ᠡᠷ᠎ᠡ ᠬᠥᠮᠦᠨ - ᠲ ᠂ ᠭᠣᠮᠪᠣᠵᠠᠪ Эр хүн - Т ᠂ Гомбожав
ᠡᠷ᠎ᠡ ᠬᠥᠮᠥᠨ
ᠭᠡᠷ ᠪᠦᠰᠡᠭᠦᠢ ᠬᠣᠶᠠᠷ ᠢᠶ᠋ᠠᠷ ᠬᠠᠰᠢᠨᠠ ᠭᠡᠵᠤ ᠤᠷᠤᠯᠳᠤᠳᠠᠭ ᠦᠶᠡᠷ
ᠭᠡᠪᠡᠴᠤ ᠬᠠᠰᠢᠭᠳᠠᠳᠠᠭ ᠦᠭᠡᠢ ᠦᠶᠡᠷ
ᠭᠡᠨᠡᠳᠲᠡ ᠭᠡᠨᠡᠳᠲᠡ ᠨᠢᠵᠢᠭᠢᠨᠡᠵᠦ ᠭᠦᠶᠦᠳᠡᠭ ᠠᠶᠤᠩᠭ᠎ᠠ
ᠭᠡᠷᠡᠯ ᠰᠢᠭ᠌ ᠨᠣᠴᠣᠵᠤ ᠰᠣᠯᠢᠷ ᠰᠢᠭ᠋ ᠬᠠᠪᠤᠵᠤ ᠤᠨᠠᠳᠠᠭ ᠥᠨᠢ ᠮᠦᠩᠬᠡ ᠶᠢᠨ ᠭᠠᠯ
ᠠᠭᠲᠠ ᠶᠢᠨ ᠨᠢᠷᠤᠭᠤᠨ ᠳᠤ ᠵᠣᠭᠰᠣᠵᠤ ᠶᠠᠪᠤᠳᠠᠭ ᠬᠠᠳᠠ
ᠠᠮᠠᠷᠠᠭ ᠰᠡᠳᠬᠢᠯ ᠳᠦ ᠪᠦᠮᠪᠦᠷᠢᠵᠤ ᠤᠷᠤᠰᠳᠠᠭ ᠰᠢᠭᠦᠳᠡᠷᠢ
ᠰᠦᠯᠳᠡ ᠶᠢᠨ ᠴᠠᠭᠠᠨ ᠬᠡᠷᠡᠮ
ᠰᠥᠮᠪᠥᠷ ᠪᠣᠰᠣᠭ᠎ᠠ ᠥᠮᠥᠭ
ᠮᠥᠬᠥᠯᠢᠭ ᠲᠣᠭᠣᠰᠣ ᠪᠠᠭᠲᠠᠮ᠎ᠠ ᠦᠭᠡᠢ ᠭᠠᠵᠠᠷᠳᠠᠬᠤ ᠴᠢᠬᠤᠯᠬᠠᠨ ᠵᠠᠢ
ᠮᠦᠩᠬᠡ ᠶᠢᠨ ᠬᠤᠷᠤ᠎ᠠ ᠲᠣᠷᠤᠮ ᠦᠭᠡᠢ ᠡᠷᠭᠢᠬᠦ ᠠᠭᠤᠳᠠᠮᠬᠠᠨ ᠴᠡᠭᠡᠯ
ᠠᠮᠢᠳᠤᠷᠠᠯ ᠳᠤᠭᠲᠠᠬᠤ ᠰᠠᠭᠤᠷᠢ
ᠠᠮᠢᠰᠬᠤᠭ᠎ᠠ ᠦᠷᠭᠦᠯᠵᠢᠯᠡᠬᠦ ᠵᠣᠷ
ᠠᠯᠠᠭ ᠳᠠᠯᠠᠬᠡᠢ ᠡᠯᠢᠭᠡ ᠪᠦᠲᠦᠨ ᠡᠷᠭᠢᠬᠦ ᠶᠢᠨ ᠠᠯᠲᠠᠨ ᠲᠡᠩᠬᠡᠯᠢᠭ !
1989
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠴᠣᠯᠮᠣᠨᠲᠤᠶᠠᠬ᠋ᠠ
ᠬᠢᠨᠠᠭᠴᠢ ᠄ ᠭᠠᠸᠠ
2023᠂ 5᠂ 28 ᠪ ᠡᠲᠦᠷ
