《ᠰᠤᠳᠤᠷ ᠤᠨ ᠴᠢᠭᠤᠯᠭᠠᠨ》1-2-07ᠬᠣᠲᠠᠯᠠ ᠬᠠᠨ ᠠᠯᠲᠠᠨ ᠬᠠᠨ ᠲᠠᠢ ᠳᠠᠢᠳᠤᠭᠰᠠᠨ“Судрын чуулган”хотло хан алтан хантай дайдсан
ᠬᠣᠲᠠᠯᠠ ᠬᠠᠨ ᠠᠯᠲᠠᠨ ᠬᠠᠨ ᠲᠠᠢ ᠳᠠᠢᠳᠤᠭᠰᠠᠨ
ᠬᠣᠲᠠᠯᠠ ᠬᠠᠨ᠂ ᠠᠮᠪᠠᠭᠠᠢ ᠬᠠᠨ ᠤ᠋ ᠥᠰᠢᠶ᠎ᠡ ᠶ᠋ᠢ ᠠᠪᠬᠤ ᠶ᠋ᠢᠨ ᠲᠤᠯᠠᠳᠠ ᠠᠯᠲᠠᠨ ᠬᠠᠨ ᠲᠠᠢ ᠪᠠᠢᠯᠳᠤᠬᠤ ᠪᠠᠷ ᠮᠣᠷᠳᠠᠭᠰᠠᠨ᠂ ᠬᠢᠲᠠᠳ ᠤ᠋ᠨ ᠴᠡᠷᠢᠭ ᠢᠯᠠᠭᠳᠠᠵᠤ᠂ ᠬᠣᠲᠠᠯᠠ ᠬᠠᠨ ᠶᠡᠬᠡ ᠵᠦᠢᠯ ᠢ᠋ ᠣᠯᠵᠠᠯᠠᠭᠰᠠᠨ᠂ ᠬᠣᠲᠠᠯᠠ ᠬᠠᠨ ᠪᠤᠴᠠᠵᠤ ᠶᠠᠪᠤᠬᠤ ᠳ᠋ᠠᠭᠠᠨ ᠳᠥᠷᠪᠡᠨ ᠠᠢᠮᠠᠭ ᠤ᠋ᠨ ᠬᠢᠨ ᠳ᠋ᠦ᠍ ᠣᠯᠵᠠᠯᠠᠭᠳᠠᠭᠰᠠᠨ᠂ ᠲᠡᠳᠡᠨ ᠤ ᠭᠠᠷ ᠠ᠋ᠴᠠ ᠮᠤᠯᠲᠤᠷᠠᠨ ᠭᠡᠷ ᠲᠡᠭᠡᠨ ᠬᠠᠷᠢᠬᠤ ᠳ᠋ᠤ᠌ ᠭᠡᠷ ᠦ᠋ᠨ ᠬᠢᠨ ᠨᠢ ᠲᠡᠭᠦᠨ ᠢ᠋ ᠥᠩᠭᠡᠷᠡᠭᠰᠡᠨ ᠭᠡᠵᠦ ᠣᠢ ᠭᠠᠰᠢᠭᠤ ᠪᠣᠯᠵᠤ ᠪᠠᠢᠭᠰᠠᠨ ᠲᠤᠬᠠᠢ ᠴᠢᠷᠬᠠᠢ ᠯᠢᠩᠬᠦᠮ ᠦ᠋ᠨ ᠠᠴᠢ᠂ ᠰᠣᠷᠭᠣᠭᠳᠤᠭᠤ ᠴᠢᠨᠣ᠎ᠠ ᠶ᠋ᠢᠨ ᠬᠥᠪᠡᠭᠦᠨ ᠠᠮᠪᠠᠭᠠᠢ ᠬᠠᠨ ᠲᠠᠢᠴᠢᠭᠤᠳ ᠠᠢᠮᠠᠭ ᠤ᠋ᠨ ᠡᠵᠡᠨᠲᠡᠨ ᠪᠠᠢᠬᠤ ᠳ᠋ᠠᠭᠠᠨ ᠰᠠᠨᠠᠭᠠᠨ ᠳ᠋ᠠᠭᠠᠨ ᠲᠠᠭᠠᠷᠠᠭᠰᠠᠨ ᠬᠡᠦᠬᠡᠨ ᠣᠯᠵᠤ ᠠᠪᠠᠯᠢ ᠪᠣᠯᠭᠠᠬᠤ ᠪᠠᠷ ᠰᠢᠢᠳᠴᠦ᠂ ᠲᠠᠲ᠋ᠠᠷ ᠠᠢᠮᠠᠭ ᠤ᠋ᠳ ᠤᠷᠤᠭᠤ ᠶᠠᠪᠤᠵᠠᠢ᠃ ᠲᠡᠳᠡ ᠳᠣᠷᠣᠮᠵᠢᠯᠠᠭᠳᠠᠪᠠ ᠭᠡᠵᠦ ᠦᠵᠡᠭᠡᠳ: 《 ᠶᠠᠭᠠᠬᠢᠭᠠᠳ ᠮᠠᠨ ᠤ᠋ ᠬᠡᠦᠬᠡᠨ ᠳ᠋ᠦ᠍ ᠢᠩᠭᠢᠵᠦ ᠰᠦᠢ ᠲᠠᠯᠪᠢᠳᠠᠭ ᠶᠤᠮ ᠪᠣᠢ 》 ᠭᠡᠳ ᠲᠡᠭᠦᠨ ᠢ᠋ ᠬᠡᠳᠦᠨ ᠨᠥᠬᠥᠳ ᠴᠡᠷᠢᠭ ᠦ᠋ᠨ ᠬᠢᠨᠢ ᠬᠠᠮᠲᠤ ᠪᠠᠷᠢᠪᠴᠢᠯᠠᠨ ᠠᠪᠴᠤ ᠠᠯᠲᠠᠨ ᠬᠠᠨ ᠳ᠋ᠤ᠌ ᠬᠦᠷᠭᠡᠭᠦᠯᠵᠡᠢ᠃ ᠤᠴᠢᠷ ᠨᠢ ᠲᠠᠲ᠋ᠠᠷ ᠦ᠋ᠳ ᠲᠡᠷᠡ ᠦᠶ᠎ᠡ ᠳ᠋ᠦ᠍ ᠲᠡᠭᠦᠨ ᠤ ᠡᠷᠬᠡᠰᠢᠶᠡᠯ ᠳ᠋ᠦ᠍ ᠪᠠᠢᠭᠰᠠᠨ ᠠᠵᠤᠭᠤ᠃ ᠲᠤᠬᠠᠢ ᠶ᠋ᠢᠨ ᠤᠯᠤᠰ ᠤ᠋ᠨ ᠢ᠋ᠶ᠋ᠠᠨ ᠵᠠᠩᠰᠢᠯ ᠢ᠋ ᠳᠠᠭᠠᠨ ᠠᠯᠲᠠᠨ ᠬᠠᠨ ᠠᠮᠪᠠᠭᠠᠢ ᠶ᠋ᠢ ᠮᠣᠳᠣᠨ ᠡᠯᠵᠢᠭᠡᠨ ᠳ᠋ᠦ᠍ ᠬᠠᠲᠠᠵᠤ ᠠᠯᠠᠵᠠᠢ᠃ ᠲᠡᠭᠦᠨ ᠢ᠋ ᠠᠯᠠᠬᠤ ᠪᠠᠷ ᠠᠪᠴᠤ ᠶᠠᠪᠤᠬᠤ ᠳ᠋ᠤ᠌ ᠲᠡᠷᠡ ᠪᠡᠷ ᠥᠪᠡᠷ ᠦ᠋ᠨ ᠢ᠋ᠶ᠋ᠡᠨ ᠨᠢᠭᠡᠨ ᠨᠥᠬᠥᠷ ᠴᠡᠷᠢᠭ ᠪᠤᠯᠠᠭᠠᠴᠢᠨ ᠭᠡᠳᠡᠭ ᠬᠥᠮᠦᠨ ᠢ᠋ᠶ᠋ᠡᠷ ᠠᠯᠲᠠᠨ ᠭᠠᠨ ᠳ᠋ᠤ᠌ ᠬᠡᠯᠡᠭᠦᠯᠦᠭᠰᠡᠨ ᠨᠢ: 《 ᠴᠢ ᠴᠡᠷᠢᠭ ( ᠴᠡᠷᠢᠺ ) ᠬᠥᠮᠦᠨ ᠤ ᠡᠷ᠎ᠡ ᠵᠣᠷᠢᠭ ᠡᠷᠡᠯᠬᠡᠭ ᠪᠠᠭᠠᠲᠤᠷᠯᠢᠭ᠋ ᠢ᠋ᠶ᠋ᠠᠷ ᠨᠠᠮᠠᠶ᠋ᠢ ᠪᠠᠷᠢᠵᠤ ᠠᠪᠤᠭ᠎ᠠ ᠦᠭᠡᠢ᠂ ᠬᠠᠷᠢᠨ ᠥᠭᠡᠷ᠎ᠡ ᠬᠥᠮᠦᠨ ᠪᠠᠷᠢᠨ ᠠᠪᠴᠤ ᠴᠢᠮ᠎ᠠ ᠳ᠋ᠤ᠌ ᠬᠦᠷᠭᠡᠭᠦᠯᠦᠭᠰᠡᠨ ᠰᠢᠦ᠃ ᠴᠢ ᠨᠠᠮᠠᠶ᠋ᠢ ᠮᠠᠭᠤᠬᠠᠢ ᠪᠠᠷ ᠢᠩᠭᠢᠵᠦ ᠠᠯᠠᠵᠤ ᠪᠠᠢᠭ᠎ᠠ ᠪᠠᠷ ᠢ᠋ᠶ᠋ᠠᠨ ᠬᠠᠳᠠᠨ ᠳᠠᠢᠴᠢ᠂ ᠬᠣᠲᠠᠯᠠ ᠬᠠᠨ᠂ ᠳᠤᠲᠠᠢ ᠂ ᠶᠢᠰᠦᠭᠡᠢ ᠪᠠᠭᠠᠲᠤᠷ ᠤ᠋ᠨ ᠬᠥᠪᠡᠭᠦᠳ ᠮᠣᠩᠭᠣᠯ᠂ ᠤᠯᠤᠰ ᠪᠠ ᠲᠥᠷᠥᠯ ᠠᠢᠮᠠᠭ ᠤ᠋ᠳ ᠤ᠋ᠨ ᠶᠡᠬᠡ ᠪᠠᠭ᠎ᠠ ᠬᠠᠮᠢᠶᠠᠲᠠᠨ ᠨᠤᠭᠤᠳ ᠤ᠋ᠨ ᠦᠰ ᠬᠣᠨᠵᠢᠨ ᠢ᠋ ᠨᠢ ᠲᠡᠪᠡᠷᠬᠡᠵᠦ ᠂ ᠥᠪᠡᠷ ᠦ᠋ᠨ ᠢ᠋ᠶ᠋ᠡᠨ ᠥᠰᠢᠶᠡᠲᠡᠨ ᠪᠣᠯᠭᠠᠵᠤ ᠪᠠᠢᠨ᠎ᠠ᠃ ᠲᠡᠳᠡ ᠮᠢᠨᠦ ᠥᠰᠢᠶ᠎ᠡ ᠶᠢ ᠠᠪᠬᠤ ᠶ᠋ᠢᠨ ᠲᠥᠯᠥᠭᠡ ᠪᠣᠰᠴᠤ ᠢᠷᠡᠬᠦ ᠨᠢ ᠡᠷᠡᠭᠡᠯᠵᠡᠭᠡ ᠦᠭᠡᠢ᠃ ᠡᠢᠮᠦ ᠳ᠋ᠦ᠍ ᠨᠠᠮᠠᠶ᠋ᠢ ᠠᠯᠠᠬᠤ ᠴᠢᠨᠢ ᠰᠠᠢᠨ ᠶᠠᠭᠤᠮ᠎ᠠ ᠪᠢᠰᠢ ᠰᠢᠦ 》 ᠭᠡᠵᠡᠢ᠃ ᠠᠯᠲᠠᠨ ᠬᠠᠨ ᠲᠡᠭᠦᠨ ᠢ᠋ ᠣᠭᠲᠣ ᠲᠣᠭᠣᠭᠰᠠᠨ ᠦᠭᠡᠢ ᠬᠠᠷᠢᠨ ᠳᠣᠭᠣᠭᠢᠯᠠᠩᠭᠤᠢ ᠪᠠᠢᠳᠠᠯ ᠢ᠋ᠶ᠋ᠠᠷ ᠬᠠᠷᠢᠭᠤᠯᠤᠭᠰᠠᠨ ᠨᠢ: 《 ᠡᠨᠡ ᠮᠡᠳᠡᠭᠡ ᠶ᠋ᠢ ᠨᠠᠳᠠ ᠳ᠋ᠤ᠌ ᠠᠪᠴᠤ ᠢᠷᠡᠭᠰᠡᠨ ᠴᠢ᠂ ᠥᠪᠡᠷ ᠢ᠋ᠶ᠋ᠡᠨ ᠶᠠᠪᠤ᠂ ᠲᠡᠷᠡ ᠬᠥᠮᠦᠰ ᠲᠡᠭᠡᠨ ᠮᠡᠳᠡᠭᠦᠯ 》 ᠭᠡᠪᠡ᠃ ᠲᠡᠷᠡ ᠪᠡᠷ ᠠᠮᠪᠠᠭᠠᠢ ᠬᠠᠨ ᠢ᠋ ᠲᠣᠨᠢᠯᠭᠠᠭᠠᠳ᠂ ᠨᠥᠭᠥᠭᠡ ᠪᠤᠯᠠᠭᠠᠴᠢᠨ ᠳ᠋ᠤ᠌ ᠵᠠᠷ ᠣᠯᠭᠣᠨ᠂ ᠠᠮᠪᠠᠭᠠᠢ ᠬᠠᠨ ᠢ᠋ ᠬᠣᠷᠣᠭᠠᠭᠰᠠᠨ ᠲᠤᠬᠠᠢ ᠲᠡᠭᠦᠨ ᠤ ᠠᠢᠮᠠᠭ ᠤ᠋ᠳ ᠲᠤᠨᠢ ᠮᠡᠳᠡᠭᠦᠯ ᠭᠡᠵᠦ ᠶᠠᠪᠤᠭᠤᠯᠵᠠᠢ᠃
ᠲᠡᠷᠡ ᠪᠡᠷ ᠳᠣᠪᠲᠣᠯᠤᠨ ᠶᠠᠪᠤᠭᠠᠳ ᠳᠥᠷᠪᠡᠨ ᠠᠢᠮᠠᠭ ᠲᠤ᠌ ᠣᠴᠢᠵᠠᠢ᠃ ᠲᠡᠷᠡ ᠪᠡᠷ ᠤᠨᠤᠭ᠎ᠠ ᠭᠤᠶᠤᠭᠰᠠᠨ ᠪᠣᠯᠪᠠᠴᠤ ᠥᠭᠭᠦᠭᠰᠡᠨ ᠦᠭᠡᠢ᠃ ᠡᠢᠮᠦ ᠳ᠋ᠦ᠍ ᠲᠡᠷᠡ ᠪᠡᠷ ᠥᠭᠦᠯᠡᠷᠦᠨ: 《 ᠮᠠᠷᠭᠠᠰᠢ ᠭᠡᠬᠦ ᠳ᠋ᠦ᠍ ᠯᠡ ᠮᠠᠨ ᠤ᠋ ᠠᠭᠤᠯᠠ ᠰᠢᠭ᠋ ᠣᠯᠠᠨ᠂ ᠦᠶᠡᠷ ᠦ᠋ᠨ ᠤᠰᠤ ᠰᠢᠭ᠋ ᠣᠪᠣᠯᠵᠠᠭᠰᠠᠨ ᠣᠯᠠᠨ ᠴᠡᠷᠢᠭ ᠢ᠋ᠶ᠋ᠡᠨ ᠪᠢᠳᠡ ᠡᠨᠳᠡ ᠢᠷᠡᠭᠦᠯᠳᠡᠭ ᠦᠭᠡᠢ ᠶᠤᠮ ᠪᠣᠯ ᠡᠷ᠎ᠡ ᠬᠥᠮᠦᠨ ᠪᠢᠰᠢ ᠪᠣᠯᠤᠶ᠎ᠠ ᠂ ᠭᠠᠢᠭᠤᠢ᠃ ᠲᠡᠭᠡᠬᠦ ᠳ᠋ᠦ᠍ ᠲᠠ ᠨᠠᠷ ᠪᠤᠯᠠᠭᠠᠴᠢᠨ ᠤ᠋ ᠦᠭᠡ ᠶ᠋ᠢ ᠲᠤᠭᠤᠯᠬᠤ ᠮᠢᠨᠢ ᠶᠠᠭᠠᠬᠢᠯ᠎ᠠ᠂ ᠭᠡᠵᠦ ᠭᠡᠮᠰᠢᠬᠦ ᠴᠠᠭ ᠢᠷᠡᠬᠦ ᠪᠣᠢ 》 ᠭᠡᠰᠡᠨ ᠪᠣᠯᠪᠠᠴᠤ ᠶᠡᠷᠦ ᠲᠣᠭᠣᠭᠰᠠᠨ ᠦᠭᠡᠢ᠃ ᠲᠡᠭᠡᠭᠡᠳ ᠲᠡᠷᠡ ᠪᠡᠷ ᠴᠠᠭᠠᠰᠢ ᠳᠣᠪᠲᠣᠯᠤᠨ ᠶᠠᠪᠤᠲᠠᠯ᠎ᠠ ᠠᠯᠲᠠᠨ ᠤ᠋ ᠥᠭᠭᠦᠭᠰᠡᠨ ᠮᠣᠷᠢᠳ ᠨᠢ ᠡᠴᠡᠭᠡᠳ ᠪᠦᠷ ᠵᠣᠭᠰᠣᠵᠠᠢ᠃ ᠡᠢᠮᠦ ᠡᠴᠡ ᠲᠡᠷᠡ ᠪᠡᠷ ᠴᠠᠭᠠᠰᠢ ᠵᠠᠪᠠᠭᠠᠨ ᠶᠠᠪᠤᠵᠤ ᠣᠴᠢᠲᠠᠯ᠎ᠠ ᠬᠠᠳᠠᠨ ᠲᠠᠢᠵᠢ᠂ ᠲᠡᠭᠦᠨ ᠤ ᠬᠥᠪᠡᠭᠦᠨ ᠨᠢ ᠳᠤᠲᠠᠢ ᠪᠠ ᠲᠡᠷᠡ ᠠᠢᠮᠠᠭ ᠤ᠋ᠨ ᠡᠵᠡᠨᠲᠡᠨ ᠠᠭᠰᠠᠨ ᠬᠣᠲᠠᠯᠠ ᠬᠠᠨ ᠮᠥᠨ ᠠᠮᠪᠠᠭᠠᠢ ᠬᠠᠨ ᠡᠴᠢᠭᠡ ᠶ᠋ᠢᠨ ᠬᠢᠨᠢ ᠦᠶᠡᠯᠢ ᠠᠬ᠎ᠠ ᠪᠣᠯᠬᠤ ᠶᠢᠰᠦᠭᠡᠢ ᠪᠠᠭᠠᠲᠤᠷ ᠨᠠᠷ ᠲᠤ᠌ ᠠᠮᠪᠠᠭᠠᠢ ᠬᠠᠨ ᠤ᠋ ᠲᠤᠬᠠᠢ᠂ ᠲᠡᠭᠦᠨ ᠢ᠋ ᠬᠥᠨᠥᠭᠡᠭᠰᠡᠨ ᠲᠤᠬᠠᠢ ᠲᠣᠳᠣᠷᠬᠠᠢ ᠶᠠᠷᠢᠵᠤ ᠮᠡᠳᠡᠭᠡᠯᠡᠪᠡ᠃
