ᠨᠢᠮ᠎ᠠ ᠶᠢᠨ ᠵᠠᠳᠠᠭᠠᠢ ᠰᠢᠯᠦᠭ ᠦᠳ - 2 Нямын задгай шүлгүүд - 2 ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠮ᠎ᠠ ᠶᠢᠨ ᠵᠠᠳᠠᠭᠠᠢ ᠰᠢᠯᠦᠭ ᠦᠳ - 2 Нямын задгай шүлгүүд - 2

ᠨᠢᠮ᠎ᠠ ᠶᠢᠨ ᠵᠠᠳᠠᠭᠠᠢ ᠰᠢᠯᠦᠭ ᠦᠳ - 2 Нямын задгай шүлгүүд - 2

2023-06-01

243

ᠨᠢᠮ᠎ᠠ ᠶᠢᠨ ᠵᠠᠳᠠᠭᠠᠢ ᠰᠢᠯᠦᠭ ᠦᠳ - 2


              ᠭᠡᠷᠡᠯ ᠰᠡᠭᠦᠳᠡᠷ ᠬᠣᠶᠠᠷ

      ᠬᠥᠮᠦᠨ ᠠᠮᠢᠲᠠᠨ ᠳ᠋ᠤ᠌ ᠲᠤᠰᠠ ᠬᠦᠷᠭᠡᠨ᠎ᠡ ᠯᠡ ᠭᠡᠵᠦ ᠮᠤᠩᠭᠠᠨᠢᠵᠤ ᠶᠠᠪᠤᠭ᠎ᠠ ᠭᠡᠮ ᠴᠦ᠍ ᠦᠭᠡᠢ᠂ ᠬᠣᠣᠷ ᠴᠤ᠌ ᠦᠭᠡᠢ ᠨᠢᠩᠵᠢ ᠶ᠋ᠢᠨ ᠰᠡᠳᠬᠢᠯ ᠦ᠋ᠨ ᠴᠠᠭᠠᠨ ᠮᠥᠷ ᠲᠡᠢ ᠭᠡᠷᠡᠯ ᠦ᠋ᠨ ᠬᠣᠢᠨ᠎ᠠ ᠠ᠋ᠴᠠ ᠰᠡᠭᠦᠯᠲᠡᠨ ᠳᠠᠭᠠᠳᠠᠭ ᠨᠢ ᠰᠡᠭᠦᠳᠡᠷ ᠃   
      ᠰᠠᠢᠬᠠᠨ ᠪᠦᠬᠦᠨ ᠢ᠋ ᠵᠠᠯᠭᠢᠬᠤ ᠶ᠋ᠢ ᠯᠡ ᠪᠣᠳᠣᠭᠠᠳ ᠰᠢᠩᠰᠢᠳᠡᠭ ᠰᠡᠭᠦᠳᠡᠷ ᠰᠢᠭ ᠡᠢᠮᠦ ᠮᠠᠭᠤ ᠰᠠᠨᠠᠭ᠎ᠠ ᠂ ᠬᠠᠷ᠎ᠠ ᠳᠣᠲᠣᠷ ᠲᠠᠢ ᠶᠠᠭᠤᠮ᠎ᠠ ᠠᠯᠲᠠᠨ ᠳᠡᠯᠡᠬᠡᠢ ᠳ᠋ᠦ᠍ ᠥᠭᠡᠷ᠎ᠡ ᠨᠢᠭᠡᠴᠦ᠍ ᠦᠭᠡᠢ ᠃ 
