ᠪᠠᠶᠠᠨ ᠬᠣᠶᠠᠷ ᠡᠭᠡᠴᠢ - ᠨᠢᠮ᠎ᠠ Баян хоёр эгч - Ням
ᠪᠠᠶᠠᠨ ᠬᠣᠶᠠᠷ ᠡᠭᠡᠴᠢ
ᠮᠢᠨᠦ ᠡᠭᠡᠴᠢ ᠰᠠᠮᠠᠭ᠎ᠠ ᠭᠡᠵᠦ ᠰᠠᠷ᠎ᠠ ᠲᠠᠢ ᠬᠣᠶᠠᠭᠤᠯᠠ ᠲᠠᠨᠢᠯ ᠂ ᠰᠦᠷᠦᠭ ᠳᠠᠭᠠᠭᠠᠴᠢᠯᠠᠭᠰᠠᠨ ᠰᠦᠷᠡᠬᠡᠢ ᠬᠣᠶᠠᠷ ᠬᠡᠦᠬᠡᠨ ᠳᠡ ᠃
ᠠᠵᠢᠯᠰᠠᠭ ᠭᠡᠳᠡᠭ ᠢ᠋ ᠨᠢ ᠠᠢᠯ ᠢ᠋ᠶ᠋ᠠᠷ ᠢ᠋ᠶ᠋ᠠᠨ ᠪᠦᠷ ᠮᠡᠳᠡᠨ᠎ᠡ ᠃
ᠬᠣᠲᠠ ᠪᠠᠨ ᠴᠢᠭᠯᠡᠭᠡᠳ ᠰᠠᠷ᠎ᠠ ᠡᠭᠡᠴᠢ ᠶ᠋ᠢ ᠪᠤᠴᠠᠬᠤ ᠳ᠋ᠤ᠌᠂
ᠬᠣᠨᠢᠳ ᠢ᠋ᠶ᠋ᠠᠨ ᠲᠠᠭᠤᠭᠠᠳ ᠮᠢᠨᠦ ᠡᠭᠡᠴᠢ ᠭᠠᠷᠳᠠᠭ ᠶᠤᠮ ᠃
ᠬᠣᠶᠠᠭᠤᠯᠠ ᠲᠡᠭᠡᠭᠡᠳ ᠠᠭᠤᠯᠠᠨ ᠪᠠᠷᠠᠭᠤᠨᠲᠠᠢ ᠪᠠᠷ᠎ᠠ ᠪᠠᠷ᠎ᠠ ᠪᠠᠨ ᠠᠪᠤᠯᠴᠠᠭᠠᠳ ᠂
ᠬᠣᠯᠠ ᠭᠠᠷᠲᠠᠯ᠎ᠠ ᠪᠡᠶ᠎ᠡ ᠪᠡᠶ᠎ᠡ ᠪᠡᠨ ᠬᠠᠷᠠᠳᠠᠭ ᠭᠡᠨ᠎ᠡ ᠰᠢᠦ ᠃
ᠦᠳᠡᠰᠢ ᠪᠣᠯᠪᠠᠯ ᠰᠠᠷ᠎ᠠ ᠡᠭᠡᠴᠢ ᠰᠦᠷᠦᠭ ᠢ᠋ᠶ᠋ᠡᠨ ᠳᠠᠭᠠᠭᠠᠳ ᠪᠡᠯᠴᠢᠭᠡᠷ ᠲᠦ᠍ ᠭᠠᠷᠬᠤ ᠳ᠋ᠤ᠌ ᠂ ᠲᠠᠷᠬᠠᠭᠰᠠᠨ ᠰᠦᠷᠦᠭ ᠦ᠋ᠨ ᠬᠢᠨᠢ ᠲᠣᠭ᠎ᠠ ᠶ᠋ᠢ ᠠᠪᠤᠨ᠎ᠠ ᠭᠡᠳ ᠡᠭᠡᠴᠢ ᠪᠢᠳᠡ ᠬᠣᠶᠠᠷ ᠮᠤᠩᠭᠠᠨᠢᠳᠠᠭ ᠶᠤᠮ ᠃
