ᠲᠡᠭᠦᠰᠪᠠᠶᠠᠷ ᠤᠨ ᠵᠠᠳᠠᠭᠠᠢ ᠰᠢᠯᠦᠭ ᠦᠳ - 1 Төгсбаярын задгай шүлгүүд -1
ᠲᠡᠭᠦᠰᠪᠠᠶᠠᠷ ᠤᠨ ᠵᠠᠳᠠᠭᠠᠢ ᠰᠢᠯᠦᠭ ᠦᠳ - 1
ᠡᠭᠦᠯᠡᠰ ᠦ᠋ᠨ ᠵᠠᠪᠰᠠᠷ ᠢ᠋ᠶ᠋ᠠᠷ ᠣᠭᠲᠠᠷᠭᠤᠢ ᠰᠡᠢᠮᠡᠯᠵᠡᠨᠡ ᠃
ᠣᠭᠲᠠᠷᠭᠤᠢ ᠶ᠋ᠢᠨ ᠵᠠᠪᠰᠠᠷ ᠢ᠋ᠶ᠋ᠠᠷ ᠣᠳᠣᠳ ᠰᠦᠮᠡᠯᠵᠡᠨ᠎ᠡ ᠃
ᠡᠭᠦᠯᠡᠰ ᠤᠷᠠᠩᠬᠠᠢ ᠤᠤ ᠂ ᠣᠭᠲᠠᠷᠭᠤᠢ ᠴᠣᠭᠣᠷᠣᠩᠬᠠᠢ ᠤᠤ ᠂ ᠣᠳᠣᠳ ᠰᠡᠢᠷᠡᠩᠬᠡᠢ ᠦᠦ ?
ᠰᠠᠨᠠᠭᠠᠨ ᠤ᠋ ᠵᠠᠪᠰᠠᠷ ᠢ᠋ᠶ᠋ᠠᠷ ᠰᠢᠯᠦᠭ ᠰᠢᠷᠭᠤᠯᠴᠠᠨᠠ ᠃
ᠰᠢᠯᠦᠭ ᠦ᠋ᠨ ᠵᠠᠪᠰᠠᠷ ᠢ᠋ᠶ᠋ᠠᠷ ᠠᠮᠢᠳᠤᠷᠠᠯ ᠡᠷᠭᠢᠯᠴᠡᠨᠡ
ᠰᠠᠨᠠᠭ᠎ᠠ ᠲᠠᠯᠪᠢᠭᠤ ᠤᠤ ᠂ ᠰᠢᠯᠦᠭ ᠳᠡᠯᠭᠡᠭᠦᠦ ᠦᠦ ᠂ ᠠᠮᠢᠳᠤᠷᠠᠯ ᠠᠭᠤᠤ ᠤᠤ?
ᠲᠤᠭᠤᠷᠠᠢ ᠶ᠋ᠢᠨ ᠣᠷᠣᠮ ᠲᠩᠷᠢ ᠶ᠋ᠢᠨ ᠬᠡᠯᠲᠡᠷᠬᠡᠢ
1
ᠠᠳᠤᠭᠤᠨ ᠤ᠋ ᠲᠠᠰᠢᠶᠠᠨ ᠳ᠋ᠤ᠌ ᠲᠣᠭᠣᠷ ᠤ᠋ᠨ ᠲᠠᠮᠠᠭ᠎ᠠ ᠂ ᠠᠲᠠᠷ ᠤ᠋ᠨ ᠲᠠᠰᠢᠶᠠᠨ ᠳ᠋ᠤ᠌ ᠲᠤᠭᠤᠷᠠᠢ ᠶ᠋ᠢᠨ ᠲᠠᠮᠠᠭ᠎ᠠ ᠃
