ᠤᠶᠠᠬᠠᠨ ᠠᠭᠠᠯᠢᠲᠤ ᠳᠡᠯᠡᠬᠡᠢ - ᠲ ᠂ ᠭᠣᠮᠪᠣᠵᠠᠪ Уяхан аальт дэлхий - Т ᠂ Гомбожав
ᠤᠶᠠᠬᠠᠨ ᠠᠭᠠᠯᠢᠲᠤ ᠳᠡᠯᠡᠬᠡᠢ
ᠤᠶᠠᠬᠠᠨ ᠠᠭᠠᠯᠢᠲᠤ ᠳᠡᠯᠡᠬᠡᠢ
ᠬᠡᠨ ᠨᠢᠭᠡ ᠶ᠋ᠢ ᠪᠡᠨ ᠰᠠᠨᠠᠵᠤ ᠰᠡᠪᠢᠯᠵᠡᠬᠦ
ᠬᠡᠦᠬᠡᠨ ᠰᠠᠯᠬᠢ
ᠬᠡᠭᠡᠷ᠎ᠡ ᠲᠠᠯ᠎ᠠ ᠶ᠋ᠢᠨ ᠮᠢᠨᠢ ᠠᠮᠢᠰᠬᠤᠯ
ᠬᠡᠬᠦᠳᠡᠭ ᠤᠶᠠᠰᠬᠠᠵᠤ ᠰᠡᠩᠭᠢᠨᠡᠨ᠎ᠡ ᠪᠢᠯᠡ
ᠡᠭᠦᠷᠢᠲᠡ ᠬᠠᠷ᠎ᠠ ᠦᠯᠦ ᠪᠣᠲᠣᠬᠤ
ᠡᠮᠵᠡᠭᠬᠡᠨ ᠬᠠᠶ᠋ᠢᠷ᠎ᠠ
ᠡᠩᠬᠦᠷᠡᠢ ᠲᠩᠷᠢ ᠶ᠋ᠢᠨ ᠮᠢᠨᠢ ᠰᠠᠷ᠎ᠠ
ᠡᠲᠦᠷ ᠡᠲᠦᠷ ᠤᠶ᠋ᠢᠤᠠᠬᠠᠷ ᠠᠷᠭᠠᠲᠠᠵᠤ ᠮᠠᠨᠲᠤᠨ᠎ᠠ ᠪᠢᠯᠡ
ᠵᠥᠭᠡᠯᠡᠬᠡᠨ ᠤᠨᠠᠵᠤ ᠢᠷᠡᠬᠦ ᠤᠩᠭᠠᠷᠢᠯ ᠳᠦ
ᠵᠢᠷᠦᠬᠡ ᠨᠤᠭᠦᠳ ᠂ ᠲᠤᠵᠢ ᠳᠠᠷᠤᠭᠳᠠᠨ ᠤᠶᠠᠩᠭᠠᠷᠠᠵᠤ
ᠵᠡᠭᠦᠦ ᠶ᠋ᠢᠨ ᠦᠵᠦᠭᠦᠷ
ᠰᠢᠪᠡᠵᠦ ᠣᠴᠢᠬᠤ ᠵᠠᠮ ᠳ᠋ᠠᠭᠠᠨ ᠨᠢᠭᠡ ᠶ᠋ᠢ ᠪᠣᠲᠣᠵᠤ ᠤᠬᠠᠭᠠᠷᠠᠨ᠎ᠠ
ᠡᠷᠭᠡᠯᠡᠨ ᠶᠠᠷᠢᠬᠰᠠᠨ ᠦᠭᠡ ᠨᠤᠭᠦᠳ ᠪᠣᠯ ᠡᠷᠪᠡᠬᠡᠢ ᠶᠤᠮ
ᠡᠬᠡ ᠭᠠᠵᠠᠷ ᠦ᠋ᠨ ᠬᠠᠮᠤᠭ ᠬᠦᠢᠲᠡᠨ ᠬᠠᠷᠠᠴᠠ
ᠡᠵᠡᠭᠦᠢ ᠶ᠋ᠢᠨ ᠬᠥᠬᠡ ᠴᠢᠯᠠᠭᠤᠳ ᠴᠦ᠍
