ᠵᠢᠷᠭᠢᠵᠦ ᠬᠠᠷᠠᠭᠳᠠᠬᠤ ᠬᠠᠪᠤᠷ - ᠲ ᠂ ᠭᠣᠮᠪᠣᠵᠠᠪ Жиргэж харагдах хавар - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠢᠵᠦ ᠬᠠᠷᠠᠭᠳᠠᠬᠤ ᠬᠠᠪᠤᠷ - ᠲ ᠂ ᠭᠣᠮᠪᠣᠵᠠᠪ Жиргэж харагдах хавар - Т ᠂ Гомбожав

ᠵᠢᠷᠭᠢᠵᠦ ᠬᠠᠷᠠᠭᠳᠠᠬᠤ ᠬᠠᠪᠤᠷ - ᠲ ᠂ ᠭᠣᠮᠪᠣᠵᠠᠪ Жиргэж харагдах хавар - Т ᠂ Гомбожав

2023-06-04

246

ᠵᠢᠷᠭᠢᠵᠦ ᠬᠠᠷᠠᠭᠳᠠᠬᠤ ᠬᠠᠪᠤᠷ


       ᠠᠩᠬᠠᠨ ᠤ ᠪᠣᠷᠣᠭᠠᠨ 
 ᠡᠪᠦᠯᠵᠢᠨ ᠴᠢᠩᠨᠠᠭᠰᠠᠨ ᠠᠮᠠᠷᠠᠭ ᠰᠢᠪᠡᠨᠡᠭᠡ  
 ᠡᠭᠦᠳᠡ ᠳᠤᠭᠰᠢᠬᠤ ᠳᠤ  
 ᠥᠴᠥᠭᠡᠳᠦᠷ ᠲᠠᠭ ᠮᠠᠷᠲᠠᠭᠳᠠᠨ᠎ᠠ  

 ᠥᠪᠡᠷ ᠢ ᠪᠡᠨ ᠠᠷᠭᠠᠳᠠᠵᠤ ᠴᠢᠳᠠᠭᠰᠠᠨ ᠰᠡᠳᠬᠢᠯ  
 ᠥᠩᠭᠡᠷᠡᠦ ᠬᠠᠷᠢᠮᠠᠬᠠᠢ  
 ᠥᠷᠯᠥᠭᠡ ᠨᠣᠶ᠋ᠢᠲᠠᠨ ᠰᠡᠷᠢᠬᠦ ᠳᠦ  
 ᠡᠪᠡᠰᠦᠨ ᠲᠣᠯᠣᠭᠠᠢ ᠪᠥᠱᠥᠭᠥᠷᠬᠡᠭ ᠪᠤᠯᠲᠠᠯᠵᠠᠨ 
 ᠮᠢᠨᠤ ᠪᠡᠭᠡᠷᠡᠭᠰᠡᠨ ᠪᠣᠳᠣᠯ ᠢ ᠭᠡᠳᠡᠭᠡᠯᠡᠵᠤ ᠪᠠᠶ᠋ᠢᠯ᠎ᠠ 

 ᠬᠥᠪᠬᠢᠨ ᠤᠷᠭᠤᠭᠰᠠᠨ ᠥᠩᠭᠡᠲᠦ ᠮᠥᠭᠥ
 ᠵᠡᠭᠡᠯᠢ ᠳᠦᠭᠦᠷᠡᠩ ᠮᠠᠷᠭᠠᠰᠢ ᠵᠢᠷᠤᠨ ᠰᠠᠵᠢᠯᠠᠬᠤ ᠳᠤ 
 ᠬᠦᠢᠰ ᠨᠢ ᠵᠠᠳᠠᠷᠠᠭ᠎ᠠ ᠦᠭᠡᠢ ᠴᠡᠴᠡᠭ ᠦᠳ ᠭᠠᠳᠠᠭ᠎ᠠ ᠭᠦᠶᠦᠯᠳᠦᠨ 
 ᠭᠥᠰᠡᠯ ᠳᠡᠭᠡᠷ᠎ᠡ ᠤᠯᠠᠷᠢᠯ ᠪᠡᠯᠭᠡᠳᠡᠵᠤ ᠮᠢᠷᠠᠯᠵᠠᠨ᠎ᠠ ᠠ᠋ 
 