      ᠬᠡᠷᠡᠮ ᠦ᠋ᠨ ᠠᠷᠤ  ᠂ ᠭᠡᠷ ᠦ᠋ᠨ ᠪᠤᠯᠤᠩ  
      ᠬᠡᠭᠡᠷ᠎ᠡ ᠲᠠᠯ᠎ᠠ ᠂ ᠬᠠᠳᠠ ᠴᠢᠯᠠᠭᠤ ᠂ ᠠᠭᠤᠨ ᠤᠰᠤ ᠁   
      ᠬᠠᠮᠢᠭ᠎ᠠ ᠶᠠᠭᠤ ᠪᠠᠢᠪᠠᠯ ᠲᠡᠭᠦᠨ ᠦ᠌ ᠳᠠᠯᠳᠠ ᠠ᠋ᠴᠠ ᠳᠠᠭᠠᠵᠤ ᠯᠠ ᠪᠠᠢᠳᠠᠭ᠂ ᠭᠡᠲᠡᠵᠦ ᠯᠡ ᠪᠠᠢᠳᠠᠭ ᠃ 
      ᠲᠡᠭᠡᠭᠡᠳ ᠡᠳᠦᠷᠵᠢᠨ ᠳᠠᠭᠠᠵᠤ ᠭᠡᠲᠡᠪᠡᠴᠦ ᠶᠠᠭᠤ  ᠴᠤ᠌ ᠣᠯᠬᠤ ᠦᠭᠡᠢ 
      ᠲᠡᠭᠷᠢ ᠶ᠋ᠢᠨ ᠲᠦᠮᠡᠨ ᠨᠢᠳᠦᠨ ᠦ᠌ ᠳᠣᠣᠷ᠎ᠠ ᠬᠢᠨᠠᠯᠲᠠ ᠬᠦᠯᠢᠶᠡᠨ ᠨᠢᠭᠡ ᠨᠢᠭᠡ ᠰᠥᠨᠢ ᠪᠡᠷ ᠫᠡᠯᠪᠡᠢᠨ ᠬᠠᠷᠠᠯᠠᠵᠤ ᠬᠡᠪᠲᠡᠨ᠎ᠡ ᠃  
      ᠨᠠᠷᠠ ᠭᠠᠷᠬᠤ ᠦᠶ᠎ᠡ ᠳ᠋ᠦ᠍ ᠪᠣᠰᠴᠤ ᠦᠵᠡᠪᠡᠯ᠂  
      ᠥᠨᠥᠬᠢ ᠰᠡᠭᠦᠳᠡᠷ ᠭᠡᠷᠡᠯ ᠦ᠋ᠨ ᠠᠪᠤᠷᠭᠤ ᠱᠦᠭᠦᠷ ᠲᠦ᠍ ᠰᠡᠭ ᠪᠣᠯᠲᠠᠯ᠎ᠠ ᠱᠦᠭᠦᠷᠳᠡᠭᠳᠡᠵᠦ ᠬᠠᠮᠢᠭ᠎ᠠ ᠶᠠᠭᠤᠨ ᠤ᠋ ᠠᠷᠤ ᠳ᠋ᠤ᠌ ᠨᠢᠭᠤᠭᠳᠠᠵᠤ ᠪᠠᠢᠭᠰᠠᠨ ᠪᠣᠯ ᠲᠡᠨᠳᠡ ᠡᠴᠡ ᠪᠡᠨ ᠲᠠᠭᠤᠭᠳᠠᠵᠤ ᠡᠦᠲᠦᠨ᠎ᠡ ᠃ 
      ᠬᠠᠷ᠎ᠠ ᠰᠠᠨᠠᠭ᠎ᠠ ᠭᠠᠷᠭᠠᠳᠠᠭ ᠢ᠋ᠶ᠋ᠠᠷ ᠢ᠋ᠶ᠋ᠠᠨ ᠰᠡᠭᠦᠳᠡᠷ ᠬᠡᠵᠢᠶᠡᠳᠡ ᠲᠠᠭᠤᠭᠳᠠᠨ᠎ᠠ ᠃ 
      ᠴᠠᠭᠠᠨ ᠮᠥᠷ ᠲᠡᠢ ᠶᠠᠪᠤᠳᠠᠭ ᠢ᠋ᠶ᠋ᠠᠷ ᠢ᠋ᠶ᠋ᠠᠨ ᠭᠡᠷᠡᠯ ᠲᠠᠩᠳᠠ ᠳᠤᠯᠠᠢᠨ᠎ᠠ ᠁  