ᠲᠦᠮᠡ ᠪᠣᠮᠠ ᠪᠠᠷ ᠲᠣᠭᠠᠯᠠᠳᠠᠭ ᠂ ᠲᠣᠭᠠᠯᠠᠭᠠᠳ ᠪᠠᠰᠠ ᠶᠠᠳᠠᠷᠠᠴᠢᠳᠠᠭ ᠃
《 ᠲᠡᠭᠷᠢ ᠶ᠋ᠢᠨ ᠪᠠᠶᠠᠨ ᠬᠡᠦᠬᠡᠨ !》 ᠭᠡᠵᠦ ᠡᠵᠢ ᠮᠢᠨᠢ ᠴᠠᠭᠠᠨ᠎ᠠ ᠠ᠋ᠴᠠ ᠢᠨᠢᠶᠡᠳᠡᠭ ᠃
ᠲᠦᠷᠦᠭᠦᠨ ᠳ᠋ᠦ᠍ ᠪᠠᠶᠠᠵᠢᠭᠰᠠᠨ ᠡᠷᠦᠬᠡ ᠭᠡᠵᠦ ᠰᠤᠮᠤ ᠳᠠᠶᠠᠭᠠᠷ ᠰᠣᠩᠭᠣᠬᠤ ᠳ᠋ᠤ᠌ ᠂ ᠲᠡᠷᠢᠭᠦᠨ ᠦ᠌ ᠨᠡᠷᠡᠰ ᠲᠦ᠍ ᠮᠢᠨᠦ ᠡᠭᠡᠴᠢ ᠰᠠᠮᠠᠭ᠎ᠠ ᠣᠷᠣᠯ᠎ᠠ ᠃
ᠡᠩᠭᠡᠷ ᠲᠡᠭᠡᠨ ᠬᠤᠸᠠᠷ ᠲᠠᠢ ᠂ ᠦᠨᠡᠮᠯᠡᠯ ᠦ᠋ᠨ ᠲᠡᠮᠳᠡᠭ ᠲᠡᠢ ᠢᠷᠡᠯ᠎ᠡ ᠃ ᠦᠵᠡᠭᠡᠳ ᠪᠢ ᠪᠠᠶᠠᠷᠯᠠᠬᠤ ᠳ᠋ᠠᠭᠠᠨ᠄
《 ᠰᠠᠨᠰᠠᠷ ᠤ᠋ᠨ ᠭᠣᠣᠯ ᠳ᠋ᠠᠭᠠᠨ ᠰᠠᠷ᠎ᠠ ᠪᠠᠶᠠᠨ
ᠰᠠᠢᠷ ᠤ᠋ᠨ ᠭᠣᠣᠯ ᠳ᠋ᠠᠭᠠᠨ ᠰᠠᠮᠠᠭ᠎ᠠ ᠪᠠᠶᠠᠨ 》 ᠭᠡᠵᠡᠢ᠃
ᠡᠭᠡᠴᠢ ᠶ᠋ᠢᠨ ᠢ᠋ᠶ᠋ᠡᠨ ᠵᠡᠭᠦᠭᠰᠡᠨ ᠤᠯᠠᠭᠠᠨ ᠬᠤᠸᠠᠷ ᠢ᠋ ᠦᠵᠡᠭᠰᠡᠨ ᠡᠴᠡ ᠯᠡ ᠠᠪᠤᠭᠠᠳ᠂
《 ᠥᠨᠢᠷ ᠰᠦᠷᠦᠭ ᠲᠡᠢ ᠰᠠᠷ᠎ᠠ ᠡᠭᠡᠴᠢ ᠶ᠋ᠢ ᠬᠡᠨ ᠶᠠᠭᠤ ᠪᠠᠷ ᠱᠠᠩᠨᠠᠳᠠᠭ ᠪᠣᠯ ᠠ᠋ !》 ᠭᠡᠵᠦ ᠪᠣᠳᠣᠳᠠᠭ ᠴᠤ᠌ ᠪᠣᠯᠤᠯ᠎ᠠ ᠂ ᠬᠠᠷᠠᠳᠠᠭ ᠴᠤ᠌ ᠪᠣᠯᠤᠯ᠎ᠠ ᠁
