ᠦᠷ᠎ᠡ ᠬᠣᠶ᠋ᠢᠴᠢᠰ ᠲᠠᠭᠠᠨ ᠵᠠᠬᠢᠬᠤ ᠦᠭᠡ - ᠦ ᠂ ᠪᠣᠷᠣᠭᠠᠨ Үр хойчистоо захих үг - Ө ᠂ Бороон
ᠦᠷ᠎ᠡ ᠬᠣᠶ᠋ᠢᠴᠢᠰ ᠲᠠᠭᠠᠨ ᠵᠠᠬᠢᠬᠤ ᠦᠭᠡ
ᠦ ᠂ ᠪᠣᠷᠣᠭᠠᠨ
ᠰᠢᠷᠢᠳᠡᠭ ᠦ᠋ᠨ ᠪᠣᠲᠠᠬ᠋ᠠ ᠲᠡᠭᠦᠵᠦ ᠪᠠᠶ᠋ᠢᠬᠰᠠᠨ
ᠵᠦᠲᠡᠭᠦᠬᠡᠨ ᠠᠮᠢᠲᠤᠷᠠᠯ ᠶ᠋ᠢᠠᠨ ᠪᠣᠲᠣᠵᠤ ᠶᠠᠪᠤ
ᠰᠡᠤᠠᠬᠢᠯ ᠦ᠋ᠨ ᠭᠠᠯ ᠊ᠢ ᠴᠢᠨᠢ ᠨᠣᠴᠣᠭᠠᠵᠤ ᠪᠠᠶ᠋ᠢᠬᠰᠠᠨ
ᠵᠢᠷᠤᠮᠲᠤ ᠪᠤᠭᠤᠷᠤᠯ ᠶ᠋ᠢᠠᠨ ᠰᠢᠲᠦᠵᠦ ᠶᠠᠪᠤ !
ᠵᠣᠷᠢᠬᠰᠠᠨ ᠭᠠᠵᠠᠷ ᠲᠤ ᠴᠢᠨᠢ ᠬᠦᠷᠭᠡᠵᠦ ᠪᠠᠶ᠋ᠢᠬᠰᠠᠨ
ᠬᠥᠯᠥᠭ ᠤᠨᠤᠬ᠋᠎ᠠ ᠪᠠᠨ ᠬᠠᠶ᠋ᠢᠷᠠᠯᠠᠵᠤ ᠶᠠᠪᠤ
ᠵᠦᠳᠡᠷᠡᠭᠰᠡᠨ ᠦᠶ᠎ᠡ ᠴᠢᠨᠢ ᠲᠤᠰᠠᠯᠠᠵᠤ ᠪᠠᠶ᠋ᠢᠬᠰᠠᠨ
ᠬᠥᠮᠦᠨ ᠪ ᠰᠠᠶ᠋ᠢᠨ ᠊ᠢ ᠳᠤᠷᠠᠰᠴᠤ ᠶᠠᠪᠤ !
ᠠᠯᠲᠠᠬ᠋᠎ᠠ ᠣᠨᠣᠬ᠋ᠠ ᠲᠠᠢ ᠠᠮᠢᠲᠤᠷᠠᠵᠤ ᠪᠠᠶ᠋ᠢᠬᠰᠠᠨ
ᠵᠠᠯᠠᠭᠤ ᠨᠠᠰᠤ ᠪᠠᠨ ᠡᠷᠬᠢᠴᠡᠭᠦᠯᠵᠦ ᠶᠠᠪᠤ
ᠠᠶ᠋ᠢᠷᠠᠭ ᠰᠦ᠋ ᠪᠡᠷ ᠤᠮᠲᠠᠯᠠᠭᠤᠯᠵᠤ ᠪᠠᠶ᠋ᠢᠬᠰᠠᠨ
ᠵᠠᠶᠠᠬ᠋᠎ᠠ ᠲᠠᠪᠢᠯᠠᠩ ᠶ᠋ᠢᠠᠨ ᠳᠡᠭᠡᠳᠦᠯᠡᠵᠦ ᠶᠠᠪᠤ !
ᠤᠲᠤᠮ ᠤᠭᠰᠠᠬ᠋ᠠ ᠪᠠᠨ ᠵᠠᠯᠭᠠᠵᠤ ᠣᠷᠣᠰᠢᠲᠠᠭ
ᠲᠥᠷᠥᠯᠬᠢ ᠨᠤᠲᠤᠭ ᠶ᠋ᠢᠠᠨ ᠬᠠᠮᠠᠭᠠᠯᠠᠵᠤ ᠶᠠᠪᠤ
ᠤᠬᠠᠭᠠᠨ ᠪᠣᠲᠣᠯ ᠊ᠢ ᠴᠢᠨᠢ ᠰᠡᠯᠪᠢᠵᠦ ᠥᠭᠭᠦᠭᠰᠡᠨ
ᠲᠣᠮᠤᠭᠠᠲᠥ ᠪᠤᠭᠤᠷᠤᠯ ᠶ᠋ᠢᠠᠨ ᠬᠦᠨᠲᠦᠯᠡᠵᠦ ᠶᠠᠪᠤ !
ᠡᠬᠡ ᠬᠡᠯᠡ ᠪᠡᠨ ᠬᠠᠶ᠋ᠢᠷᠠᠯᠠᠵᠤ ᠶᠠᠪᠤ
ᠢᠯᠴᠢᠨ ᠳ᠋ᠤᠨᠢ ᠨᠠᠷᠠᠰᠤ ᠰᠢᠭ᠋ ᠮᠥᠩᠬᠡᠷᠡᠬᠦ ᠶᠤᠮ
ᠡᠷᠲᠡᠮ ᠦ᠋ᠨ ᠰᠤᠷᠭᠠᠯ ᠊ᠢ ᠴᠡᠭᠡᠵᠢᠯᠡᠵᠦ ᠶᠠᠪᠤ
ᠡᠷᠬᠢᠮ ᠦ᠋ᠨ ᠳᠡᠭᠡᠵᠢ ᠶ᠋ᠢ ᠬᠦᠷᠲᠡᠬᠦ ᠶᠤᠮ
2023 ᠣᠨ ᠪ6 ᠰᠠᠷ᠎ᠠ ᠶ᠋ᠢᠨ1
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠯᠢᠶᠠᠩ ᠵᠢᠨ ᠬᠤᠸᠠ