            ᠠᠪᠤᠭᠠᠢ ᠮᠢᠨᠢ 

      ᠬᠥᠮᠦᠨ ᠦ᠌ ᠤᠷᠢᠳᠤᠭᠤᠷ ᠤᠯᠠᠩ ᠲᠤᠯᠩ ᠪᠥᠮᠪᠥᠷᠢᠭᠰᠡᠭᠡᠷ ᠂ 
      ᠬᠠᠷᠭᠤᠯᠳᠤᠭᠰᠠᠨ ᠪᠦᠬᠦᠨ ᠢ᠋ ᠬᠠᠷᠠᠩᠭᠤᠢ ᠳ᠋ᠤ᠌ ᠲᠥᠭᠡᠷᠢᠭᠦᠯᠳᠡᠭ ᠬᠥᠯ ᠤᠯᠠ ᠦᠭᠡᠢ ᠬᠥᠬᠡ ᠭᠡᠷᠡᠯ ᠢ᠋ ᠠᠩᠬᠠᠨ ᠳ᠋ᠠᠭᠠᠨ ᠠᠯᠪᠢᠨ ᠴᠢᠳᠬᠥᠷ ᠭᠡᠵᠦ ᠮᠠᠨᠠᠢᠬᠢᠨ ᠳ᠋ᠤ᠌ ᠨᠡᠷᠡᠯᠡᠳᠡᠭ ᠪᠠᠢᠭᠰᠠᠨ ᠶᠤᠮ ᠃ 
      ᠡᠦᠲᠦ ᠬᠥᠮᠦᠨ ᠬᠣᠢᠭᠤᠷ ᠭᠣᠷ ᠱᠣᠷ ᠪᠥᠮᠪᠥᠷᠢᠭᠰᠡᠭᠡᠷ 
      ᠬᠠᠮᠤᠭ ᠣᠯᠠᠨ ᠢ᠋ ᠬᠠᠷ᠎ᠠ ᠡᠳᠦᠷ ᠢ᠋ᠶ᠋ᠡᠷ ᠲᠥᠭᠡᠷᠢᠭᠦᠯᠳᠡᠭ ᠣᠷᠣᠨ ᠲᠣᠷᠤᠨ ᠦᠭᠡᠢ ᠬᠡᠢ ᠴᠤᠤᠷᠬᠠᠯ ᠢ᠋ ᠴᠣᠬᠣᠮ ᠶᠠᠭᠤ ᠭᠡᠵᠦ ᠳᠠᠭᠤᠳᠠᠪᠠᠯ ᠵᠣᠬᠢᠯᠲᠠᠢ ᠪᠣᠢ ? 
      ᠬᠠᠷᠢᠭᠤᠯᠵᠤ ᠠᠯᠢ ᠳᠠ ᠨᠠᠳᠠ 
      ᠬᠤᠯᠮᠠᠯᠵᠠᠵᠤ ᠪᠤᠤ ᠠᠭᠠᠰᠢᠯᠠ ᠳᠠ ᠠᠪᠤᠭᠠᠢ ᠮᠢᠨᠢ !

