ᠳᠥᠴᠢᠨ ᠲᠠᠪᠤ᠂ ᠶᠡᠷᠦ ᠶ᠋ᠢᠨ ᠬᠠᠯᠠᠭᠤᠨ ᠊ᠢ ᠵᠠᠰᠠᠬᠤ
ᠶᠡᠷᠦ ᠶ᠋ᠢᠨ ᠬᠠᠯᠠᠭᠤᠨ ᠠᠨᠤ ᠬᠥᠯᠥᠷᠡᠭᠡᠳ ᠰᠠᠯᠬᠢ ᠠᠪᠤᠭᠰᠠᠨ᠂ ᠦᠳᠡ ᠶ᠋ᠢᠨ ᠨᠣᠶ᠋ᠢᠷ ᠂ ᠪᠤᠵᠠᠷ ᠵᠡᠷᠭᠡ ᠡᠴᠡ ᠡᠭᠦᠰᠬᠦ ᠪᠥᠭᠡᠳ ᠬᠠᠯᠠᠭᠤᠨ ᠤ᠋ ᠰᠢᠨᠵᠢ ᠲᠣᠳᠣᠷᠠᠪᠠᠰᠤ ᠠᠩᠬᠠᠨ ᠳ᠋ᠤ᠌ ᠪᠠᠩᠴᠢ —12 ᠬᠤᠪᠢ ᠲᠡᠭᠦᠯᠳᠡᠷ ᠊ᠢ ᠡᠷᠳᠡᠨᠢ —7 ᠳᠠᠩ ᠢ᠋ᠶ᠋ᠠᠷ ᠳᠠᠷᠤᠭᠤᠯᠵᠤ ᠥᠭᠪᠡᠰᠦ ᠵᠠᠮ ᠠ᠋ᠴᠠ ᠪᠤᠴᠠᠬᠤ ᠳ᠋ᠤ᠌ ᠪᠣᠢ᠃ ᠪᠣᠯᠪᠠᠰᠤᠷᠠᠬᠤ ᠶ᠋ᠢᠨ ᠰᠢᠨᠵᠢ ᠲᠣᠳᠣᠷᠠᠬᠤ ᠪᠤᠶᠤ ᠬᠠᠯᠠᠭᠤᠨ ᠲᠦᠷᠭᠡᠨ ᠳᠡᠯᠭᠡᠷᠡᠪᠡᠰᠦ ᠢᠯᠴᠢᠲᠦ ᠢᠳᠡᠭᠡᠨ ᠊ᠢ ᠢᠲᠡᠭᠰᠡᠨ ᠳᠠᠷᠤᠢ ᠳᠠᠩ ᠢ᠋ᠶ᠋ᠠᠷ ᠬᠥᠯᠥᠰᠥ ᠶ᠋ᠢ ᠣᠯᠠᠨᠲᠠ ᠭᠠᠷᠭ᠎ᠠ᠃ ᠬᠠᠯᠠᠭᠤᠨ ᠪᠠᠷᠠᠭᠳᠠᠪᠠᠰᠤ ᠬᠡᠢ ᠶ᠋ᠢᠨ ᠬᠠᠷᠠᠭᠤᠯ ᠊ᠢ ᠬᠢᠴᠢᠶᠡ᠃
ᠳᠥᠴᠢᠨ ᠵᠢᠷᠭᠤᠭ᠎ᠠ᠂ ᠡᠰᠡ ᠪᠣᠯᠪᠠᠰᠤᠷᠠᠭᠰᠠᠨ ᠬᠠᠯᠠᠭᠤᠨ ᠊ᠢ ᠵᠠᠰᠠᠬᠤ
ᠡᠰᠡ ᠪᠣᠯᠪᠠᠰᠤᠷᠠᠭᠰᠠᠨ ᠬᠠᠯᠠᠭᠤᠨ