ᠲᠤᠭᠤᠷᠠᠢ ᠶ᠋ᠢᠨ ᠲᠠᠮᠠᠭ᠎ᠠ ᠲᠠᠢ ᠭᠠᠵᠠᠷ ᠯᠠ ᠪᠠᠢᠪᠠᠯ ᠲᠤᠭᠤᠯᠴᠢᠨ ᠬᠦᠦ ᠶ᠋ᠢᠨ ᠨᠤᠲᠤᠭ ᠲᠡᠷᠡ ᠃
ᠮᠣᠩᠭᠣᠯ ᠤ᠋ᠨ ᠬᠡᠭᠡᠷ᠎ᠡ ᠶ᠋ᠢᠨ ᠮᠠᠯ ᠤ᠋ᠨ ᠮᠥᠷ ᠪᠣᠯ ᠮᠣᠩᠭᠣᠯᠴᠤᠳ ᠤ᠋ᠨ ᠠᠮᠢᠳᠤᠷᠠᠯ ᠤ᠋ᠨ ᠲᠤᠯᠭ᠎ᠠ ᠶ᠋ᠢᠨ ᠰᠠᠭᠤᠷᠢ᠃
2
ᠲᠤᠭᠤᠷᠠᠢ ᠶ᠋ᠢᠨ ᠣᠷᠣᠮ ᠳ᠋ᠤ᠌ ᠲᠣᠨᠣᠭᠰᠠᠨ ᠤᠰᠤᠨ ᠳ᠋ᠤ᠌ ᠲᠤᠩᠭᠠᠯᠠᠭ ᠲᠡᠭᠷᠢ ᠶ᠋ᠢᠨ ᠬᠡᠯᠲᠡᠷᠬᠡᠢ ᠲᠡᠢ᠃
ᠲᠠᠬ᠎ᠠ ᠲᠠᠢ ᠠᠭᠲᠠ ᠶ᠋ᠢᠨ ᠬᠠᠳᠠᠨ ᠴᠥᠮᠥᠴᠢᠭᠡᠳ ᠲᠠᠯ᠎ᠠ ᠶ᠋ᠢᠨ ᠮᠠᠩᠨᠠᠢ ᠶ᠋ᠢ ᠰᠣᠷᠪᠢᠰᠢᠭᠤᠯᠴᠢᠪᠠ ᠤᠤ᠂ ᠲᠠᠴᠢᠭᠢᠨᠠᠭᠰᠠᠨ ᠲᠤᠭᠤᠷᠠᠢ ᠶ᠋ᠢᠨ ᠬᠠᠲᠠᠭᠤ ᠴᠠᠪᠴᠢᠭᠠᠨ ᠲᠡᠭᠷᠢ ᠶ᠋ᠢᠨ ᠲᠠᠩᠨᠠᠢ ᠶ᠋ᠢ ᠬᠡᠭᠵᠡᠯᠡᠴᠢᠪᠡ ᠦᠦ?
ᠴᠥᠮ ᠪᠢᠰᠢ ᠃
ᠠᠨᠳᠠ ᠶ᠋ᠢᠨ ᠲᠤᠭᠤᠷᠠᠢ ᠳᠡᠯᠡᠬᠡᠢ ᠶ᠋ᠢᠨ ᠴᠡᠭᠡᠵᠢᠨ ᠳ᠋ᠦ᠍ ᠪᠣᠩᠬᠣᠭᠣᠷᠬᠠᠨ ᠠᠶᠠᠭ᠎ᠠ ᠰᠡᠢᠯᠦᠭᠰᠡᠨ ᠪᠠᠢᠨ᠎ᠠ ᠃ ᠠᠭᠠᠳᠠᠷ ᠬᠤᠷ᠎ᠠ ᠠᠶᠠᠭᠠᠨ ᠳᠡᠭᠡᠵᠢᠨ ᠳ᠋ᠦ᠍ ᠬᠣᠩᠭᠣᠷᠬᠠᠨ ᠰᠢᠯᠦᠭ ᠰᠦᠷᠴᠢᠭᠰᠡᠨ ᠪᠠᠢᠨ᠎ᠠ ᠃
