ᠣᠩᠭᠣᠨ ᠪᠠᠶ᠋ᠢᠭᠠᠯᠢ ᠪᠠᠨ ᠬᠠᠶ᠋ᠢᠷᠠᠯᠠᠵᠤ ᠶᠠᠪᠤ - ᠦ‍ ᠂ ᠪᠣᠷᠣᠭᠠᠨ Онгон байгалиа хайрлаж яв - Ө ᠂ Бороон ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠩᠭᠣᠨ ᠪᠠᠶ᠋ᠢᠭᠠᠯᠢ ᠪᠠᠨ ᠬᠠᠶ᠋ᠢᠷᠠᠯᠠᠵᠤ ᠶᠠᠪᠤ - ᠦ‍ ᠂ ᠪᠣᠷᠣᠭᠠᠨ Онгон байгалиа хайрлаж яв - Ө ᠂ Бороон

ᠣᠩᠭᠣᠨ ᠪᠠᠶ᠋ᠢᠭᠠᠯᠢ ᠪᠠᠨ ᠬᠠᠶ᠋ᠢᠷᠠᠯᠠᠵᠤ ᠶᠠᠪᠤ - ᠦ‍ ᠂ ᠪᠣᠷᠣᠭᠠᠨ Онгон байгалиа хайрлаж яв - Ө ᠂ Бороон

2023-06-01

782

ᠣᠩᠭᠣᠨ ᠪᠠᠶ᠋ᠢᠭᠠᠯᠢ ᠪᠠᠨ ᠬᠠᠶ᠋ᠢᠷᠠᠯᠠᠵᠤ ᠶᠠᠪᠤ


           ᠦ‍᠂ ᠪᠣᠷᠣᠭᠠᠨ
    
 ᠦᠷ᠎ᠡ ᠬᠣᠶ᠋ᠢᠴᠢᠰ ᠊ᠢ ᠴᠢᠨᠢ
 ᠥᠯᠥᠭᠡᠶ᠋ᠢᠲᠡᠵᠦ ᠪᠠᠶ᠋ᠢᠲᠠᠭ ᠪᠣᠯᠬᠣᠷ
 ᠣᠩᠭᠣᠨ ᠳᠠᠷᠬᠠᠨ ᠪᠠᠶ᠋ᠢᠭᠠᠯᠢ ᠪᠠᠨ
 ᠵᠠᠯᠠᠭᠤ ᠨᠠᠰᠤ ᠰᠢᠭ᠋ ᠶ᠋ᠢᠡᠨ ᠬᠠᠶ᠋ᠢᠷᠠᠯᠠᠵᠤ ᠶᠠᠪᠤ !
 ᠪᠠᠶᠠᠨ ᠲᠠᠩᠰᠤᠭ ᠠᠮᠢᠲᠤᠷᠠᠯ ᠊ᠢ ᠴᠢᠨᠢ
 ᠤᠮᠲᠠᠯᠠᠵᠤ ᠪᠠᠶ᠋ᠢᠲᠠᠭ ᠪᠣᠯᠬᠣᠷ
 ᠪᠠᠶ᠋ᠢᠭᠠᠯᠢ ᠡᠬᠡ ᠳᠡᠯᠡᠬᠡᠢ ᠪᠡᠨ
 ᠤᠷ᠎ᠠ ᠤᠬᠠᠭᠠᠨ ᠳ᠋ᠠᠭᠠᠨ ᠰᠢᠲᠦᠵᠦ ᠶᠠᠪᠤ !
 ᠨᠡᠭᠦᠲᠡᠯ ᠰᠣᠶᠣᠯ ᠦ᠋ᠨ ᠭᠣᠯᠣᠮᠲᠠ ᠶ᠋ᠢ ᠴᠢᠨᠢ
 ᠮᠠᠨᠲᠤᠭᠤᠯᠵᠤ ᠪᠠᠶ᠋ᠢᠲᠠᠭ ᠪᠣᠯᠬᠣᠷ
 ᠨᠡᠯᠦᠭᠡᠷ ᠠᠭᠤᠲᠠᠮ ᠨᠤᠲᠤᠭ ᠶ᠋ᠢᠠᠨ
 ᠮᠠᠭᠲᠠᠭᠠᠯ ᠢᠷᠥᠭᠡᠯ ᠶ᠋ᠢᠡᠷ ᠮᠢᠯᠢᠶᠠᠵᠤ ᠶᠠᠪᠤ !
 ᠠᠮᠢ ᠲᠠᠢ ᠪᠦᠬᠦᠨ ᠊ᠢ ᠴᠢᠨᠢ 
 ᠤᠮᠲᠠᠯᠠᠵᠤ ᠪᠠᠶ᠋ᠢᠲᠠᠭ ᠪᠣᠯᠬᠣᠷ
 ᠷᠠᠰᠢᠶᠠᠨ ᠪᠤᠯᠠᠭ ᠤᠰᠤ ᠪᠠᠨ
 ᠣᠭ᠌ᠶᠣᠨ ᠨᠣᠮᠢᠨ ᠰᠢᠭ᠋ ᠬᠠᠮᠠᠭᠠᠯᠠᠵᠤ ᠶᠠᠪᠤ !
 ᠳᠡᠭᠡᠳᠦᠰ ᠦ᠋ᠨ ᠠᠷᠢᠭᠤᠨ ᠪᠤᠶᠠᠨ ᠴᠢᠨᠢ
 ᠳᠡᠯᠭᠡᠷᠡᠵᠦ ᠪᠠᠶ᠋ᠢᠲᠠᠭ ᠪᠣᠯᠬᠣᠷ
 ᠳᠡᠯᠭᠡᠷ ᠮᠣᠩᠭᠣᠯ ᠬᠥᠲᠡᠭᠡ ᠪᠡᠨ
 ᠳᠡᠪᠡᠯ ᠲᠡᠷᠯᠢᠭ ᠰᠢᠭ᠌ ᠶ᠋ᠢᠡᠨ ᠭᠣᠶᠣᠯᠠᠵᠤ ᠶᠠᠪᠤ !
 ᠬᠡᠶ᠋ᠢᠮᠣᠷᠢ ᠰᠦᠯᠲᠡ ᠶ᠋ᠢ ᠴᠢᠨᠢ
 ᠡᠷᠭᠦᠵᠦ ᠪᠠᠶ᠋ᠢᠲᠠᠭ ᠪᠣᠯᠬᠣᠷ 
 ᠬᠢᠩᠬ᠋᠎ᠠ ᠨᠢᠷᠤᠭᠤ ᠬᠠᠶ᠋ᠢᠷᠬᠠᠨ ᠶ᠋ᠢᠠᠨ
 ᠡᠷᠭᠦᠯ ᠮᠥᠷᠭᠥᠯ ᠶ᠋ᠢᠡᠷ ᠠᠷᠭᠠᠲᠠᠵᠤ ᠶᠠᠪᠤ  !

         2023 ᠣᠨ ᠪ 5 ᠰᠠᠷ᠎ᠠ ᠶ᠋ᠢᠨ31

    ᠦᠰᠦᠭ ᠠᠮᠢᠯᠠᠭᠤᠯᠤᠭᠴᠢ ᠄ ᠣᠤᠠᠬᠠᠨᠴᠡᠴᠡᠭ
        ᠬᠢᠨᠠᠭᠴᠢ ᠪᠠᠭᠰᠢ ᠄ ᠯᠢᠶᠠᠩ ᠵᠢᠨ ᠬᠤᠸᠠ