             ᠨᠠᠪᠴᠢ ᠴᠡᠴᠡᠭ ᠦ᠋ᠨ ᠪᠠᠷ᠎ᠠ 

      ᠨᠠᠳᠠ ᠲᠠᠢ ᠴᠣᠭ ᠨᠢᠭᠡ ᠵᠤᠨ ᠨᠠᠭᠠᠳᠤᠭᠰᠠᠨ
      ᠨᠠᠪᠴᠢ ᠴᠡᠴᠡᠭ ᠬᠣᠶᠠᠷ 
      ᠨᠠᠮᠤᠷ ᠤ᠋ᠨ ᠠᠯᠲᠠᠨ ᠳᠠᠪᠠᠭ᠎ᠠ ᠶ᠋ᠢ ᠳᠠᠪᠠᠭᠠᠳ ᠯᠠ ᠣᠷᠣᠮᠠᠭᠴᠠ ᠳᠠᠬᠢᠵᠤ ᠶᠠᠭ ᠬᠠᠷᠠᠭᠳᠠᠭᠰᠠᠨ ᠦᠭᠡᠢ ᠃  
      ᠡᠦᠲᠦ ᠠᠯᠢ ᠳᠠᠪᠠᠭ᠎ᠠ ᠪᠠᠷ 
      ᠤᠯᠠᠢᠵᠤ ᠨᠣᠭᠣᠭᠠᠷᠠᠭᠰᠠᠭᠠᠷ ᠬᠠᠷᠢᠵᠤ ᠢᠷᠡᠳᠡᠭ ᠪᠣᠯ ᠲᠠ ᠮᠠᠨ ᠤ᠋ ᠬᠣᠶᠠᠷ ?
      ᠨᠤᠲᠤᠭ ᠨᠣᠰᠤ ᠪᠠᠨ 
      ᠨᠠᠪᠴᠢ ᠴᠡᠴᠡᠭ ᠪᠢᠳᠡ ᠭᠤᠷᠪᠠᠭᠤᠯᠠ ᠪᠠᠨ ᠴᠢᠮᠡᠵᠦ ᠳᠠᠭᠤᠯᠠᠵᠤ ᠲᠣᠭᠯᠠᠬᠤ ᠶᠤᠮᠰᠠᠨ ᠁ 

