3-54-59ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠭᠰᠢᠨ ᠲᠠᠷᠬᠠᠭᠰᠠᠨ ᠬᠡᠢ᠂ ᠡᠰᠡ ᠰᠢᠩᠭᠡᠬᠦ᠂ ᠪᠡᠲᠡᠭᠢ᠂ ᠬᠠᠪᠤᠩ᠂ ᠪᠠᠷᠠᠭᠳᠠᠭᠤᠯᠤᠭᠴᠢ ᠶᠡᠬᠡ ᠠᠷᠬᠠᠭ᠂ ᠠᠮᠢᠰᠬᠤᠯ ᠪᠦᠭᠲᠡᠨᠡᠬᠦ ᠶ᠋ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-54-59ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠭᠰᠢᠨ ᠲᠠᠷᠬᠠᠭᠰᠠᠨ ᠬᠡᠢ᠂ ᠡᠰᠡ ᠰᠢᠩᠭᠡᠬᠦ᠂ ᠪᠡᠲᠡᠭᠢ᠂ ᠬᠠᠪᠤᠩ᠂ ᠪᠠᠷᠠᠭᠳᠠᠭᠤᠯᠤᠭᠴᠢ ᠶᠡᠬᠡ ᠠᠷᠬᠠᠭ᠂ ᠠᠮᠢᠰᠬᠤᠯ ᠪᠦᠭᠲᠡᠨᠡᠬᠦ ᠶ᠋ᠢ ᠵᠠᠰᠠᠬᠤ

3-54-59ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠲᠣᠭᠰᠢᠨ ᠲᠠᠷᠬᠠᠭᠰᠠᠨ ᠬᠡᠢ᠂ ᠡᠰᠡ ᠰᠢᠩᠭᠡᠬᠦ᠂ ᠪᠡᠲᠡᠭᠢ᠂ ᠬᠠᠪᠤᠩ᠂ ᠪᠠᠷᠠᠭᠳᠠᠭᠤᠯᠤᠭᠴᠢ ᠶᠡᠬᠡ ᠠᠷᠬᠠᠭ᠂ ᠠᠮᠢᠰᠬᠤᠯ ᠪᠦᠭᠲᠡᠨᠡᠬᠦ ᠶ᠋ᠢ ᠵᠠᠰᠠᠬᠤ

ᠠᠩᠭᠢᠯᠠᠯ:ᠡᠷᠡᠭᠦᠯ ᠡᠩᠬᠡ
2023-06-03

287

ᠲᠠᠪᠢᠨ ᠳᠥᠷᠪᠡ᠂ ᠲᠣᠭᠰᠢᠨ ᠲᠠᠷᠬᠠᠭᠰᠠᠨ ᠬᠡᠢ ᠶ᠋ᠢ ᠵᠠᠰᠠᠬᠤ

  ᠳᠣᠭᠰᠢᠨ ᠲᠠᠷᠬᠠᠭᠰᠠᠨ ᠬᠡᠢ ᠢᠨᠤ ᠰᠥᠨᠢ ᠡᠳᠦᠷ ᠤᠨᠲᠠᠵᠤ ᠦᠯᠦ ᠴᠢᠳᠠᠬᠤ᠃ ᠲᠡᠭᠦᠨ ᠳ᠋ᠦ᠍ ᠤᠪᠠᠳᠢᠰ ᠤ᠋ᠨ ᠰᠡᠷᠢᠭᠦᠨ ᠨᠠᠶ᠋ᠢᠷᠠᠯᠭ᠎ᠠ ᠶ᠋ᠢ ᠶᠠᠰᠤᠨ ᠱᠥᠯᠥ ᠪᠡᠷ ᠳᠠᠷᠤᠭᠤᠯ᠃ ᠡᠰᠡ ᠠᠷᠢᠯᠪᠠᠰᠤ ᠠᠭᠠᠷᠤ —8 ᠶ᠋ᠢ ᠰᠢᠲᠦᠭᠦᠯ᠂ ᠬᠥᠯᠥᠷᠡᠪᠡᠰᠦ ᠰᠠᠢᠨ᠃