ᠰᠣᠳᠣᠨ ᠰᠢᠯᠦᠭ ᠲᠦ᠍ ᠨᠢ ᠰᠣᠭᠲᠣᠭᠰᠠᠨ ᠲᠡᠭᠷᠢ ᠨᠢᠳᠦᠨ ᠰᠢᠯ ᠢ᠋ᠶ᠋ᠡᠨ ᠭᠣᠬᠠᠳᠠᠵᠤ ᠬᠠᠭᠠᠯᠤᠭᠰᠠᠨᠠ ᠂ ᠰᠢᠯᠦᠭ ᠲᠣᠨᠣᠭᠰᠠᠨ ᠪᠣᠩᠬᠣᠭᠣᠷᠬᠠᠨ ᠠᠶᠠᠭᠠᠨ ᠳ᠋ᠤ᠌ ᠰᠢᠯ ᠦ᠋ᠨ ᠬᠢᠨᠢ ᠬᠡᠯᠲᠡᠷᠬᠡᠢ ᠪᠤᠲᠠᠷᠠᠵᠤ ᠲᠤᠰᠴᠠᠢ ᠃
ᠪᠣᠩᠬᠣᠭᠣᠷᠬᠠᠨ ᠠᠶᠠᠭᠠᠲᠠᠢ ᠰᠢᠯᠦᠭ ᠳᠣᠲᠣᠷᠠᠬᠢ ᠪᠤᠲᠠᠷᠠᠭᠰᠠᠨ ᠬᠡᠯᠲᠡᠷᠬᠡᠢ ᠡᠴᠡ ᠪᠢ ᠮᠡᠳᠡᠯ᠎ᠡ ᠄ ᠲᠡᠭᠷᠢ ᠶ᠋ᠢᠨ ᠵᠡᠭᠦᠳᠡᠭ ᠨᠢᠳᠦᠨ ᠰᠢᠯ ᠨᠢ ᠴᠡᠩᠬᠡᠷᠬᠡᠨ ᠥᠩᠭᠡᠲᠡᠢ ᠪᠠᠢᠳᠠᠭ ᠶᠤᠮ ᠪᠠᠢᠨ᠎ᠠ ᠃
ᠰᠣᠯᠣᠩᠭ᠎ᠠ ᠲᠠᠯ᠎ᠠ
1
ᠬᠥᠮᠦᠰ ᠰᠣᠯᠣᠩᠭ᠎ᠠ ᠶ᠋ᠢ ᠬᠥᠭᠥᠷᠭᠡ ᠭᠡᠳᠡᠭ ᠃
ᠬᠥᠭᠦᠷᠭᠡᠨ ᠳᠣᠭᠤᠤᠷ ᠮᠥᠷᠡᠨ ᠦ᠌ ᠳᠠᠪᠠᠯᠭᠠᠨ ᠃
ᠰᠣᠯᠣᠩᠭᠠᠨ ᠳᠣᠭᠤᠤᠷ ᠮᠣᠷᠢᠨ ᠤ᠋ ᠳᠠᠪᠬᠢᠭᠠᠨ ᠃
ᠠᠢ ! ᠮᠢᠨᠦ ᠨᠤᠲᠤᠭ ᠤ᠋ᠨ ᠰᠣᠯᠣᠩᠭ᠎ᠠ ᠠ᠋ ᠂ ᠴᠢ ᠬᠥᠭᠥᠷᠭᠡ ᠪᠢᠰᠢ ᠬᠠᠷᠢᠨ ᠮᠣᠷᠢᠨ ᠳᠡᠭᠡᠷ᠎ᠡ ᠥᠨᠳᠡᠢᠭᠰᠡᠨ ᠬᠦᠦ ᠶ᠋ᠢᠨ ᠮᠥᠷᠦᠨ ᠳᠡᠭᠡᠷ᠎ᠡ ᠪᠡᠨ ᠡᠭᠦᠷᠦᠭᠰᠡᠨ ᠨᠤᠮᠤ ᠃
2
ᠬᠥᠭᠦᠷᠭᠡᠨ ᠰᠣᠯᠣᠩᠭ᠎ᠠ ᠨᠤᠮᠤ ᠶᠤᠮ ᠪᠣᠯ ᠬᠥᠪᠴᠢ ᠨᠢ ᠲᠡᠷᠡ ᠲᠠᠯ᠎ᠠ ᠪᠠᠢᠨ᠎ᠠ ᠰᠢᠦ !