             ᠪᠡᠶ᠎ᠡ ᠪᠡᠨ ᠳᠠᠬᠢᠵᠤ ᠭᠠᠢᠬᠠᠭᠤᠯᠤᠨ᠎ᠠ ᠤᠤ  

      ᠬᠤᠰᠤᠨ ᠣᠢ ᠶ᠋ᠢᠨ ᠳᠣᠭᠤᠤᠷ 
      ᠬᠥᠷᠥᠰᠥ ᠨᠠᠭᠠᠯᠳᠤᠨ ᠠᠵᠤ ᠲᠥᠷᠥᠵᠦ ᠶᠠᠪᠤᠭ᠎ᠠ ᠬᠥᠪᠳᠥ ᠵᠢᠭᠠᠬᠠᠨ ᠪᠣᠯᠪᠠᠴᠤ᠂ 
      ᠲᠣᠯᠣᠭᠠᠢ ᠰᠢᠭᠢᠷ᠎ᠡ ᠪᠦᠷᠢᠨ 
      ᠲᠠᠪᠤᠨ ᠴᠣᠯᠠ ᠪᠦᠲᠦᠨ ᠠᠮᠢ ᠲᠠᠢ ᠭᠣᠣᠯ ᠲᠠᠢ ᠶᠠᠭᠤᠮ᠎ᠠ ᠶᠤᠮ ᠃ 
      ᠭᠡᠷᠡᠯ ᠴᠢᠭᠢᠭ ᠬᠠᠮᠢᠭ᠎ᠠ ᠪᠠᠢᠪᠠᠯ ᠲᠡᠨᠳᠡ ᠣᠴᠢᠵᠤ ᠭᠡᠷ ᠡᠷᠦᠬᠡ ᠪᠡᠨ ᠪᠣᠰᠬᠠᠨ᠎ᠠ ᠃
      ᠤᠨᠠᠬᠤ ᠨᠠᠷᠠ ᠲᠣᠰᠤᠭᠠᠳ ᠯᠠ ᠭᠠᠷᠬᠤ ᠬᠣᠭᠣᠷᠣᠨᠳᠣ 
      ᠤᠷᠭᠤᠵᠤ ᠬᠥᠬᠡᠷᠡᠬᠦ ᠭᠡᠷᠡᠯ ᠦ᠋ᠨ ᠰᠢᠮ᠎ᠡ ᠲᠡᠵᠢᠭᠡᠯ ᠢ᠋ᠶ᠋ᠡᠨ ᠤᠳᠠᠬᠤ ᠴᠤ᠌ ᠦᠭᠡᠢ ᠣᠯᠤᠭᠠᠳ ᠯᠠ ᠠᠮᠵᠢᠴᠢᠳᠠᠭ ᠬᠤᠷᠴᠠ ᠱᠠᠯᠠᠮᠠᠭ ᠵᠠᠩ ᠲᠠᠢ ᠃ 
      ᠠᠮᠵᠢ ᠠᠮᠵᠢᠭᠰᠠᠭᠠᠷ ᠯᠠ ᠤᠴᠢᠷ ᠦᠭᠡᠢ ᠪᠠᠶᠠᠰᠳᠠᠭ ᠰᠠᠢᠬᠠᠨ ᠠᠭᠠᠯᠢ ᠲᠠᠢ ᠠᠢᠯ ᠰᠢᠦ ᠃ 
      ᠵᠢᠭᠠᠬᠠᠨ ᠬᠥᠪᠳᠥ ᠨᠦ᠍ᠭᠦᠳ ᠡᠨᠡ ᠣᠷᠣᠢ ᠮᠥᠨ ᠯᠡ ᠣᠢ ᠶ᠋ᠢᠨ ᠵᠠᠪᠰᠠᠷ ᠠ᠋ᠴᠠ ᠭᠡᠷᠡᠯ ᠭᠡᠭᠡ ᠶ᠋ᠢᠨ ᠢᠳᠡᠰᠢ ᠤᠤᠭᠤᠰᠢ ᠪᠠᠨ ᠣᠯᠵᠤ ᠠᠪᠤᠭᠠᠳ ᠶᠡᠬᠡ ᠪᠠᠶᠠᠷᠯᠠᠨ ᠬᠥᠭᠡᠷᠦᠯᠳᠦᠵᠡᠭᠡᠯ᠎ᠡ ᠃ 
      ᠬᠥᠭᠰᠢᠨ ᠪᠤᠭᠤᠷᠤᠯ 
