᠦ ᠪᠠᠢᠳᠠᠯ ᠨᠢ ᠦᠭᠡ ᠶ᠋ᠢᠨ ᠦᠨᠡᠨ ᠪᠣᠯᠬᠤ ᠶ᠋ᠢᠨ ᠪᠠᠲᠤᠯᠠᠭ᠎ᠠ ᠂ ᠲᠤᠬᠠᠢ ᠶ᠋ᠢᠨ ᠪᠠᠢᠳᠠᠯ ᠨᠢ ᠴᠣᠬᠣᠮ ᠬᠦ᠌ ᠲᠡᠢᠮᠦ ᠪᠠᠢᠭᠰᠠᠨ ᠢ᠋ ᠭᠡᠷᠡᠴᠢᠯᠡᠵᠦ ᠪᠠᠢᠨ᠎ᠠ ᠃ ᠨᠢᠭᠡᠨᠲᠡ ᠶᠢᠰᠦᠭᠡᠢ ᠪᠠᠭᠠᠲᠤᠷ ᠤ᠋ᠨ ᠣᠪᠣᠭ ᠤ᠋ᠨ ᠰᠠᠯᠪᠤᠷᠢ ᠶ᠋ᠢᠨ ᠲᠤᠬᠠᠢ ᠲᠤᠰ ᠲᠠᠭᠠᠨ ᠳᠠᠷᠠᠭ᠎ᠠ ᠶ᠋ᠢᠨ ᠥᠭᠦᠯᠡᠯᠭᠡ ᠨᠦ᠍ᠭᠦᠳ ᠦ᠋ᠨ ᠨᠢᠭᠡᠨ ᠳ᠋ᠦ᠍ ᠬᠥᠨᠳᠡᠭᠳᠡᠬᠦ ᠲᠤᠯᠠ ᠡᠨᠳᠡ ᠳᠠᠬᠢᠨ ᠳᠤᠷᠠᠳᠤᠨ ᠰᠤᠨᠵᠢᠷᠠᠭᠤᠯᠬᠤ ᠶ᠋ᠢ ᠪᠣᠯᠢᠶ᠎ᠠ ᠃