ᠰᠣᠩᠭᠢᠨ᠎ᠠ ᠶ᠋ᠢᠨ ᠨᠣᠭᠣᠭᠠᠨ ᠲᠠᠯ᠎ᠠ ᠳᠡᠭᠡᠭᠦᠷ ᠰᠣᠯᠣᠩᠭᠠᠨ ᠳᠣᠯᠣᠭᠠᠨ ᠥᠩᠭᠡ –– ᠭᠤᠸ᠎ᠠ ᠰᠠᠢᠬᠠᠨ ᠤ᠋ ᠪᠦ᠋ᠷᠢᠯᠣᠠ ᠃
ᠨᠣᠮᠣᠨ ᠰᠣᠯᠣᠩᠭ᠎ᠠ ᠠ᠋ ᠂ ᠬᠥᠪᠴᠢ ᠳᠡᠭᠡᠷ᠎ᠡ ᠪᠡᠨ ᠣᠨᠢᠯᠠᠬᠤ ᠰᠤᠮᠤ ᠴᠢᠨᠢ ᠬᠠᠷᠠᠭᠳᠠᠬᠤ ᠦᠭᠡᠢ ᠨᠢ ᠬᠠᠮᠢᠭᠠᠬᠠᠨᠠᠡ ᠪᠠᠢᠨ᠎ᠠ ᠪᠣᠢ ?
–– ᠵᠢᠷᠦᠬᠡ ᠶ᠋ᠢ ᠴᠢᠨᠢ ᠬᠡᠳᠦᠢᠨᠡᠢ ᠣᠨᠣᠴᠢᠬᠠᠭᠠᠳ ᠵᠢᠪᠡ ᠲᠡᠢ ᠪᠡᠨ ᠵᠢᠷᠦᠬᠡᠨ ᠳ᠋ᠦ᠍ ᠴᠢᠨᠢ ᠪᠠᠢᠨ᠎ᠠ ᠰᠢᠦ᠂ ᠰᠤᠮᠤ ᠮᠢᠨᠢ ᠃
ᠵᠢᠭᠠᠯ ᠠ᠋ᠴᠠ ᠪᠠᠨ ᠵᠢᠷᠦᠬᠡ ᠮᠢᠨᠢ ᠰᠣᠯᠣᠩᠭᠠᠨ ᠳ᠋ᠤ᠌ ᠳᠤᠷᠠᠲᠠᠢ ᠰᠠᠨ ᠂ ᠵᠡᠪᠡ ᠳ᠋ᠦ᠍ ᠰᠦᠪᠡᠯᠡᠭᠳᠡᠴᠢᠬᠡᠭᠡᠳ ᠯᠡ ᠳᠡᠭᠡᠭᠡ ᠪᠢᠵᠡ ᠃
3
ᠰᠣᠩᠭᠢᠨ᠎ᠠ ᠶ᠋ᠢᠨ ᠨᠣᠭᠣᠭᠠᠨ 《ᠬᠥᠪᠴᠢ 》 ᠰᠤᠨᠤᠯᠵᠠᠵᠤ ᠰᠣᠯᠣᠩᠭᠠᠨ ᠳᠣᠯᠣᠭᠠᠨ ᠥᠩᠭᠡ ᠨᠣᠮᠤᠯᠵᠠᠨᠡ ᠃
ᠥᠷᠭᠡᠨ ᠯᠡ ᠭᠡᠵᠦ ᠰᠠᠨᠠᠳᠠᠭ ᠶᠤᠮ ᠳᠠ ᠲᠠᠯ᠎ᠠ ᠪᠠᠨ ᠂ ᠥᠨᠥ ᠶᠠᠭᠠᠬᠢᠭᠠᠳ ᠨᠣᠮᠣᠨ ᠤ᠋ ᠬᠥᠪᠴᠢ ᠪᠣᠯᠵᠤ ᠨᠠᠷᠢᠰᠤᠨ ᠰᠤᠨᠤᠴᠢᠪᠠ ?
–– ᠦᠬᠡᠷ ᠦ᠋ᠨ ᠠᠷᠠᠰᠤ ᠶ᠋ᠢ ᠲᠠᠲᠠᠪᠠᠯ ᠬᠤᠢᠪᠢ ᠶ᠋ᠢᠨ ᠰᠤᠷ ᠭᠠᠷᠳᠠᠭ ᠰᠢᠭ᠋ ᠥᠷᠭᠡᠨ ᠲᠠᠯ᠎ᠠ ᠶ᠋ᠢ ᠲᠠᠲᠠᠪᠠᠯ ᠬᠥᠪᠴᠢ ᠶ᠋ᠢᠨ ᠰᠢᠷᠪᠥᠰᠥ ᠭᠠᠷᠬᠤ ᠦᠭᠡᠢ ᠦᠦ ?