        ᠡᠪᠦᠭᠡᠳ ᠪᠠ ᠪᠣᠯᠵᠣᠮᠣᠷ
 ᠥᠪᠡᠷ ᠨᠢ ᠪᠣᠯ ᠳᠤᠤᠷ ᠤᠨ ᠣᠷᠬᠢᠭᠤᠯ 
 ᠥᠲᠡᠯᠬᠦ ᠳᠤᠷ᠎ᠠ ᠦᠭᠡᠢ 
 ᠵᠢᠷᠦᠬᠡ ᠨᠢ ᠪᠣᠯ ᠤᠶᠠᠩᠭᠠᠲᠤ ᠪᠣᠯᠵᠣᠮᠣᠷ ᠪᠢᠯᠡ
 ᠵᠡᠭᠦᠳᠦᠨ ᠡᠴᠡ ᠪᠡᠨ ᠶᠠᠭᠠᠷᠠᠤᠬᠠᠨ ᠪᠣᠰᠴᠤ 
 ᠵᠢᠰᠦᠷᠬᠡᠭ ᠮᠣᠳᠣᠳ ᠤᠨ ᠨᠠᠮᠠᠭᠠᠨ ᠠᠴᠠ ᠳᠡᠭᠥᠵᠢᠩᠨᠡᠨ ᠵᠢᠷᠭᠢᠬᠦ ᠳᠦ 
 ᠡᠷᠲᠡ ᠶᠢᠨ ᠲᠡᠭᠷᠢ 
 ᠡᠩᠭᠡᠰᠬᠡ ᠬᠡᠷᠡᠭᠰᠡᠬᠦ ᠦᠭᠡᠢ ᠭᠡᠤᠭᠡᠨ ᠴᠢᠷᠡᠢ ᠡᠶᠡᠯᠳᠡᠭ ᠤᠯᠠᠪᠠᠯᠵᠠᠨ᠎ᠠ 
 ᠳᠤᠭᠳᠤᠯᠤᠩᠬᠠᠨ ᠬᠠᠩᠭᠢᠨᠠᠬᠤ ᠡᠭᠡᠰᠢᠭ ᠢ ᠨᠢ 
 ᠳᠠᠭᠤᠳᠠᠵᠤ ᠴᠢᠳᠠᠬᠤ ᠵᠢᠰᠦ ᠣᠯᠳᠠᠬᠤ ᠦᠭᠡᠢ 
 ᠳᠣᠭᠤᠤᠷ ᠨᠢ ᠴᠢᠩᠨᠠᠨ ᠦᠩᠭᠡᠷᠡᠬᠦ ᠳᠡᠬᠡᠨ 
 ᠲᠣᠣᠷ ᠪᠣᠯᠵᠣᠮᠣᠷ ᠬᠣᠶᠠᠷ ᠲᠤ 
 ᠲᠥᠢᠯ ᠦᠭᠡᠢ ᠵᠠᠢ ᠥᠭᠭᠦᠶ᠎ᠡ ᠭᠡᠵᠤ 
 ᠳᠤᠳᠤᠷ᠎ᠠ ᠬᠠᠴᠢᠨ ᠤᠶᠠᠩᠭᠠᠷᠠᠯ᠎ᠠ ᠠ᠋ ᠁
 