  ᠳᠥᠷᠪᠡᠳᠦᠭᠡᠷ ᠬᠥᠪᠡᠭᠦᠨ ᠨᠢ ᠳᠠᠷᠢᠲᠠᠢ ᠣᠳᠴᠢᠬᠢᠨ ᠪᠠᠢᠯ᠎ᠠ ᠃ ᠲᠡᠷᠡ ᠪᠡᠷ ᠴᠢᠩᠭᠢᠰ ᠬᠠᠭᠠᠨ ᠤ᠋ ᠡᠰᠡᠷᠭᠦ ᠣᠯᠠᠨᠲᠠ ᠪᠣᠰᠴᠤ ᠲᠡᠷᠰᠯᠡᠯᠳᠦᠵᠦ ᠳᠠᠢᠰᠤᠩᠨᠠᠭᠰᠠᠨ ᠪᠣᠯᠬᠣᠷ ᠤᠷᠤᠭ ᠲᠥᠷᠥᠯ ᠦ᠋ᠨ ᠬᠢᠨ ᠨᠢ ᠴᠦ᠍ ᠴᠢᠩᠭᠢᠰ ᠦ᠋ᠨ ᠪᠣᠭᠣᠯ ᠤ᠋ᠨ ᠲᠣᠭᠠᠨ ᠳ᠋ᠤ᠌ ᠣᠷᠣᠭᠤᠯᠳᠠᠭ ᠪᠢᠯᠡ ᠃ ᠬᠡᠳᠦᠢᠪᠡᠷ ᠴᠢᠩᠭᠢᠰ ᠬᠠᠭᠠᠨ ᠂ ᠲᠡᠭᠦᠨ ᠤ ᠠᠢᠮᠠᠭ ᠪᠣᠯᠤᠨ ᠴᠡᠷᠢᠭ ᠦ᠋ᠳ ᠨᠢ ᠲᠠᠢᠴᠢᠭᠤᠳ ᠤ᠋ᠨ ᠲᠠᠯ᠎ᠠ ᠳ᠋ᠤ᠌ ᠣᠷᠣᠵᠤ ᠪᠠᠢᠭᠰᠠᠨ ᠡᠬᠢᠨ ᠤ ᠦᠶ᠎ᠡ ᠳ᠋ᠦ᠍ ᠲᠡᠷᠡ ᠪᠡᠷ ᠴᠡᠷᠢᠭ ᠦ᠋ᠨ ᠢ᠋ᠶ᠋ᠡᠨ ᠬᠠᠮᠲᠤ ᠪᠠᠷ ᠴᠢᠩᠭᠢᠰ ᠦ᠋ᠨ ᠲᠠᠯ᠎ᠠ ᠳ᠋ᠤ᠌ ᠪᠠᠢᠭᠰᠠᠨ ᠪᠣᠯᠪᠠᠴᠤ ᠂ ᠬᠣᠵᠢᠮ ᠢ᠋ᠶ᠋ᠠᠨ ᠲᠠᠢᠴᠢᠭᠤᠳ ᠠᠢᠮᠠᠭ ᠲᠠᠢ ᠨᠡᠢᠯᠡᠭᠰᠡᠨ ᠪᠢᠯᠡ ᠃ ᠳᠠᠷᠠᠭ᠎ᠠ ᠪᠠᠷ ᠨᠢ ᠲᠡᠷᠡ ᠪᠡᠷ ᠳᠠᠬᠢᠨ ᠴᠢᠩᠭᠢᠰ ᠬᠠᠭᠠᠨ ᠳ᠋ᠤ᠌ ᠢᠷᠡᠵᠦ ᠨᠡᠢᠯᠡᠭᠰᠡᠨ ᠪᠣᠯᠪᠠᠴᠤ ᠳᠡᠭᠡᠷ᠎ᠡ ᠳᠤᠷᠠᠳᠤᠭᠰᠠᠨ ᠲᠡᠢᠨ ᠳ᠋ᠦ᠍ ᠣᠯᠤᠭᠰᠠᠨ ᠣᠯᠵᠠ ᠪᠠᠨ ᠬᠤᠪᠢᠶᠠᠬᠤ ᠶᠠᠪᠤᠳᠠᠯ ᠲᠠᠢ ᠬᠣᠯᠪᠣᠭᠳᠠᠭᠰᠠᠨ ᠰᠢᠯᠲᠠᠭᠠᠨ ᠢ᠋ᠶ᠋ᠠᠷ ᠲᠡᠭᠦᠨ ᠡᠴᠡ ᠪᠡᠨ ᠰᠠᠯᠵᠤ ᠤ᠌ᠩ ᠬᠠᠨ ᠳ᠋ᠤ᠌ ᠣᠴᠢᠵᠤ ᠂ ᠤᠯᠠᠮ ᠢ᠋ᠶ᠋ᠠᠷ  ᠨᠠᠢ᠍ᠮᠠᠨ ᠠᠢᠮᠠᠭ ᠲᠠᠢ ᠤᠴᠠᠷᠠᠵᠠᠢ ᠃ ᠳᠠᠷᠠᠭ᠎ᠠ ᠪᠠᠷ ᠨᠢ ᠲᠡᠷᠡ ᠪᠡᠷ ᠳᠥᠷᠪᠡᠨ ᠠᠢᠮᠠᠭ ᠲᠠᠢ ᠨᠡᠢᠯᠡᠵᠦ ᠂ ᠴᠢᠩᠭᠢᠰ ᠬᠠᠭᠠᠨ ᠲᠠᠢ ᠬᠡᠳᠦ ᠬᠡᠳᠦᠨ ᠤᠳᠠᠭ᠎ᠠ ᠪᠠᠢᠯᠳᠤᠭᠰᠠᠨ ᠪᠣᠯᠪᠠᠴᠤ ᠳᠠᠬᠢᠭᠠᠳ ᠯᠠ ᠲᠡᠭᠦᠨ ᠤ ᠲᠠᠯ᠎ᠠ ᠳ᠋ᠤ᠌ ᠣᠷᠣᠵᠤ ᠢᠷᠡᠵᠦ ᠪᠠᠢᠯ᠎ᠠ ᠃ ᠲᠡᠷᠡ ᠪᠡᠷ ᠬᠤᠴᠠᠷ ᠪᠠ ᠠᠯᠲᠠᠨ ᠨᠠᠷ ᠲᠠᠢ ᠬᠠᠮᠲᠤ ᠬᠣᠷᠣᠭᠠᠭᠳᠠᠭᠰᠠᠨ ᠪᠥᠭᠡᠳ ᠲᠡᠭᠦᠨ ᠤ ᠤᠷᠤᠭ ᠤ᠋ᠨ ᠬᠢᠨ ᠤ ᠶᠡᠬᠡᠩᠬᠢ ᠨᠢ ᠬᠢᠳᠤᠭᠳᠠᠭᠰᠠᠨ ᠪᠠᠢᠨ᠎ᠠ ᠃ ᠲᠡᠷᠡ ᠪᠡᠷ ᠨᠢᠭᠡᠨ ᠬᠥᠪᠡᠭᠦᠨ ᠲᠡᠢ ᠥᠪᠡᠷ ᠦ᠋ᠨ ᠬᠢᠨᠢ ᠰᠢᠳᠠᠷ ᠲᠤᠰᠠᠯᠠᠭᠴᠢ ᠪᠥᠭᠡᠳ ᠵᠠᠯᠭᠠᠮᠵᠢᠯᠠᠭᠴᠢ ᠨᠢ ᠶᠤᠮ ᠃ ᠲᠡᠭᠦᠨ ᠤ ᠨᠡᠷ᠎ᠡ ᠨᠢ ᠳᠠᠢᠨᠠᠯ ᠢᠶ᠎ᠡ ᠭᠡᠳᠡᠭ ᠪᠠᠢᠵᠠᠢ ᠃ ᠴᠢᠩᠭᠢᠰ ᠬᠠᠭᠠᠨ ᠲᠡᠭᠦᠨ ᠢ᠋ ᠥᠪᠡᠷ ᠦ᠋ᠨ ᠢ᠋ᠶ᠋ᠡᠨ ᠡᠷᠭᠡᠰᠢᠶᠡᠯ᠎ᠤᠨ ᠪᠤᠰᠤᠳ ᠬᠣᠶᠠᠷ ᠵᠠᠭᠤᠨ ᠡᠷᠡᠯᠴᠦᠳ ᠲᠡᠢ ᠠᠬ᠎ᠠ ᠶ᠋ᠢᠨ ᠢ᠋ᠶ᠋ᠠᠨ ᠬᠥᠪᠡᠭᠦᠨ ᠂ ᠥᠪᠡᠷ ᠦ᠋ᠨ ᠠᠴᠢ ᠡᠯᠵᠢᠭᠡᠳᠡᠢ ᠨᠣᠶᠠᠨ ᠳ᠋ᠤ᠌ ᠥᠭᠴᠡᠢ ᠃ ᠲᠡᠳᠡ ᠨᠢ ᠲᠡᠭᠦᠨ ᠤ ᠪᠣᠭᠣᠯ ᠤ᠋ᠨ ᠪᠠᠢᠳᠠᠯ ᠲᠠᠢ ᠪᠠᠢᠵᠠᠢ ᠃ ᠣᠷᠴᠢᠨ ᠦᠶ᠎ᠡ ᠳ᠋ᠦ᠍ ᠴᠦ᠍ ᠲᠡᠭᠦᠨ ᠤ ᠤᠷᠤᠭ ᠲᠥᠷᠥᠯ ᠦ᠋ᠳ ᠨᠢ ᠡᠯᠵᠢᠭᠡᠳᠡᠢ ᠨᠣᠶᠠᠨ ᠤ᠋ ᠤᠷᠤᠭ ᠲᠥᠷᠥᠯ ᠲᠡᠢ ᠬᠠᠮᠲᠤ ᠯᠠ ᠪᠠᠢᠳᠠᠭ ᠠᠵᠤᠭᠤ ᠡᠨᠡ ᠠᠢᠮᠠᠭ ᠪᠠ ᠲᠡᠭᠦᠨ ᠤ ᠤᠷᠤᠭ ᠤ᠋ᠨ ᠬᠢᠨ ᠡᠴᠡ ᠪᠤᠷᠬᠠᠨ ( ᠪᠤᠷᠬᠡᠨ ) ᠭᠡᠳᠡᠭ ᠬᠥᠮᠦᠨ ᠦᠯᠡᠬᠦ ( ᠬᠤᠯᠠᠭᠤ ) ᠬᠠᠨ ᠳᠡᠭᠡᠷ᠎ᠡ ᠣᠴᠢᠬᠤ ᠳ᠋ᠤ᠌ ᠬᠡᠳᠦᠢᠪᠡᠷ ᠲᠡᠷᠡ ᠪᠡᠷ ᠬᠠᠨ ᠤ᠋ ᠬᠥᠪᠡᠭᠦᠳ ᠲᠡᠢ ᠵᠡᠷᠭᠡᠴᠡᠨ ᠰᠠᠭᠤᠬᠤ ᠡᠷᠬᠡ ᠦᠭᠡᠢ ᠪᠠᠢᠭᠰᠠᠨ ᠪᠣᠯᠪᠠᠴᠤ ᠦᠯᠡᠬᠦ ᠬᠠᠨ ᠠᠢᠯᠠᠳᠬᠤ ᠳ᠋ᠠᠭᠠᠨ : ᠨᠢᠭᠡᠨᠲᠡ ᠲᠡᠷᠡ ᠡᠩᠨᠡᠭᠡᠨ ᠳ᠋ᠦ᠍ ᠰᠠᠭᠤᠪᠠᠯ ᠵᠣᠬᠢᠬᠤ ᠬᠠᠨ ᠬᠥᠪᠡᠭᠦᠳ ᠴᠥᠭᠡᠪᠲᠦᠷ ᠪᠠᠢᠭ᠎ᠠ ᠪᠣᠯᠬᠣᠷ ᠪᠤᠷᠬᠠᠨ ᠬᠠᠨ ᠬᠥᠪᠡᠭᠦᠳ ᠲᠡᠢ ᠨᠢ ᠵᠡᠷᠭᠡᠴᠡᠨ ᠰᠠᠭᠤᠵᠤ ᠪᠣᠯᠤᠨ᠎ᠠ ᠭᠡᠵᠡᠢ ᠃ ᠪᠤᠷᠬᠠᠨ ᠤ᠋ ᠬᠥᠪᠡᠭᠦᠳ ᠡᠴᠡ ᠮᠢᠩᠭᠠᠨ ᠤ᠋ ᠨᠣᠶᠠᠨ ᠬᠦᠷᠡᠯ ᠭᠡᠵᠦ ᠪᠠᠢᠭᠰᠠᠨ ᠪᠥᠭᠡᠳ ᠬᠣᠵᠢᠮ ᠢ᠋ᠶ᠋ᠠᠨ ᠲᠡᠷᠡ ᠪᠡᠷ ᠡᠴᠢᠭᠡ ᠶ᠋ᠢ ᠪᠡᠨ ᠵᠠᠯᠭᠠᠮᠵᠢᠯᠠᠵᠠᠢ ᠃ ᠲᠡᠭᠦᠨ ᠤ ᠲᠥᠷᠥᠯ ᠦ᠋ᠨ ᠬᠢᠨ ᠡᠴᠡ ᠪᠦᠷ ᠭᠢᠶᠠᠳ ᠤ᠋ᠨ ᠪᠦᠷᠯᠡᠬᠢ ( ᠪᠣᠷᠠᠯᠬᠢ ᠬᠢᠶᠠᠲ ) ᠭᠡᠳᠡᠭ ᠬᠥᠮᠦᠨ ᠨᠢ ᠠᠷᠭᠣᠨ ᠬᠠᠨ ᠤ᠋ ᠰᠢᠬᠦᠷᠴᠢᠨ ᠪᠥᠭᠡᠳ ᠳᠣᠲᠣᠨᠣ ᠶ᠋ᠢᠨ ᠬᠥᠮᠦᠨ ᠨᠢ ᠪᠠᠢᠪᠠ ᠃ ᠲᠡᠷᠡ ᠪᠡᠷ ᠠᠷᠭᠣᠨ ᠬᠠᠨ ᠠ᠋ᠴᠠ ᠤᠷᠪᠠᠬᠤ ᠰᠠᠨᠠᠭ᠎ᠠ ᠰᠡᠳᠦᠵᠦ ᠬᠤᠳᠬᠤᠨ ᠦᠢᠮᠡᠭᠦᠯᠦᠭᠴᠢ ᠨᠣᠶᠠᠳ ᠤ᠋ᠳ ᠲᠠᠢ ᠦᠭᠡᠰᠡᠵᠦ ᠪᠠᠢᠭᠰᠠᠨ ᠪᠢᠯᠡ ᠃ ᠪᠣᠯᠭᠣᠭᠠᠨᠳᠤᠨ ᠃