ᠠᠨᠤ ᠪᠠᠳᠬᠠᠨ ᠬᠡᠢ ᠪᠡᠷ ᠳᠥᠷᠪᠡᠨ ᠭᠡᠰᠢᠭᠦᠦ ᠡᠪᠡᠳᠴᠦ᠂ ᠵᠢᠬᠡᠭᠦᠴᠡᠨ ᠭᠠᠯ ᠬᠢᠭᠡᠳ ᠨᠠᠷᠠ ᠶ᠋ᠢ ᠬᠦᠰᠡᠬᠦ᠂ ᠪᠣᠯᠪᠠᠰᠤᠷᠠᠪᠠᠰᠤ ᠬᠠᠯᠠᠭᠤᠨ ᠳᠡᠯᠭᠡᠷᠡᠨ ᠪᠡᠶ᠎ᠡ ᠬᠦᠨᠳᠦᠷᠡᠬᠦ ᠳ᠋ᠦ᠍ ᠡᠷᠳᠡᠨᠢ —7 ᠳᠠᠩ ᠊ᠢ ᠣᠯᠠᠨᠲᠠ ᠬᠠᠯᠠᠭᠤᠨ ᠰᠢᠲᠦᠭᠦᠯᠪᠡᠰᠦ ᠬᠠᠯᠠᠭᠤᠨ ᠲᠡᠭᠦᠰᠬᠦ ᠪᠣᠯᠠᠢ᠃ ᠭᠠᠪᠤᠷ —25 ᠶ᠋ᠢ ᠪᠤᠴᠠᠯᠤᠭᠰᠠᠨ ᠤᠰᠤ ᠪᠠᠷ ᠳᠠᠷᠤᠭᠤᠯᠵᠤ ᠬᠥᠯᠥᠰᠥ ᠭᠠᠷᠭᠠᠪᠠᠰᠤ ᠳᠡᠭᠡᠳᠦ᠃ ᠪᠤᠴᠠᠯᠤᠭᠰᠠᠨ ᠤᠰᠤ ᠪᠠᠷ ᠡᠰᠡ ᠬᠥᠯᠥᠷᠡᠪᠡᠯ ᠬᠠᠷ᠎ᠠ ᠠᠷᠢᠬᠢ ᠪᠠᠷ ᠳᠠᠷᠤᠭᠤᠯᠪᠠᠰᠤ ᠰᠠᠢᠨ᠃ ᠬᠥᠯᠥᠷᠡᠭᠡᠳ ᠬᠠᠯᠠᠭᠤᠨ ᠡᠰᠡ ᠪᠠᠷᠠᠭᠳᠠᠪᠠᠰᠤ ᠲᠡᠭᠦᠨ ᠦ᠌ ᠡᠮ ᠨᠢ ᠡᠷᠬᠢᠮ —8
ᠳᠡᠭᠡᠷ᠎ᠡ ᠬᠠᠴᠸ ᠭᠦᠷᠭᠦᠮ ᠂ ᠭᠢᠸᠠᠩ ᠂ ᠯᠠᠷᠽᠢ ᠶ᠋ᠢ ᠨᠡᠮᠡᠵᠦ ᠥᠭ᠃ ᠲᠤᠭᠤᠯᠭ᠎ᠠ ᠪᠠᠷ ᠠᠷᠢᠯᠭᠠᠨ ᠦᠢᠯᠡᠳ᠃ ᠰᠡᠭᠦᠯ ᠳ᠋ᠦ᠍ ᠬᠡᠢ ᠪᠡᠷ ᠡᠪᠡᠳᠴᠢᠨ ᠠᠯᠳᠠᠭᠳᠠᠬᠤ ᠭᠡᠨᠡᠨ ᠶᠡᠬᠡ ᠬᠢᠴᠢᠶᠡᠭᠲᠦᠨ!