ᠵᠠ᠂ ᠲᠡᠷᠡ ᠲᠠᠯ᠎ᠠ ᠮᠢᠨᠢ ᠂ ᠨᠣᠮᠢᠨ ᠰᠣᠯᠣᠩᠭ᠎ᠠ ᠶ᠋ᠢ ᠯᠡ ᠬᠥᠪᠴᠢᠯᠡᠨ ᠮᠠᠲᠠᠭᠠᠳ ᠲᠡᠳᠦᠢ ᠦᠭᠡᠢ ᠂ ᠨᠣᠮᠢᠨ ᠲᠩᠷᠢ ᠶ᠋ᠢ ᠴᠦ᠍ ᠬᠥᠮᠥᠢᠲᠡᠯᠡ ᠲᠠᠲᠠᠵᠤ ᠪᠠᠢᠨ᠎ᠠ ᠰᠢᠦ !
ᠲᠠᠯ᠎ᠠ ᠳ᠋ᠤ᠌ ᠬᠥᠪᠴᠢ ᠶ᠋ᠢᠨ ᠰᠢᠷᠪᠥᠰᠥ ᠲᠡᠢ᠃
ᠲᠡᠰᠦᠷᠡᠰᠢ ᠦᠭᠡᠢ ᠡᠷᠴᠢᠰ ᠲᠡᠢ ᠃
ᠲᠡᠮᠡᠭᠡ
1
ᠲᠡᠮᠡᠭᠡ ᠲᠣᠮᠣ ᠪᠡᠶ᠎ᠡ ᠲᠡᠢ ᠃
ᠲᠡᠮᠡᠭᠡ ᠲᠣᠰᠣᠨ ᠪᠦᠬᠦ ᠲᠡᠢ ᠃
ᠪᠦᠬᠦ ᠨᠢ ᠮᠢᠬᠠᠨ ᠪᠦᠭᠦᠷᠭᠡ
ᠪᠡᠶ᠎ᠡ ᠨᠢ ᠮᠠᠩᠬᠠᠨ ᠬᠥᠭᠥᠷᠭᠡ ᠃
ᠮᠢᠬᠠᠨ ᠪᠥᠭᠥᠷᠭᠡᠨ ᠳᠤᠮᠳᠠ ᠪᠠᠨ
ᠮᠢᠩᠭᠠᠨ ᠵᠢᠩ ᠢ᠋ ᠬᠣᠮᠯᠠᠭᠠᠳ ᠮᠠᠩᠬᠠᠨ ᠨᠡᠯᠦᠭᠡᠷ ᠳᠠᠯᠠᠢ ᠶ᠋ᠢ ᠮᠠᠭᠤᠬᠠᠨ ᠭᠡᠲᠦᠯᠦᠭᠦᠯᠳᠡᠭ ᠠᠮᠢᠳᠤ ᠬᠥᠭᠥᠷᠭᠡ ᠶᠦ᠍ᠮ ᠳᠠ᠂ ᠬᠥᠭᠡᠷᠦᠬᠦᠢ !
2
ᠲᠣᠮᠣ ᠪᠡᠶ᠎ᠡ ᠲᠡᠢ ᠲᠡᠮᠡᠭᠡ ᠃
ᠲᠣᠰᠣᠨ ᠪᠦᠬᠦ ᠲᠡᠢ ᠲᠡᠮᠡᠭᠡ ᠃
ᠲᠣᠮᠣ ᠭᠡᠭᠴᠢ ᠪᠡᠶ᠎ᠡ ᠨᠢ ᠲᠣᠯᠣᠭᠠᠢ ᠲᠠᠢ ᠪᠠᠨ ᠰᠥᠭᠥᠳᠦᠭᠡᠳ ᠨᠦᠰᠡᠷ ᠬᠦᠨᠳᠦ ᠠᠴᠢᠶ᠎ᠠ ᠶ᠋ᠢ ᠬᠥᠰᠡᠷ ᠬᠡᠪᠲᠡᠵᠦ ᠲᠤᠰᠤᠨ᠎ᠠ ᠃
ᠦᠶᠡᠲᠦ ᠳᠥᠷᠪᠡᠨ ᠮᠥᠴᠢ ᠨᠢ ᠡᠪᠦᠳᠦᠭ ᠨᠤᠭᠤᠷᠠᠵᠤ ᠪᠠᠢᠪᠠᠴᠤ ᠥᠨᠳᠡᠢᠨ ᠪᠣᠰᠴᠤ ᠵᠣᠭᠰᠣᠮᠠᠭᠴᠠ ᠥᠯᠮᠡᠢ ᠳᠡᠭᠡᠷ᠎ᠡ ᠪᠡᠨ ᠪᠠᠭᠠᠨ᠎ᠠ ᠪᠠᠢᠨ᠎ᠠ ᠳᠠ ᠂ ᠬᠦᠴᠦᠲᠡᠨ !