ᠲᠠᠪᠢᠨ ᠲᠠᠪᠤ᠂ ᠡᠰᠡ ᠰᠢᠩᠭᠡᠬᠦ ᠡᠪᠡᠳᠴᠢᠨ ᠊ᠢ ᠵᠠᠰᠠᠬᠤ

  ᠳᠣᠲᠣᠷ ᠡᠪᠡᠳᠴᠢᠨ ᠡᠰᠡ ᠰᠢᠩᠭᠡᠬᠦ ᠢᠨᠤ᠂ ᠢᠳᠡᠭᠡᠨ ᠊ᠢ ᠬᠡᠲᠦᠷᠬᠡᠢ ᠢᠳᠡᠬᠦ ᠬᠢᠭᠡᠳ ᠵᠤᠨ ᠤ᠋ ᠴᠠᠭ ᠤ᠋ᠨ ᠬᠠᠯᠠᠭᠤᠨ ᠪᠠ ᠡᠪᠦᠯ ᠦ᠋ᠨ ᠴᠠᠭ ᠤ᠋ᠨ ᠰᠡᠷᠢᠭᠦᠨ ᠊ᠢ ᠰᠢᠲᠦᠭᠰᠡᠨ ᠦ᠌ ᠲᠡᠮᠳᠡᠭ᠃ ᠤᠷᠢᠳᠤᠬᠢ ᠨᠢ ᠰᠢᠩᠭᠡᠯ ᠦᠭᠡᠢ ᠪᠡᠷ ᠬᠣᠶ᠋ᠢᠨ᠎ᠠ ᠠ᠋ᠴᠠ ᠨᠢ ᠨᠡᠮᠡᠵᠦ ᠢᠲᠡᠭᠰᠡᠨ ᠭᠡᠮ ᠪᠣᠯᠠᠢ᠃ ᠳᠣᠲᠣᠷ ᠡᠪᠡᠳᠴᠢᠨ ᠪᠦᠬᠦᠨ ᠊ᠢ ᠡᠭᠦᠰᠬᠡᠬᠦ ᠳ᠋ᠦ᠍᠂ ᠵᠣᠩᠰᠢ᠂ ᠪᠢᠪᠢᠯᠢᠩ᠂ ᠭᠠᠵᠠ᠂ ᠰᠢᠩᠼᠠ᠂ ᠵᠠᠮᠼᠤᠸᠨ᠂ ᠺᠡᠷᠤᠼᠤᠸᠠ᠂ ᠰᠸᠪᠦ᠋ᠷᠦ᠂ ᠽᠢᠳᠷᠠᠭ᠎ᠠ᠂ ᠠᠷᠤᠷ᠎ᠠ ᠶ᠋ᠢᠨ ᠦᠨᠡᠰᠦ᠂ ᠭᠦᠷᠭᠦᠮ᠂ ᠰᠢᠬᠢᠷ ᠵᠡᠷᠭᠡ ᠶ᠋ᠢ ᠬᠤᠪᠢ ᠲᠠᠭᠰᠢ ᠨᠠᠶ᠋ᠢᠷᠠᠭᠤᠯᠤᠭᠰᠠᠨ ᠴᠣᠭᠲᠤ ᠭᠠᠯ —11 ᠦ᠌ ᠨᠠᠶ᠋ᠢᠷᠠᠯᠭ᠎ᠠ ᠪᠠᠷ ᠡᠰᠡ ᠰᠢᠩᠭᠡᠬᠦ ᠪᠠ ᠠᠶᠤᠤᠯᠢᠬᠠᠢ ᠶ᠋ᠢᠨ ᠪᠡᠲᠡᠭᠢ᠂ ᠪᠣᠷᠣ ᠪᠠᠤᠭᠭᠨ ᠤ᠋ ᠵᠦᠢᠯ᠂ ᠳᠣᠲᠣᠷ ᠡᠪᠡᠳᠴᠢᠨ ᠪᠦᠬᠦᠨ ᠳ᠋ᠦ᠍ ᠰᠡᠳᠬᠢᠯ ᠦ᠋ᠨ ᠴᠢᠨᠳᠠᠮᠤᠨᠢ ᠠ᠋ᠴᠠ ᠦᠯᠡᠮᠵᠢ᠃