      ᠬᠡᠦᠬᠡᠳ ᠨᠢᠯᠬᠠᠰ ᠦᠭᠡᠢ ᠪᠦᠭᠦᠳᠡ ᠪᠦᠭᠦᠳᠡᠭᠡᠷ ᠢ᠋ᠶ᠋ᠡᠨ 
      ᠬᠥᠬᠡ ᠠᠯᠴᠢᠭᠤᠷ ᠰᠠᠵᠢᠨ ᠪᠥᠵᠢᠭᠯᠡᠵᠦ ᠪᠠᠢᠲᠠᠯ᠎ᠠ᠂ 
      《 ᠲᠦᠢ! ᠲᠤᠰᠠ ᠬᠦᠷᠭᠡᠵᠦ ᠵᠠᠪᠰᠠᠷ ᠲᠠᠯᠪᠢᠵᠤ ᠦᠭᠭᠦᠭᠰᠡᠨ ᠦᠭᠡᠢ ᠪᠣᠯ ᠂ ᠲᠠᠨ ᠤ᠋ ᠮᠡᠲᠦ ᠶ᠋ᠢᠨ ᠠᠮᠢᠲᠠᠳ ᠳᠤᠬᠤ ᠪᠠᠨ ᠣᠯᠵᠤ ᠳᠣᠩᠬᠣᠯᠵᠠᠬᠤ ᠪᠣᠢ︕ 》 ᠭᠡᠵᠦ ᠥᠨᠳᠥᠷ ᠥᠨᠳᠥᠷ ᠬᠤᠰᠤ ᠥᠩᠭᠡᠢᠵᠦ ᠢᠷᠡᠭᠡᠳ ᠬᠡᠯᠡᠵᠡᠢ ᠃ ᠲᠤᠰᠠ ᠬᠢᠭᠰᠡᠨ ᠳ᠋ᠡᠭᠡᠨ ᠪᠡᠶ᠎ᠡ ᠪᠡᠨ ᠭᠠᠢᠬᠠᠭᠤᠯᠬᠤ ᠰᠠᠨᠠᠭ᠎ᠠ ᠲᠠᠢ ᠃ ᠴᠢᠩᠭᠢᠲᠡᠯ᠎ᠡ ᠳᠣᠣᠷ᠎ᠠ ᠠ᠋ᠴᠠ ᠨᠢ ᠄
      《 ᠴᠢᠭᠢᠭ ᠨᠣᠢᠲᠠᠨ ᠢ᠋ ᠪᠦᠷᠬᠦᠵᠦ 
      ᠴᠡᠭᠬᠢᠵᠤ ᠠᠳᠠ ᠠᠮᠢᠳᠤᠷᠠᠭ᠎ᠠ ᠦᠭᠡᠢ ᠪᠣᠯ ᠡᠰᠢ ᠦᠨᠳᠦᠰᠦᠨ ᠦ᠌ ᠴᠢᠨᠢ ᠦᠬᠦᠰᠢᠷᠡᠵᠦ ᠬᠠᠲᠠᠬᠤ ᠶ᠋ᠢ ᠴᠣᠬᠣᠮ ᠨᠢᠭᠡ ᠰᠠᠢᠨ ᠦᠵᠡᠨ᠎ᠡ ᠳᠡ! ᠭᠡᠵᠦ ᠵᠢᠭᠠᠬᠠᠨ ᠬᠥᠪᠳᠥ ᠨᠦ᠍ᠭᠦᠳ ᠵᠡᠷᠭᠡᠪᠡᠷ ᠥᠨᠳᠡᠢᠵᠦ ᠬᠡᠯᠡᠪᠡ ᠭᠡᠨ᠎ᠡ ᠃ 
      ᠥᠩᠭᠡᠢᠭᠰᠡᠨ ᠬᠤᠰᠤ ᠢᠩᠭᠢᠭᠡᠳ ᠴᠠᠰᠢ ᠨᠢ ᠲᠠᠭ ᠪᠣᠯᠪᠠ ᠃ 
      ᠪᠤᠰᠤᠳ ᠤ᠋ᠨ ᠰᠠᠢᠨ ᠢ᠋ ᠮᠡᠳᠡᠬᠦ ᠦᠭᠡᠢ ᠬᠤᠰᠤ ᠴᠢ ᠳᠠᠬᠢᠭᠠᠳ ᠪᠡᠶ᠎ᠡ ᠪᠡᠨ ᠭᠠᠢᠬᠠᠭᠤᠯᠤᠨ᠎ᠠ ᠤᠤ?