ᠳᠥᠴᠢᠨ ᠳᠣᠯᠣᠭ᠎ᠠ᠂ ᠳᠡᠯᠭᠡᠷᠡᠭᠰᠡᠨ ᠬᠠᠯᠠᠭᠤᠨ ᠊ᠢ ᠵᠠᠰᠠᠬᠤ
ᠳᠡᠯᠭᠡᠷᠡᠭᠰᠡᠨ ᠬᠠᠯᠠᠭᠤᠨ ᠤ᠋ ᠰᠢᠨᠵᠢ ᠪᠦᠷᠢᠳᠪᠡᠰᠦ ᠬᠠᠯᠠᠭᠤᠨ ᠤ᠋ ᠬᠦᠴᠦ ᠢᠯᠡᠷᠡᠭᠡᠳ ᠴᠤᠯᠤ ᠰᠠᠪᠠ ᠬᠠᠮᠢᠭ᠎ᠠ ᠪᠠᠭᠤᠬᠤ ᠶ᠋ᠢ ᠥᠪᠡᠷ ᠥᠪᠡᠷ ᠦ᠋ᠨ ᠡᠮ ᠦ᠋ᠨ ᠨᠠᠶ᠋ᠢᠷᠠᠯᠭ᠎ᠠ ᠶᠡᠬᠡ ᠭᠣᠣᠯ ᠶᠣᠰᠣ ᠪᠣᠯᠠᠢ᠃ ᠡᠮ ᠬᠢᠭᠡᠳ ᠤᠴᠠᠷᠠᠯ ᠥᠴᠦᠬᠡᠨ ᠪᠣᠯᠪᠠᠴᠤ ᠡᠷᠳᠡᠨᠢ —7 ᠳᠠᠩ ᠊ᠢ ᠬᠣᠶᠠᠷ ᠭᠤᠷᠪᠠ ᠤᠳᠠᠭ᠎ᠠ ᠬᠠᠯᠠᠭᠤᠨ ᠥᠭ᠃ ᠤᠷᠢᠳ ᠤ᠋ᠨ ᠡᠮ —25 ᠶ᠋ᠢ ᠬᠠᠷ᠎ᠠ ᠠᠷᠢᠬᠢ ᠪᠠᠷ ᠬᠠᠯᠠᠭᠤᠨ ᠳᠠᠷᠤᠭᠤᠯ᠃ ᠬᠤᠪᠴᠠᠰᠤ ᠪᠠᠷ ᠰᠠᠶ᠋ᠢᠲᠤᠷ ᠬᠤᠴᠢᠵᠤ ᠬᠥᠯᠷᠡᠭᠡᠪᠡᠰᠤ ᠰᠠᠢᠨ᠃ ᠢᠳᠡᠭᠡᠨ ᠶᠠᠪᠤᠳᠠᠯ ᠊ᠢ ᠰᠢᠮᠳᠠᠨ ᠬᠢᠴᠢᠶᠡᠬᠦ ᠬᠡᠷᠡᠭᠲᠡᠢ᠃ ᠤᠷᠪᠠᠬᠤ ᠶ᠋ᠢᠨ ᠭᠡᠨᠡᠳᠡᠯ ᠊ᠢ ᠮᠠᠰᠢ ᠬᠢᠴᠢᠶᠡᠭᠲᠦᠨ᠃ ᠰᠡᠭᠦᠯ ᠳ᠋ᠦ᠍ ᠰᠡᠷᠢᠭᠦᠨ ᠡᠮ ᠭᠠᠪᠤᠷ —25 ᠶ᠋ᠢ ᠥᠭ᠃ ᠡᠷᠬᠢᠮ —8 ᠤ᠋ ᠳᠡᠭᠡᠷ᠎ᠡ ᠭᠠᠪᠤᠷ ᠪᠤᠶᠤ ᠠᠯᠢ ᠵᠣᠬᠢᠰᠲᠠᠢ ᠶ᠋ᠢ ᠨᠡᠮᠡᠵᠦ ᠥᠭᠬᠦ ᠶ᠋ᠢ ᠮᠠᠲᠠᠭᠲᠤᠨ᠃
