ᠰᠣᠯᠣᠩᠭ᠎ᠠ ᠲᠠᠢ ᠴᠠᠰᠤ-ᠬᠡᠦᠬᠡᠳ ᠤᠨ ᠳᠠᠭᠤᠤсолонготой цас_ Хүүхдийн дуу
ᠰᠤᠯᠤᠩᠭ᠎ᠠ ᠲᠠᠢ ᠴᠠᠰᠤ
ᠨᠠᠨ᠎ᠠ ᠨᠤᠨᠤ
ᠵᠤᠨ ᠶᠡᠷᠦ ᠨᠢ ᠴᠠᠰᠤ ᠣᠷᠣᠳᠠᠭ ᠶᠤᠮ ᠪᠣᠯᠪᠠ ᠤᠤ?
ᠰᠣᠯᠣᠩᠭ᠎ᠠ ᠲᠠᠢ ᠴᠠᠰᠤ ᠶᠡᠷᠦ ᠨᠢ ᠪᠠᠢᠳᠠᠭ ᠶᠤᠮ ᠪᠣᠯᠪᠠ ᠤᠤ?
ᠴᠡᠴᠡᠭ ᠨᠠᠪᠴᠢ ᠠᠯᠬᠠᠭᠯᠠᠭᠰᠠᠨ
ᠳᠡᠯᠭᠡᠷ ᠵᠤᠨ ᠤ᠋ ᠤᠯᠠᠷᠢᠯ ᠳ᠋ᠤ᠌
ᠵᠦᠯᠭᠡ ᠨᠣᠭᠣᠭᠠᠨ ᠲᠠᠯ᠎ᠠ ᠳ᠋ᠤ᠌ ᠪᠠᠨ
ᠵᠦᠰᠡᠷ ᠪᠣᠷᠣᠭᠠᠨ ᠣᠷᠣᠬᠤ ᠶᠤᠮ᠂
ᠴᠠᠪ ᠴᠠᠭᠠᠨ ᠴᠠᠰᠤᠬᠠᠨ
ᠣᠷᠣᠳᠠᠭ ᠶᠤᠮ ᠪᠣᠯᠪᠠ ᠤᠤ?
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ᠂
ᠴᠠᠪ ᠴᠠᠭᠠᠨ ᠴᠠᠰᠤᠬᠠᠨ ᠣᠷᠣᠳᠠᠭ ᠶᠤᠮ ᠪᠣᠯᠪᠠ ᠤᠤ?
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ᠂
ᠰᠠᠷᠠᠨᠠᠢ ᠴᠡᠴᠡᠭ ᠳᠡᠯᠭᠡᠷᠡᠭᠰᠡᠨ
ᠨᠠᠷᠠᠯᠠᠭ ᠵᠤᠨ ᠤ᠋ ᠤᠯᠠᠷᠢᠯ ᠳ᠋ᠤ᠌
ᠰᠡᠪᠰᠡᠭᠡᠷ ᠴᠠᠭᠠᠨ ᠴᠠᠰᠤᠬᠠᠨ ᠣᠷᠣᠳᠠᠭ ᠶᠤᠮ ᠪᠣᠯᠪᠠ ᠤᠤ?
ᠰᠣᠯᠣᠩᠭ᠎ᠠ ᠲᠠᠢ ᠴᠠᠰᠤ ᠶᠡᠷᠦ ᠨᠢ ᠪᠠᠢᠳᠠᠭ ᠶᠤᠮ ᠪᠣᠯᠪᠠ ᠤᠤ?
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ
ᠰᠣᠯᠣᠩᠭ᠎ᠠ ᠲᠠᠢ ᠴᠠᠰᠤ ᠶᠡᠷᠦ ᠨᠢ ᠪᠠᠢᠳᠠᠭ ᠶᠤᠮ ᠪᠣᠯᠪᠠ ᠤᠤ?
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ᠂
ᠴᠡᠴᠡᠭ ᠨᠠᠪᠴᠢ ᠠᠯᠬᠠᠭᠯᠠᠭᠰᠠᠨ
ᠳᠡᠯᠭᠡᠷ ᠵᠤᠨ ᠤ᠋ ᠤᠯᠠᠷᠢᠯ ᠳ᠋ᠤ᠌
ᠵᠦᠯᠭᠡ ᠨᠣᠭᠣᠭᠠᠨ ᠲᠠᠯ᠎ᠠ ᠳ᠋ᠤ᠌ ᠪᠠᠨ
ᠵᠦᠰᠡᠷ ᠪᠣᠷᠣᠭᠠᠨ ᠣᠷᠣᠬᠤ ᠶᠤᠮ
ᠴᠠᠪ ᠴᠠᠭᠠᠨ ᠴᠠᠰᠤᠬᠠᠨ ᠣᠷᠣᠳᠠᠭ ᠶᠤᠮ ᠪᠣᠯᠪᠠ ᠤᠤ?
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ
ᠴᠠᠪ ᠴᠠᠭᠠᠨ ᠴᠠᠰᠤᠬᠠᠨ ᠣᠷᠣᠳᠠᠭ ᠶᠤᠮ ᠪᠣᠯᠪᠠ ᠤᠤ
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ
ᠵᠤᠨ ᠣᠷᠣᠭᠰᠠᠨ ᠴᠠᠰᠤᠨ ᠢ᠋ᠶ᠋ᠠᠷ ᠲᠣᠭᠯᠠᠵᠤ ᠦᠵᠡᠬᠦ
ᠶᠤᠮᠰᠠᠨ
ᠭᠠᠸᠠ ᠦᠰᠦᠭ ᠠᠮᠢᠯᠠᠭᠤᠯᠵᠤ ᠬᠠᠳᠠᠪᠠ᠃
ᠮᠥᠴᠢᠷ ᠬᠢᠨᠠᠪᠠ