              ᠠᠯᠢᠮ᠎ᠠ ᠶ᠋ᠢᠨ ᠮᠣᠳᠣ 

      《ᠠᠵᠢᠯ ᠬᠥᠳᠡᠯᠮᠦᠷᠢ ᠶ᠋ᠢ ᠴᠢ ᠬᠠᠶᠠᠬᠤ ᠦᠭᠡᠢ ᠪᠣᠯ 
      ᠠᠮᠢᠳᠤᠷᠠᠯ ᠴᠢᠮᠠᠶ᠋ᠢ ᠬᠠᠶᠠᠬᠤ ᠦᠭᠡᠢ 》ᠭᠡᠵᠦ
      ᠠᠯᠢᠮ᠎ᠠ ᠶ᠋ᠢᠨ ᠮᠣᠳᠣ ᠡᠵᠡᠨ ᠳ᠋ᠡᠭᠡᠨ ᠬᠡᠯᠡᠭᠡᠳ ᠪᠥᠵᠢᠭᠯᠡᠨ᠎ᠡ ᠃ 

              ᠠᠯᠠᠭ ᠪᠣᠯᠵᠣᠮᠣᠷ  

      《 ᠠᠶᠠᠲᠠᠢ ᠲᠠᠭᠠᠲᠠᠢ ᠠᠮᠢᠰᠬᠤᠭ᠎ᠠ ᠯᠠ ᠲᠠᠯᠪᠢᠪᠠᠯ
      ᠠᠶᠠᠯᠭᠤ ᠪᠠᠷ ᠢ᠋ᠶ᠋ᠠᠨ ᠴᠢᠮᠠᠶ᠋ᠢ ᠳᠦᠭᠦᠷᠭᠡᠨ᠎ᠡ 》 ᠭᠡᠵᠦ 
      ᠠᠳᠬᠤ ᠳᠦᠭᠦᠷᠬᠦ ᠦᠭᠡᠢ ᠠᠯᠠᠭ ᠪᠣᠯᠵᠣᠮᠣᠷ ᠴᠤ᠌
      ᠠᠭᠠᠷ ᠲᠡᠭᠷᠢ ᠳ᠋ᠦ᠍ ᠳᠠᠭᠤᠯᠠᠵᠤ ᠪᠠᠢᠨ᠎ᠠ ᠃
      ᠠᠪᠤᠭᠠᠢ ᠴᠢ ᠴᠢᠩᠨᠠ ᠁

             ᠦᠷ᠎ᠡ ᠪᠦᠭᠦᠳᠡᠭᠡᠷ ᠢ᠋ᠶ᠋ᠡᠨ ᠴᠢᠷᠮᠠᠢᠨ᠎ᠠ 

      ᠨᠠᠷᠠ ᠦᠵᠡᠬᠦ ᠶ᠋ᠢᠨ ᠲᠥᠯᠥᠭᠡ ᠨᠠᠪᠴᠢ ᠴᠢᠷᠮᠠᠢᠨ᠎ᠠ ᠃ 
      ᠨᠢᠯᠬ᠎ᠠ ᠦᠷ᠎ᠡ ᠶ᠋ᠢᠨ ᠲᠥᠯᠥᠭᠡ ᠴᠡᠴᠡᠭ ᠴᠢᠷᠮᠠᠢᠨ᠎ᠠ ᠃ 
      ᠡᠨᠡ ᠪᠦᠬᠦᠨ ᠦ᠌ ᠲᠥᠯᠥᠭᠡ ᠦᠨᠳᠦᠰᠦ ᠴᠢᠷᠮᠠᠢᠨ᠎ᠠ ᠃
      ᠦᠨᠳᠦᠰᠦ ᠵᠠᠯᠭᠠᠬᠤ ᠶ᠋ᠢᠨ ᠲᠥᠯᠥᠭᠡ ᠦᠷ᠎ᠡ ᠪᠦᠭᠦᠳᠡᠭᠡᠷ ᠢ᠋ᠶ᠋ᠡᠨ ᠴᠢᠷᠮᠠᠢᠨ᠎ᠠ ᠃  

             ᠨᠤᠲᠤᠭ ᠮᠢᠨᠢ 

      ᠬᠥᠨᠳᠡᠯᠡᠨ ᠭᠠᠵᠠᠷ ᠤ᠋ᠨ ᠬᠥᠮᠦᠨ ᠠᠮᠢᠲᠠᠨ ᠳ᠋ᠤ᠌
      ᠬᠥᠯ ᠤᠯᠠ ᠶ᠋ᠢᠨ ᠰᠢᠷᠣᠢ ᠪᠣᠯᠪᠠᠴᠤ
      ᠬᠦᠦ ᠨᠢ ᠪᠣᠯᠤᠭᠰᠠᠨ ᠨᠠᠳᠠ ᠳ᠋ᠠᠭᠠᠨ ᠪᠣᠯ
      ᠬᠠᠯᠠᠭᠤᠬᠠᠨ ᠥᠯᠥᠭᠡᠢ ᠰᠢᠦ ᠨᠤᠲᠤᠭ ᠮᠢᠨᠢ ᠃