ᠲᠠᠪᠢᠨ ᠵᠢᠷᠭᠤᠭ᠎ᠠ᠂ ᠪᠡᠲᠡᠭᠢ ᠡᠪᠡᠳᠴᠢᠨ ᠊ᠢ ᠵᠠᠰᠠᠬᠤ

  ᠪᠡᠲᠡᠭᠢ ᠡᠪᠡᠳᠴᠢᠨ ᠳ᠋ᠦ᠍ ᠭᠠᠳᠠᠷ᠂ ᠳᠣᠲᠣᠷ᠂ ᠵᠠᠪᠰᠠᠷ ᠭᠡᠵᠦ ᠭᠤᠷᠪᠠ ᠪᠣᠢ᠃ ᠬᠠᠯᠠᠭᠤᠨ ᠬᠦᠢᠲᠡᠨ ᠪᠦᠭᠦᠳᠡ ᠡᠰᠡ ᠰᠢᠩᠭᠡᠭᠰᠡᠨ᠂ ᠴᠢᠰᠤ ᠰᠢᠷ᠎ᠠ᠂ ᠬᠡᠢ᠂ ᠬᠣᠷᠣᠬᠠᠢ᠂ ᠰᠢᠷ᠎ᠠ ᠤᠰᠤ᠂ ᠦᠰᠦ ᠡᠴᠡ ᠪᠣᠯᠤᠮᠤᠢ᠃ ᠲᠡᠭᠦᠨ ᠳ᠋ᠦ᠍ ᠶᠡᠷᠦ ᠶ᠋ᠢᠨ ᠡᠮ᠂ ᠴᠢᠨᠣ᠎ᠠ ᠶ᠋ᠢᠨ ᠪᠠᠭᠠᠰᠤ᠂ ᠶᠣᠯᠣ ᠶ᠋ᠢᠨ ᠪᠠᠭᠠᠰᠤ᠂ ᠰᠸᠼᠤᠸᠠ᠂ ᠵᠠᠼᠤᠸᠠ᠂ ᠺᠠᠷᠤᠼᠤᠸᠠ ᠪᠢᠪᠢᠯᠢᠩ᠂ ᠠᠷᠤᠷ᠎ᠠ᠂ ᠳ᠋ᠠᠯᠢ ᠭᠤᠷᠪᠠ ᠶ᠋ᠢᠨ ᠦᠨᠡᠰᠦ᠂ ᠲᠣᠭᠰᠢᠨ ᠨᠣᠮᠣᠬᠠᠳᠬᠠᠭᠰᠠᠨ ᠵᠣᠩᠰᠢ᠂ ᠭᠠᠵᠠ᠂ ᠫᠣᠸᠠᠷᠢ᠂ ᠼᠠᠯᠠ᠂ ᠢᠪᠠᠤᠬᠠᠢ ᠶ᠋ᠢᠨ ᠦᠨᠡᠰᠦ᠂ ᠳ᠋ᠢᠭᠳᠡ᠂ ᠪᠣᠩᠭᠠᠷ᠂ ᠵᠤᠭᠠᠩ᠂ ᠭᠦᠷᠭᠦᠮ᠂ ᠷᠦᠳᠠ᠂ ᠬᠣᠶᠠᠷ ᠽᠠᠨᠳᠠᠨ᠂ ᠪᠤᠶ᠋ᠢᠭᠠᠷ᠂ ᠫᠠᠬᠷᠢᠯᠲ᠋ᠠᠯ᠂ ᠪᠦᠯᠲᠦᠬ᠂ ᠰᠢᠬᠢᠷ ᠵᠡᠷᠭᠡ ᠶ᠋ᠢ ᠫᠠᠬᠷᠢᠯᠲ᠋ᠠᠯ᠂ ᠵᠣᠩᠰᠢ ᠶ᠋ᠢ ᠡᠷᠬᠢᠯᠡᠨ ᠪᠤᠰᠤᠳ ᠊ᠢ ᠬᠤᠪᠢ ᠲᠠᠭᠰᠢ ᠨᠠᠶ᠋ᠢᠷᠠᠭᠤᠯᠤᠬᠰᠠᠨ ᠶᠡᠬᠡ ᠭᠠᠷᠤᠳᠢ —24 ᠪᠡᠷ ᠪᠡᠲᠡᠭᠢ ᠶ᠋ᠢᠨ ᠵᠦᠢᠯ ᠊ᠢ ᠦᠨᠡᠰᠦᠨ ᠲᠣᠪᠷᠠᠭ ᠪᠣᠯᠭᠠᠮᠤᠢ᠃ ᠡᠰᠡ ᠰᠢᠩᠭᠡᠬᠦ ᠪᠠ ᠠᠶᠤᠤᠯᠢᠬᠠᠢ ᠲᠡᠷᠢᠭᠦᠲᠡᠨ ᠳ᠋ᠦ᠍ ᠮᠠᠰᠢ ᠲᠤᠰᠠᠲᠠᠢ᠃

