ᠨᠢᠮ᠎ᠠ ᠶᠢᠨ ᠵᠠᠳᠠᠭᠠᠢ ᠰᠢᠯᠦᠭ ᠦᠳ - 1 Нямын задгай шүлгүүд - 1
ᠨᠢᠮ᠎ᠠ ᠶᠢᠨ ᠵᠠᠳᠠᠭᠠᠢ ᠰᠢᠯᠦᠭ ᠦᠳ - 1
ᠬᠠᠮᠤᠭ ᠤ᠋ᠨ ᠶᠡᠬᠡ ᠪᠠᠶᠠᠨ
᠁ᠦᠷ᠎ᠡ ᠵᠢᠮᠢᠰ ᠦ᠋ᠨ ᠠᠷᠪᠢᠨ
ᠡᠵᠡᠨ ᠲᠣᠯᠣᠭᠠᠢ ᠶ᠋ᠢᠨ ᠣᠯᠠᠨ
ᠡᠬᠡᠰᠢᠭ ᠳᠠᠭᠤᠤ ᠶ᠋ᠢᠨ ᠦᠯᠡᠮᠵᠢ
ᠡᠨᠡᠷᠢᠯ ᠬᠠᠢᠷ᠎ᠠ ᠶ᠋ᠢᠨ ᠵᠤᠵᠠᠭᠠᠨ ᠢ᠋ᠶ᠋ᠠᠷ ᠢ᠋ᠶ᠋ᠠᠨ
ᠠᠮᠢᠳᠤᠷᠠᠯ ᠢ᠋ ᠳᠠᠪᠠᠬᠤ ᠪᠠᠶᠠᠨ ᠭᠡᠵᠦ ᠡᠨᠡ ᠳᠡᠯᠡᠬᠡᠢ ᠳ᠋ᠦ᠍ ᠥᠭᠡᠷ᠎ᠡ ᠨᠢᠭᠡᠴᠦ ᠦᠭᠡᠢ ᠃
ᠬᠥᠯ ᠢ᠋ᠶ᠋ᠡᠨ ᠬᠠᠵᠠᠭᠠᠢ ᠭᠢᠰᠬᠢᠬᠦ ᠦᠭᠡᠢ
ᠬᠥᠯᠥᠰᠥ ᠤᠷᠤᠰᠬᠠᠬᠤ ᠠ᠋ᠴᠠ ᠪᠠᠨ ᠠᠶᠤᠬᠤ ᠦᠭᠡᠢ ᠯᠡ ᠪᠣᠯ ᠂
ᠬᠦᠰᠡᠭᠰᠡᠨ ᠪᠦᠬᠦᠨ ᠢ᠋ᠶ᠋ᠡᠨ ᠪᠦᠷ ᠲᠡᠭᠦᠨ ᠡᠴᠡ ᠣᠯᠵᠤ ᠪᠣᠯᠤᠨ᠎ᠠ!
ᠠᠮᠢᠳᠤᠷᠠᠯ
ᠡᠨᠡ ᠳᠡᠯᠡᠬᠡᠢ ᠳ᠋ᠦ᠍ ᠬᠠᠮᠤᠭ ᠤ᠋ᠨ ᠬᠠᠮᠤᠭ ᠤ᠋ᠨ ᠬᠠᠷᠠᠮᠴᠢ ᠪᠠᠶᠠᠨ ᠭᠡᠪᠡᠯ ᠠᠮᠢᠳᠤᠷᠠᠯ ᠮᠥᠨ ᠃
ᠬᠠᠮᠤᠭ ᠤ᠋ᠨ ᠬᠠᠮᠤᠭ ᠤ᠋ᠨ ᠠᠮᠢᠨᠴᠢᠷ ᠦᠭᠡᠢ ᠪᠠᠶᠠᠨ ᠭᠡᠪᠡᠯ ᠪᠠᠰᠠᠴᠤ ᠠᠮᠢᠳᠤᠷᠠᠯ ᠮᠥᠨ ᠃
ᠶᠠᠭᠠᠬᠢᠭᠠᠳ ᠲᠡᠷᠡ ᠪᠣᠢ ?