ᠳᠡᠭᠡᠷ᠎ᠡ ᠳᠤᠷᠠᠳᠤᠨ ᠪᠣᠢ ᠬᠥᠮᠦᠰ ᠦ᠋ᠨ ᠤ᠌ᠭ ᠰᠣᠷᠪᠤᠯᠴᠢ ᠨᠢ ᠭᠡᠪᠡᠯ:
ᠬᠠᠢᠳᠤ ᠬᠠᠨ ᠤ᠋ ᠬᠥᠪᠡᠭᠦᠨ ᠴᠢᠷᠬᠠᠢ ᠯᠢᠩᠭᠦᠮ ᠂ ᠡᠭᠦᠨ ᠤ ᠬᠥᠪᠡᠭᠦᠨ ᠰᠣᠷᠭᠤᠭᠳᠤᠭᠤ ᠴᠢᠨᠣ᠎ᠠ ᠡᠭᠦᠨ ᠤ ᠬᠥᠪᠡᠭᠦᠨ ᠨᠢ ᠠᠮᠪᠠᠭᠠᠢ ᠬᠠᠨ ᠠᠵᠤᠭᠤ᠃
ᠠᠮᠪᠠᠭᠠᠢ ᠬᠠᠨ ᠤ᠋ ᠬᠥᠪᠡᠭᠦᠨ ᠨᠢ ᠬᠠᠳᠠᠨ ᠲᠠᠢᠵᠢ᠂ ᠲᠡᠭᠦᠨ ᠤ ᠬᠥᠪᠡᠭᠦᠨ ᠨᠢ ᠲᠣᠳᠣᠢᠨ ( ᠳᠤᠲᠠᠢ ) ᠃
ᠬᠠᠢᠳᠤ ᠬᠠᠨ ᠤ᠋ ᠬᠥᠪᠡᠭᠦᠨ ᠨᠢ ᠲᠤᠮᠪᠢᠨᠠᠢ ᠬᠠᠨ᠂ ᠡᠭᠦᠨ ᠤ ᠬᠥᠪᠡᠭᠦᠨ ᠨᠢ ᠬᠠᠪᠤᠯ ᠬᠠᠨ᠂ ᠬᠠᠪᠤᠯ ᠬᠠᠨ ᠤ᠋ ᠬᠥᠪᠡᠭᠦᠨ ᠨᠢ ᠪᠠᠷᠲᠠᠨ ᠪᠠᠭᠠᠲᠤᠷ᠂ ᠪᠠᠷᠳᠠᠨ ᠪᠠᠭᠠᠲᠤᠷ ᠤ᠋ᠨ ᠬᠥᠪᠡᠭᠦᠨ ᠨᠢ ᠶᠢᠰᠦᠭᠡᠢ ᠪᠠᠭᠠᠲᠤᠷ ᠠᠵᠤᠭᠤ᠃
ᠠᠮᠪᠠᠭᠠᠢ ᠬᠠᠨ ᠦᠷᠡᠭᠳᠡᠭᠰᠡᠨ ᠲᠤᠬᠠᠢ ᠮᠡᠳᠡᠭᠡ ᠠᠪᠤᠮᠠᠭᠴᠠ᠂ ᠬᠠᠳᠠᠨ ᠳᠠᠢᠴᠢ᠂ ᠳᠤᠲᠠᠢ ᠪᠠ ᠶᠢᠰᠦᠭᠡᠢ ᠪᠠᠭᠠᠲᠤᠷ᠂ ᠮᠣᠩᠭᠣᠯᠴᠤᠳ ᠤ᠋ᠨ ᠤᠯᠤᠰ ᠤ᠋ᠳ᠂ ᠣᠯᠠᠨ ᠠᠢᠮᠠᠭ ᠤ᠋ᠨ ᠬᠢᠨ ᠠᠮᠪᠠᠭᠠᠢ ᠬᠠᠨ ᠤ᠋ ᠥᠰᠢᠶ᠎ᠡ ᠶᠢ ᠥᠰᠢᠬᠦ ᠲᠡᠢᠨ ᠳ᠋ᠦ᠍ ᠮᠣᠷᠳᠠᠬᠤ ᠲᠤᠬᠠᠢ ᠵᠥᠪᠯᠡᠯᠭᠡᠨ ᠬᠢᠵᠡᠢ᠃ ᠲᠡᠭᠡᠭᠡᠳ ᠬᠣᠲᠠᠯᠠ ᠬᠠᠨ ᠢ᠋ ᠬᠠᠨ ᠵᠡᠷᠭᠡ ᠳ᠋ᠦ᠍ ᠡᠷᠭᠦᠮᠵᠢᠯᠡᠭᠡᠳ᠂ ᠪᠦᠬᠦ ᠴᠡᠷᠢᠭ ᠢ᠋ᠶ᠋ᠡᠨ ᠲᠡᠭᠦᠨ ᠳ᠋ᠦ᠍ ᠵᠠᠬᠢᠷᠤᠭᠤᠯᠤᠨ ᠠᠯᠲᠠᠨ ᠬᠠᠨ ᠤ᠋ ᠤᠯᠤᠰ ᠤᠷᠤᠭᠤ ᠳᠣᠪᠲᠣᠯᠵᠠᠢ᠃ ᠲᠡᠷᠡ ᠬᠢᠲᠠᠳ ᠤ᠋ᠨ ᠨᠤᠲᠤᠭ ᠲᠤ᠌ ᠣᠷᠣᠵᠤ ᠠᠯᠲᠠᠨ ᠬᠠᠨ ᠤ᠋ ᠴᠡᠷᠢᠭ ᠲᠡᠢ ᠪᠠᠢᠯᠳᠤᠭᠠᠳ ᠪᠤᠲᠠ ᠴᠣᠬᠢᠭᠠᠳ ᠬᠢᠲᠠᠳ ᠦ᠋ᠳ ᠢ᠋ ᠬᠢᠳᠤᠵᠤ ᠲᠡᠳᠡᠨ ᠢ᠋ ᠲᠤᠨᠤᠨ ᠳᠡᠭᠡᠷᠡᠮᠳᠡᠵᠡᠢ᠃ ᠲᠡᠭᠡᠭᠡᠳ ᠣᠯᠵᠠᠯᠠᠭᠰᠠᠨ ᠶᠡᠬᠡᠬᠡᠨ ᠵᠦᠢᠯ ᠢ᠋ ᠬᠤᠪᠢᠶᠠᠨ ᠠᠪᠤᠭᠠᠳ ᠪᠤᠴᠠᠵᠠᠢ᠃ ᠬᠣᠲᠠᠯᠠ ᠬᠠᠨ ᠬᠥᠩᠭᠡᠨ ᠶᠠᠪᠤᠵᠤ ᠵᠠᠮ ᠳ᠋ᠠᠭᠠᠨ ᠪᠦᠷᠭᠦᠳ ᠲᠡᠢ ᠠᠩ ᠠᠪᠠᠯᠠᠵᠤ ᠪᠠᠢᠵᠠᠢ᠃ ᠳᠥᠷᠪᠡᠨ ᠠᠢᠮᠠᠭ ᠤ᠋ᠨ ᠬᠢᠨ ᠬᠣᠲᠠᠯᠠ ᠬᠠᠨ ᠬᠥᠩᠭᠡᠨ ᠢ᠋ᠶ᠋ᠡᠷ ᠶᠠᠪᠤᠵᠤ ᠪᠠᠢᠭ᠎ᠠ ᠶ᠋ᠢ ᠨᠢ ᠠᠵᠢᠭᠠᠳ᠂ ᠴᠡᠷᠢᠭ ᠴᠤᠭᠯᠠᠭᠤᠯᠤᠨ ᠠᠶᠠᠲᠠᠢᠬᠠᠨ ᠮᠥᠴᠡ ᠶ᠋ᠢ ᠲᠣᠬᠢᠶᠠᠯᠳᠤᠭᠤᠯᠤᠨ ᠵᠠᠮ ᠤ᠋ᠨ ᠳᠤᠮᠳᠠ ᠬᠢᠷᠢ ᠳ᠋ᠦ᠍ ᠲᠡᠭᠦᠨ ᠢ᠋ ᠳᠠᠭᠠᠷᠢᠵᠠᠢ᠃ ᠲᠡᠭᠡᠲᠡᠯ᠎ᠡ ᠨᠥᠬᠥᠷ ᠴᠡᠷᠢᠭ ᠦ᠋ᠳ ᠨᠢ ᠵᠢᠭᠤᠲᠠᠨ ᠲᠠᠷᠠᠵᠠᠢ᠃ ᠬᠣᠲᠠᠯᠠ ᠬᠠᠨ ᠥᠪᠡᠷ ᠢ᠋ᠶ᠋ᠡᠨ ᠵᠢᠭᠤᠲᠠᠨ ᠳᠠᠪᠬᠢᠭ᠍ᠰᠠᠭᠠᠷ ᠤᠷᠢᠳᠤ ᠪᠠᠢᠭᠰᠠᠨ ᠮᠠᠰᠢ ᠲᠣᠮᠣ ᠨᠠᠮᠤᠭ ᠲᠤ᠌ ᠲᠤᠯᠵᠤ ᠢᠷᠡᠵᠡᠢ᠃ ᠲᠡᠷᠡ ᠮᠣᠷᠢ ᠪᠠᠨ ᠲᠠᠰᠢᠭᠤᠷᠳᠠᠨ ᠨᠠᠮᠤᠭ ᠪᠠᠢᠭ᠎ᠠ ᠳ᠋ᠤ᠌ ᠪᠦᠷ ᠶᠠᠪᠤᠵᠤ ᠴᠢᠳᠠᠬᠤ ᠦᠭᠡᠢ ᠵᠣᠭᠣᠭᠳᠠᠵᠠᠢ᠃ ᠬᠣᠲᠠᠯᠠ ᠬᠠᠨ ᠥᠷᠥᠭᠡᠰᠦᠨ ᠬᠥᠯ ᠢ᠋ᠶ᠋ᠡᠷ ᠢ᠋ᠶ᠋ᠡᠨ ᠡᠮᠡᠭᠡᠯ ᠳᠡᠭᠡᠷ᠎ᠡ ᠪᠡᠨ ᠭᠢᠰᠬᠢᠵᠦ ᠪᠠᠢᠭᠠᠳ ᠨᠠᠮᠤᠭ ᠤ᠋ᠨ ᠵᠠᠬ᠎ᠠ ᠤᠷᠤᠭᠤ ᠬᠠᠷᠠᠢᠨ ᠭᠠᠷᠴᠠᠢ᠃ ᠲᠡᠭᠦᠨ ᠤ ᠬᠣᠢᠨ᠎ᠠ ᠠ᠋ᠴᠠ ᠨᠢ ᠬᠥᠭᠡᠭᠡᠵᠦ ᠶᠠᠪᠤᠭᠰᠠᠨ ᠳᠠᠢᠰᠤᠨ ᠨᠤᠭᠤᠳ ᠨᠠᠮᠤᠭ ᠢ᠋ ᠲᠣᠭᠣᠷᠢᠨ ᠬᠣᠲᠠᠯᠠ ᠬᠠᠨ ᠤ᠋ ᠥᠭᠡᠳᠡ ᠡᠴᠡ ᠨᠢ ᠢᠷᠡᠵᠦ ᠬᠠᠰᠬᠢᠷᠤᠯᠳᠤᠨ 《 ᠮᠣᠷᠢ ᠪᠠᠨ ᠠᠯᠳᠠᠭᠰᠠᠨ ᠮᠣᠩᠭᠣᠯ ᠶᠠᠭᠤ ᠬᠢᠵᠦ ᠴᠢᠳᠠᠳᠠᠭ ᠶᠤᠮ ᠪᠣᠢ ? ᠰᠠᠢᠨ ᠰᠠᠨᠠᠭ᠎ᠠ ᠪᠠᠷ ᠢ᠋ᠶ᠋ᠠᠨ ᠨᠠᠭᠠᠰᠢ ᠪᠠᠨ ᠢᠶ᠎ᠡ! 》 ᠭᠡᠵᠡᠭᠡᠨ᠎ᠡ᠃ ᠲᠡᠷᠡ ᠪᠡᠷ ᠡᠳᠡᠭᠡᠷ ᠦ᠋ᠨ ᠬᠡᠯᠡᠵᠦ ᠪᠠᠢᠭ᠎ᠠ ᠶᠢ ᠲᠣᠭᠣᠭᠰᠠᠨ ᠴᠤ᠌ ᠦᠭᠡᠢ ᠤᠷᠲᠤ ᠠ᠋ᠴᠠ ᠨᠢ ᠬᠡᠳᠦᠨ ᠰᠤᠮᠤ ᠲᠠᠯᠪᠢᠲᠠᠯ᠎ᠠ ᠲᠡᠳᠡ ᠲᠣᠨᠢᠯᠤᠭᠠᠳ ᠥᠭᠴᠡᠢ᠃ ᠬᠣᠲᠠᠯᠠ ᠬᠠᠨ ᠳᠠᠬᠢᠨ ᠨᠠᠮᠤᠭ ᠤ᠋ᠨ ᠵᠠᠬ᠎ᠠ ᠳᠡᠭᠡᠷ᠎ᠡ ᠢᠷᠡᠵᠦ ᠮᠣᠷᠢ ᠪᠠᠨ ᠰᠤᠭᠰᠤᠭᠠᠨ ᠠ᠋ᠴᠠ ᠨᠢ ᠲᠠᠲᠠᠵᠤ ᠰᠢᠪᠠᠷ ᠠ᠋ᠴᠠ ᠨᠢ ᠭᠠᠷᠭᠠᠭᠠᠳ ᠳᠠᠬᠢᠨ ᠴᠠᠭᠠᠰᠢ ᠶᠠᠪᠤᠵᠠᠢ᠃ ᠳᠠᠢᠰᠤᠨ ᠨᠤᠭᠤᠳ ᠨᠠᠮᠤᠭ ᠤ᠋ᠨ ᠨᠥᠭᠥᠭᠡ ᠲᠠᠯ᠎ᠠ ᠳ᠋ᠤ᠌ ᠬᠣᠴᠣᠷᠤᠯ᠎ᠠ᠃ ᠬᠣᠲᠠᠯᠠ ᠬᠠᠨ ᠢ᠋ ᠬᠠᠶᠠᠭᠠᠳ ᠵᠢᠭᠤᠲᠠᠭᠰᠠᠨ ᠨᠥᠬᠥᠷ ᠴᠡᠷᠢᠭ ᠦ᠋ᠳ ᠨᠢ ᠲᠡᠭᠦᠨ ᠡᠴᠡ ᠲᠦᠷᠦᠭᠦᠯᠡᠨ ᠭᠡᠷ ᠲᠡᠭᠡᠨ ᠢᠷᠡᠵᠡᠢ᠃
ᠬᠣᠲᠠᠯᠠ ᠬᠠᠨ ᠲᠡᠳᠡᠭᠡᠷ ᠢ᠋ ᠭᠦᠢᠴᠡᠵᠦ ᠢᠷᠡᠭᠡ ᠦᠭᠡᠢ ᠪᠣᠯᠬᠣᠷ ᠲᠡᠳᠡ ᠲᠡᠭᠦᠨ ᠢ᠋ ᠠᠯᠠᠭᠰᠠᠨ ᠪᠠᠢᠬᠤ ᠭᠡᠳᠡᠭ ᠲᠦ᠍ ᠡᠷᠡᠭᠡᠯᠵᠡᠭᠰᠡᠨ ᠦᠭᠡᠢ᠃ ᠶᠢᠰᠦᠭᠡᠢ ᠪᠠᠭᠠᠲᠤᠷ᠂ ᠠᠮᠪᠠᠭᠠᠢ ᠬᠠᠨ ᠤ᠋ ᠬᠠᠳᠠᠨ ᠲᠡᠢᠴᠢ ᠂ ᠳᠤᠲᠠᠢ ᠪᠣᠯᠤᠨ ᠬᠣᠲᠠᠯᠠ ᠬᠠᠨ ᠤ᠋ ᠬᠠᠲᠤᠨ ᠤ᠋ ᠰᠣᠨᠣᠷ ᠲᠤ᠌ ᠬᠠᠨ ᠨᠢᠭᠡᠨᠲᠡ ᠲᠠᠭᠠᠯᠠᠯ ᠲᠡᠭᠦᠰᠦᠭᠰᠡᠨ ᠲᠤᠬᠠᠢ ᠮᠡᠳᠡᠭᠡ ᠶ᠋ᠢ ᠬᠦᠷᠭᠡᠵᠦ᠂ ᠣᠢ ᠭᠠᠰᠢᠭᠤ ᠢᠯᠡᠷᠬᠡᠢᠯᠡᠬᠦ ᠪᠡᠷ ᠢᠳᠡᠭᠡ ᠪᠤᠳᠠᠭ᠎ᠠ ᠪᠡᠯᠡᠳᠦᠨ ᠣᠴᠢᠵᠠᠢ᠃ ᠡᠨᠡ ᠲᠤᠬᠠᠢ ᠰᠣᠨᠣᠷᠳᠠᠭᠤᠯᠬᠤ ᠳ᠋ᠤ᠌ ᠬᠠᠳᠠᠨ ᠲᠠᠢᠵᠢ᠂ ᠳᠤᠲᠠᠢ ᠨᠠᠷ ᠴᠢᠩᠭ᠎ᠠ ᠣᠷᠢᠯᠠᠨ ᠤᠬᠢᠯᠠᠯ᠎ᠠ ᠃ ᠬᠠᠷᠢᠨ ᠬᠣᠲᠠᠯᠠ ᠬᠠᠨ ᠤ᠋ ᠬᠠᠲᠤᠭᠲᠠᠢ ᠬᠡᠯᠡᠬᠦ ᠳ᠋ᠡᠭᠡᠨ : 《 ᠡᠨᠳᠡ ᠰᠠᠳᠤᠨ ᠳᠡᠭᠦᠦ ᠨᠠᠷ ᠨᠢ ᠣᠷᠣᠵᠤ ᠢᠷᠡᠭᠡᠳ᠂ ᠶᠡᠬᠡ ᠰᠠᠨᠳᠤᠷᠤᠭᠰᠠᠨ ᠪᠠᠢᠳᠠᠯ ᠲᠠᠢ ᠪᠡᠶ᠎ᠡ ᠪᠡᠨ ᠵᠢᠮᠡᠯᠡᠭᠡᠳ ᠪᠠᠢᠬᠤ ᠳ᠋ᠤ᠌ ᠲᠡᠨᠳᠡ ᠶᠠᠭᠤᠨ ᠭᠠᠢ ᠪᠣᠯᠤᠭ᠎ᠠ ᠶᠤᠮ ᠪᠣᠯ ᠭᠡᠵᠦ ᠪᠣᠳᠣᠭᠠᠳ ᠭᠠᠢᠬᠠᠭᠰᠠᠨ ᠪᠢᠯᠡ᠃ ᠭᠡᠲᠡᠯ᠎ᠡ ᠶᠠᠭᠤ ᠪᠣᠯᠤᠭᠰᠠᠨ ᠢ᠋ ᠣᠳᠣ ᠯᠠ ᠳᠤᠭᠤᠯᠤᠯ᠎ᠠ ᠃ ᠡᠭᠦᠨ ᠳ᠋ᠦ᠍ ᠴᠢᠨᠢ ᠪᠢ ᠦᠯᠦ ᠢᠲᠡᠭᠡᠨᠡᠮ!᠂ 》 ᠭᠡᠵᠡᠢ᠃
ᠰᠢᠯᠦᠭ᠌᠄
ᠬᠡᠨ ᠴᠦ᠍ ᠬᠡᠯᠡᠯ᠎ᠡ ᠭᠡᠰᠡᠨ
ᠪᠢ ᠡᠨᠡ ᠦᠭᠡ ᠶ᠋ᠢ ᠦᠨᠡᠮᠰᠢᠬᠦ ᠦᠭᠡᠢ
ᠪᠢ ᠤᠨᠲᠠᠵᠤ ᠪᠠᠢᠭᠠᠳ ᠵᠡᠭᠦᠳᠦᠨ ᠳ᠋ᠡᠭᠡᠨ ᠦᠵᠡᠵᠦ ᠪᠠᠢᠭ᠎ᠠ ᠶᠤᠮ ᠪᠢᠯᠡ ᠤᠤ ᠂ ᠤᠴᠢᠷ ᠨᠢ ᠬᠣᠲᠠᠯᠠ ᠬᠠᠨ ᠪᠣᠯ ᠳᠠᠭᠤ ᠨᠢ ᠲᠡᠭᠷᠢ ᠶ᠋ᠢᠨ ᠬᠠᠶᠠᠭᠠᠨ ᠳ᠋ᠤ᠌ ᠲᠤᠯᠳᠠᠭ᠂ ᠮᠣᠳᠣᠷ ᠨᠢ ᠭᠤᠷᠪᠠᠨ ᠨᠠᠰᠤᠲᠠᠢ ᠪᠠᠭᠠᠪᠠᠭᠠᠢ ᠶ᠋ᠢᠨ ᠰᠠᠪᠠᠷ ᠲᠠᠢ ᠲᠡᠩᠴᠡᠳᠡᠭ ᠭᠡᠳᠡᠭ ᠬᠥᠮᠦᠨ ᠲᠠᠢ ᠯᠠ ᠠᠳᠠᠯᠢ ᠪᠢᠯᠡ᠃ ᠲᠡᠷᠡ ᠪᠣᠯ ᠳᠥᠷᠪᠡᠨ ᠠᠢᠮᠠᠭ ᠤ᠋ᠨ ᠬᠢᠨ ᠤ ᠭᠠᠷ ᠲᠤ᠌ ᠦᠷᠡᠭᠳᠡᠴᠢᠬᠡᠬᠦ ᠲᠡᠢᠮᠦ ᠬᠥᠮᠦᠨ ᠪᠢᠰᠢ ᠭᠡᠳᠡᠭ ᠲᠦ᠍ ᠡᠷᠡᠭᠡᠯᠵᠡᠬᠦ ᠦᠭᠡᠢ ᠪᠢᠯᠡ᠃ ᠲᠡᠷᠡ ᠪᠡᠷ ᠶᠠᠮᠠᠷ ᠨᠢᠭᠡᠨ ᠠᠵᠢᠯ ᠲᠠᠢ ᠯᠠ ᠪᠠᠢᠭ᠎ᠠ᠃ ᠭᠡᠨᠡᠳᠲᠡ ᠬᠦᠷᠦᠭᠡᠳ ᠯᠡ ᠢᠷᠡᠨ᠎ᠡ ᠳ᠋ᠠ᠃ ᠪᠤᠷᠬᠠᠨ ᠯᠠ ᠪᠣᠯᠭᠣᠭᠠᠭ ᠭᠡᠪᠡ᠃ ᠲᠡᠷᠡ ᠦᠶ᠎ᠡ ᠳ᠋ᠦ᠍ᠨᠢ ᠬᠣᠲᠠᠯᠠ ᠬᠠᠨ ᠮᠣᠷᠢ ᠪᠠᠨ ᠨᠠᠮᠤᠭ ᠠ᠋ᠴᠠ ᠭᠠᠷᠭᠠᠵᠤ ᠠᠪᠤᠭᠠᠳ ᠠᠶᠤᠬᠤ ᠳ᠋ᠠᠭᠠᠨ ᠠᠮᠠᠨ ᠳ᠋ᠠᠭᠠᠨ ᠬᠡᠯᠡᠭᠰᠡᠨ ᠨᠢ: 《 ᠡᠨᠡ ᠥᠭᠡᠳᠡ ᠦᠭᠡᠢ ᠬᠥᠮᠦᠰ ᠨᠠᠮᠠᠶ᠋ᠢ ᠶᠠᠭᠠᠬᠢᠵᠤ ᠢᠩᠭᠢᠵᠦ ᠴᠢᠳᠠᠨ᠎ᠠ᠃ ᠪᠢ ᠡᠨᠳᠡ ᠡᠴᠡ ᠶᠠᠭᠤ ᠠᠪᠠᠴᠢᠬᠤ ᠪᠣᠢ ᠃ ᠭᠡᠬᠦ ᠳ᠋ᠡᠭᠡᠨ ᠭᠠᠨᠵᠤᠭ᠎ᠠ ᠬᠣᠭᠣᠰᠣᠨ ᠯᠠ ᠣᠴᠢᠨ᠎ᠠ 》 ᠭᠡᠳ ᠯᠡ ᠶᠠᠪᠤᠯ᠎ᠠ᠃ ᠭᠡᠲᠡᠯ᠎ᠡ ᠵᠠᠮ ᠳ᠋ᠤᠨᠢ ᠳᠥᠷᠪᠡᠨ ᠠᠢᠮᠠᠭ ᠤ᠋ᠨ ᠠᠳᠤᠭᠤ ᠪᠡᠯᠴᠢᠵᠦ ᠪᠠᠢᠯ᠎ᠠ᠃ ᠲᠡᠷᠡ ᠪᠡᠷ ᠨᠢᠭᠡ ᠰᠠᠢᠨ ᠠᠵᠢᠷᠭ᠎ᠠ ᠪᠠᠷᠢᠵᠤ ᠤᠨᠤᠭᠠᠳ ᠪᠤᠰᠤᠳ ᠢ᠋ ᠨᠢ ᠲᠠᠭᠤᠭᠠᠳ ᠯᠠ ᠳᠠᠪᠬᠢᠴᠢᠬᠠᠯᠠ᠃ ᠡᠨᠡ ᠨᠢ ᠬᠠᠪᠤᠷ ᠴᠠᠭ ᠪᠠᠢᠭᠰᠠᠨ ᠪᠣᠯᠬᠣᠷ ᠵᠠᠮ ᠳ᠋ᠤᠨᠢ ᠨᠤᠭᠤᠰᠤᠨ ᠤ᠋ ᠥᠨᠳᠡᠭᠡ ᠲᠠᠭᠠᠷᠠᠯᠳᠤᠯ᠎ᠠ᠃ ᠲᠡᠭᠦᠨ ᠢ᠋ ᠠᠪᠤᠭᠠᠳ ᠬᠢᠬᠦ ᠰᠠᠪᠠ ᠦᠭᠡᠢ ᠪᠠᠢᠭᠰᠠᠨ ᠤᠴᠢᠷ ᠭᠤᠲᠤᠯ ᠢ᠋ᠶ᠋ᠠᠨ ᠲᠠᠢᠯᠵᠤ ᠥᠨᠳᠡᠭᠡ ᠪᠡᠨ ᠬᠢᠭᠡᠳ ᠭᠠᠨᠵᠤᠭᠠᠯᠠᠴᠢᠬᠠᠯᠠ᠃ ᠮᠣᠷᠢ ᠪᠠᠨ ᠬᠥᠯ ᠨᠢᠴᠦᠭᠦᠨ ᠤᠨᠤᠵᠤ ᠥᠪᠡᠷ ᠦ᠋ᠨ ᠢ᠋ᠶ᠋ᠡᠨ ᠮᠣᠷᠢ ᠶᠢ ᠬᠥᠲᠥᠯᠦᠭᠡᠳ ᠠᠳᠤᠭᠤ ᠪᠠᠨ ᠬᠥᠭᠡᠭᠡᠨ ᠭᠡᠷ ᠲᠡᠭᠡᠨ ᠬᠠᠷᠢᠯ᠎ᠠ᠃