  ᠬᠥᠮᠦᠨ ᠬᠢᠭᠡᠳ ᠭᠠᠬᠠᠢ ᠶ᠋ᠢᠨ ᠪᠠᠭᠠᠰᠤᠨ ᠳ᠋ᠤ᠌ ᠦᠨᠡᠰᠦ᠂ ᠪᠣᠩᠭᠠᠷ᠂ ᠳ᠋ᠦ᠋ᠭ᠌ᠮᠦᠨᠢᠦᠩ᠂ ᠯᠢᠭᠠᠲᠤᠷ᠂ ᠪᠠᠯᠢᠭ᠎ᠠ᠂ ᠳ᠋ᠤᠮᠷᡁᠢ᠂ ᠰᠠᠢᠨ ᠼᠠᠯᠠ᠂ ᠳ᠋ᠠᠷᠪᠤ᠂ ᠬᠤᠩᠯᠸᠨ᠂ ᠢᠪᠠᠤᠬᠠᠢ ᠶ᠋ᠢ ᠬᠦᠴᠦᠲᠡᠢ ᠲᠦᠯᠡᠭᠰᠡᠨ ᠦᠨᠡᠰᠦ ᠶ᠋ᠢ ᠨᠢᠭᠲᠠ ᠲᠠᠯᠬᠠᠳᠠᠵᠤ ᠰᠢᠬᠢᠷ ᠢ᠋ᠶ᠋ᠡᠷ ᠬᠥᠯᠭᠡᠯᠡᠭᠦᠯᠪᠡᠰᠦ ᠪᠡᠲᠡᠭᠢ ᠶ᠋ᠢᠨ ᠵᠦᠢᠯ ᠬᠢᠭᠡᠳ ᠡᠰᠡ ᠰᠢᠩᠭᠡᠬᠦ᠂ ᠰᠢᠷ᠎ᠠ ᠲᠡᠭᠦᠯᠳᠡᠷ ᠡᠪᠡᠳᠴᠢᠨ ᠳ᠋ᠦ᠍ ᠷᠠᠰᠢᠶᠠᠨ ᠮᠡᠲᠦ᠃

ᠲᠠᠪᠢᠨ ᠳᠣᠯᠣᠭ᠎ᠠ᠂ ᠬᠠᠪᠤᠩ ᠡᠪᠡᠳᠴᠢᠨ ᠊ᠢ ᠵᠠᠰᠠᠬᠤ

  ᠴᠠᠶ᠋ᠢᠪᠤᠷ᠂ ᠰᠤᠪᠠᠭ᠂ ᠤᠰᠤᠨ ᠬᠠᠪᠤᠩ ᠡᠪᠡᠳᠴᠢᠨ ᠦ᠌ ᠵᠦᠢᠯ ᠢᠨᠤ ᠬᠠᠯᠠᠭᠤᠨ ᠤ᠋ ᠦᠯᠡᠲᠡᠭᠲᠡᠯ᠂ ᠬᠦᠢᠲᠡᠨ ᠰᠡᠷᠢᠭᠦᠨ ᠊ᠢ ᠬᠦᠴᠦᠲᠡᠢ ᠬᠢᠭᠡᠳ ᠳᠣᠭᠣᠯᠭᠠᠭᠰᠠᠨ ᠤ᠋ ᠰᠡᠭᠦᠯ ᠳ᠋ᠦ᠍ ᠮᠢᠬ᠎ᠠ ᠲᠣᠰᠣ ᠢᠲᠡᠭᠰᠡᠨ᠂ ᠵᠤᠨ ᠤ᠋ ᠴᠠᠭ ᠲᠤ᠌ ᠮᠢᠬ᠎ᠠ ᠶ᠋ᠢ ᠶᠡᠬᠡᠳᠡ ᠢᠳᠡᠵᠦ ᠡᠰᠡ ᠰᠢᠩᠭᠡᠭᠰᠡᠨ ᠰᠢᠯᠲᠠᠭᠠᠨ ᠨᠤᠭᠤᠳ ᠠ᠋ᠴᠠ ᠴᠢᠰᠤ᠂ ᠰᠢᠷ᠎ᠠ ᠤᠰᠤ ᠶ᠋ᠢ ᠬᠡᠢ ᠪᠡᠷ ᠲᠦᠢᠪᠡᠭᠡᠭᠰᠡᠨ ᠢ᠋ᠶ᠋ᠡᠷ ᠴᠠᠶ᠋ᠢᠪᠤᠷ ᠬᠠᠪᠤᠩ ᠤᠳᠠᠪᠠᠰᠤ ᠰᠤᠪᠠᠭ ᠬᠠᠪᠤᠩ ᠪᠣᠯᠬᠤ᠂ ᠰᠤᠪᠠᠭ ᠤᠳᠠᠭᠰᠠᠭᠠᠷ ᠤᠰᠤᠨ ᠬᠠᠪᠤᠩ ᠪᠣᠯᠬᠤ ᠶᠤᠮ᠃