ᠡᠨᠡ ᠠᠭᠠᠯᠢᠨ ᠳᠦ ᠪᠦᠯᠢᠶᠡᠰᠦᠨ
ᠡᠩᠭᠡᠷ ᠶ᠋ᠢᠡᠨ ᠲᠡᠮᠲᠡᠴᠢᠨ ᠴᠡᠴᠡᠭᠯᠡᠨ᠎ᠡ
ᠠᠶᠠᠨ ᠳ᠋ᠠᠭᠠᠨ ᠵᠦᠳᠡᠷᠡᠭᠰᠡᠨ ᠨᠠᠷᠠ ᠶ᠋ᠢ
ᠠᠭᠠᠷ ᠳᠦᠭᠦᠷᠡᠩ ᠥᠩᠭᠡᠲᠦ ᠵᠡᠭᠦᠲᠦ ᠪᠡᠷ ᠪᠥᠪᠠᠶ᠋ᠢᠯᠠᠵᠤ
ᠠᠰᠬ᠎ᠠ ᠮᠠᠨᠠᠭᠰᠠᠨ ᠪᠦᠷᠭᠦᠳ ᠊ᠢ
ᠠᠯᠤᠰ ᠲᠤ ᠮᠢᠷᠠᠯᠵᠠᠬᠤ ᠠᠯᠴᠢᠭᠤᠷ ᠤᠷᠤᠭᠤ
ᠠᠮᠠᠷᠠᠭ ᠵᠠᠢ ᠪᠠᠷ ᠲᠠᠮᠤᠨ᠎ᠠ ᠪᠢᠯᠡ ᠁
ᠤᠬᠠᠭᠠᠨ ᠬᠠᠶ᠋ᠢᠷ᠎ᠠ ᠶ᠋ᠢᠨ ᠳᠣᠯᠭᠢᠶ᠎ᠠ ᠪᠠᠷ ᠶ᠋ᠢᠠᠨ
ᠠᠭᠤᠯᠠᠰ ᠦᠨᠦᠰᠦᠨ ᠳᠣᠭᠳᠣᠯᠬᠤ
ᠤᠶᠠᠬᠠᠨ ᠠᠭᠠᠯᠢᠲᠤ ᠳᠡᠯᠡᠬᠡᠢ ᠮᠢᠨᠢ ᠡ
ᠮᠢᠨᠲᠠᠰᠤᠨ ᠠᠮᠢᠰᠬᠤᠯ
ᠮᠢᠯᠢᠶᠠᠵᠤ ᠢᠷᠡᠬᠦ ᠤᠯᠠᠷᠢᠯ ᠳᠤᠮᠳᠠ ᠴᠢᠨᠢ
ᠮᠢᠩᠬ᠋᠎ᠠ ᠮᠢᠩᠭᠠᠨ ᠡᠷ᠎ᠡ ᠬᠥᠮᠦᠨ
ᠮᠠᠰᠢ ᠪᠠᠶᠠᠰᠬᠤᠯᠠᠩ ᠵᠢᠷᠭᠠᠵᠤ ᠶᠠᠪᠤᠨ᠎ᠠ ᠡ
ᠥᠨᠥᠴᠢᠨ ᠭᠤᠸ᠋᠎ᠠ
ᠡᠨᠲᠡ ᠳᠠᠯᠠᠢ ᠠᠯᠠᠬ᠋᠎ᠠ
ᠡᠨᠡᠬᠦ ᠭᠤᠷᠪᠠᠯᠵᠢᠨ ᠬᠣᠶ᠋ᠢᠬ ᠪᠣᠯ
ᠡᠩᠬᠦᠷᠡᠶ᠋ᠢᠯᠡᠯ ᠳᠦ ᠮᠠᠷᠲᠠᠭᠲᠠᠭᠰᠠᠨ ᠭᠠᠵᠠᠷ ᠦ᠋ᠨ ᠥᠭᠡᠲᠡᠰᠦ ᠪᠢᠯᠡ
ᠡᠩᠭᠡᠷ ᠬᠤᠪᠠᠬᠠᠢ ᠢᠴᠢᠩᠭᠦᠷᠡᠯ ᠳᠦ
ᠡᠰᠡ ᠲᠦᠪᠲᠡᠬᠦ
ᠡᠮᠵᠡᠭᠬᠡᠨ ᠳᠣᠭᠳᠣᠯᠤᠯ