ᠲᠡᠮᠡᠭᠡᠨ ᠦ᠌ ᠪᠡᠶ᠎ᠡ ᠲᠣᠮᠣ ᠃
ᠲᠡᠩᠬᠡᠭᠡ ᠨᠢ ᠪᠡᠶᠡᠡᠴᠡ ᠪᠡᠨ ᠲᠣᠮᠣ ᠃
ᠲᠤᠭᠤᠯ ᠪᠤᠬ᠎ᠠ
ᠲᠤᠭᠤᠯ ᠲᠤᠭᠤᠷᠭᠠᠨ ᠳᠡᠭᠡᠷ᠎ᠡ ᠳᠤᠬᠤ ᠪᠠᠨ ᠱᠦᠷᠭᠦᠭᠡᠨ᠎ᠡ ᠃
–– ᠤᠷᠭᠤᠬᠤ ᠶ᠋ᠢᠨ ᠲᠥᠯᠥᠭᠡ ᠮᠥᠷᠭᠥᠳᠡᠭ ᠰᠠᠨ ᠭᠡᠵᠦ ᠡᠪᠡᠷᠯᠡᠭᠡᠳᠦᠢ ᠲᠤᠭᠤᠯ ᠡᠪᠡᠷ ᠢ᠋ᠶ᠋ᠡᠨ ᠬᠡᠯᠡᠨ᠎ᠡ ᠃
–– ᠮᠥᠷᠭᠥᠬᠦ ᠶ᠋ᠢᠨ ᠲᠥᠯᠥᠭᠡ ᠤᠷᠭᠤᠳᠠᠭ ᠶᠤᠮ ᠭᠡᠵᠦ ᠮᠥᠭᠡᠷᠡᠩᠬᠡᠨ ᠪᠤᠬ᠎ᠠ ᠲᠤᠭᠤᠯ ᠳ᠋ᠤ᠌ ᠮᠡᠷᠭᠡᠯᠡᠨ᠎ᠡ ᠃
ᠡᠪᠡᠷᠳᠡᠢ ᠪᠤᠬ᠎ᠠ ᠲᠤᠯᠬᠤ ᠳᠤᠷᠠᠲᠠᠢ᠃
ᠡᠪᠡᠷᠯᠡᠭᠡᠳᠦᠢ ᠲᠤᠭᠤᠯ ᠲᠣᠭᠯᠠᠬᠤ ᠳᠤᠷᠠᠲᠠᠢ ᠃
ᠠᠭᠤᠯᠠ ᠡᠭᠦᠯᠡ
1
ᠠᠭᠤᠯᠠ ᠶ᠋ᠢᠨ ᠣᠷᠣᠢ ᠳ᠋ᠤ᠌ ᠡᠭᠦᠯᠡ ᠃
ᠡᠭᠦᠯᠡᠨ ᠦ᠌ ᠬᠣᠷᠮᠣᠢ ᠳ᠋ᠤ᠌ ᠠᠭᠤᠯᠠ ᠃
ᠠᠭᠤᠯᠠ ᠨᠢ ᠪᠠᠲᠤ ᠰᠦᠮᠪᠦᠷ –– ᠵᠣᠷᠢᠭ ᠃
ᠰᠢᠨᠲᠠᠷᠠᠰᠢ ᠦᠭᠡᠢ ᠃
ᠡᠭᠦᠯᠡ ᠨᠢ ᠪᠠᠬᠠᠨ ᠬᠥᠪᠰᠥᠭᠡᠷ –– ᠬᠦᠰᠡᠯ ᠃
ᠰᠢᠷᠣᠢᠳᠠᠰᠢ ᠦᠭᠡᠢ ᠃
2
ᠠᠭᠤᠯᠠᠨ ᠲᠣᠯᠣᠭᠠᠢ ᠡᠭᠦᠯᠡᠨ ᠮᠠᠯᠠᠭᠠᠢ ᠲᠠᠢ᠃
ᠡᠭᠦᠯᠡᠨ ᠲᠣᠯᠣᠭᠠᠢ ᠠᠭᠤᠯᠠᠨ ᠮᠠᠩᠨᠠᠢ ᠲᠠᠢ ᠃