ᠭᠡᠲᠡᠯ᠎ᠡ ᠶᠢᠰᠦᠭᠡᠢ ᠪᠠᠭᠠᠲᠤᠷ ᠢᠳᠡᠭᠡ ᠪᠤᠳᠠᠭ᠎ᠠ ᠪᠠᠨ ᠠᠪᠴᠢᠷᠠᠴᠢᠬᠠᠭᠰᠠᠨ ᠭᠡᠷ ᠦ᠋ᠨ ᠬᠢᠨ ᠨᠢ ᠣᠢ ᠭᠠᠰᠢᠭᠤ ᠪᠣᠯᠵᠤ ᠪᠠᠢᠯ᠎ᠠ᠃ ᠲᠡᠳᠡ ᠬᠣᠲᠠᠯᠠ ᠬᠠᠨ ᠢ᠋ ᠬᠠᠷᠠᠭᠠᠳ ᠯᠠ ᠴᠥᠮ ᠢ᠋ᠶ᠋ᠠᠷ ᠢ᠋ᠶ᠋ᠠᠨ ᠪᠠᠶᠠᠷᠯᠠᠵᠤ ᠣᠢ ᠭᠠᠰᠢᠭᠤ ᠨᠢ ᠪᠠᠶᠠᠷ ᠬᠥᠷ ᠪᠣᠯᠤᠨ ᠬᠥᠭᠵᠢᠯᠳᠦᠯᠡ᠃ ᠬᠣᠲᠠᠯᠠ ᠬᠠᠨ ᠤ᠋ ᠡᠵᠡᠭᠲᠡᠢ ᠬᠡᠯᠡᠭᠰᠡᠨ ᠨᠢ: 《 ᠲᠠᠭᠠᠷᠠᠯᠳᠤᠭᠰᠠᠨ ᠬᠥᠮᠦᠨ ᠨᠢ ᠯᠡ ᠠᠯᠠᠴᠢᠬᠠᠬᠤ ᠪᠠᠷ ᠲᠡᠢᠮᠦ ᠬᠥᠮᠦᠨ ᠪᠢᠰᠢ ᠠ᠋ ᠭᠡᠵᠦ ᠪᠢ ᠬᠡᠯᠡᠭᠡ ᠦᠭᠡᠢ ᠰᠠᠨ ᠪᠢᠯᠡ ᠤᠤ 》 ᠭᠡᠪᠡ᠃
ᠰᠢᠯᠦᠭ᠄
ᠰᠡᠮᠡ ᠭᠡᠳᠡᠭ ᠨᠢᠭᠡᠨ ᠬᠥᠪᠡᠭᠦᠨ ᠲᠡᠢ ᠰᠠᠨᠵᠢ
ᠲᠡᠷᠡ ᠨᠢ ᠲᠡᠰᠠᠳᠠᠨ ᠭᠡᠳᠡᠭ ᠬᠣᠷᠸ᠎ᠠ ᠶ᠋ᠢᠨ ᠨᠢᠭᠡᠨ ᠮᠣᠷᠢᠲᠠᠨ ᠪᠠᠢᠵᠠᠢ
ᠲᠡᠷᠡ ᠪᠡᠷ ᠬᠦᠵᠦᠭᠦᠦ ᠪᠡᠨ ᠤᠷᠠᠬᠠᠨ ᠳ᠋ᠤ᠌
ᠳᠡᠮᠡᠢ ᠯᠡ ᠰᠢᠷᠭᠤᠭᠤᠯᠴᠢᠬᠠᠬᠤ ᠦᠭᠡᠢ ᠨᠢᠭᠡᠨ ᠰᠠᠨᠵᠢ
ᠠᠮᠪᠠᠭᠠᠢ ᠬᠠᠨ ᠥᠭᠡᠳᠡ ᠪᠣᠯᠤᠭᠰᠠᠨ ᠤ᠋ ᠳᠠᠷᠠᠭ᠎ᠠ ᠬᠢᠭᠰᠡᠨ ᠲᠠᠢᠴᠢᠭᠤᠳ ᠠᠢᠮᠠᠭ ᠤ᠋ᠨ ᠬᠢᠨ ᠤ ᠵᠥᠪᠯᠡᠯᠳᠦᠭᠡᠨ
ᠠᠮᠪᠠᠭᠠᠢ ᠬᠠᠨ ᠢ᠋ ᠲᠠᠲ᠋ᠠᠷ ᠠᠢᠮᠠᠭ ᠤ᠋ᠨ ᠬᠢᠨ ᠳᠤᠷᠠᠳᠤᠭᠰᠠᠨ ᠰᠢᠯᠲᠠᠭᠠᠨ ᠢ᠋ᠶ᠋ᠠᠷ ᠪᠠᠷᠢᠪᠴᠢᠯᠠᠨ ᠠᠪᠴᠤ ᠠᠯᠲᠠᠨ ᠬᠠᠨ ᠳ᠋ᠤ᠌ ᠬᠦᠷᠭᠡᠭᠦᠯᠦᠭᠰᠡᠨ ᠃ ᠲᠡᠷᠡ ᠪᠡᠷ ᠲᠡᠭᠦᠨ ᠢ᠋ ᠬᠥᠨᠥᠭᠡᠭᠰᠡᠨ ᠡᠴᠡ ᠬᠣᠢᠰᠢ ᠬᠡᠰᠡᠭ ᠬᠤᠭᠤᠴᠠᠭ᠎ᠠ ᠥᠩᠭᠡᠷᠡᠭᠰᠡᠨ ᠤ ᠳᠠᠷᠠᠭ᠎ᠠ ᠲᠥᠷᠥᠯ ᠲᠥᠷᠥᠭᠰᠡᠳ ᠂ ᠬᠥᠪᠡᠭᠦᠳ ᠪᠣᠯᠤᠨ ᠲᠠᠢᠴᠢᠭᠤᠳ ᠠᠢᠮᠠᠭ ᠤ᠋ᠨ ᠨᠣᠶᠠᠳ ᠬᠤᠷᠠᠨ ᠴᠤᠭᠯᠠᠷᠠᠵᠤ᠂᠂ ᠠᠮᠪᠠᠭᠠᠢ ᠬᠠᠨ ᠤ᠋ ᠣᠷᠣᠨ ᠳ᠋ᠤ᠌ ᠬᠡᠨ ᠢ᠋ ᠬᠠᠨ ᠰᠠᠭᠤᠯᠭᠠᠬᠤ ᠲᠤᠬᠠᠢ ᠵᠥᠪᠯᠡᠯᠳᠦᠴᠡᠢ᠃ ᠲᠡᠳᠡ ᠨᠡᠯᠢᠶᠡᠳ ᠤᠳᠠᠭᠠᠨ ᠵᠥᠪᠯᠡᠯᠳᠦᠭᠰᠡᠨ ᠪᠣᠯᠪᠠᠴᠤ ᠬᠡᠨ ᠢ᠋ ᠴᠦ᠍ ᠰᠠᠭᠤᠯᠭᠠᠬᠤ ᠪᠠᠷ ᠲᠣᠬᠢᠷᠠᠯᠴᠠᠵᠤ ᠴᠢᠳᠠᠭᠰᠠᠨ ᠦᠭᠡᠢ᠃ ᠬᠠᠳᠠᠨ ᠲᠠᠢᠵᠢ ᠶ᠋ᠢᠨ ᠬᠢ ᠭᠦᠨ ᠬᠡᠭᠡᠷ᠎ᠡ ( ᠭᠦᠨ ᠬᠡᠭᠡᠷ ) ᠲᠠᠯ᠎ᠠ ᠳ᠋ᠤ᠌ ᠪᠠᠢᠭᠰᠠᠨ ᠪᠥᠭᠡᠳ ᠲᠡᠷᠡ ᠪᠡᠷ ᠬᠡᠷᠡᠢᠳ ᠦ᠋ᠨ ᠠᠢᠮᠠᠭ ᠤ᠋ᠨ ᠡᠵᠡᠨᠲᠡᠨ ᠤ᠌ᠩ ᠬᠠᠨ ᠤ᠋ ᠡᠪᠦᠭᠡ ᠠᠪᠤ ᠬᠥᠷ ᠬᠠᠨ ᠤᠷᠤᠭᠤ ᠶᠠᠪᠤᠵᠠᠢ᠃ ᠬᠥᠷ ᠬᠠᠨ ᠡᠨᠡ ᠦᠶ᠎ᠡ ᠳ᠋ᠦ᠍ ᠬᠥᠬᠡ ᠪᠠᠢᠰᠠ ( ᠺᠦᠬᠡ ᠪᠠᠰᠠ ) ᠳ᠋ᠤ᠌ ᠨᠤᠲᠤᠭᠯᠠᠵᠤ ᠪᠠᠢᠵᠠᠢ᠃ ᠲᠡᠷᠡ ᠲᠡᠳᠡᠨ ᠤ ᠳ᠋ᠦ᠍ ᠠᠷᠪᠠ ᠬᠣᠨᠣᠪᠠ᠃ ᠬᠠᠳᠠᠨ ᠲᠠᠢᠵᠢ ᠶ᠋ᠢᠨ ᠪᠤᠴᠠᠬᠤ ᠡᠳᠦᠷ ᠬᠥᠷ ᠬᠠᠨ ᠤ᠋ ᠪᠠᠭᠤᠷᠴᠢ ᠲᠡᠳᠡᠨ ᠳ᠋ᠦ᠍ ᠸᠠᠭᠠᠷ ᠲᠠᠢ ᠠᠷᠢᠬᠢ ᠪᠠᠷᠢᠵᠠᠢ᠃ ᠬᠠᠳᠠᠨ ᠲᠠᠢᠵᠢ ᠨᠥᠬᠥᠷ ᠴᠡᠷᠢᠭ ᠦ᠋ᠳ ᠲᠡᠭᠡᠨ ᠬᠥᠮᠦᠨ ᠪᠦᠷᠢ ᠨᠢᠭᠡ ᠯᠡ ᠪᠠᠯᠭᠤ ᠭᠡᠳ ᠥᠪᠡᠷ ᠢ᠋ᠶ᠋ᠡᠨ ᠦᠯᠡᠳᠡᠭᠰᠡᠨ ᠢ᠋ ᠨᠢ ᠴᠥᠮ ᠢ᠋ ᠤᠤᠭᠤᠵᠠᠢ᠃ ᠨᠥᠬᠥᠷ ᠴᠡᠷᠢᠭ ᠦ᠋ᠳ ᠨᠢ ᠴᠥᠮ ᠪᠥᠭᠡᠯᠵᠢᠭᠰᠡᠨ ᠪᠠᠢᠨ᠎ᠠ᠃ ᠡᠢᠮᠦ ᠡᠴᠡ ᠲᠡᠳᠡᠨ ᠳ᠋ᠦ᠍ ᠳᠠᠷᠠᠰᠤ ᠨᠥᠯᠥᠭᠡᠯᠡᠭᠰᠡᠨ ᠦᠭᠡᠢ᠂ ᠬᠠᠷᠢᠨ ᠬᠠᠳᠠᠨ ᠲᠠᠢᠵᠢ ᠪᠥᠭᠡᠯᠵᠢᠭᠰᠡᠨ ᠴᠦ᠍ ᠦᠭᠡᠢ᠃ ᠭᠡᠲᠡᠯ᠎ᠡ ᠲᠡᠷᠡ ᠪᠡᠷ ᠥᠭᠦᠯᠡᠷᠦᠨ: 《 ᠬᠣᠭᠣᠯᠠᠨ ᠤ᠋ ᠳᠠᠷᠠᠭ᠎ᠠ ᠨᠠᠳᠠ ᠳ᠋ᠤ᠌ ᠬᠣᠣᠷ ᠥᠭᠭᠦᠭᠰᠡᠨ ᠪᠠᠢᠵᠤ ᠮᠠᠭᠠᠳ 》 ᠭᠡᠵᠡᠢ᠃ ᠲᠡᠷᠡ ᠪᠡᠷ ᠡᠪᠡᠳᠴᠦ ᠪᠠᠢᠭᠠᠳ ᠬᠠᠪᠤᠷ ᠨᠢ ᠥᠭᠡᠳᠡ ᠪᠣᠯᠵᠠᠢ᠃
ᠲᠡᠷᠡ ᠵᠢᠯ ᠦ᠋ᠨ ᠢ᠋ᠶ᠋ᠡᠨ ᠨᠠᠮᠤᠷ ᠤ᠋ᠨ ᠨᠢᠭᠡᠨ ᠡᠳᠦᠷ ᠡᠵᠡᠨᠲᠡᠨ ᠢ᠋ᠶ᠋ᠡᠨ ᠰᠣᠩᠭᠣᠬᠤ ᠪᠠᠷ ᠬᠤᠷᠠᠨ ᠴᠤᠭᠯᠠᠷᠠᠵᠠᠢ᠃
ᠤᠷᠢᠳᠤ ᠡᠨᠡ ᠠᠢᠮᠠᠭ ᠤ᠋ᠨ ᠠᠬᠠᠯᠠᠭ᠍ᠴᠢ ᠪᠥᠭᠡᠳ ᠵᠣᠩᠬᠢᠯᠠᠭᠴᠢ ᠠᠭᠰᠠᠨ ᠬᠠᠳᠠᠨ ᠲᠠᠢᠵᠢ ᠶ᠋ᠢᠨ ᠦᠶᠡᠯᠢ ᠠᠬ᠎ᠠ ᠲᠥᠳᠦᠷ ᠪᠢᠯᠢᠭᠲᠦ ( ᠲᠦᠳᠥᠷ ᠪᠢᠯᠭᠡᠳ) ᠲᠦ᠍ ᠬᠠᠨᠳᠤᠵᠤ: ( ᠬᠢᠲᠠᠳ᠄ 秃都儿-必勒格说道: 《 ᠡᠵᠡᠨᠲᠡᠨ ᠤ ᠡᠷᠬᠢᠮ ᠲᠤᠰᠢᠶᠠᠯ ᠳ᠋ᠤ᠌ ᠬᠡᠨ ᠨᠢ ᠪᠠᠢᠪᠠᠯ ᠵᠣᠬᠢᠰᠲᠠᠢ ᠪᠥᠭᠡᠳ ᠲᠠᠭᠠᠷᠠᠨ᠎ᠠ ᠭᠡᠵᠦ ᠴᠢ ᠪᠣᠳᠣᠵᠤ ᠪᠠᠢᠨ᠎ᠠ᠂ ᠡᠨᠡ ᠲᠠᠯ᠎ᠠ ᠪᠠᠷ ᠶᠠᠭᠤ ᠬᠡᠯᠡᠮᠡᠷ ᠪᠠᠢᠨ᠎ᠠ? 》 ᠭᠡᠬᠦ ᠳ᠋ᠦ᠍ ᠲᠡᠷᠡ ᠪᠡᠷ : 《 ᠲᠠᠷᠭᠤᠲᠠᠢ ᠬᠢᠷᠢᠯᠳᠤᠭ ᠯᠠ ᠬᠡᠯᠡᠭ! 》 ᠭᠡᠪᠡ᠃ ᠲᠡᠷᠡ ᠪᠠᠰᠠ ᠲᠡᠭᠦᠨ ᠤ ᠦᠶᠡᠯᠢ ᠠᠬ᠎ᠠ ᠨᠠᠷ ᠤ᠋ᠨ ᠨᠢᠭᠡᠨ ᠠᠳᠠᠯᠢ ᠠᠳᠠᠯ ᠬᠠᠨ ᠤ᠋ ᠬᠥᠪᠡᠭᠦᠨ ᠰᠢᠦ ᠳ᠋ᠠ ᠃ ᠲᠡᠷᠡ ᠨᠢ ᠪᠠᠰᠠ ᠯᠠ : 《 ᠪᠢ ᠶᠠᠭᠤ ᠭᠡᠬᠦ ᠪᠣᠢ ? ᠮᠠᠳᠤᠬᠠᠨ ( ᠮᠡᠳᠡᠭᠦᠨ ) ᠰᠡᠴᠡᠨ ᠯᠡ ᠬᠡᠯᠡᠭ 》 ᠭᠡᠪᠡ᠃ ᠮᠠᠳᠤᠬᠠᠨ ᠰᠡᠴᠡᠨ ᠥᠭᠦᠯᠡᠷᠦᠨ: 《 ᠪᠢ ᠶᠠᠭᠤ ᠭᠡᠵᠦ ᠬᠡᠯᠡᠬᠦ ᠪᠣᠢ ? ᠬᠥᠯ ᠢ᠋ᠶ᠋ᠡᠨ ᠤᠷᠠᠬᠠᠨ ᠳ᠋ᠤ᠌ ᠬᠢᠴᠢᠬᠡᠬᠦ ᠦᠭᠡᠢ ᠶ᠋ᠢᠨ ᠲᠤᠯᠠᠳᠠ ᠪᠢ ᠪᠣᠯᠵᠣᠮᠣᠷ ᠰᠢᠭ᠋ ᠳᠡᠭᠳᠡᠬᠦ ᠦᠭᠡᠢ᠃ ᠠᠯᠲᠠᠨ ᠬᠠᠷᠢᠶᠠᠴᠠᠢ ᠨᠢᠰᠴᠦ ᠨᠠᠷᠠᠰᠤ ᠮᠣᠳᠣᠨ ᠳᠡᠭᠡᠷ᠎ᠡ ᠭᠠᠷᠴᠢᠬᠠᠭᠠᠳ ᠤᠷᠠᠬᠠᠨ ᠳ᠋ᠤ᠌ ᠣᠷᠣᠵᠤ ᠥᠭᠬᠦ ᠦᠭᠡᠢ᠃ ᠪᠢ ᠪᠣᠯ ᠥᠴᠦᠬᠡᠨ ᠬᠠᠷᠠᠴᠤ ᠪᠣᠯᠬᠣᠷ ᠦᠭᠡ ᠬᠡᠯᠡᠮᠡᠷ ᠶᠠᠮᠠᠷ ᠡᠷᠬᠡ ᠲᠡᠢ ᠰᠠᠨ ᠪᠢᠯᠡ? ᠁ ᠡᠵᠡᠨᠲᠡᠨ ᠲᠠ ᠪᠦᠬᠦᠨ ᠯᠡ ᠰᠡᠴᠡᠨ ᠪᠢᠯᠢᠭ ᠦ᠋ᠨ ᠢ᠋ᠶ᠋ᠡᠨ ᠰᠠᠢᠬᠠᠨ ᠦᠭᠡᠰ ᠢ᠋ ᠠᠢᠯᠠᠳᠴᠠᠭᠠᠬᠤ ᠪᠣᠯᠲᠤᠭᠠᠢ᠃ ᠲᠡᠭᠡᠪᠡᠯ ᠬᠣᠶᠠᠷ ᠡᠬᠡ ᠬᠥᠬᠥᠳᠡᠭ ᠲᠡᠯᠡᠭᠦᠦ ᠤᠨᠠᠭ᠎ᠠ ᠲᠠᠷᠭᠤᠨ ᠪᠥᠭᠡᠳ ᠴᠠᠳᠬᠤᠯᠠᠩ ᠪᠠᠢᠳᠠᠭ ᠰᠢᠭ᠋ ᠥᠴᠦᠬᠡᠨ ᠬᠠᠷᠠᠴᠤ (ᠺᠡᠷᠡᠴᠦ ) ᠪᠢᠳᠡ ᠡᠰᠡ ᠨᠢᠭᠡᠳᠪᠡᠯ ᠳᠣᠲᠣᠭᠠᠳᠤ ᠶ᠋ᠢᠨ ᠠᠯᠢᠪᠠ ᠬᠢᠮᠤᠷᠠᠯ ᠬᠠᠭᠠᠷᠠᠯ᠂ ᠰᠠᠯᠠᠩ ᠵᠠᠳᠠᠭᠠᠢ ᠪᠠᠢᠳᠠᠯ ᠲᠥᠷᠥ ᠶ᠋ᠢᠨ ᠴᠢᠨᠢ ᠬᠡᠷᠡᠭ ᠲᠦ᠍ ᠨᠡᠪᠲᠡᠷᠡᠬᠦ ᠵᠠᠮ ᠢ᠋ᠶ᠋ᠠᠨ ᠣᠯᠤᠨ᠎ᠠ 》 ᠭᠡᠪᠡ᠃ ᠢᠩᠭᠢᠭᠡᠳ ᠡᠨᠡ ᠲᠠᠯ᠎ᠠ ᠪᠠᠷ ᠪᠠ ᠰᠢᠯᠦᠭᠯᠡᠨ ᠶᠠᠷᠢᠬᠤ ᠵᠦᠷ ᠰᠡᠴᠡᠨ ᠦᠭᠡ ᠬᠡᠯᠡᠬᠦ ᠂ ᠰᠤᠷᠭᠠᠯ ᠳᠠᠭᠠᠭᠠᠯᠭᠠᠪᠤᠷᠢ ᠵᠡᠷᠭᠡ ᠶᠢ ᠬᠣᠯᠢᠨ ᠤᠷᠤᠰᠬᠠᠵᠤ ᠪᠠᠢᠭᠠᠳ ᠤᠬᠢᠯᠠᠵᠤ ᠬᠤᠷᠠᠯ ᠠ᠋ᠴᠠ ᠪᠠᠨ ᠭᠠᠷᠴᠤ ᠣᠳᠤᠯ᠎ᠠ ᠃ ᠲᠡᠭᠡᠭᠡᠳ ᠶᠠᠭᠤᠨ ᠲᠤᠬᠠᠢ ᠪᠦᠷᠢᠮᠦᠰᠦᠨ ᠰᠢᠢᠳᠦᠭᠰᠡᠨ ᠨᠢ ᠮᠡᠳᠡᠭᠳᠡᠭᠰᠡᠨ ᠴᠦ᠍ ᠦᠭᠡᠢ᠂ ᠰᠢᠯᠭᠠᠭᠳᠠᠭᠠ ᠴᠤ᠌ ᠦᠭᠡᠢ᠂ ᠬᠠᠷᠢᠨ ᠣᠨ ᠳᠠᠷᠠᠭᠠᠯᠠᠯ ᠤ᠋ᠨ ᠪᠢᠴᠢᠭ ᠲᠦ᠍ ᠳᠣᠣᠷᠠᠬᠢ ᠵᠦᠢᠯ ᠢ᠋ ᠯᠡ ᠥᠭᠦᠯᠡᠭᠰᠡᠨ ᠪᠠᠢᠨ᠎ᠠ᠃ ᠶᠢᠰᠦᠭᠡᠢ ᠪᠠᠭᠠᠲᠤᠷ ᠵᠠᠯᠠᠭᠤ ᠪᠠᠷ ᠢ᠋ᠶ᠋ᠠᠨ ᠥᠭᠡᠳᠡ ᠪᠣᠯᠤᠭᠰᠠᠨ᠃ ᠲᠠᠢᠴᠢᠭᠤᠳ ᠠᠢᠮᠠᠭ ᠤ᠋ᠨ ᠬᠢᠨ ᠴᠢᠩᠭᠢᠰ ᠬᠠᠭᠠᠨ ᠤ᠋ ᠡᠰᠡᠷᠭᠦ ᠪᠣᠰᠴᠤ ᠦᠢᠮᠡᠭᠰᠡᠨ᠂ ᠬᠠᠮᠤᠭ ᠤ᠋ᠨ ᠤᠷᠢᠨ ᠢ᠋ᠶ᠋ᠠᠷ ᠠᠳᠠᠯ ᠬᠠᠨ ᠤ᠋ ᠬᠥᠪᠡᠭᠦᠨ ᠲᠠᠷᠭᠤᠲᠠᠢ ᠭᠢᠷᠢᠯᠳᠤᠭ ᠂ ᠳᠠᠷᠠᠭ᠎ᠠ ᠨᠢ ᠲᠣᠳᠣᠢᠨ᠂ ᠬᠦᠷᠡᠯ ᠪᠠᠭᠠᠲᠤᠷ᠂ ᠠᠩᠬᠤ ᠬᠥᠭᠡᠴᠦ ᠪᠣᠯᠤᠨ ᠪᠤᠰᠤᠳ ᠨᠣᠶᠠᠳ ᠲᠡᠷᠰᠯᠡᠯᠳᠦᠪᠡ ᠃ ᠡᠨᠡ ᠲᠤᠬᠠᠢ ᠳᠣᠣᠷ᠎ᠠ ᠥᠭᠦᠯᠡᠨ᠎ᠡ᠃ ᠬᠠᠮᠤᠭ ᠤ᠋ᠨ ᠲᠡᠷᠢᠭᠦᠨ ᠳ᠋ᠦ᠍ ᠲᠠᠷᠭᠤᠲᠠᠢ᠂ ᠭᠢᠷᠢᠯᠳᠤᠭ ᠤ᠋ᠨ ᠲᠤᠬᠠᠢ ᠦᠭᠡ ᠣᠷᠣᠵᠤ ᠪᠠᠢᠭ᠎ᠠ ᠪᠣᠯᠬᠣᠷ ᠠᠬᠠᠯᠠᠬᠤ ᠶ᠋ᠢ ᠨᠢ ᠨᠣᠭᠳᠠᠭᠤᠯᠬᠤ ᠶᠣᠰᠣᠲᠠᠢ ᠪᠠᠢᠭᠰᠠᠨ ᠨᠢ ᠮᠠᠭᠠᠳ ᠭᠡᠵᠦ ᠳ᠋ᠦᠩᠨᠡᠵᠦ ᠶᠠᠭᠠᠬᠢᠵᠤ ᠪᠣᠯᠵᠤ ᠠᠵᠤᠭᠤ᠃ ᠬᠣᠲᠠᠯᠠ ᠬᠠᠨ ᠢ᠋ ᠥᠭᠡᠳᠡ ᠪᠣᠯᠤᠭᠰᠠᠨ ᠤ᠋ ᠳᠠᠷᠠᠭ᠎ᠠ ᠲᠡᠭᠦᠨ ᠤ ᠠᠴᠢ ᠪᠠᠷᠲᠠᠨ ᠪᠠᠭᠠᠲᠤᠷ ᠤ᠋ᠨ ᠬᠥᠪᠡᠭᠦᠨ᠂ ᠴᠢᠩᠭᠢᠰ ᠬᠠᠭᠠᠨ ᠤ᠋ ᠡᠴᠢᠭᠡ ᠶᠢᠰᠦᠭᠡᠢ ᠪᠠᠭᠠᠲᠤᠷ ᠠᠢᠮᠠᠭ ᠢ᠋ᠶ᠋ᠠᠨ ᠲᠣᠯᠣᠭᠠᠢᠯᠠᠨ ᠪᠠᠢᠭᠰᠠᠨ ᠭᠡᠳᠡᠭ ᠨᠢ ᠦᠨᠡᠨ ᠲᠡᠢ ᠪᠢᠯᠡ᠃ ᠪᠠᠷᠲᠠᠨ ᠪᠠᠭᠠᠲᠤᠷ ᠤ᠋ᠨ ᠵᠡᠷᠭᠡᠴᠡᠭᠡ ᠪᠡᠷ ᠬᠠᠪᠤᠯ ᠬᠠᠨ ᠤ᠋ ᠪᠤᠰᠤᠳ ᠬᠥᠪᠡᠭᠦᠳ ᠲᠦ᠍ ᠬᠠᠮᠢᠶᠠᠷᠤᠭᠳᠠᠬᠤ ᠥᠭᠦᠯᠡᠯᠭᠡ ᠣᠯᠠᠨ ᠪᠣᠯᠪᠠᠴᠤ ᠂ ᠣᠨ ᠳᠠᠷᠠᠭᠠᠯᠠᠯ ᠤ᠋ᠨ ᠪᠢᠴᠢᠭ ᠲᠦ᠍ ᠡᠭᠦᠨ ᠢ᠋ᠶ᠋ᠡᠷ ᠬᠢᠵᠠᠭᠠᠷᠯᠠᠵᠤ ᠪᠠᠷᠳᠠᠨ ᠪᠠᠭᠠᠲᠤᠷ ᠪᠠ ᠲᠡᠭᠦᠨ ᠤ ᠬᠥᠪᠡᠭᠦᠳ ᠦ᠋ᠨ ᠬᠢᠨᠢ ᠲᠤᠬᠠᠢ ᠲᠤᠰ ᠲᠤᠨᠢ ᠪᠢᠴᠢᠨ᠎ᠡ᠃