ᠠᠯᠵᠠᠭᠤᠷᠠᠵᠤ ᠰᠠᠭᠤᠭᠴᠢᠳ ᠲᠤ᠌ ᠠᠯᠠᠭᠠᠨ ᠴᠢᠨᠡᠭᠡᠨ ᠠᠰᠢᠭ ᠴᠤ᠌ ᠬᠦᠷᠲᠡᠭᠡᠳᠡᠭ ᠦᠭᠡᠢ ᠃
ᠠᠵᠢᠯᠰᠠᠭ ᠵᠢᠳᠬᠦᠭᠴᠢᠳ ᠲᠦ᠍ ᠠᠮᠢᠳᠤ ᠡᠷᠳᠡᠨᠢ ᠪᠡᠨ ᠴᠦ᠍ ᠬᠠᠷᠠᠮᠠᠯᠲᠠᠭ ᠦᠭᠡᠢ ᠥᠭᠳᠡᠭ ᠶᠦ᠍ᠮ ᠰᠢᠦ ᠲᠡᠷᠡ ᠴᠢᠨᠢ !
ᠨᠣᠭᠣᠭᠠᠨ ᠤᠯᠠᠭᠠᠨ ᠨᠠᠰᠤᠨ ᠤ᠋ ᠰᠠᠢᠬᠠᠨ
ᠨᠠᠷᠠ ᠭᠡᠵᠦ ᠮᠠᠨᠳᠤᠭᠠᠳ ᠭᠡᠷᠡᠯ ᠢ᠋ᠶ᠋ᠡᠨ ᠬᠦᠷᠭᠡᠭᠰᠡᠨ ᠯᠡ ᠴᠠᠭ ᠲᠤ᠌
ᠨᠠᠪᠴᠢ ᠪᠢ ᠴᠦ᠍ ᠨᠣᠭᠣᠭᠠᠷᠠᠵᠤ ᠴᠢᠳᠠᠨ᠎ᠠ ᠂
ᠴᠡᠴᠡᠭ ᠴᠢ ᠴᠦ᠍ ᠤᠯᠠᠯᠵᠠᠵᠤ ᠴᠢᠳᠠᠨ᠎ᠠ ᠃
ᠨᠣᠭᠣᠭᠠᠨ ᠤᠯᠠᠭᠠᠨ ᠨᠠᠰᠤᠨ ᠤ᠋ ᠰᠠᠢᠬᠠᠨ ᠢ᠋
ᠨᠠᠷᠠᠯᠢᠭ ᠨᠤᠲᠤᠭ ᠤ᠋ᠨ ᠢ᠋ᠶ᠋ᠠᠨ ᠲᠠᠯ᠎ᠠ ᠳᠤᠮᠳᠠ ᠠ᠋ᠴᠠ ᠣᠯᠤᠭᠰᠠᠨ ᠰᠢᠦ ᠃
ᠬᠡᠵᠢᠶ᠎ᠡ ᠴᠦ᠍ ᠪᠣᠯᠤᠭ ᠂
ᠨᠢᠭᠡ ᠪᠤᠲᠠᠨ ᠳ᠋ᠤ᠌ ᠤᠷᠭᠤᠵᠤ ᠨᠢᠭᠡᠯᠡ ᠰᠠᠯᠠᠭᠠᠨ ᠳ᠋ᠤ᠌ ᠳᠡᠯᠭᠡᠷᠡᠶᠡ ᠃
ᠲᠡᠭᠡᠴᠢᠪᠡᠯ ᠴᠢ ᠪᠢᠳᠡ ᠬᠣᠶᠠᠷ
ᠡᠨᠳᠡ ᠠ᠋ᠴᠠ ᠪᠠᠨ ᠶᠠᠭᠠᠬᠢᠪᠠᠴᠤ ᠬᠣᠯᠠᠳᠠᠬᠤ ᠦᠭᠡᠢ ᠂
ᠦᠰᠦᠨ ᠪᠣᠢᠵᠢᠵᠤ ᠡᠷᠡᠰᠢᠵᠦ ᠶᠠᠪᠤᠭ᠎ᠠ ᠡᠵᠡᠨ ᠦ᠌ ᠪᠡᠨ
ᠳᠣᠪᠲᠣᠯᠤᠭᠠᠳ ᠭᠠᠷᠬᠤ ᠶ᠋ᠢ ᠨᠢ ᠦᠵᠡᠴᠢᠨᠡ
ᠳᠠᠭᠤᠯᠠᠭᠠᠳ ᠢᠷᠡᠬᠦ ᠶ᠋ᠢ ᠨᠢ ᠴᠦ᠍ ᠰᠣᠨᠣᠰᠴᠢᠨᠠ ᠁
ᠮᠢᠨᠦ ᠨᠤᠲᠤᠭ ᠤ᠋ᠨ ᠰᠠᠷ᠎ᠠ
ᠤᠨᠠᠭᠰᠠᠨ ᠰᠢᠷᠣᠢ ᠮᠢᠨᠦ ᠨᠤᠲᠤᠭ ᠶᠠᠭᠤ ᠨᠢ ᠮᠠᠭᠤ ᠪᠣᠢ ?!