ᠴᠢ ᠂ ᠡᠨᠲᠡ ᠴᠡᠴᠡᠭᠯᠡᠯᠡ ᠡ
ᠵᠠᠮ ᠦ᠋ᠳ ᠴᠢᠮᠠᠶ᠋ᠢ ᠲᠠᠨᠢᠵᠤ ᠡᠰᠡ ᠴᠢᠲᠠᠨ ᠵᠠᠶ᠋ᠢᠯᠠᠰᠬᠢᠵᠦ
ᠵᠠᠯᠠᠭᠤᠬᠠᠨ ᠰᠡᠤᠠᠬᠢᠯ ᠳ᠋ᠤ᠌ ᠴᠢᠨᠢ ᠤᠶ᠋ᠢᠤᠠᠬᠠᠷ ᠣᠷᠬᠢᠨ ᠥᠩᠭᠡᠷᠡᠨ᠎ᠡ ᠪᠢᠯᠡ
ᠬᠠᠩᠭᠠᠢ ᠬᠡᠶ᠋ᠢᠬᠦᠮᠡ ᠰᠣᠲᠤᠬᠠᠨ ᠮᠢᠰᠢᠶᠡᠯ ᠴᠢᠨᠢ
ᠬᠠᠨᠢᠰᠴᠤ ᠴᠢᠲᠠᠬᠤ ᠦᠭᠡᠢ
ᠬᠠᠪᠢ ᠲᠥᠰᠦᠷ ᠦ᠋ᠨ ᠴᠢᠨᠢ ᠦᠯᠦ ᠣᠶ᠋ᠢᠯᠠᠭᠠᠬᠤ ᠬᠠᠷᠠᠴᠠ
ᠬᠠᠷᠢᠨ ᠴᠢᠮᠠᠶ᠋ᠢ ᠳᠠᠭᠵᠢᠲᠠᠯ᠎ᠠ ᠰᠢᠭᠤᠷᠴᠦ ᠢᠷᠡᠨ᠎ᠡ ᠡ
ᠳᠠᠪᠬᠤᠷ ᠳᠠᠪᠬᠤᠷ ᠥᠯᠥᠨ ᠥᠷᠲᠡᠭᠡ ᠳᠠᠮᠵᠢᠨ
ᠲᠠᠩᠬᠠᠨ ᠴᠠᠮᠴᠠ ᠲᠠᠢ ᠴᠡᠴᠡᠷᠡᠵᠦ ᠢᠷᠡᠬᠦ ᠨᠠᠷᠠᠨ ᠳᠦ
ᠲᠠᠭᠠᠷᠠᠬᠤ ᠳ᠋ᠠᠭᠠᠨ ᠴᠢ ᠴᠢᠯᠠᠭᠤᠵᠢᠪᠠ ᠪᠢᠯᠢᠤ
ᠳᠠᠷᠬᠠᠳ ᠦ᠋ᠨ ᠰᠦᠬᠡ
ᠲᠠᠯᠠᠨ ᠬᠠᠷ᠎ᠠ ᠶ᠋ᠢᠨ ᠭᠠᠨᠲᠢᠬ
ᠰᠡᠤᠠᠬᠢᠯ ᠊ᠢ ᠴᠢᠨᠢ ᠬᠠᠮᠤᠭ ᠢᠯᠡᠭᠦᠦ ᠮᠡᠳᠡᠳᠡᠭ ᠪᠠᠶ᠋ᠢᠵᠠᠢ ᠡ
ᠮᠥᠨᠭᠬᠡᠯᠡᠭᠳᠡᠭᠰᠡᠨ ᠢᠨᠢᠶᠡᠯ ᠴᠢᠨᠢ
ᠮᠥᠨᠲᠥᠷ ᠰᠥᠷᠦᠨ ᠡᠯᠢᠭᠡ ᠥᠨᠥᠴᠢᠨ ᠴᠡᠴᠡᠭᠯᠡᠵᠦ
ᠮᠥᠷᠡᠨ ᠭᠣᠣᠯ ᠳᠦ ᠤᠷᠤᠰᠬᠠᠵᠤ ᠴᠢᠲᠠᠬᠤ ᠦᠭᠡᠢ ᠭᠤᠨᠢᠬ ᠴᠢᠨᠢ