ᠳᠥᠴᠢᠨ ᠨᠠᠢ᠍ᠮᠠ᠂ ᠬᠣᠭᠣᠰᠣᠨ ᠬᠠᠯᠠᠭᠤᠨ ᠊ᠢ ᠵᠠᠰᠠᠬᠤ
ᠬᠣᠭᠣᠰᠣᠨ ᠬᠠᠯᠠᠭᠤᠨ ᠬᠡᠮᠡᠬᠦ ᠢᠨᠤ ᠬᠠᠯᠠᠭᠤᠨ ᠤ᠋ ᠡᠨᠳᠡᠭᠦᠦ ᠦᠵᠡᠭᠲᠡᠯ ᠮᠥᠨ᠃ ᠰᠡᠷᠢᠭᠦᠨ ᠬᠢᠭᠡᠳ ᠬᠠᠨᠠᠭᠤᠷ ᠦᠯᠦ ᠪᠣᠯᠬᠤ᠃ ᠡᠮ ᠳ᠋ᠦ᠍᠄ ᠪᠣᠶ᠋ᠢᠭᠠᠷ᠂
ᠠᠭᠠᠷᠤ᠂ ᠭᠤᠨᠢᠶᠤᠳ ᠂ ᠽᠠᠳᠢ᠂ ᠵᠣᠭᠠᠩ᠂ ᠭᠦᠷᠭᠦᠮ ᠂ ᠰᠠᠷᠢᠮᠰᠠᠭ ᠤ᠋ᠨ ᠦᠨᠡᠰᠦ᠂ ᠯᠢᠳᠡᠷᠢ᠂ ᠨᠢᠩᠱᠤᠱᠠ᠂
ᠮᠠᠨᠤ᠂ ᠷᠦᠳᠠ᠂ ᠭᠠᠨᠳᠠᠭᠠᠷᠢ ᠶ᠋ᠢ ᠬᠤᠪᠢ ᠳᠠᠭᠱᠠ ᠨᠠᠶ᠋ᠢᠷᠠᠭᠤᠯ᠃ ᠤᠰᠤᠨ ᠬᠦᠷᠳᠦ —11 ᠪᠡᠷ ᠬᠣᠭᠣᠰᠣᠨ ᠬᠠᠯᠠᠭᠤᠨ ᠊ᠢ ᠦᠨᠡᠰᠦᠨ ᠲᠣᠪᠷᠠᠭ ᠪᠣᠯᠭᠠᠮᠤᠢ᠃ ᠢᠳᠡᠭᠡᠨ ᠳ᠋ᠦ᠍ᠷ ᠰᠢᠨ᠎ᠡ ᠮᠢᠬ᠎ᠠ ᠂ ᠰᠦ ᠶ᠋ᠢ ᠰᠢᠲᠦᠭᠡᠳ ᠳᠤᠯᠠᠭᠠᠨ ᠭᠠᠵᠠᠷ ᠰᠠᠭᠤᠪᠠᠰᠤ ᠠᠯᠭᠤᠷ ᠢ᠋ᠶ᠋ᠠᠷ ᠡᠳᠡᠭᠡᠷᠡᠬᠦ ᠮᠠᠭᠠᠳ᠃
ᠳᠥᠴᠢ ᠶᠢᠰᠦ᠂ ᠪᠦᠷᠬᠦᠭᠰᠡᠨ ᠬᠠᠯᠠᠭᠤᠨ ᠊ᠢ ᠵᠠᠰᠠᠬᠤ
ᠪᠦᠷᠬᠦᠭᠰᠡᠨ ᠬᠠᠯᠠᠭᠤᠨ ᠬᠡᠮᠡᠭᠴᠢ ᠮᠥᠨ ᠴᠢᠨᠠᠷ ᠬᠦᠢᠲᠡᠨ ᠬᠡᠢ᠃ ᠪᠠᠳᠬᠠᠨ ᠬᠡᠢ ᠪᠡᠷ ᠬᠠᠯᠠᠭᠤᠨ ᠤ᠋ ᠰᠢᠨᠵᠢ ᠶ᠋ᠢ ᠳᠠᠯᠳᠠᠯᠠᠭᠰᠠᠨ ᠪᠥᠭᠡᠳ ᠠᠮᠠ ᠬᠡᠯᠡ ᠬᠠᠲᠠᠬᠤ᠂ ᠰᠢᠭᠡᠰᠦ ᠤᠯᠠᠭᠠᠨ᠂ ᠡᠳᠦᠷ ᠨᠣᠶ᠋ᠢᠷ ᠶᠡᠬᠡ᠃ ᠶᠡᠷᠦ ᠶ᠋ᠢᠨ ᠡᠮ᠄ ᠭᠤᠷᠪᠠᠨ ᠦᠷ᠎ᠡ ᠶ᠋ᠢᠨ ᠳᠠᠩ ᠳ᠋ᠤ᠌ ᠪᠤᠷᠠᠮ ᠰᠡᠯᠲᠡ ᠶ᠋ᠢ ᠪᠤᠴᠠᠯᠭᠠᠨ ᠣᠯᠠᠨ ᠰᠢᠲᠦᠪᠡᠰᠦ ᠪᠦᠷᠬᠦᠭᠰᠡᠨ ᠬᠠᠯᠠᠭᠤᠨ ᠭᠠᠳᠠᠭᠰᠢᠯᠠᠮᠤᠢ᠃ ᠡᠮ ᠨᠢ᠄ ᠰᠸᠪᠦ᠋ᠷᠦ᠂ ᠪᠢᠪᠢᠯᠢᠩ᠂ ᠪᠠᠷᠠᠭᠱᠦ᠋ᠨ᠂ ᠠᠷᠤᠷ᠎ᠠ᠂ ᠳ᠋ᠢᠭᠳᠡ᠂ ᠭᠦᠷᠭᠦᠮ᠂ ᠵᠣᠭᠠᠩ᠂ ᠪᠣᠩᠭᠠᠷ᠂ ᠨᠢᠩᠱᠤᠱᠠ ᠂ ᠷᠦᠳᠠ᠂
ᠴᠠᠭᠠᠨ ᠽᠠᠨᠳᠠᠨ᠂ ᠯᠢᠭᠠᠲᠤᠷ᠂ ᠪᠠᠱᠠᠭ᠎ᠠ ᠶ᠋ᠢ ᠬᠤᠪᠢ ᠲᠠᠭᠰᠢ ᠨᠠᠶ᠋ᠢᠷᠠᠭᠤᠯᠤᠭᠰᠠᠨ ᠡᠮ ᠦ᠋ᠨ ᠪᠣᠯᠣᠷ
—13 ᠪᠠᠷ ᠪᠦᠷᠬᠦᠭᠰᠡᠨ ᠬᠠᠯᠠᠭᠤᠨ ᠊ᠢ ᠤᠭ ᠠ᠋ᠴᠠ ᠨᠢ
ᠭᠠᠷᠭᠠᠮᠤᠢ᠃ ᠭᠠᠷᠤᠭᠠᠳ ᠠᠯᠢᠨ ᠳ᠋ᠤ᠌ ᠬᠤᠪᠢᠷᠠᠬᠤ ᠶ᠋ᠢᠨ ᠶᠡᠷᠦᠨᠳᠡᠭ ᠊ᠢ ᠵᠣᠬᠢᠯᠳᠤᠭᠤᠯ᠃
ᠲᠠᠪᠢ᠂ ᠬᠠᠭᠤᠴᠢᠨ ᠬᠠᠯᠠᠭᠤᠨ ᠊ᠢ ᠵᠠᠰᠠᠬᠤ
ᠬᠠᠭᠤᠴᠢᠨ ᠬᠠᠯᠠᠭᠤᠨ ᠵᠢᠯ ᠰᠠᠷ᠎ᠠ ᠤᠳᠠᠭᠰᠠᠨ ᠢ᠋ᠶ᠋ᠠᠷ ᠪᠣᠷᠣ ᠪᠠᠳᠬᠠᠨ᠂ ᠬᠣᠣᠷ᠂ ᠬᠥᠯᠥᠷᠡᠬᠦ ᠦᠭᠡᠢ᠂ ᠪᠡᠶ᠎ᠡ ᠪᠦᠬᠦᠨ ᠬᠠᠯᠠᠬᠤ ᠳ᠋ᠤ᠌ ᠶᠠᠰᠤ ᠪᠦᠬᠦᠨ ᠡᠪᠡᠳᠦᠮᠦᠢ᠃ ᠤᠤᠭᠤᠬᠤ ᠡᠮ᠄ ᠭᠤᠷᠪᠠᠨ ᠦᠷ᠎ᠡ᠂ ᠯᠢᠳᠡᠷᠢ ᠂ ᠳ᠋ᠢᠭᠳᠡ᠂ ᠬᠤᠩᠯᠸᠠ᠂ ᠭᠠᠵᠠ᠂ ᠮᠠᠨᠤ ᠂ ᠪᠤᠷᠠᠮ ᠤ᠋ᠨ ᠳᠠᠩ ᠊ᠢ ᠥᠭᠭᠦᠭᠡᠳ ᠡᠯᠳᠡᠪ ᠵᠦᠢᠯ ᠦ᠋ᠨ ᠶᠠᠰᠤ ᠶ᠋ᠢ ᠴᠤᠭᠯᠠᠭᠤᠯᠤᠭᠰᠠᠨ ᠳᠡᠪᠲᠦᠭᠡᠯ ᠢ᠋ᠶ᠋ᠡᠷ ᠬᠥᠯᠥᠰᠥ ᠭᠠᠷᠭᠠᠨ ᠬᠠᠭᠠᠰ ᠰᠠᠷ᠎ᠠ ᠰᠢᠲᠦᠭᠦᠯᠪᠡᠰᠦ ᠡᠳᠡᠭᠡᠷᠡᠭᠰᠡᠨ ᠨᠢ ᠦᠨᠲᠦᠰᠦᠯᠡᠭᠰᠡᠨ ᠦᠵᠡᠯᠭᠡ᠃
ᠲᠠᠪᠢᠨ ᠨᠢᠭᠡ᠂ ᠪᠤᠯᠠᠩᠭᠢᠷ ᠬᠠᠯᠠᠭᠤᠨ ᠊ᠢ ᠵᠠᠰᠠᠬᠤ
ᠪᠤᠯᠠᠩᠭᠢᠷ ᠬᠠᠯᠠᠭᠤᠨ
ᠠᠨᠤ ᠬᠡᠢ ᠪᠡᠷ ᠰᠢᠷ᠎ᠠ
ᠤᠰᠤ ᠡᠭᠦᠰᠴᠦ᠂ ᠬᠡᠲᠦᠷᠡᠪᠡᠰᠦ ᠭᠠᠯ ᠤᠨᠲᠠᠷᠠᠭᠠᠳ ᠬᠦᠢᠲᠡᠨ ᠬᠠᠪᠤᠩ ᠲᠠᠷᠬᠠᠬᠤ ᠴᠤ᠌ ᠪᠣᠢ᠃ ᠬᠠᠯᠠᠭᠤᠨ ᠦᠯᠡᠮᠵᠢ ᠶᠡᠬᠡᠳᠪᠡᠰᠦ ᠬᠠᠯᠠᠭᠤᠨ ᠬᠠᠪᠤᠩ ᠳ᠋ᠤ᠌ ᠬᠤᠪᠢᠯᠬᠤ ᠴᠤ᠌ ᠪᠣᠢ᠃ ᠬᠦᠢᠲᠡᠨ ᠳ᠋ᠦ᠍ ᠬᠡᠷᠡᠭᠯᠡᠬᠦ