ᠠᠭᠤᠯᠠ ᠤᠰᠤ ᠪᠠᠷ ᠲᠡᠨᠳᠡᠬᠢ ᠡᠴᠡ ᠴᠢᠨᠢ ᠳᠤᠲᠠᠬᠤ ᠦᠭᠡᠢ ᠭᠣᠶᠣᠮᠰᠣᠭ ᠃
ᠤᠭ ᠦᠨᠳᠦᠰᠦ ᠠᠳᠠ ᠨᠡᠩ ᠪᠠᠲᠤ ᠃
ᠣᠨ ᠣᠨ ᠳ᠋ᠤ᠌ ᠤᠷᠭᠤᠵᠤ ᠨᠣᠭᠣᠭᠠᠷᠠᠵᠤ ᠴᠡᠴᠡᠭᠯᠡᠭᠰᠡᠭᠡᠷ ᠯᠡ ᠪᠠᠢᠨ᠎ᠠ ᠃
ᠣᠷᠣᠢ ᠳᠡᠭᠡᠷᠡᠬᠢ ᠰᠠᠷ᠎ᠠ ᠨᠢ ᠭᠡᠬᠦ ᠳ᠋ᠦ᠍ ᠲᠠᠨ ᠤ᠋ ᠬᠢ ᠡᠴᠡ ᠳᠣᠣᠷ᠎ᠠ ᠦᠭᠡᠢ ᠲᠡᠷᠭᠡᠯ ᠃
ᠲᠡᠷᠭᠡᠯ ᠰᠠᠷᠠᠨ ᠤ᠋ ᠭᠡᠷᠡᠯ ᠳ᠋ᠦ᠍ ᠪᠢ ᠪᠣᠢᠵᠢᠭᠰᠠᠨ ––
ᠲᠥᠷᠥᠭᠰᠡᠨ ᠡᠮᠡᠭᠡ ᠮᠢᠨᠢ ᠲᠡᠭᠦᠨ ᠦ᠌ ᠳᠣᠣᠷ᠎ᠠ ᠦᠯᠢᠭᠡᠷ ᠢ᠋ᠶ᠋ᠡᠷ ᠨᠠᠮᠠᠢ ᠲᠡᠵᠢᠭᠡᠭᠰᠡᠨ ᠁
ᠲᠡᠭᠡᠬᠦ ᠪᠡᠷ ᠢ᠋ᠶ᠋ᠡᠨ ᠪᠢ ᠲᠦᠮᠡᠨ ᠭᠠᠵᠠᠷ ᠬᠣᠯᠠᠳᠠᠪᠠᠴᠤ
ᠲᠤᠵᠢ ᠶ᠋ᠢᠨ ᠠᠭᠤᠯᠠ ᠶ᠋ᠢᠨ ᠣᠷᠭᠢᠯ ᠳ᠋ᠤ᠌ ᠳᠡᠭᠳᠡᠳᠡᠭ ᠰᠠᠷ᠎ᠠ ᠪᠠᠨ ᠬᠡᠵᠢᠶᠡᠳᠡ ᠮᠠᠷᠲᠠᠬᠤ ᠦᠭᠡᠢ ᠶᠠᠪᠤᠳᠠᠭ ᠃
ᠭᠡᠷᠡᠯ ᠳ᠋ᠦ᠍ᠨᠢ ᠭᠡᠢᠭᠦᠯᠦᠭᠳᠡᠭᠰᠡᠨ ᠨᠢᠭᠡ ᠴᠢᠮᠬᠢ ᠰᠢᠷᠣᠢ ᠳᠡᠭᠡᠷ᠎ᠡ ᠨᠢ ᠴᠦ᠍ ᠪᠤᠵᠠᠷ ᠬᠢᠮᠤᠰᠤ ᠪᠤᠤ ᠬᠥᠷᠥᠭ ᠭᠡᠵᠦ ᠯᠡ ᠰᠠᠨᠠᠳᠠᠭ ᠪᠢᠯᠡ ᠃
ᠰᠠᠷ᠎ᠠ ᠲᠡᠷᠭᠡᠯ ᠪᠣᠯ ᠰᠡᠳᠬᠢᠯ ᠪᠠᠰᠠ ᠳᠦᠭᠦᠷᠡᠩ !