ᠮᠥᠩᠭᠥᠨ ᠬᠤᠨᠲᠠᠬ᠋ᠠ ᠳᠦᠪ ᠳᠦᠭᠦᠷᠡᠩ ᠴᠠᠯᠭᠢᠯᠠᠨ᠎ᠠ ᠪᠢᠯᠡ
ᠡᠨᠡ ᠠᠷᠢᠬᠢᠨ ᠳᠦ ᠡᠷ᠎ᠡ ᠬᠥᠮᠦᠨ ᠰᠣᠭᠲᠣᠵᠤ ᠤᠨᠠᠨ᠎ᠠ
ᠡᠲᠦᠷ ᠬᠣᠨᠣᠭ ᠦ᠋ᠨ ᠦᠷᠭᠦᠭᠰᠡᠨ ᠣᠯᠠᠨ ᠰᠢᠪᠠᠭᠤ ᠰᠣᠭᠲᠣᠵᠤ ᠤᠨᠠᠨ᠎ᠠ ᠡ
ᠡᠭᠦᠯᠡ ᠪᠣᠯ ᠴᠢᠮ᠎ᠠ ᠠ᠋ᠴᠠ ᠬᠣᠯᠠᠬᠠᠨ ᠣᠷᠣᠰᠢᠬᠤᠢ
ᠦᠲᠡᠰᠢ ᠪᠣᠯᠭᠠᠨ ᠵᠡᠭᠦᠲᠦᠨ ᠳ᠋ᠡᠭᠡᠨ ᠪᠢ
ᠴᠢᠮ᠎ᠠ ᠳᠦ ᠬᠠᠨᠢᠰᠤᠨ ᠪᠦᠵᠢᠳᠡᠭ ᠪᠢᠯᠡ
ᠴᠢᠲᠠᠯ ᠮᠡᠬᠦᠰᠲᠡᠬᠦ ᠵᠠᠢ
ᠴᠠᠭᠠᠰᠤᠨ ᠳᠡᠭᠡᠷ᠎ᠡ ᠡᠴᠡ
ᠴᠢ ᠂ ᠨᠠᠲᠠ ᠤᠷᠤᠭᠤ ᠲᠡᠮᠡᠦᠯᠵᠦ ᠢᠷᠡᠨ᠎ᠡ
ᠭᠠᠵᠠᠷ ᠳᠡᠭᠡᠷ᠎ᠡ ᠡᠴᠡ
ᠪᠢ ᠴᠢᠮ᠎ᠠ ᠤᠷᠤᠭᠤ ᠭᠦᠶᠦᠵᠦ ᠣᠴᠢᠨ᠎ᠠ
ᠶᠠᠭᠤᠲᠠᠢ ᠨᠢᠮᠭᠡᠬᠡᠨ ᠵᠠᠢ ᠶᠤᠮ ᠪᠢᠯᠡ ?
ᠴᠢᠨᠦ ᠂ ᠴᠡᠴᠡᠭ ᠦ᠋ᠨ ᠰᠢᠯᠪᠢ
ᠭᠠᠵᠠᠷ ᠳᠡᠭᠡᠷ᠎ᠡ ᠪᠠᠭᠤᠵᠤ ᠡᠰᠡ ᠴᠢᠲᠠᠨ᠎ᠠ
ᠮᠢᠨᠦ ᠂ ᠮᠥᠷᠥᠭᠡᠲᠦᠯᠲᠦ ᠦᠯᠮᠡᠢ
ᠴᠠᠭᠠᠰᠤ ᠨᠡᠪᠲᠡᠯᠦᠨ ᠣᠷᠣᠵᠤ ᠡᠰᠡ ᠲᠠᠶ᠋ᠢᠯᠤᠨᠡ ᠡ ᠁
1989 ᠂12
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
ᠬᠢᠨᠠᠭᠴᠢ ᠄ ᠭᠠᠸᠠ
2023᠂ 5᠂ 28 ᠪ ᠡᠲᠦᠷ