  ᠤᠰᠤᠨ ᠬᠠᠪᠤᠩ ᠳ᠋ᠤ᠌ ᠬᠠᠯᠠᠭᠤᠨ ᠬᠦᠢᠲᠡᠨ ᠬᠣᠶᠠᠷ ᠪᠣᠢ᠃ ᠬᠠᠯᠠᠭᠤᠨ ᠨᠢ᠄ ᠭᠡᠰᠢᠭᠦᠦ ᠨᠢ ᠨᠠᠷᠢᠨ ᠪᠥᠭᠡᠳ ᠰᠢᠭᠡᠰᠦᠨ ᠥᠩᠭᠡ ᠤᠯᠠᠭᠠᠨ᠃ ᠬᠦᠢᠲᠡᠨ ᠨᠢ ᠭᠡᠰᠢᠭᠦᠦ ᠨᠢ ᠶᠡᠬᠡ ᠬᠠᠪᠤᠩᠨᠠᠬᠤ ᠪᠥᠭᠡᠳ ᠰᠢᠭᠡᠰᠦᠨ ᠥᠩᠭᠡ ᠬᠥᠬᠡ ᠃ ᠬᠠᠯᠠᠭᠤᠨ ᠬᠠᠪᠤᠩ ᠡᠳᠡᠭᠡᠷᠡᠬᠦᠶ᠎ᠡ ᠪᠡᠷᠬᠡ᠂ ᠬᠦᠢᠲᠡᠨ ᠬᠠᠪᠤᠩ ᠡᠳᠡᠭᠡᠷᠡᠬᠦ ᠨᠢ ᠬᠢᠯᠪᠠᠷ ᠤ᠋ᠨ ᠲᠡᠳᠦᠢ᠃

  ᠡᠯᠢᠭᠡᠨ ᠡᠴᠡ ᠴᠤᠪᠤᠷᠠᠪᠠᠰᠤ ᠪᠠᠷᠠᠭᠤᠨ ᠲᠠᠯ᠎ᠠ ᠪᠠᠷ ᠠᠷᠪᠢᠳᠬᠤ᠂ ᠳᠡᠯᠢᠭᠦᠨ ᠡᠴᠡ ᠴᠤᠪᠤᠷᠠᠪᠠᠰᠤ ᠵᠡᠭᠦᠨ ᠲᠠᠯ᠎ᠠ ᠠ᠋ᠴᠠ ᠠᠷᠪᠢᠳᠬᠤ᠃

  ᠬᠦᠢᠲᠡᠨ ᠬᠠᠪᠤᠩ ᠤ᠋ᠨ ᠶᠡᠷᠦ ᠶ᠋ᠢᠨ ᠡᠮ᠄ ᠠᠩᠬ᠎ᠠ ᠡᠰᠡ ᠰᠢᠩᠭᠡᠬᠦ ᠶ᠋ᠢᠨ ᠦᠶᠡᠰ ᠦ᠋ᠨ ᠴᠣᠭᠲᠤ ᠭᠠᠯ —11 ᠶ᠋ᠢ ᠭᠡᠭᠦᠦ ᠶ᠋ᠢᠨ ᠬᠠᠯᠠᠭᠤᠨ ᠰᠦ ᠪᠡᠷ ᠳᠠᠷᠤᠭᠤᠯ᠃ ᠰᠦ ᠪᠡᠷ ᠪᠡᠶ᠎ᠡ ᠶ᠋ᠢ ᠨᠢ ᠤᠬᠢᠶᠠ᠂ ᠤᠮᠳᠠᠭᠠᠰᠪᠠᠰᠤ ᠰᠦ ᠤᠤᠭᠤᠯᠭ᠎ᠠ᠃ ᠭᠡᠭᠦᠦ᠂ ᠢᠩᠭᠡ ᠶ᠋ᠢᠨ ᠰᠦ ᠡᠴᠡ ᠪᠤᠰᠤ ᠰᠦ᠂ ᠤᠰᠤ ᠲᠡᠷᠢᠭᠦᠲᠡᠨ ᠊ᠢ ᠴᠡᠭᠡᠷᠯᠡᠬᠦ ᠬᠡᠷᠡᠭᠲᠡᠢ᠃ ᠬᠠᠪᠤᠩ ᠊ᠢ ᠬᠠᠲᠠᠭᠠᠬᠤ ᠡᠮ᠄ ᠳ᠋ᠠᠯᠢ3 ᠴᠢᠨ᠂ ᠰᠢᠩᠼᠠ2 ᠴᠢᠨ᠂ ᠰᠸᠪᠦᠢ᠍ᠷᠦ3 ᠴᠢᠨ᠂ ᠪᠢᠪᠢᠯᠢᠩ2 ᠴᠢᠨ᠂ ᠰᠸᠷᠵᠢᠵᠸᠮ᠎ᠡ2 ᠴᠢᠨ᠂ ᠦᠰᠥ᠋2 ᠴᠢᠨ᠂ ᠵᠠᠮᠪᠠ2 ᠴᠢᠨ᠂ ᠳ᠋ᠢᠭᠰᠸᠷᠢᠨ3 ᠴᠢᠨ᠂ ᠰᠢᠷ᠎ᠠ ᠰᠢᠪᠠᠭᠤᠨ ᠥᠲᠥᠨ ᠦᠨᠡᠰᠦ3 ᠴᠢᠨ᠂ ᠨᠣᠮᠣᠬᠠᠳᠬᠠᠭᠰᠠᠨ ᠲᠡᠮᠦᠷ ᠦ᠋ᠨ ᠲᠠᠯᠬ᠎ᠠ4 ᠴᠢᠨ᠂ ᠰᠦᠭᠮᠸᠯ2 ᠴᠢᠨ᠂ ᠠᠷᠤᠷ᠎ᠠ ᠶ᠋ᠢᠨ ᠶᠠᠰᠤ1 ᠴᠢᠨ᠂ ᠰᠠᠢᠨ ᠵᠠᠼᠤᠸᠠ1 ᠴᠢᠨ᠂ ᠪᠦᠵᠤᠬ1 ᠴᠢᠨ ( ᠥᠴᠦᠬᠡᠨ ᠲᠦᠯᠡᠵᠦ ᠬᠡᠷᠡᠭᠯᠡᠨ᠎ᠡ )᠂ ᠰᠢᠩ ᠠᠷ2 ᠴᠢᠨ᠂ ᠯᠢᠭᠠᠲᠤᠷ1 ᠴᠢᠨ ᠨᠤᠭᠤᠳ ᠊ᠢ ᠨᠠᠶ᠋ᠢᠷᠠᠭᠣᠯᠤᠬᠰᠠᠨ ᠳᠣᠭᠰᠢᠨ ᠭᠠᠯ —16 ᠬᠤᠪᠢ ᠲᠡᠭᠦᠰ ᠢ᠋ᠶ᠋ᠡᠷ ᠬᠠᠪᠤᠩ ᠡᠪᠡᠳᠴᠢᠨ ᠪᠦᠬᠦᠨ ᠳ᠋ᠦ᠍ ᠴᠠᠭ ᠤ᠋ᠨ ᠭᠠᠯ ᠬᠦᠷᠳᠦ ᠮᠥᠨ᠃

  ᠬᠠᠯᠠᠭᠤᠨ ᠬᠠᠪᠤᠩ ᠳ᠋ᠤ᠌᠄ ᠦᠯᠴᠦ2 ᠴᠢᠨ᠂ ᠰᠢᠷ᠎ᠠ ᠮᠦᠽᠢ3 ᠴᠢᠨ᠂ ᠳ᠋ᠠᠷᠪᠤ2 ᠴᠢᠨ᠂ ᠭᠠᠵᠠ1 ᠴᠢᠨ᠂ ᠪᠢᠪᠢᠯᠢᠩ1 ᠴᠢᠨ᠂ ᠫᠣᠸᠠᠷᠢ1 ᠴᠢᠨ᠂ ᠵᠠᠼᠤᠸᠠ1 ᠴᠢᠨ᠂ ᠰᠸᠼᠤᠸᠠ1 ᠴᠢᠨ᠂ ᠵᠠᠼᠤᠸᠠ1 ᠴᠢᠨ᠂ ᠪᠠᠯᠪᠤ ᠭᠦᠷᠭᠦᠮ2 ᠴᠢᠨ᠂ ᠪᠣᠶ᠋ᠢᠭᠠᠷ3 ᠴᠢᠨ᠂ ᠪᠠᠷᠠᠬᠱᠦᠢ᠍ᠨ2 ᠴᠢᠨ᠂ ᠪᠦᠵᠤᠬ2 ᠴᠢᠨ᠂ ᠵᠠᠮᠪᠠ3 ᠴᠢᠨ᠂ ᠽᠠᠨᠳᠠᠨ1 ᠴᠢᠨ ᠊ᠢ ᠨᠠᠶ᠋ᠢᠷᠠᠭᠣᠯᠤᠬᠰᠠᠨ ᠤᠰᠤᠨ ᠪᠣᠯᠣᠷ —15 ᠪᠠᠷ ᠬᠠᠯᠠᠭᠤᠨ ᠬᠠᠪᠤᠩ ᠡᠪᠡᠳᠴᠢᠨ ᠡᠴᠡ ᠭᠡᠲᠦᠯᠭᠡᠭᠴᠢ ᠸᠴᠢᠷ ᠠᠯᠮᠠᠰ ᠮᠥᠨ ᠃