ᠵᠢᠷᠭᠠᠯ
ᠵᠢᠪᠠᠷ ᠰᠠᠯᠬᠢ ᠬᠠᠮᠢᠭ᠎ᠠ ᠠ᠋ᠴᠠ ᠭᠠᠷᠪᠠᠴᠤ ᠳᠠᠭᠠᠭᠠᠳ ᠯᠠ ᠳᠡᠷᠪᠡᠯᠵᠡᠳᠡᠭ ᠬᠥᠯ ᠬᠥᠩᠭᠡᠨ ᠂ ᠬᠥᠨᠳᠡᠢ ᠬᠣᠭᠣᠰᠣᠨ ᠥᠳᠥ ᠰᠥᠳᠦᠨ ᠦ᠌ ᠨᠣᠣᠯᠣᠷ ᠪᠣᠯᠬᠤ ᠶ᠋ᠢ ᠪᠢ ᠬᠦᠰᠡᠬᠦ ᠦᠭᠡᠢ ᠃
ᠵᠢᠭᠠᠬᠠᠨ ᠴᠤ᠌ ᠭᠡᠰᠡᠨ ᠡᠰᠢ ᠲᠡᠢ ᠂ ᠮᠣᠳᠣ ᠲᠠᠢ ᠨᠠᠪᠴᠢ ᠪᠣᠯᠪᠠᠯ ᠪᠣᠯᠴᠢᠨᠡ ᠃
ᠢᠩᠭᠢᠴᠢᠬᠡᠪᠡᠯ ᠲᠠᠰᠤᠷᠠᠵᠤ ᠤᠨᠠᠪᠠᠴᠤ
ᠦᠨᠳᠦᠰᠦᠨ ᠳᠡᠷᠭᠡᠳᠡ ᠪᠡᠨ ᠤᠨᠲᠠᠵᠤ ᠬᠡᠪᠲᠡᠬᠦ ᠵᠠᠶᠠᠭ᠎ᠠ ᠲᠠᠢ ᠪᠢᠰᠢ ᠦᠦ?
ᠳᠠᠬᠢᠭᠠᠳ ᠬᠡᠯᠡᠪᠡᠯ ᠳᠡᠯᠡᠬᠡᠢ ᠭᠡᠴᠦ ᠠᠭᠤᠵᠢᠮ ᠃
ᠳᠡᠯᠭᠡᠷᠡᠬᠦ ᠬᠠᠪᠤᠷ ᠲᠤ᠌ ᠳᠤᠷᠠᠲᠠᠢ ᠡᠴᠢᠭᠡ ᠡᠬᠡ ᠦᠷ᠎ᠡ ᠬᠡᠦᠬᠡᠳ ᠮᠤᠩ ᠦᠭᠡᠢ ᠣᠯᠠᠨ ᠃
ᠴᠡᠴᠡᠭ ᠬᠤᠸᠠᠷ ᠰᠣᠨᠢᠷᠬᠠᠨ᠎ᠠ ᠭᠡᠳ ᠴᠤᠪᠤᠷᠠᠯᠳᠤᠵᠤ ᠢᠷᠡᠬᠦ ᠨᠢ ᠴᠦ᠍ ᠠᠷᠪᠢᠨ ᠃
ᠵᠠᠳᠠᠷᠠᠬᠤ ᠴᠡᠴᠡᠭ ᠦ᠋ᠨ ᠳᠡᠪᠢᠰᠬᠡᠷ ᠪᠣᠯᠵᠤ ᠨᠣᠭᠣᠭᠠᠷᠠᠭᠠᠳ ᠵᠤᠭᠠᠴᠠᠵᠤ ᠢᠷᠡᠭᠰᠡᠨ ᠲᠡᠷᠡ ᠠᠷᠪᠢᠨ ᠢ᠋ ᠪᠠᠶᠠᠰᠬᠠᠵᠤ ᠶᠠᠪᠤᠬᠤ ᠨᠢ ᠨᠠᠳᠠ ᠲᠡᠷᠡ ᠴᠢᠨᠢ ᠵᠢᠷᠭᠠᠯ !