      ᠵᠢᠷᠭᠢᠵᠤ ᠬᠠᠷᠠᠭᠳᠠᠬᠤ ᠬᠠᠪᠤᠷ 
 ᠴᠡᠯ ᠨᠣᠭᠣᠭᠠᠨ ᠰᠢᠯᠦᠭ ᠦᠨ ᠰᠠᠬᠢᠭᠤᠰᠤ 
 ᠴᠤᠩᠬᠤ ᠪᠠᠷ ᠳᠣᠲᠣᠭᠰᠢ ᠪᠠᠨ ᠵᠢᠷᠭᠢᠬᠦ ᠳᠦ 
 ᠴᠡᠮᠴᠡᠭᠡᠷ ᠴᠠᠭᠠᠨ ᠮᠤᠩᠭᠤᠯ ᠪᠣᠳᠣᠯ 
 ᠡᠪᠦᠯᠵᠢᠶ᠎ᠡ ᠣᠷᠬᠢᠨ᠂  ᠭᠠᠳᠠᠭᠰᠢ ᠪᠠᠨ ᠳᠡᠪᠲᠡᠷᠢᠨ᠎ᠡ 

 ᠨᠠᠭᠠᠳᠤᠮ ᠳᠤ ᠲᠡᠮᠡᠦᠯᠬᠦ ᠭᠡᠤᠭᠡᠳ ᠤᠨ ᠰᠡᠳᠬᠢᠯ 
 ᠨᠠᠮᠠᠭ᠎ᠠ ᠪᠥᠬᠥᠨ ᠡᠴᠡ ᠬᠦᠬᠡᠷᠡᠵᠤ 
 ᠨᠠᠳᠠ ᠤᠷᠤᠭᠤ ᠬᠥᠯᠥᠭᠯᠡᠵᠦ ᠢᠷᠡᠬᠦ ᠭᠡᠤᠭᠡᠨ ᠬᠠᠶ᠋ᠢᠷ᠎ᠠ 
 ᠰᠠᠷᠠᠪᠴᠢ ᠣᠷᠢᠶᠠᠨ ᠭᠢᠯᠠᠰᠤᠨ᠎ᠠ 

 ᠤᠨᠲᠠᠵᠤ ᠪᠣᠰᠣᠭᠰᠠᠨ ᠡᠷᠪᠡᠬᠡᠢ ᠶᠢᠨ ᠳᠠᠯᠠᠪᠴᠢ 
 ᠣᠷᠣᠭᠰᠢ ᠭᠠᠩᠬᠤᠬᠤ ᠴᠡᠴᠡᠭ ᠦᠨ ᠰᠢᠯᠪᠢᠨ ᠳᠦ ᠮᠢᠷᠠᠯᠵᠠᠵᠤ 
 ᠤᠨᠲᠠᠷᠠᠳᠠᠭ ᠦᠭᠡᠢ ᠳᠤᠯᠭ᠎ᠠ ᠶᠢᠨ ᠭᠠᠯ 
 ᠤᠯᠠᠷᠢᠯ ᠬᠦᠭᠡᠷᠥᠭᠥᠯᠵᠤ ᠳᠦᠷᠡᠯᠵᠡᠬᠦ ᠳᠡᠬᠡᠨ 
 ᠮᠢᠨᠤ᠂ ᠵᠡᠭᠦᠨ ᠬᠠᠨ᠎ᠠ ᠶᠢ ᠵᠤᠤᠮᠠᠯᠵᠠᠩᠬᠠᠨ ᠳᠤᠭᠰᠢᠨ᠎ᠠ ᠠ᠋     
                             1990.3

   ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

   ᠦᠰᠦᠭ ᠠᠮᠢᠯᠠᠭᠤᠯᠤᠭᠰᠠᠨ ᠨᠢ ᠄  ᠴᠣᠯᠮᠣᠨᠲᠦᠶᠠᠭ᠎ᠠ  
        ᠬᠢᠨᠠᠭᠴᠢ ᠄  ᠭᠠᠸᠠ
               2023᠂ 5᠂ 27 ᠪ ᠡᠲᠦᠷ