  ᠭᠥᠯᠥᠭᠡᠯᠡᠬᠦ ᠡᠮ ᠨᠢ᠄ ᠰᠢᠷ᠎ᠠ ᠳ᠋ᠤ᠌ ᠰᠢᠬᠢᠷ ᠲᠡᠢ ᠤᠰᠤ᠂ ᠬᠡᠢ ᠳ᠋ᠦ᠍ ᠪᠤᠷᠠᠮ᠂ ᠪᠠᠳᠬᠠᠨ ᠳ᠋ᠤ᠌ ᠪᠠᠯ ᠢ᠋ᠶ᠋ᠠᠷ ᠥᠭ ᠃ ᠬᠠᠪᠤᠩ ᠡᠪᠡᠳᠴᠢᠨ ᠪᠦᠬᠦᠨ ᠳ᠋ᠦ᠍ ᠮᠢᠬ᠎ᠠ᠂ ᠴᠠᠢ᠂ ᠲᠣᠰᠣ᠂ ᠠᠮᠲᠠᠲᠤ ᠢᠳᠡᠭᠡᠨ ᠊ᠢ ᠴᠡᠭᠡᠷᠯᠡᠨ᠃ ᠢᠳᠡᠭᠡᠨ ᠊ᠢ ᠴᠡᠭᠡᠷᠯᠡᠨ ᠡᠰᠡ ᠴᠢᠳᠠᠪᠠᠰᠤ ᠡᠮ ᠥᠭᠬᠦ ᠬᠡᠷᠡᠭ ᠦᠭᠡᠢ ᠪᠣᠯᠠᠢ᠃

ᠲᠠᠪᠢᠨ ᠨᠠᠢ᠍ᠮᠠ᠂ ᠪᠠᠷᠠᠭᠳᠠᠭᠤᠯᠤᠭᠴᠢ ᠶᠡᠬᠡ ᠠᠷᠬᠠᠭ ᠢ᠋ ᠵᠠᠰᠠᠬᠤ

  ᠶᠡᠬᠡ ᠠᠷᠬᠠᠭ ᠬᠡᠮᠡᠬᠦ ᠢᠨᠤ ᠬᠣᠳᠣᠭᠣᠳᠣᠨ ᠭᠠᠯ ᠤ᠋ᠨ ᠢᠯᠴᠢ ᠪᠠᠭᠤᠷᠠᠵᠤ᠂ ᠬᠣᠳᠣᠭᠣᠳᠣ ᠥᠴᠦᠬᠡᠨ ᠡᠪᠡᠳᠬᠦ ᠪᠥᠭᠡᠳ ᠡᠷᠬᠡᠲᠡᠨ ᠳᠣᠷᠣᠶ᠋ᠢᠲᠠᠬᠤ᠂ ᠪᠡᠶ᠎ᠡ ᠶ᠋ᠢᠨ ᠴᠢᠨᠡᠭᠡ ( ᠲᠠᠮᠢᠷ ) ᠥᠴᠦᠬᠡᠨ᠂ ᠥᠩᠭᠡ ᠮᠠᠭᠤᠳᠠᠵᠤ ᠮᠢᠬ᠎ᠠ ᠨᠢᠮᠭᠡᠷᠡᠬᠦ ᠪᠣᠯᠠᠢ᠃

  ᠡᠭᠦᠨ ᠳ᠋ᠦ᠍ ᠪᠠᠯ᠂ ᠪᠤᠷᠠᠮ᠂ ᠦᠷ᠎ᠡ ᠶ᠋ᠢᠨ ᠲᠣᠰᠣ ᠶ᠋ᠢ ᠪᠤᠴᠠᠯᠭᠠᠭᠰᠠᠨ ᠤ᠋ ᠳᠣᠲᠣᠷ ᠰᠸᠪᠦᠢ᠍ᠷᠦ᠂ ᠶᠣᠯᠣ ᠶ᠋ᠢᠨ ᠪᠠᠭᠠᠰᠤ᠂ ᠰᠢᠩ ᠠᠷ᠂ ᠽᠠᠳᠢ᠂ ᠰᠸᠮ᠎ᠠ᠂ ᠷᠠᠨᠢ᠂ ᠨᠢᠰᠢᠩ᠂ ᠰᠢᠬᠢᠷ ᠊ᠢ ᠨᠠᠶ᠋ᠢᠷᠠᠭᠤᠯᠵᠤ ᠪᠡᠶ᠎ᠡ ᠶ᠋ᠢᠨ ᠲᠠᠮᠢᠷ ᠊ᠢ ᠳᠡᠭᠵᠢᠭᠦᠯᠬᠦ ᠪᠥᠭᠡᠳ ᠮᠢᠬᠠᠨ ᠤ᠋ ᠢᠯᠴᠢ ᠶ᠋ᠢ ᠳᠡᠯᠭᠡᠷᠡᠭᠦᠯᠬᠦ ᠪᠣᠯᠠᠢ᠃

ᠲᠠᠪᠢᠨ ᠶᠢᠰᠦ᠂ ᠠᠮᠢᠰᠬᠤᠯ ᠪᠦᠭᠲᠡᠨᠡᠬᠦ ᠶ᠋ᠢ ᠵᠠᠰᠠᠬᠤ

  ᠬᠡᠢ ᠴᠢᠰᠤ ᠬᠢᠮᠤᠷᠠᠭᠰᠠᠨ ᠢ᠋ᠶ᠋ᠠᠷ ᠠᠮᠢᠰᠬᠤᠯ ᠪᠥᠭᠯᠡᠷᠡᠬᠦ ᠡᠪᠡᠳᠴᠢᠨ ᠦ᠌ ᠰᠢᠨᠵᠢ ᠢᠨᠤ ᠠᠷᠤ ᠥᠪᠥᠷ ᠢ᠋ᠶ᠋ᠡᠷ ᠬᠠᠳᠬᠤᠯᠠᠵᠤ ᠠᠮᠢᠰᠬᠤᠯ ᠠᠮᠤᠷ ᠦᠭᠡᠢ ᠳ᠋ᠦ᠍᠄ ᠮᠠᠨᠤ᠂ ᠷᠦᠳᠠ᠂ ᠬᠠᠷ᠎ᠠ ᠬᠥᠬᠥᠯ᠂ ᠽᠠᠳᠢ᠂ ᠠᠭᠠᠷᠤ᠂ ᠭᠣᠣᠵᠢᠯᠠ᠂ ᠠᠵᠠᠬᠰᠸᠷᠵᠤᠮ᠂ ᠪᠠᠱᠠᠭ᠎ᠠ᠂ ᠵᠦᠷᠦᠷ᠎ᠠ ᠶ᠋ᠢ ᠪᠤᠴᠠᠯᠭᠠᠭᠰᠠᠨ ᠳᠠᠩ ᠢ᠋ᠶ᠋ᠠᠷ ᠰᠢᠲᠦᠭᠦᠯᠪᠡᠯ ᠦᠯᠦ ᠠᠷᠢᠯᠬᠤ ᠣᠭᠲᠣ ᠦᠭᠡᠢ᠃ ᠠᠩᠬᠠᠷᠤᠨ ᠠᠪᠤᠭᠰᠠᠨ ᠠᠮᠲᠠᠰᠢᠯᠭ᠎ᠠ ᠮᠥᠨ᠃

 

  ᠦᠰᠦᠭ ᠠᠮᠢᠯᠠᠭᠤᠯᠤᠭᠰᠠᠨ ᠨᠢ᠄ ᠱᠠᠬᠰᠠᠯ᠂ ᠦᠯᠵᠡᠶ᠋ᠢᠪᠠᠭᠠᠲᠤᠷ

  ᠬᠢᠨᠠᠭᠰᠠᠨ ᠨᠢ᠄ ᠱᠠᠬᠰᠠᠯ᠂ ᠪᠠᠶᠠᠷᠴᠡᠴᠡᠭ᠂ᠣᠤᠠᠬᠠᠨᠰᠤ᠎ᠠ