ᠠᠯᠢ ᠨᠢ ᠪᠣᠯᠪᠠᠯ ᠲᠠᠭᠠᠷᠠᠬᠤ ᠪᠣᠢ ?
ᠬᠠᠢᠷ᠎ᠠ ᠭᠡᠵᠦ ᠵᠢᠷᠦᠬᠡᠨ ᠳ᠋ᠦ᠍ ᠡᠬᠢ ᠲᠡᠢ
ᠬᠡᠨ ᠳ᠋ᠦ᠍ ᠴᠦ᠍ ᠪᠦᠷ ᠪᠠᠢᠳᠠᠭ ᠤᠨᠳᠤᠷᠤᠮᠠᠯ ᠃
ᠠᠯᠢ ᠲᠣᠬᠢᠲᠠᠢ ᠴᠠᠭ ᠬᠥᠭ ᠢ᠋ᠶ᠋ᠡᠨ ᠣᠯᠤᠭᠰᠠᠭᠠᠷ ᠯᠠ
ᠬᠠᠯᠭᠢᠯᠠᠨ᠎ᠠ ᠭᠡᠪᠡᠯ ᠬᠠᠯᠬᠢᠯᠠᠴᠢᠨᠡ
ᠴᠠᠯᠭᠢᠯᠠᠨ᠎ᠠ ᠭᠡᠪᠡᠯ ᠴᠠᠯᠭᠢᠯᠠᠴᠢᠨᠡ
ᠬᠠᠯᠠᠨ᠎ᠠ ᠭᠡᠪᠡᠯ ᠬᠠᠯᠠᠴᠢᠨᠡ
ᠪᠤᠴᠠᠯᠤᠨ᠎ᠠ ᠭᠡᠪᠡᠯ ᠪᠣᠴᠠᠯᠴᠢᠨᠡ ᠃
ᠭᠡᠪᠡᠴᠦ ᠲᠡᠭᠦᠨ ᠳ᠋ᠦ᠍ ᠣᠷᠣᠭ᠎ᠠ ᠰᠠᠷᠠᠯ ᠰᠢᠬ
ᠬᠠᠯᠢᠰᠬᠢᠵᠦ ᠨᠠᠳᠬᠤᠬᠤ
ᠣᠢᠵᠤ ᠡᠢᠯᠬᠦ ᠰᠢᠷᠦᠭᠦᠨ ᠵᠠᠩ ᠲᠠᠢ ᠲᠤᠯᠠ
ᠪᠣᠭᠣᠯ ᠨᠢ ᠪᠣᠯᠵᠤ ᠪᠥᠬᠥᠯᠵᠡᠨ ᠶᠠᠪᠤᠬᠤ ᠬᠥᠮᠦᠨ ᠴᠦ᠍ ᠪᠠᠢᠨ᠎ᠠ ᠃
ᠡᠵᠡᠨ ᠨᠢ ᠪᠣᠯᠵᠤ ᠭᠡᠳᠡᠯᠵᠡᠨ ᠶᠠᠪᠤᠬᠤ ᠬᠥᠮᠦᠨ ᠴᠦ᠍ ᠪᠠᠢᠨ᠎ᠠ ᠃
ᠰᠡᠳᠬᠢᠯ ᠦ᠋ᠨ ᠬᠠᠢᠷ᠎ᠠ ᠪᠠᠨ ᠨᠢᠭᠡᠨᠲᠡ ᠪᠤᠴᠠᠯᠭᠠᠭᠰᠠᠨ ᠳᠡᠭᠦᠦ ᠮᠢᠨᠢ ᠴᠢ ᠬᠡᠯᠡᠪᠡᠯ ᠂
ᠡᠨᠡ ᠬᠣᠶᠠᠷ ᠤ᠋ᠨ ᠠᠯᠢ ᠨᠢ ᠪᠣᠯᠪᠠᠯ ᠲᠠᠭᠠᠷᠠᠨ᠎ᠠ ᠪᠣᠢ ?