 

ᠬᠣᠶᠠᠳᠤᠭᠠᠷ ᠬᠡᠰᠡᠭ

 

ᠪᠠᠷᠳᠠᠨ ᠪᠠᠭᠠᠲᠤᠷ ᠂ ᠲᠡᠭᠦᠨ ᠤ ᠬᠠᠲᠤᠨ ᠪᠠ ᠬᠥᠪᠡᠭᠦᠳ ᠦ᠋ᠨ ᠬᠢᠨᠢ ᠣᠪᠣᠭ ᠤ᠋ᠨ  ᠰᠠᠯᠪᠤᠷᠢ ᠶᠢ ᠬᠠᠷᠠᠭᠤᠯᠤᠭᠰᠠᠨ ᠬᠦᠰᠦᠨᠦᠭᠲᠦ

 

ᠪᠠᠷᠲᠠᠨ ᠪᠠᠭᠠᠲᠤᠷ ᠨᠢ ᠳᠡᠭᠡᠷ᠎ᠡ ᠪᠢᠴᠢᠭᠰᠡᠨᠴᠢᠯᠡᠨ ᠳᠥᠷᠪᠡᠨ ᠬᠥᠪᠡᠭᠦᠳ ᠲᠡᠢ ᠪᠠᠢᠪᠠ ᠃ ᠪᠠᠷᠳᠠᠨ ᠪᠠᠭᠠᠲᠤᠷ ᠲᠡᠭᠦᠨ ᠤ ᠭᠡᠷᠭᠡᠢ ᠰᠣᠨᠢᠭᠤᠯ ᠦᠵᠢᠨ ᠪᠠ ᠬᠥᠪᠡᠭᠦᠳ ᠪᠣᠯᠤᠨ ᠠᠴᠢ ᠨᠠᠷ ᠤ᠋ᠨ ᠰᠠᠯᠪᠤᠷᠢ ᠶ᠋ᠢ ᠬᠦᠰᠦᠨᠦᠭᠲᠦ ᠪᠡᠷ ᠬᠠᠷᠠᠭᠤᠯᠤᠨ᠎ᠠ ᠃ ᠡᠭᠦᠨ ᠳ᠋ᠦ᠍ ᠂ ᠶᠢᠰᠦᠭᠡᠢ ᠪᠠᠭᠠᠲᠤᠷ ᠤ᠋ᠨ ᠬᠥᠪᠡᠭᠦᠳ ᠦ᠋ᠨ ᠰᠠᠯᠪᠤᠷᠢ ᠨᠢ ᠣᠷᠣᠬᠤ ᠦᠭᠡᠢ ᠃ ᠤᠴᠢᠷ ᠨᠢ ᠲᠡᠷᠡ ᠪᠡᠷ ᠨᠢᠭᠡᠨᠲᠡ ᠴᠢᠩᠭᠢᠰ ᠬᠠᠭᠠᠨ ᠤ᠋ ᠡᠴᠢᠭᠡ ᠪᠣᠯᠬᠣᠷ ᠲᠤᠰ ᠲᠤᠨᠢ ᠡᠨᠡ ᠲᠡᠦᠬᠡᠨ ᠳ᠋ᠦ᠍ ᠳᠠᠷᠠᠭᠠᠬᠢ ᠪᠠᠢᠳᠠᠯ ᠢ᠋ᠶ᠋ᠠᠷ ᠣᠷᠣᠭᠤᠯᠤᠨ᠎ᠠ ᠃

 

 