ᠶᠡᠷᠦ ᠶ᠋ᠢᠨ ᠡᠮ᠄ ᠵᠦᠭᠯᠦᠨ ᠳᠠᠩ ᠢ᠋ᠶ᠋ᠠᠷ ᠬᠤᠷᠢᠶᠠᠵᠤ᠂
ᠮᠥᠩᠭᠥᠨ ᠤᠰᠤ —18᠂ ᠰᠸᠪᠦ᠋ᠷᠦ —5 ᠬᠣᠶᠠᠷ ᠊ᠢ ᠰᠣᠯᠢᠴᠠᠭᠤᠯᠤᠨ ᠥᠭᠭᠦᠭᠰᠡᠭᠡᠷ ᠦᠵᠦᠮ —11 ᠶ᠋ᠢ ᠵᠣᠬᠢᠯᠳᠤᠭᠤᠯ᠃ ᠬᠦᠢᠲᠡᠨ ᠬᠠᠪᠤᠩ ᠊ᠢ ᠡᠳᠡᠭᠡᠷᠡᠭᠦᠯᠬᠦ ᠳ᠋ᠦ᠍ ᠲᠡᠭᠦᠨ ᠡᠴᠡ ᠦᠯᠡᠮᠵᠢ
ᠡᠮ ᠴᠥᠭᠡᠨ᠃ ᠡᠰᠡ ᠴᠢᠳᠠᠪᠠᠰᠤ ᠳ᠋ᠠᠯᠢ᠂ ᠰᠢᠷ᠎ᠠ ᠰᠢᠪᠠᠭᠤᠨ ᠥᠲᠥᠨ ᠦᠨᠡᠰᠦ᠂ ᠲᠡᠮᠦᠷ ᠦ᠋ᠨ ᠲᠠᠯᠬ᠎ᠠ᠂ ᠰᠸᠷᠵᠢᠸᠮᠡ᠂ ᠳ᠋ᠢᠭᠰᠸᠷᠢᠨ᠂ ᠰᠸᠪᠦ᠋ᠷᠦ᠂ ᠰᠢᠩᠼᠠ᠂ ᠵᠠᠮᠪᠠ᠂ ᠪᠣᠶ᠋ᠢᠭᠠᠷ᠂ ᠠᠮᠤᠭᠤᠯᠠᠩ ᠊ᠢ ᠡᠭᠦᠰᠬᠡᠭᠴᠢ —9 ᠶ᠋ᠢ ᠬᠤᠪᠢ ᠳᠠᠭᠱᠠ ᠨᠠᠶ᠋ᠢᠷᠠᠭᠤᠯᠪᠠᠰᠤ ᠬᠦᠢᠲᠡᠨ ᠬᠠᠪᠤᠩ ᠊ᠢ ᠬᠠᠲᠠᠭᠠᠬᠤ ᠶ᠋ᠢᠨ ᠳᠡᠭᠡᠳᠦ᠃
ᠬᠠᠯᠠᠭᠤᠨ ᠬᠠᠪᠤᠩ ᠳ᠋ᠤ᠌ ᠰᠸᠪᠦ᠋ᠷᠦ
᠂ ᠰᠢᠩᠼᠠ ᠬᠣᠶᠠᠷ ᠊ᠢ ᠣᠷᠬᠢᠭᠠᠳ ᠵᠦᠷᠦᠷ᠎ᠠ᠃
ᠭᠦᠷᠭᠦᠮ ᠊ᠢ ᠨᠡᠮᠡᠪᠡᠰᠦ ᠬᠠᠯᠠᠭᠤᠨ ᠬᠠᠪᠤᠩ ᠊ᠢ ᠠᠷᠢᠯᠭᠠᠮᠤᠢ᠃ᠲᠠᠪᠢᠨ ᠬᠣᠶᠠᠷ᠂ ᠲᠠᠷᠬᠠᠭᠰᠠᠨ ᠬᠠᠯᠠᠭᠤᠨ ᠢ᠋ ᠵᠠᠰᠠᠬᠤ