ᠰᠢᠭᠦᠳᠡᠷᠢ ᠶ᠋ᠢᠨ ᠳᠤᠰᠤᠯ ᠬᠡᠯᠡᠵᠦ ᠪᠠᠢᠨ᠎ᠠ᠁ ᠁
ᠬᠥᠬᠡ ᠳᠠᠯᠠᠢ ᠶ᠋ᠢᠨ ᠳᠡᠷᠭᠡᠳᠡ ᠪᠣᠯ ᠳᠤᠰᠤᠯ ᠲᠡᠳᠦᠢ ᠵᠢᠭᠠᠬᠠᠨ ᠭᠡᠳ
ᠬᠠᠯᠳᠠᠵᠤ ᠴᠢ ᠦᠵᠡᠬᠦ ᠦᠭᠡᠢ ᠦᠦ?
ᠬᠡᠨ ᠬᠠᠯᠳᠠᠪᠠᠯ ᠲᠡᠭᠦᠨ ᠲᠡᠢ
ᠬᠠᠮᠤᠭ ᠪᠡᠶ᠎ᠡ ᠪᠡᠨ ᠬᠠᠮᠬᠠᠷᠠᠲᠠᠯᠠ ᠦᠵᠡᠯᠴᠡᠬᠦ
ᠬᠠᠯᠠᠭᠤᠨ ᠴᠢᠰᠤ ᠪᠠᠨ ᠨᠡᠯᠦᠢᠲᠡᠯᠡ ᠤᠷᠤᠰᠬᠠᠬᠤ ᠵᠣᠷᠢᠭ ᠨᠠᠳᠠ ᠪᠠᠢᠨ᠎ᠠ !
ᠦᠳᠡᠰᠢ ᠪᠣᠯᠪᠠᠯ ᠨᠠᠪᠴᠢᠨ ᠳᠡᠭᠡᠷ᠎ᠡ ᠨᠣᠢᠷ ᠠᠪᠤᠭᠠᠳ ᠂
ᠥᠷᠯᠥᠭᠡ ᠪᠣᠰᠪᠠᠯ ᠨᠠᠷᠠᠨ ᠲᠡᠭᠷᠢ ᠪᠡᠷ ᠴᠢᠮ᠎ᠠ ᠠ᠋ᠴᠠ ᠬᠣᠯᠠ ᠠᠶᠠᠯᠠᠳᠠᠭ ᠰᠢᠦ ᠪᠢ ᠃
ᠢᠩᠭᠢᠬᠦ ᠳ᠋ᠦ᠍ ᠬᠠᠷᠢᠨ ᠴᠢ ᠨᠠᠮᠠᠶ᠋ᠢ
ᠤᠨᠠᠴᠢᠯᠠ ᠭᠡᠵᠦ ᠬᠡᠯᠡᠳᠡᠭ ᠂
ᠠᠷᠢᠯᠴᠢᠯᠠ ᠭᠡᠵᠦ ᠪᠠᠶᠠᠰᠳᠠᠭ ᠁
ᠨᠠᠪᠴᠢᠨ ᠳ᠋ᠤ᠌ ᠬᠣᠨᠣᠭ ᠲᠠᠢ ᠮᠢᠨᠦ ᠪᠢᠴᠢᠬᠠᠨ ᠴᠡᠭᠡᠵᠢᠨ ᠳᠣᠲᠣᠷ᠎ᠠ
ᠰᠠᠷᠠᠨ ᠪᠥᠮᠪᠥᠷᠴᠡᠭ ᠬᠠᠨᠢ ᠪᠣᠯᠵᠤ ᠳᠤᠯᠠᠢᠳᠠᠭ
ᠡᠦᠲᠦᠨ ᠭᠠᠷᠠᠭ ᠴᠢ ᠪᠦᠷ ᠢᠷᠡᠭᠡᠳ ᠭᠢᠯᠠᠯᠵᠠᠳᠠᠭ ᠃
ᠠᠰᠠᠷ ᠲᠤ᠌ ᠣᠷᠣ ᠲᠠᠢ ᠠᠪᠤᠭᠠᠢ ᠴᠢᠨᠦ ᠵᠡᠭᠦᠳᠦᠨ ᠳ᠋ᠦ᠍ ᠂
ᠤᠨᠲᠠᠵᠤ ᠪᠠᠢᠭ᠎ᠠ ᠠᠪᠠᠭᠠᠢ ᠶ᠋ᠢ ᠴᠢᠨᠢ ᠭᠠᠷᠭᠠᠪᠠᠯ ᠥᠭᠡᠷ᠎ᠡ ᠶᠠᠭᠤ ᠶᠠᠭᠤ ᠬᠠᠨᠢ ᠪᠣᠯᠵᠤ ᠢᠷᠡᠳᠡᠭ ᠪᠣᠢ ?