ᠮᠠᠯᠠᠭᠠᠢ ᠨᠢ ᠰᠠᠯᠬᠢᠨ ᠳ᠋ᠤ᠌ ᠡᠯᠡᠭᠳᠡᠨ᠎ᠡ ᠃
ᠮᠠᠩᠨᠠᠢ ᠨᠢ ᠰᠠᠯᠬᠢᠨ ᠳ᠋ᠤ᠌ ᠢᠯᠢᠭᠳᠡᠨᠡ ᠃
ᠡᠯᠡᠭᠳᠡᠬᠦ ᠮᠠᠯᠠᠭᠠᠢ ᠶ᠋ᠢ ᠨᠢ ᠤᠰᠤ ᠪᠠᠷ ᠡᠮᠵᠢᠵᠦ ᠢᠯᠢᠭᠳᠡᠬᠦ ᠮᠠᠩᠨᠠᠢ ᠶ᠋ᠢ ᠨᠢ ᠤᠷᠭᠤᠮᠠᠯ ᠢ᠋ᠶ᠋ᠠᠷ ᠮᠢᠯᠢᠶᠠᠶᠤ !
ᠪᠠᠢᠭᠠᠯᠢ ᠶ᠋ᠢᠨ ᠵᠢᠰᠦᠨ ᠳ᠋ᠦ᠍ ᠵᠠᠰᠠᠯ ᠵᠣᠬᠢᠴᠠᠭᠤᠨ ᠪᠣᠯ ᠪᠢᠴᠢᠬᠠᠨ ᠵᠢᠷᠦᠬᠡᠨ ᠳ᠋ᠦ᠍ ᠮᠢᠨᠢ ᠬᠦᠰᠡᠯ ᠵᠤᠵᠠᠭᠠᠨ ᠰᠢᠦ ᠃
3
ᠡᠭᠦᠯᠡᠨ ᠦ᠌ ᠰᠡᠭᠦᠳᠡᠷ ᠠᠭᠤᠯᠠᠨ ᠲᠣᠯᠣᠭᠠᠢ ᠳ᠋ᠤ᠌ ᠃
ᠭᠤᠯᠠᠨ ᠰᠡᠭᠦᠳᠡᠷ ᠤᠰᠤᠨ ᠤ᠋ ᠡᠯᠢᠭᠡᠨ ᠳ᠋ᠦ᠍ ᠃
ᠠᠭᠤᠯᠠᠨ ᠲᠣᠯᠣᠭᠠᠢ ᠤᠰᠤᠨ ᠳ᠋ᠤ᠌ ᠲᠣᠩᠭᠣᠷᠤᠭᠠᠳ ᠡᠭᠦᠯᠡᠨ ᠮᠠᠯᠠᠭᠠᠢ ᠤᠰᠤᠨ ᠳ᠋ᠤ᠌ ᠲᠣᠨᠣᠯᠠ᠃
ᠲᠣᠩᠭᠣᠷᠤᠭᠰᠠᠨ ᠰᠡᠭᠦᠳᠡᠷ ᠢ᠋ ᠳᠥᠰᠢᠨ ᠪᠤᠰᠬᠠᠵᠤ ᠲᠣᠨᠣᠭᠰᠠᠨ ᠰᠡᠭᠦᠳᠡᠷ ᠢ᠋ ᠱᠦᠭᠦᠨ ᠪᠤᠴᠠᠭᠠᠵᠤ ᠴᠤᠬᠠᠮ ᠳᠦᠷᠢ ᠥᠭᠡᠳᠡ ᠨᠢ ᠭᠡᠲᠦᠯᠭᠡᠭᠴᠢ ᠪᠣᠯ ᠴᠤᠴᠠᠷᠠᠰᠢ ᠦᠭᠡᠢ《 ᠦᠨᠡᠨ ᠠᠬᠤᠢ 》 ᠯᠠ ᠴᠣᠷ ᠤ᠋ᠨ ᠭᠠᠭᠴᠠᠭᠠᠷ ᠮᠥᠨ ᠪᠥᠯᠥᠭᠡ ᠃