1 ᠪᠠᠷᠳᠠᠨ ᠪᠠᠭᠠᠲᠤᠷ ᠪᠠ ᠲᠡᠭᠦᠨ ᠤ ᠡᠬᠡᠨᠡᠷ ᠬᠥᠪᠡᠭᠦᠳ ᠦᠨ ᠲᠤᠷᠢ᠂

1.1 ᠮᠠᠩᠭᠢᠲᠤ ᠬᠢᠶᠠᠨ ᠂ ᠪᠦᠬᠦ ᠭᠢᠶᠠᠳ ᠤ᠋ᠳ ᠡᠨᠡ ᠮᠡᠩᠭᠡᠲᠦ ᠬᠢᠶᠠᠨ ᠠ᠋ᠴᠠ ᠭᠠᠷᠤᠯ ᠲᠠᠢ ᠃ ᠲᠡᠭᠦᠨ ᠳ᠋ᠦ᠍ ᠡᠨᠡ ᠨᠡᠷ᠎ᠡ  ᠶ᠋ᠢᠨ ᠠᠤᠭ᠎ᠠ ᠶᠡᠬᠡ ᠪᠠᠭᠠᠲᠤᠷ ᠪᠠᠢᠭᠰᠠᠨ ᠤᠴᠢᠷ ᠠ᠋ᠴᠠ ᠪᠤᠶᠤ ᠣᠢ ᠶ᠋ᠢᠨ ᠥᠭᠭᠦᠭᠰᠡᠨ ᠂ ᠥᠭᠡᠷ᠎ᠡ ᠪᠡᠷ ᠬᠡᠯᠡᠪᠡᠯ ᠬᠢᠷ᠎ᠠ ᠭᠡᠬᠦ ᠦᠭᠡ ᠨᠢ ᠮᠣᠩᠭᠣᠯ ᠬᠡᠯᠡ ᠪᠡᠷ ᠰᠢᠷᠦᠭᠦᠨ ᠤᠷᠤᠰᠬᠤ ᠭᠡᠰᠡᠨ ᠤᠳᠬ᠎ᠠ ᠲᠠᠢ ᠃

1.1.1 ᠴᠠᠩᠰᠢᠭᠤᠳ

1.1.2 ᠮᠥᠭᠡᠲᠦ ᠪᠠᠭᠠᠲᠤᠷ

1.1.3 ᠬᠥᠬᠡ ᠪᠠᠭᠠᠲᠤᠷ ᠨᠣᠶᠠᠨ

1.2  ᠨᠡᠭᠦᠨ ᠲᠠᠰᠢ᠂ ᠨᠡᠭᠦᠨ ᠳᠠᠢᠰᠢ ᠶ᠋ᠢᠨ ᠪᠦᠬᠦ ᠤᠷᠤᠭ ᠤ᠋ᠨ ᠬᠢᠨ ᠢ᠋ ᠬᠤᠢ ᠶ᠋ᠢᠨ ᠡᠷᠬᠡᠨ ᠪᠤᠶᠤ ᠣᠢ ᠶ᠋ᠢᠨ ᠢᠷᠭᠡᠨ ᠭᠡᠵᠦ ᠨᠡᠷᠡᠯᠡᠳᠡᠭ ᠦ᠋ᠨ ᠤᠴᠢᠷ ᠨᠢ ᠲᠡᠭᠦᠨ ᠤ ᠭᠡᠷ ᠣᠢ ᠶ᠋ᠢᠨ ᠣᠷᠴᠢᠮ ᠪᠠᠢᠳᠠᠭ  ᠠ᠋ᠴᠠ ᠪᠣᠯᠵᠠᠢ ᠃

1.2.1 ᠬᠤᠴᠠᠢ᠂ ᠲᠡᠷᠡ ᠰᠠᠢᠨ ᠬᠠᠷᠪᠤᠭᠠᠴᠢ ᠪᠠᠢᠪᠠ

1.2.1.1 ᠪᠦᠬᠦᠨ ᠵᠠᠤᠬᠠᠲᠤ

1.3 ᠶᠢᠰᠦᠭᠡᠢ ᠪᠠᠭᠠᠲᠤᠷ᠂ ᠴᠢᠩᠭᠢᠰ ᠬᠠᠭᠠᠨ ᠤ᠋ ᠡᠴᠢᠭᠡ

1.4 ᠳᠠᠷᠢᠲᠠᠢ ᠣᠳᠴᠢᠬᠢᠨ

1.4.1 ᠲᠠᠢᠨᠠᠯ ᠢᠶ᠎ᠡ