ᠲᠠᠷᠬᠠᠭᠰᠠᠨ ᠬᠠᠯᠠᠭᠤᠨ ᠠᠨᠤ
ᠰᠢᠷ᠎ᠠ ᠶ᠋ᠢᠨ ᠬᠠᠯᠠᠭᠤᠨ ᠠᠷᠪᠢᠳᠤᠭᠰᠠᠨ ᠢ᠋ᠶ᠋ᠠᠷ ᠡᠪᠡᠷᠰᠢᠶᠡᠯ ᠬᠠᠳᠬᠤᠭᠤᠷ ᠬᠥᠳᠡᠯᠦᠮᠦᠢ᠃ ᠡᠮ ᠳ᠋ᠦ᠍ ᠂ ᠴᠠᠭᠠᠨ ᠤᠯᠠᠭᠠᠨ ᠽᠠᠨᠳᠠᠨ᠂ ᠭᠦᠷᠭᠦᠮ᠂ ᠳ᠋ᠤᠮᠷᡁᠢ᠂ ᠯᠢᠭᠠᠲᠤᠷ᠂ ᠬᠤᠩᠯᠸᠠ᠂ ᠳ᠋ᠢᠭᠳᠡ᠂ ᠭᠤᠷᠪᠠᠨ ᠤᠯᠠᠭᠠᠨ᠂ ᠭᠤᠷᠪᠠᠨ
ᠦᠷ᠎ᠡ ᠂ ᠵᠣᠭᠠᠩ᠂ ᠴᠠᠭᠠᠨ ᠰᠣᠷᠣᠯᠣ᠃ ᠵᠡᠷᠯᠢᠭ ᠪᠤᠭᠤ —15 ᠪᠠᠷ ᠲᠠᠷᠬᠠᠭᠰᠠᠨ᠂ ᠬᠢᠮᠤᠷᠠᠭᠰᠠᠨ ᠪᠦᠬᠦᠨ ᠊ᠢ ᠠᠷᠢᠯᠭᠠᠬᠤ ᠶ᠋ᠢᠨ ᠳᠡᠭᠡᠳᠦ᠃
ᠲᠠᠪᠢᠨ ᠭᠤᠷᠪᠠ᠂ ᠬᠢᠮᠤᠷᠠᠭᠰᠠᠨ ᠬᠠᠯᠠᠭᠤᠨ ᠊ᠢ ᠵᠠᠰᠠᠬᠤ
ᠬᠢᠮᠤᠷᠠᠭᠰᠠᠨ ᠬᠠᠯᠠᠭᠤᠨ ᠠᠨᠤ ᠴᠢᠰᠤ ᠰᠢᠷ᠎ᠠ ᠬᠢᠮᠤᠷᠠᠭᠰᠠᠨ
ᠬᠠᠯᠠᠭᠤᠨ ᠲᠤᠯᠠ ᠡᠷᠬᠢᠮ —8 ᠤ᠋ ᠳᠡᠭᠡᠷ᠎ᠡ ᠳ᠋ᠦ᠋ᠳᠽᠢᠯᠦᠮᠡ ᠶ᠋ᠢ ᠨᠡᠮᠡᠵᠦ ᠬᠠᠶᠠ ᠨᠢᠭᠡ ᠥᠭ᠃ ᠮᠠᠨᠤ —4 ᠳᠠᠩ᠂ ᠵᠣᠭᠠᠩ —25 ᠪᠣᠯ ᠳᠡᠭᠡᠳᠦ᠃
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣ ᠠ᠋᠂ ᠦᠯᠵᠡᠶ᠋ᠢᠪᠠᠭᠠᠲᠤᠷ